ᠬᠡᠷ ᠪᠦᠯᠢ ᠶᠢᠨ ᠬᠦᠮᠦᠵᠢᠯ ᠢ ᠤᠮᠳᠤᠭᠠᠢᠢᠯᠠᠵᠤ ᠪᠤᠯᠤᠰᠢ ᠦᠬᠡᠢ
ᠨᠡᠶᠢᠲᠡᠯᠡᠭᠰᠡᠨ ᠴᠠᠭ᠄
2016/10/9
                                              ● ᠦᠷᠴᠠᠶᠢᠬᠤ          ᠰᠤᠷᠭᠠᠨ ᠬᠦᠮᠦᠵᠢᠯ ᠳᠤ ᠭᠡᠷ ᠪᠦᠯᠢ ᠶᠢᠨ  ᠬᠦᠮᠦᠵᠢᠯ᠂  ᠰᠤᠷᠭᠠᠭᠤᠯᠢ ᠶᠢᠨ  ᠬᠦᠮᠦᠵᠢᠯ᠂  ᠨᠡᠶᠢᠭᠡᠮ ᠤᠨ  ᠬᠦᠮᠦᠵᠢᠯ  ᠭᠡᠵᠤ ᠭᠤᠷᠪᠠᠨ ᠶᠡᠭᠡ ᠲᠦᠷᠦᠯ  ᠪᠠᠶᠢᠳᠠᠭ᠃  ᠨᠢᠭᠡ  ᠬᠦᠮᠦᠨ ᠤ  ᠦᠰᠦᠨ  ᠪᠤᠶᠢᠵᠢᠯᠳᠠ ᠳᠤ  ᠡᠨᠡ  ᠭᠤᠷᠪᠠᠨ  ᠲᠦᠷᠦᠯ ᠤᠨ  ᠰᠤᠷᠭᠠᠨ ᠬᠦᠮᠦᠵᠢᠯ ᠤᠨ ᠠᠯᠢᠨ ᠨᠢ ᠴᠦ ᠳᠤᠳᠠᠭᠳᠠᠵᠤ ᠪᠤᠯᠬᠤ ᠦᠭᠡᠢ ᠮᠦᠷᠳᠡᠭᠡᠨ ᠬᠤᠭᠤᠷᠤᠨᠳᠤ ᠪᠠᠨ ᠬᠠᠷᠢᠯᠴᠠᠨ  ᠨᠦᠯᠦᠭᠡᠯᠡᠳᠡᠭ᠃  ᠭᠡᠪᠡᠴᠦ ᠤᠯᠠᠩᠬᠢ ᠭᠡᠷ ᠤᠨ ᠠᠬᠠᠮᠠᠳ ᠬᠡᠦᠬᠡᠳ ᠤᠨ ᠰᠤᠷᠤᠯᠭ᠎ᠠ ᠶᠢᠨ ᠬᠢᠷᠢ ᠪᠦᠳᠦᠮᠵᠢ ᠶᠢ ᠰᠤᠷᠭᠠᠭᠤᠯᠢ ᠶᠢᠨ ᠰᠤᠷᠭᠠᠨ ᠬᠦᠮᠦᠵᠢᠯ ᠤᠨ  ᠦᠷ᠎ᠡ ᠪᠦᠲᠦᠭᠡᠯ ᠭᠡᠵᠤ ᠦᠵᠡᠳᠡᠭ ᠠᠴᠠ ᠠᠷᠭ᠎ᠠ ᠪᠦᠬᠦᠨ ᠢ  ᠰᠦᠪᠡᠭᠴᠢᠯᠡᠨ  ᠬᠡᠦᠬᠡᠳ ᠢᠶᠠᠨ  ᠰᠠᠶᠢᠨ  ᠰᠤᠷᠭᠠᠭᠤᠯᠢ ᠳᠤ  ᠤᠷᠤᠭᠤᠯᠬᠤ ᠪᠠᠷ ᠵᠢᠳᠭᠦᠳᠡᠭ᠃ ᠬᠠᠷᠢᠨ ᠬᠡᠦᠬᠡᠳ ᠤᠨ ᠰᠤᠷᠤᠯᠭ᠎ᠠ ᠶᠢᠨ ᠬᠢᠷᠢ ᠪᠦᠲᠦᠮᠵᠢ ᠠᠨᠠᠢ᠂ ᠤᠯᠠᠨ ᠮᠠᠭᠤ ᠳᠠᠳᠬᠠᠯ ᠲᠠᠢ ᠪᠤᠯᠤᠭᠰᠠᠨ  ᠰᠢᠯᠳᠠᠭᠠᠨ ᠢ ᠦᠪᠡᠷ ᠤᠨ ᠪᠠᠶ᠎ᠠ ᠲᠠᠢ ᠪᠠᠨ ᠬᠤᠯᠪᠤᠵᠤ ᠪᠤᠳᠤᠳᠠᠭ ᠭᠡᠷ ᠤᠨ ᠠᠬᠠᠮᠠᠳ ᠳᠤᠩ ᠴᠦᠬᠡᠨ ᠪᠠᠶᠢᠳᠠᠭ᠃        ᠬᠡᠦᠬᠡᠳ ᠪᠤᠯ ᠠᠪᠤ ᠡᠵᠢ ᠶᠢᠨ ᠢᠶᠠᠨ ᠰᠡᠬᠦᠳᠡᠷ  ᠲᠤᠯᠢ᠂  ᠠᠪᠤ  ᠡᠵᠢ ᠶᠢᠨ ᠢᠶᠠᠨ  ᠢᠷᠡᠭᠡᠳᠦᠢ ᠶᠢᠨ  ᠦᠷᠭᠦᠯᠵᠢᠯᠡᠯ  ᠶᠤᠮ᠃ ᠬᠡᠦᠬᠡᠳ ᠤᠨ ᠵᠠᠩ ᠠᠷᠠᠨᠰᠢᠨ᠂ ᠵᠠᠩ ᠳᠠᠳᠬᠠᠯ᠂ ᠠᠮᠢᠳᠤᠷᠠᠬᠤᠢ ᠶᠢᠨ ᠦᠵᠡᠯᠳᠡ᠂ ᠦᠷᠳᠡᠭ ᠤᠨ ᠦᠵᠡᠯᠳᠡ ᠵᠡᠷᠭᠡ ᠶᠢᠨ ᠪᠦᠷᠢᠯᠳᠦᠯ ᠨᠢ ᠭᠡᠷ  ᠪᠦᠯᠢ ᠲᠠᠢ  ᠨᠢᠭᠳᠠ  ᠬᠠᠷᠢᠴᠠᠭ᠎ᠠ ᠲᠠᠢ  ᠪᠠᠶᠢᠵᠤ᠂  ᠬᠡᠦᠬᠡᠳ ᠤᠨ  ᠦᠰᠦᠨ  ᠪᠤᠶᠢᠵᠢᠯᠳᠡ ᠳᠤ  ᠵᠠᠩᠭᠢᠯᠠᠭ᠎ᠠ ᠶᠢᠨ  ᠦᠢᠯᠡᠳᠦᠯ ᠦᠵᠡᠭᠦᠯᠵᠤ ᠪᠠᠶᠢᠳᠠᠭ᠃ ᠨᠠᠰᠤ ᠵᠢᠯ ᠤᠨ ᠨᠡᠮᠡᠭᠳᠡᠬᠦ ᠶᠢ ᠳᠠᠭᠠᠯᠳᠤᠨ ᠤᠯᠠᠩᠬᠢ ᠪᠠᠶᠢᠳᠠᠯ ᠳᠤᠤᠷ᠎ᠠ ᠬᠡᠦᠬᠡᠳ ᠠᠪᠤ ᠡᠵᠢ ᠲᠠᠢ ᠪᠠᠨ  ᠤᠯᠠᠮ ᠠᠳᠠᠯᠢᠬᠠᠨ ᠪᠤᠯᠳᠠᠭ᠂  ᠬᠠᠷᠢᠨ  ᠪᠠᠭᠰᠢ ᠲᠠᠢ ᠪᠠᠨ  ᠠᠳᠠᠯᠢ  ᠪᠤᠯᠳᠠᠭ  ᠦᠭᠡᠢ᠃  ᠠᠮᠧᠷᠢᠺᠡ ᠶᠢᠨ  ᠡᠷᠳᠡᠮᠳᠡᠨ  ᠲᠠᠶᠢᠮᠧᠨ  ᠵᠤᠸ᠋ᠨᠰᠡᠨ ︽ᠠᠮᠵᠢᠯᠳᠠᠳᠠᠢ ᠭᠡᠷ ᠤᠨ ᠬᠦᠮᠦᠵᠢᠯ ᠨᠢ ᠠᠮᠵᠢᠯᠳᠠ ᠤᠯᠬᠤ  ᠬᠡᠦᠬᠡᠳ  ᠬᠦᠮᠦᠵᠢᠭᠦᠯᠳᠡᠭ᠂  ᠢᠯᠠᠭᠳᠠᠭᠰᠠᠨ  ᠭᠡᠷ ᠤᠨ  ᠬᠦᠮᠦᠵᠢᠯ ᠨᠢ ᠢᠯᠠᠭᠳᠠᠬᠤ ᠬᠡᠦᠬᠡᠳ ᠬᠦᠮᠦᠵᠢᠭᠦᠯᠳᠡᠭ︾ ᠬᠡᠵᠦ ᠦᠵᠡᠳᠡᠭ᠃ ᠡᠨᠡᠬᠦ  ᠦᠵᠡᠯᠳᠡ ᠠᠴᠠ  ᠦᠵᠡᠬᠦ ᠳᠤ᠂  ᠭᠡᠷ  ᠪᠦᠯᠢ ᠶᠢᠨ  ᠰᠤᠷᠭᠠᠨ ᠬᠦᠮᠦᠵᠢᠯ ᠪᠤᠯ ᠠᠯᠢᠪᠠ ᠰᠤᠷᠭᠠᠨ ᠬᠦᠮᠦᠵᠢᠯ ᠤᠨ ᠰᠠᠭᠤᠷᠢ᠂ ᠠᠪᠤ ᠡᠵᠢ ᠨᠢ ᠬᠡᠦᠬᠡᠳ ᠤᠨ ᠦᠰᠦᠨ ᠪᠤᠶᠢᠵᠢᠯᠳᠠ ᠳᠤ  ᠵᠠᠩᠭᠢᠯᠠᠭ᠎ᠠ ᠶᠢᠨ ᠦᠢᠯᠡᠳᠦᠯ ᠦᠵᠡᠭᠦᠯᠵᠤ ᠪᠠᠶᠢᠨ᠎ᠠ ᠬᠡᠰᠡᠨ ᠶᠠᠪᠤᠳᠠᠯ ᠪᠤᠯᠬᠤ ᠶᠤᠮ᠃         ᠠᠪᠤ ᠡᠵᠢ ᠪᠤᠯᠤᠭᠰᠠᠳ ᠬᠡᠦᠬᠡᠳ ᠢᠶᠠᠨ ᠦᠳᠳᠡᠷ ᠲᠦᠷᠬᠡᠨ ᠬᠦᠭᠵᠢᠵᠦ ᠪᠠᠶᠢᠭ᠎ᠠ ᠨᠡᠶᠢᠭᠡᠮ ᠤᠨ ᠬᠡᠷᠡᠭᠴᠡᠭᠡ ᠳᠤ ᠵᠤᠬᠢᠴᠠᠭᠰᠠᠨ ᠦᠨᠳᠦᠷ ᠬᠡᠪ ᠴᠢᠨᠠᠷ ᠲᠠᠢ ᠴᠢᠳᠠᠪᠤᠷᠢᠳᠠᠨ ᠪᠤᠯᠭᠠᠨ ᠬᠦᠮᠦᠵᠢᠬᠦᠯᠬᠦ ᠭᠡᠪᠡᠯ ᠡᠷᠭᠡᠪᠡᠰᠢ ᠤᠷᠢᠳᠠᠪᠠᠷ ᠦᠪᠡᠷ ᠤᠨ ᠰᠤᠷᠭᠠᠨ  ᠬᠦᠮᠦᠵᠢᠯ ᠤᠨ ᠦᠵᠡᠯᠳᠡ ᠪᠠᠨ ᠬᠤᠪᠢᠷᠠᠭᠤᠯᠵᠤ᠂ ᠤᠳᠤ ᠦᠶ᠎ᠡ ᠶᠢᠨ  ᠰᠤᠷᠭᠠᠨ  ᠬᠦᠮᠦᠵᠢᠯ ᠤᠨ  ᠤᠨᠤᠯ  ᠪᠤᠯᠤᠨ  ᠰᠢᠨᠵᠢᠯᠡᠬᠦ  ᠤᠬᠠᠭᠠᠨᠴᠢ  ᠭᠡᠷ ᠪᠦᠯᠢ ᠶᠢᠨ ᠰᠤᠷᠭᠠᠨ ᠬᠦᠮᠦᠵᠢᠯ ᠤᠨ ᠠᠷᠭ᠎ᠠ ᠶᠢ ᠰᠤᠷᠤᠯᠴᠠᠨ ᠦᠪᠡᠷ ᠤᠨ ᠰᠤᠷᠭᠠᠨ ᠬᠦᠮᠦᠵᠢᠯ ᠤᠨ  ᠬᠡᠪ  ᠴᠢᠨᠠᠷ  ᠪᠤᠯᠤᠨ  ᠬᠡᠦᠬᠡᠳ ᠬᠦᠮᠦᠵᠢᠭᠦᠯᠬᠦ ᠴᠢᠳᠠᠪᠤᠷᠢ ᠪᠠᠨ ᠳᠡᠭᠡᠭᠰᠢᠯᠡᠬᠦᠯᠬᠦ ᠬᠡᠷᠡᠭᠳᠠᠢ᠃         ᠬᠡᠦᠬᠡᠳ ᠤᠨ ᠢᠶᠠᠨ ᠤᠨᠴᠠᠯᠢᠭ ᠲᠤ  ᠲᠤᠬᠢᠷᠠᠭᠤᠯᠤᠨ  ᠬᠦᠮᠦᠵᠢᠭᠦᠯᠵᠤ᠂  ᠠᠪᠤ  ᠡᠵᠢ ᠶᠢᠨ  ᠳᠠᠭᠤᠷᠢᠶᠠᠯ ᠤᠨ  ᠦᠢᠯᠡᠳᠦᠯ ᠢ ᠬᠦᠨᠳᠦᠳᠭᠡᠵᠤ᠂ ᠰᠠᠶᠢᠨ ᠰᠠᠶᠢᠬᠠᠨ ᠳᠠᠳᠬᠠᠯ ᠪᠦᠷᠢᠯᠳᠦᠭᠦᠯᠦᠨ ᠬᠡᠦᠬᠡᠳ ᠲᠠᠢ ᠪᠠᠨ ᠬᠠᠮᠳᠦ ᠤᠬᠠᠭᠠᠵᠢᠨ ᠳᠤᠮᠤᠭᠠᠵᠢᠵᠤ᠂ ᠬᠡᠦᠬᠡᠳ ᠤᠨ ᠬᠦᠯᠢᠶᠡᠨ  ᠠᠪᠬᠤ  ᠴᠢᠳᠠᠪᠤᠷᠢ ᠶᠢᠨ  ᠬᠡᠮᠵᠢᠶ᠎ᠡ ᠶᠢ  ᠦᠨᠳᠦᠰᠦᠯᠡᠨ  ᠬᠡᠦᠬᠡᠳ ᠲᠤ  ᠵᠤᠬᠢᠰᠳᠠᠢ  ᠬᠠᠷᠠᠯᠳᠠ   ᠪᠤᠯᠤᠨ   ᠱᠠᠭᠠᠷᠳᠠᠯᠭ᠎ᠠ ᠳᠤᠭᠳᠠᠭᠠᠵᠤ᠂ ᠬᠡᠳᠦᠷᠬᠡᠢ ᠶᠡᠭᠡ ᠦᠨᠳᠦᠷ ᠬᠦᠰᠡᠯ ᠳᠠᠯᠪᠢᠬᠤ ᠦᠭᠡᠢ᠂ ᠬᠡᠳᠦ ᠶᠡᠭᠡ ᠡᠷᠬᠡᠯᠡᠬᠦᠯᠬᠦ ᠦᠭᠡᠢ᠂  ᠬᠡᠳᠦ  ᠶᠡᠭᠡ  ᠬᠠᠮᠢᠶᠠᠷᠬᠤ ᠦᠭᠡᠢ᠂ ᠬᠡᠳᠦ ᠶᠡᠭᠡ ᠬᠠᠮᠠᠭᠠᠯᠠᠬᠤ ᠪᠠ ᠬᠡᠳᠦ ᠶᠡᠭᠡ ᠵᠢᠮᠡᠯᠡᠬᠦ ᠦᠭᠡᠢ ᠶᠢ ᠠᠩᠬᠠᠷᠬᠤ ᠬᠡᠷᠡᠭᠳᠠᠢ᠃        ᠭᠡᠷ ᠪᠦᠯᠢ ᠶᠢᠨ ᠰᠤᠷᠭᠠᠨ ᠬᠦᠮᠦᠵᠢᠯ ᠪᠤᠯ ᠬᠡᠦᠬᠡᠳ ᠲᠠᠢ ᠪᠠᠨ ᠰᠡᠳᠭᠢᠯᠭᠡ ᠶᠢᠨ ᠰᠤᠯᠢᠯᠴᠠᠭ᠎ᠠ ᠬᠢᠬᠦ ᠶᠠᠪᠤᠴᠠ᠂ ᠭᠡᠷ ᠪᠦᠯᠢ ᠶᠢᠨ ᠰᠤᠷᠭᠠᠨ ᠬᠦᠮᠦᠵᠢᠯ ᠨᠢ ᠬᠡᠦᠬᠡᠳ ᠭᠡᠷ ᠤᠨ  ᠠᠬᠠᠮᠠᠳ ᠤᠨ  ᠬᠠᠷᠢᠴᠠᠭ᠎ᠠ ᠪᠠᠷ  ᠲᠦᠪ  ᠪᠤᠯᠭᠠᠭᠰᠠᠨ  ᠰᠤᠷᠭᠠᠨ  ᠬᠦᠮᠦᠵᠢᠯ  ᠪᠠᠶᠢᠵᠤ᠂ ᠶᠡᠷᠦ ᠳᠡᠭᠡᠨ  ᠠᠪᠤ  ᠡᠵᠢ ᠪᠠᠷ   ᠭᠤᠤᠯᠳᠠᠭᠤᠯᠵᠤ᠂  ᠠᠬᠠᠮᠠᠳ ᠦᠶ᠎ᠡ ᠶᠢᠨ ᠬᠢᠨ ᠢᠶᠠᠷ ᠬᠠᠪᠰᠤᠷᠤᠮᠵᠢ   ᠪᠤᠯᠭᠠᠬᠤ ᠵᠠᠷᠴᠢᠮ ᠢ ᠴᠢᠬᠤᠯᠠᠴᠢᠯᠠᠳᠠᠭ᠃ ᠭᠡᠷ ᠪᠦᠯᠢ ᠶᠢᠨ ᠰᠤᠷᠭᠠᠨ ᠬᠦᠮᠦᠵᠢᠯ ᠨᠢ ᠬᠡᠦᠬᠡᠳ ᠤᠨ ᠡᠷᠡᠭᠦᠯ ᠰᠡᠳᠬᠢᠴᠡ᠂ ᠪᠡᠶ᠎ᠡ ᠪᠠᠨ ᠳᠠᠭᠠᠭᠠᠬᠤ ᠵᠠᠩ  ᠴᠢᠨᠠᠷ᠂ ᠬᠡᠦᠬᠡᠳ ᠤᠨ ᠰᠤᠷᠤᠯᠴᠠᠬᠤ ᠲᠤᠷ᠎ᠠ ᠪᠠᠬ᠎ᠠ ᠶᠢ ᠬᠦᠮᠦᠵᠢᠭᠦᠯᠬᠦ ᠳᠤ ᠠᠰᠢᠭᠳᠠᠢ᠃ ᠭᠡᠷ ᠪᠦᠯᠢ ᠶᠢᠨ ᠰᠤᠷᠭᠠᠨ ᠬᠦᠮᠦᠵᠢᠯ ᠨᠢ ᠨᠢᠯᠬ᠎ᠠ ᠪᠠᠭ᠎ᠠ ᠬᠡᠦᠬᠡᠳ ᠤᠨ ᠰᠡᠳᠬᠢᠴᠡ ᠪᠤᠯᠤᠨ ᠦᠢᠯᠡ ᠠᠵᠢᠯᠯᠠᠭ᠎ᠠ ᠶᠢ ᠪᠦᠷᠢᠯᠳᠦᠬᠦᠯᠬᠦ ᠴᠢᠬᠤᠯᠠ ᠭᠤᠭᠴᠤᠭ᠎ᠠ ᠶᠤᠮ᠃         ᠠᠪᠤ ᠡᠵᠢ ᠪᠤᠯ ᠦᠷ᠎ᠡ ᠬᠡᠦᠬᠡᠳ ᠤᠨ ᠢᠶᠠᠨ ᠠᠩᠬᠠᠨ ᠤ ᠪᠠᠭᠰᠢ ᠮᠦᠨᠴᠦ ᠡᠭᠦᠷᠢᠳᠡ ᠶᠢᠨ ᠪᠠᠭᠰᠢ ᠶᠤᠮ᠃ ᠭᠡᠷ  ᠪᠦᠯᠢ  ᠪᠤᠯ ᠠᠩᠬᠠᠨ ᠤ ᠬᠢᠴᠢᠶᠠᠯ ᠤᠨ ᠲᠠᠩᠬᠢᠮ  ᠮᠦᠨᠴᠦ  ᠡᠬᠦᠷᠢᠳᠡ ᠶᠢᠨ  ᠬᠢᠴᠢᠶᠡᠯ ᠤᠨ  ᠲᠠᠩᠬᠢᠮ  ᠪᠤᠯᠳᠠᠭ᠃  ᠡᠶᠢᠮᠦ ᠠᠴᠠ  ᠭᠡᠷ  ᠪᠦᠯᠢ ᠶᠢᠨ ᠬᠦᠮᠦᠵᠢᠯ ᠢ ᠶᠠᠭᠠᠬᠢᠭᠰᠠᠨ ᠴᠦ ᠤᠮᠳᠤᠭᠠᠢᠢᠯᠠᠵᠤ ᠪᠤᠯᠤᠰᠢ ᠦᠭᠡᠢ᠃  
 
ᠢᠷᠡᠯᠲᠡ᠄ ᠠᠷᠠᠳ ᠤᠨ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号