2016 ᠤᠨ ᠤ ᠤᠯᠠᠨ ᠤᠯᠤᠰ ᠤᠨ ᠪᠤᠤᠺᠰ ᠤᠨ ᠠᠪᠤᠷᠭᠤᠴᠤᠤᠨ ᠤᠨ ᠠᠯᠳᠠᠨ  ᠪᠦᠰᠡ ᠶᠢᠨ ᠲᠡᠮᠡᠴᠡᠬᠡᠨ ᠪᠠᠶᠠᠨᠨᠠᠭᠤᠷ ᠬᠤᠳᠠ ᠳᠤ ᠶᠠᠪᠤᠭᠳᠠᠪᠠ
ᠨᠡᠶᠢᠲᠡᠯᠡᠭᠰᠡᠨ ᠴᠠᠭ᠄
2016/10/9
       ᠦᠪᠦᠷ ᠮᠣᠩᠭᠤᠯ ᠤᠨ ᠡᠳᠦᠷ ᠤᠨ ᠰᠣᠨᠢᠨ ᠤ ᠪᠠᠶᠠᠨᠨᠠᠭᠤᠷ ᠤᠨ ᠮᠡᠳᠡᠭᠡ ︵ᠰᠤᠷᠪᠤᠯᠵᠢᠯᠠᠭᠴᠢ ᠲᠡᠭᠦᠰᠪᠢᠯᠢᠭ︶ 9 ᠰᠠᠷ᠎ᠠ ᠶᠢᠨ 24᠎ ᠤ ᠤᠷᠤᠢ᠂ ᠪᠠᠶᠠᠨᠨᠠᠭᠤᠷ ᠬᠤᠲᠠ ᠶᠢᠨ ᠲᠠᠮᠢᠷ ᠤᠨ ᠤᠷᠳᠤᠨ ᠳᠤ ᠬᠦᠮᠦᠨ ᠤ ᠲᠠᠯᠠᠢ ᠦᠶᠡᠯᠵᠡᠵᠦ᠂ ᠤᠤᠬᠠᠢᠢᠯᠠᠬᠤ  ᠲᠠᠭᠤᠨ  ᠪᠠ ᠠᠯᠠᠭ᠎ᠠ ᠲᠠᠰᠢᠯᠲᠠ ᠶᠢᠨ ᠲᠠᠭᠤᠨ ᠲᠠᠰᠤᠷᠠᠬᠤ ᠦᠭᠡᠢ ᠮᠠᠰᠢ ᠬᠦᠷ ᠬᠦᠭᠵᠢᠶᠡᠨ ᠲᠠᠢ  ᠪᠠᠶᠢᠯ᠎ᠠ᠃  ᠡᠨᠡ  ᠤᠷᠤᠢ  ︽ᠪᠤᠷᠤᠳᠤᠬᠤᠢ ᠶᠢᠨ ᠠᠷᠢᠬᠢᠨ ᠤ ᠦᠢᠯᠡᠰ ᠬᠤᠨᠳᠠᠭᠠᠲᠤ 2016 ᠤᠨ ᠤ ᠪᠤᠤᠺᠰ ᠤᠨ ᠠᠪᠤᠷᠭᠤᠴᠤᠤᠨ ᠤᠨ ᠠᠯᠲᠠᠨ ᠪᠦᠰᠡ ᠶᠢᠨ  ᠤᠯᠠᠨ  ᠤᠯᠤᠰ ᠤᠨ ᠠᠪᠤᠷᠭᠤ ᠤᠨ ᠮᠠᠩᠯᠠᠢ ᠲᠡᠮᠡᠴᠡᠬᠦ ᠮᠦᠷᠦ᠋ᠢᠴᠡᠭᠡᠨ︾ ᠶᠠᠪᠤᠭᠳᠠᠵᠤ᠂ ᠬᠤᠯᠠ ᠤᠢᠢᠷ᠎ᠠ ᠶᠢᠨ 4000 ᠤᠷᠴᠢᠮ  ᠦᠵᠡᠭᠴᠢ  ᠲᠤᠬᠠᠢ ᠶᠢᠨ ᠲᠠᠯᠠᠪᠠᠢ ᠳᠤ ᠬᠦᠷᠴᠦ ᠡᠨᠡᠬᠦ ᠰᠦᠷ ᠲᠠᠯᠠᠶᠢᠴᠠ ᠲᠠᠢ ᠪᠤᠤᠺᠰ ᠤᠨ ᠠᠪᠤᠷᠭᠤᠴᠤᠤᠨ ᠤᠨ ᠲᠡᠮᠡᠴᠡᠬᠡᠨ ᠢ ᠰᠤᠨᠢᠷᠬᠠᠭᠰᠠᠨ ᠪᠠᠶᠢᠨ᠎ᠠ᠃ ᠲᠤᠰ ᠤᠳᠠᠭ᠎ᠠ ᠶᠢᠨ ᠤᠷᠤᠯᠳᠤᠭᠠᠨ ᠳᠤ ︽ᠲᠠᠯ᠎ᠠ ᠨᠤᠳᠤᠭ ᠤᠨ ᠪᠦᠷᠭᠦᠳ︾ ᠭᠡᠮᠡᠭᠳᠡᠭᠰᠡᠨ  ᠤᠳᠬᠠᠨᠪᠠᠭᠠᠲᠤᠷ᠂  ᠳᠡᠭᠡᠷ᠎ᠡ  ᠬᠤᠭᠤᠴᠠᠭᠠᠨ ᠤ ᠪᠤᠤᠺᠰ ᠤᠨ  ᠠᠪᠤᠷᠭᠤᠴᠤᠤᠨ ᠤᠨ  ᠠᠯᠲᠠᠨ  ᠪᠦᠰᠡ ᠶᠢᠨ  ᠡᠵᠡᠨ  ᠴᠡᠩᠭᠡᠯ  ᠵᠡᠷᠭᠡ  ᠤᠯᠤᠰ ᠤᠨ  ᠲᠤᠳᠤᠭᠠᠲᠤ ᠶᠢᠨ  ᠪᠤᠤᠺᠰ ᠤᠨ ᠠᠪᠤᠷᠭᠤᠴᠤᠤᠨ ᠤᠨ ᠲᠤᠮᠤ  ᠤᠳᠤᠳ  ᠪᠠ ᠲᠠᠢ  ᠤᠯᠤᠰ᠂  ᠶᠠᠫᠤᠨ᠂  ᠤᠷᠤᠰ  ᠵᠡᠷᠭᠡ  7  ᠤᠯᠤᠰ ᠤᠨ  ᠲᠡᠯᠡᠬᠡᠢ ᠳᠤ  ᠨᠡᠷᠡᠲᠡᠢ ᠠᠪᠤᠷᠭᠤᠴᠤᠤᠨ ᠪᠠᠶᠠᠨᠨᠠᠭᠤᠷ ᠬᠤᠲᠠ ᠳᠤ ᠴᠤᠭᠯᠠᠷᠠᠵᠤ᠂ ᠨᠢᠭᠡᠨ ᠤᠳᠠᠭ᠎ᠠ ᠶᠢᠨ ᠡᠯ᠎ᠡ ᠤᠯᠤᠰ ᠤᠨ ᠪᠤᠤᠺᠰ  ᠡᠷᠳᠡᠮ ᠤᠨ  ᠬᠠᠮᠤᠭ ᠤᠨ ᠦᠨᠳᠦᠷ ᠳᠡᠰ ᠤᠨ ᠦᠷᠢᠰᠦᠯᠳᠦᠭᠡᠨ ᠢ ᠬᠠᠷᠠᠭᠤᠯᠤᠭᠰᠠᠨ ᠪᠠᠶᠢᠨ᠎ᠠ᠃        ᠮᠦᠷᠦ᠋ᠢᠴᠡᠭᠡᠨ ᠨᠢ ᠤᠯᠠᠨ  ᠤᠯᠤᠰ ᠲᠤ  ᠲᠡᠯᠭᠡᠷᠡᠵᠦ  ᠪᠠᠶᠢᠭ᠎ᠠ MMA ᠶᠡᠷᠦᠩᠬᠡᠶᠢᠯᠡᠭᠰᠡᠨ ᠭᠠᠷᠳᠠᠨ ᠪᠠᠶᠢᠯᠳᠤᠬᠤ ᠬᠡᠯᠪᠡᠷᠢ ᠶᠢ ᠬᠡᠷᠡᠭᠯᠡᠵᠦ᠂ ᠵᠤᠭᠰᠤᠭ᠎ᠠ ᠪᠠᠷ ᠲᠠᠭᠠᠷᠢᠵᠤ ᠪᠤᠯᠬᠤ ᠪᠠᠷ  ᠦᠯᠦ  ᠪᠠᠷᠠᠮ ᠬᠡᠪᠲᠡᠭᠡ ᠪᠠᠷ ᠪᠠᠷᠢᠯᠳᠤᠵᠤ ᠪᠤᠯᠤᠨ᠎ᠠ᠃ ᠲᠠᠮᠢᠷᠴᠢᠳ ᠤᠨ ᠡᠯ᠎ᠡ  ᠤᠯᠤᠰ ᠤᠨ  ᠡᠯ᠎ᠡ  ᠵᠦᠢᠯ ᠤᠨ  ᠪᠤᠤᠺᠰ ᠤᠨ  ᠠᠪᠤᠷᠭᠤᠴᠤᠤᠨ ᠤᠨ ᠡᠷᠳᠡᠮ ᠢ ᠬᠡᠷᠡᠭᠯᠡᠬᠦ ᠶᠢ ᠵᠦᠪᠰᠢᠶᠡᠷᠡᠵᠤ᠂ ᠶᠠᠮᠠᠷ ᠴᠤ ᠬᠢᠵᠠᠭᠠᠷᠯᠠᠯ  ᠦᠭᠡᠢ  ᠪᠠᠶᠢᠵᠤ᠂  ᠦᠵᠡᠭᠴᠢ  ᠤᠯᠠᠨ ᠤᠷᠮᠠᠰᠢᠯ ᠲᠠᠢ᠂ ᠰᠡᠳᠭᠢᠯ ᠬᠦᠳᠡᠯᠭᠡᠮ᠎ᠡ ᠬᠠᠷᠠᠭᠠᠨ ᠰᠡᠷᠡᠯ ᠤᠨ ᠬᠠᠨᠤᠮᠵᠢ ᠬᠦᠷᠲᠡᠭᠰᠡᠨ ᠪᠠᠶᠢᠨ᠎ᠠ᠃ ᠲᠤᠰ ᠤᠷᠤᠢ ᠶᠢᠨ  ᠤᠷᠤᠯᠳᠤᠭᠠᠨ ᠳᠤ  ᠠᠳᠠᠯᠢ  ᠪᠤᠰᠤ  ᠲᠡᠰ ᠲᠦᠷᠦᠯ ᠤᠨ ᠨᠡᠶᠢᠲᠡ 8 ᠲᠠᠯᠠᠪᠠᠢ ᠤᠷᠤᠯᠳᠤᠭᠠᠨ ᠦᠷᠨᠢᠭᠦᠯᠦᠭᠰᠡᠨ ᠠᠴᠠ ᠲᠤᠮᠳᠠᠳᠤ ᠭᠠᠳᠠᠭᠠᠲᠤ ᠶᠢᠨ  ᠲᠠᠮᠢᠷᠴᠢᠨ ᠤ ᠲᠡᠮᠡᠴᠡᠭᠡᠨ 7 ᠲᠠᠯᠠᠪᠠᠢ ᠶᠠᠪᠤᠭᠲᠠᠵᠤ᠂ ᠲᠤᠮᠳᠠᠳᠤ ᠤᠯᠤᠰ ᠤᠨ ᠲᠠᠮᠢᠷᠴᠢᠳ  6  ᠬᠠᠷᠢᠴᠠᠬᠤ  1᠎ ᠪᠠᠷ  ᠢᠯᠠᠭᠰᠠᠨ  ᠦᠨᠳᠦᠷ  ᠠᠮᠵᠢᠯᠲᠠ  ᠤᠯᠵᠤ᠂ ᠦᠵᠡᠭᠴᠢ ᠤᠯᠠᠨ ᠤ ᠤᠮᠤᠭᠰᠢᠯ ᠪᠠᠭ᠋ᠠᠷᠬᠠᠯ ᠢ ᠬᠦᠷᠲᠡᠨ ᠤᠷᠤᠯᠳᠤᠭᠠᠨ ᠤ ᠲᠠᠯᠠᠪᠠᠢ ᠶᠢ ᠪᠠᠶᠠᠷ ᠬᠦᠭᠵᠢᠯ ᠤᠨ  ᠦᠨᠳᠦᠷ  ᠤᠷᠭᠢᠯ ᠳᠤ ᠬᠦᠷᠭᠡᠵᠦ ᠴᠢᠳᠠᠭᠰᠠᠨ ᠪᠠᠶᠢᠨ᠎ᠠ᠃ ᠢᠯᠠᠩᠭᠤᠶ᠎ᠠ ᠬᠠᠮᠤᠭ ᠡᠴᠦᠰ ᠤᠨ ᠲᠠᠯᠠᠪᠠᠢ ᠠᠯᠲᠠᠨ ᠪᠦᠰᠡ ᠦᠷᠢᠰᠦᠯᠳᠦᠬᠦ ᠲᠡᠮᠡᠴᠡᠭᠡᠨ ᠳᠤ  ᠦᠪᠦᠷ ᠮᠤᠩᠭᠤᠯ ᠤᠨ ᠮᠤᠩᠭᠤᠯ ᠵᠠᠯᠠᠭᠤ ᠴᠡᠩᠭᠡᠯ ᠲᠤᠮᠳᠠᠳᠤ ᠤᠯᠤᠰ ᠢᠶᠠᠨ ᠲᠦᠯᠦᠭᠡᠯᠡᠨ᠂ ᠶᠠᠫᠤᠨ ᠤ ᠲᠠᠮᠢᠷᠴᠢᠨ ᠢ ᠭᠠᠷ  ᠬᠠᠷᠢᠭᠤᠯᠬᠤ  ᠴᠢᠳᠠᠯ ᠦᠭᠡᠢ ᠪᠤᠯᠲᠠᠯ᠎ᠠ ᠴᠤᠬᠢᠵᠤ᠂ ᠡᠴᠤᠰ ᠲᠡᠭᠡᠨ TKO ᠮᠠᠶ᠋ᠢᠭ ᠢᠶᠠᠷ  ᠢᠯᠠᠵᠤ᠂  ᠠᠯᠲᠠᠨ  ᠪᠦᠰᠡ ᠶᠢᠨ  ᠠᠪᠤᠷᠭᠤᠴᠤᠤᠨ ᠤᠨ  ᠡᠵᠡᠨ ᠪᠤᠯᠤᠭᠰᠠᠨ ᠨᠢ ᠪᠦᠬᠦ ᠦᠵᠡᠭᠴᠢᠳ ᠤᠨ ᠨᠢᠵᠢᠭᠢᠨᠡᠭᠰᠡᠨ ᠠᠯᠠᠭ᠎ᠠ ᠲᠠᠰᠢᠯᠲᠠ ᠪᠤᠯᠤᠨ ᠲᠡᠭᠡᠲᠦ ᠬᠡᠮᠵᠢᠶᠡᠨ ᠤ ᠬᠦᠨᠳᠦᠳᠭᠡᠯ ᠢ ᠬᠦᠷᠲᠡᠭᠰᠡᠨ ᠪᠠᠶᠢᠨ᠎ᠠ᠃ ᠲᠤᠰ ᠤᠳᠠᠭ᠎ᠠ ᠶᠢᠨ ᠤᠷᠤᠯᠳᠤᠭᠠᠨ ᠨᠢ ᠤᠬᠠᠭᠤᠯᠬᠤ ᠬᠦᠴᠦᠨ ᠢ ᠴᠢᠩᠭ᠎ᠠ ᠴᠢᠬᠤᠯᠠᠴᠢᠯᠠᠵᠤ᠂  ᠪᠠᠶᠠᠨᠨᠠᠭᠤᠷ  ᠬᠤᠲᠠ ᠶᠢᠨ ᠤᠳᠤᠨ ᠲᠧᠯᠸᠢᠰ ᠳᠡᠭᠡᠷ᠎ᠡ ᠰᠢᠭᠤᠳ ᠨᠡᠪᠲᠡᠷᠡᠭᠦᠯᠦᠨ᠂ 20 ᠭᠠᠷᠤᠢ ᠮᠤᠵᠢ᠂ ᠦᠪᠡᠷᠳᠡᠭᠡᠨ ᠵᠠᠰᠠᠬᠤ ᠤᠷᠤᠨ ᠤ  ᠳᠡᠰ ᠤᠨ  ᠲᠧᠯᠸᠢᠰ ᠬᠤᠷᠢᠶ᠎ᠠ ᠲᠠᠮᠵᠢᠭᠤᠯᠤᠨ ᠨᠡᠪᠲᠡᠷᠡᠭᠦᠯᠵᠦ᠂ ᠪᠠᠰᠠ ᠪᠦᠬᠦ ᠤᠯᠤᠰ ᠤᠨ 100 ᠭᠠᠷ ᠤᠳᠠᠰᠤᠨ ᠤ ᠲᠠᠪᠴᠠᠩ ᠰᠢᠭᠤᠳ  ᠨᠡᠪᠲᠡᠷᠡᠭᠦᠯᠵᠦ᠂ 10 ᠤᠷᠴᠢᠮ ᠰᠦᠯᠵᠢᠶᠠᠨ ᠤ ᠵᠠᠭᠤᠴᠢᠯᠠᠭᠤᠷ ᠰᠦᠯᠵᠢᠶᠠᠨ  ᠳᠡᠭᠡᠷ᠎ᠡ  ᠰᠢᠭᠤᠳ  ᠨᠡᠪᠲᠡᠷᠡᠭᠦᠯᠦᠨ᠂  2000  ᠲᠦᠮᠡᠨ  ᠦᠵᠡᠭᠴᠢ ᠰᠢᠭᠤᠳ ᠨᠡᠪᠲᠡᠷᠡᠭᠦᠯᠭᠡ ᠶᠢ ᠰᠤᠨᠢᠷᠬᠠᠬᠤ ᠪᠤᠯᠤᠮᠵᠢ ᠬᠠᠩᠭᠠᠵᠠᠢ᠃    
 
ᠢᠷᠡᠯᠲᠡ᠄ ᠦᠪᠦᠷ ᠮᠣᠩᠭᠤᠯ ᠤᠨ ᠡᠳᠦᠷ ᠤᠨ ᠰᠣᠨᠢᠨ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号