ᠶᠤᠸᠠᠨ ᠤ ᠲᠡᠭᠡᠲᠦ ᠨᠡᠶᠢᠰᠯᠡᠯ ᠤᠨ ᠪᠠᠭᠤᠷᠢ ᠪᠠᠷ ᠠᠶᠠᠯᠠᠨ ᠵᠤᠷᠴᠢᠬᠤᠢ
ᠨᠡᠶᠢᠲᠡᠯᠡᠭᠰᠡᠨ ᠴᠠᠭ᠄
2016/11/15
         ᠵᠠᠮᠴᠢᠯᠠᠭᠴᠢ᠄ ᠷᠢ᠊ · ᠰᠡᠴᠡᠨᠴᠤᠭᠳᠦ          ᠭᠠᠵᠠᠷ᠄ ᠶᠤᠸᠠᠨ ᠤ ᠳᠡᠬᠡᠳᠦ ᠨᠡᠶᠢᠰᠯᠡᠯ ᠤᠨ ᠪᠠᠭᠤᠷᠢ          ᠴᠠᠭ ᠠᠭᠤᠷ᠄ ᠴᠡᠯᠮᠡᠭ᠂ ᠬᠡᠰᠡᠭ ᠲᠡᠭᠡᠨ ᠰᠠᠯᠬᠢ ᠲᠠᠢ          ᠦᠦᠬᠡ ᠳᠡᠦᠬᠡᠳᠦ ᠡᠷᠳᠡᠨ ᠤ  ᠶᠡᠭᠡ  ᠨᠡᠶᠢᠰᠯᠡᠯ ᠳᠤ  ᠠᠩᠬ᠎ᠠ  ᠤᠳᠠᠭ᠎ᠠ ᠪᠠᠨ  ᠬᠠᠷᠠᠭ᠎ᠠ  ᠰᠤᠩᠭᠠᠬᠤ  ᠪᠤᠯᠤᠭᠰᠠᠨ  ᠮᠢᠨᠦ ᠬᠤᠪᠢ ᠳᠤ ᠬᠢᠵᠠᠭᠠᠷ ᠦᠬᠡᠢ ᠪᠠᠶᠠᠷᠯᠡᠵᠦ᠂ ᠬᠡᠮᠵᠢᠶᠡᠯᠡᠰᠢ ᠦᠬᠡᠢ ᠳᠤᠭᠳᠤᠯᠤᠭᠰᠠᠨ ᠨᠢ  ᠦᠨᠡᠨ᠃  ᠳᠡᠯᠡᠬᠡᠢ ᠶᠢᠨ  ᠦᠪ  ᠪᠤᠯᠤᠭᠰᠠᠨ ᠶᠤᠸᠠᠨ ᠤ ᠳᠡᠬᠡᠳᠦ ᠨᠠᠶᠢᠰᠯᠡᠯ ᠤᠨ ᠪᠠᠭᠤᠷᠢ ᠨᠢ ᠤᠨ ᠵᠢᠯ ᠤᠨ ᠡᠯᠡᠬᠡᠨ ᠳᠤ  ᠦᠪᠡᠷ ᠤᠨ  ᠳᠦᠷᠬᠦ ᠪᠠᠷ  ᠳᠤᠳᠤᠷᠠᠭᠰᠠᠭᠠᠷ᠃  ᠡᠳᠦᠬᠡ ᠤᠯᠤᠰ ᠤᠨ ᠳᠤᠳᠤᠭᠠᠳᠦ ᠭᠠᠳᠠᠭᠠᠳᠦ ᠶᠢᠨ ᠵᠤᠭᠠᠴᠠᠭᠰᠠᠳ ᠤᠨ ᠬᠦᠰᠡᠨ ᠬᠦᠷᠬᠦ ᠭᠠᠵᠠᠷ ᠤᠨ ᠨᠢᠬᠡ ᠨᠢ ᠶᠠᠭᠠᠬᠢᠬᠤ ᠶᠢᠨ ᠠᠷᠭ᠎ᠠ ᠦᠬᠡᠢ ᠤᠯᠤᠰ ᠤᠨ 4 A ᠳᠡᠰ ᠤᠨ ᠵᠤᠭᠠᠴᠠᠯ ᠤᠨ  ᠤᠷᠤᠨ ᠢᠶᠠᠷ  ᠴᠤᠯᠠᠯᠠᠭᠳᠠᠭᠰᠠᠨ  ᠬᠦᠬᠡ  ᠱᠠᠩᠳᠦ ᠶᠢᠨ  ᠪᠠᠭᠤᠷᠢ  ᠪᠤᠯᠵᠡᠢ  ᠬᠡᠬᠦ ᠳᠤ ᠠᠬᠠᠳᠠᠮᠠᠷ ᠦᠬᠡᠢ᠃ ᠠᠳᠡ ᠳᠦᠷᠡᠯᠵᠡᠨ ᠠᠰᠠᠭᠰᠠᠨ ᠳᠡᠦᠬᠡ ᠶᠢᠨ ᠰᠤᠷ ᠪᠤᠢ᠂ ᠳᠦᠳᠡᠬᠡᠨ  ᠤᠨᠳᠠᠷᠠᠭᠰᠠᠨ  ᠵᠠᠭᠤᠨ ᠤ  ᠨᠤᠷᠮ᠎ᠠ  ᠴᠦ ᠪᠤᠢ᠃ ᠠᠪᠤᠷᠭᠤ ᠳᠤᠮᠤ ᠬᠦᠷᠢᠶ᠎ᠠ ᠬᠤᠳᠠ ᠶᠢ ᠨᠢ ᠬᠠᠷᠠᠭᠰᠠᠨ ᠬᠡᠨ ᠴᠦ ᠬᠡᠰᠡᠨ ᠠᠯᠠᠭ᠎ᠠ ᠪᠠᠨ ᠳᠠᠰᠢᠨ ᠪᠠᠭ᠋ᠠᠳᠤᠵᠦ᠂ ᠬᠠᠷᠢᠨ  ᠳᠤᠯᠤᠭᠠᠢ ᠦᠬᠡᠢ ᠬᠦᠮᠦᠨ ᠴᠢᠯᠠᠭᠤ ᠶᠢ ᠨᠢ ᠳᠡᠮᠳᠡᠷᠢᠬᠦ ᠭᠱᠠᠨ᠎ᠠ ᠳᠡᠰᠬᠡᠯ ᠦᠬᠡᠢ ᠰᠠᠨᠠᠭ᠎ᠠ ᠨᠢᠬᠡ ᠠᠯᠳᠠᠵᠦ᠁ ᠦᠯᠢᠬᠡᠷ  ᠦᠷᠨᠢᠬᠦᠨ᠂  ᠦᠵᠡᠮᠵᠢ ᠰᠦᠷᠨᠢᠬᠦᠨ ᠱᠠᠩᠳᠦ ᠬᠤᠳᠠ ᠦᠪᠡᠷ ᠤᠨ ᠡᠷᠬᠡ ᠦᠬᠡᠢ ᠲᠠᠨ ᠳᠤ  ᠨᠢᠬᠡᠨ  ᠵᠦᠢᠯ ᠢ  ᠪᠤᠳᠤᠭᠤᠯᠬᠤ ᠨᠢ  ᠯᠠᠪᠳᠠᠢ  ᠶᠤᠮ᠃  ᠡᠶᠢᠨᠬᠦ ᠵᠠᠮᠴᠢᠯᠠᠭᠴᠢ  ᠷᠢ᠊  ·  ᠰᠡᠴᠡᠨᠴᠤᠭᠳᠦ  ᠠᠬ᠎ᠠ ᠶᠢᠨ  ᠬᠠᠮᠳᠦ  ᠠᠯᠳᠠᠷᠳᠦ  ᠱᠠᠩᠳᠦ ᠶᠢᠨ   ᠪᠠᠭᠤᠷᠢ ᠪᠠᠷ   ᠵᠤᠷᠴᠢᠨ᠂   ᠠᠶᠠᠯᠠᠯ ᠤᠨ ᠰᠠᠶᠢᠬᠠᠨ ᠠᠴᠠ ᠪᠠᠨ ᠬᠤᠪᠢᠶᠡᠯᠴᠠᠬᠤ ᠳᠤ ᠪᠡᠯᠡᠬᠡᠨ ᠪᠤᠯᠤᠯ᠎ᠠ᠃         2016 ᠤᠨ ᠤ ᠡᠬᠢᠨ  ᠨᠠᠮᠤᠷ᠃  ᠡᠪᠦᠬᠡᠳ ᠤᠨ  ᠨᠡᠶᠢᠰᠯᠡᠯ  ᠶᠡᠭᠡ  ᠱᠠᠩᠳᠦ ᠳᠤ  ᠤᠯᠠᠷᠢᠯ ᠤᠨ  ᠦᠡᠭᠬᠡ  ᠨᠢᠬᠡᠨᠳᠡ ᠮᠡᠳᠡᠭᠳᠡᠵᠡᠢ᠃        ᠰᠢᠯᠢ ᠶᠢᠨ ᠭᠤᠤᠯ ᠠᠶᠢᠮᠠᠭ ᠤᠨ ᠰᠢᠯᠤᠭᠤᠨ ᠬᠦᠬᠡ ᠬᠤᠰᠢᠭᠤᠨ ᠤ  ᠳᠦᠪ  ᠱᠠᠩᠳᠦ  ᠪᠠᠯᠭᠠᠰᠦᠨ ᠠᠴᠠ  ᠵᠡᠬᠦᠨ  ᠬᠤᠶᠢᠰᠢ ᠳᠦᠴᠢᠨ  ᠭᠠᠵᠠᠷ ᠤᠨ  ᠵᠠᠶᠢᠳᠠᠢ  ᠭᠠᠯᠭᠢᠭᠤᠯᠬᠤ ᠳᠤ  ᠵᠠᠮ  ᠳᠠᠭᠠᠤ  ᠮᠠᠯᠴᠢᠨ  ᠠᠶᠢᠯ  ᠵᠤᠭᠠᠴᠠᠯ ᠤᠨ  ᠴᠡᠭ ᠤᠳ  ᠪᠠᠶᠢᠨ   ᠳᠠᠬᠢᠨ ᠳᠠᠭᠠᠷᠠᠯᠳᠤᠨ᠎ᠠ᠃ ᠵᠠᠯᠠᠨ ᠳᠡᠬᠡᠷ᠎ᠠ ᠨᠢ ᠠᠳᠤᠭᠤ ᠢᠨᠴᠠᠭᠠᠵᠦ᠂ ᠳᠡᠷᠳᠡᠭᠡ ᠳᠤ ᠬᠤᠨᠢᠳ ᠮᠠᠶᠢᠯᠠᠯᠳᠤᠭᠰᠠᠨ᠂ ᠢᠰᠡᠬᠡᠢ ᠬᠡᠷ ᠨᠢ ᠪᠦᠮᠪᠤᠶᠢᠵᠦ᠂ ᠬᠠᠵᠠᠭᠤ ᠳᠤᠨᠢ ᠵᠢᠭᠤᠯᠴᠢᠳ ᠤᠨ ᠮᠠᠰᠢᠨ ᠳᠡᠷᠬᠡ ᠵᠢᠭᠰᠠᠴᠢᠬᠠᠭᠰᠠᠨ ᠠᠷᠠᠯᠵᠢᠶ᠎ᠠ ᠮᠠᠶᠢᠮᠠᠢ ᠶᠡᠭᠡ ᠯᠡ ᠬᠦᠭᠵᠢᠶᠡᠨᠳᠡᠢ ᠪᠠᠶᠢᠯ᠎ᠠ᠃  ᠡᠨᠡ ᠨᠢ ᠰᠢᠷ᠎ᠠ ᠳᠠᠯ᠎ᠠ ᠶᠢᠨ ᠦᠷᠦᠴᠡᠨ ᠳᠤ᠂ ᠱᠠᠩᠳᠠ ᠶᠢᠨ ᠭᠤᠤᠯ ᠤᠨ ᠤᠷᠤᠰᠬᠠᠯ ᠳᠠᠭᠠᠤ  ᠤᠷᠤᠰᠢᠭᠰᠠᠨ  ᠨᠢᠬᠡᠨ  ᠡᠷᠳᠡᠨ ᠤ  ᠨᠠᠶᠢᠰᠯᠡᠯ ᠢ ᠪᠠᠷᠠᠭᠠᠳᠠᠨ᠂ ᠠᠶᠠᠯᠠᠨ ᠵᠤᠷᠴᠢᠭᠴᠢ ᠶᠢᠨ  ᠠᠯᠵᠢᠶᠡᠯ ᠢ  ᠳᠠᠶᠢᠯᠬᠤ᠂  ᠠᠵᠦ  ᠠᠬᠤᠢ ᠶᠢᠨ  ᠤᠷᠤᠯᠭ᠎ᠠ ᠪᠠᠨ  ᠨᠡᠮᠡᠭᠳᠡᠬᠦᠯᠬᠦ᠂  ᠠᠮᠢᠳᠤᠷᠡᠯ ᠰᠤᠶᠤᠯ ᠢᠶᠠᠨ ᠤᠬᠠᠭᠤᠯᠬᠤ ᠬᠡᠰᠡᠨ ᠮᠠᠯᠴᠢᠳ ᠤᠨ ᠠᠳᠠᠯ ᠦᠢᠯᠡᠰ ᠤᠨ ᠬᠢᠨᠢ ᠨᠢᠬᠡ ᠦᠵᠡᠭᠳᠡᠯ ᠪᠠᠶᠢᠯ᠎ᠠ᠃ ᠡᠬᠦᠨ ᠢ  ᠬᠠᠷᠠᠭᠠᠳ  ᠪᠢ ᠱᠠᠩᠳᠤ ᠬᠤᠳᠠ ᠶᠢᠨ ᠵᠤᠭᠠᠴᠠᠯ ᠵᠢᠴᠢ ᠰᠢᠯᠤᠭᠤᠨ ᠬᠦᠬᠡ  ᠬᠤᠰᠢᠭᠤᠨ ᠤ  ᠵᠤᠭᠠᠴᠠᠯ ᠤᠨ  ᠦᠢᠯᠡᠰ ᠤᠨ  ᠠᠷᠡᠳ  ᠳᠦᠮᠡᠨ ᠤ  ᠬᠢᠨᠢ ᠠᠮᠢᠳᠤᠷᠡᠯ ᠤᠨᠳᠤᠷᠤᠯ ᠳᠤ ᠦᠵᠡᠬᠦᠯᠦᠭᠰᠡᠨ ᠨᠦᠯᠦᠬᠡ ᠦᠢᠯᠡᠳᠦᠯ ᠤᠨ ᠳᠤᠬᠠᠢ  ᠨᠠᠭᠠᠳᠦ  ᠵᠠᠬ᠎ᠠ ᠶᠢᠨ  ᠤᠢᠢᠯᠠᠭᠠᠯᠳᠠ ᠲᠠᠢ  ᠪᠤᠯᠵᠦ ᠪᠢᠯᠡ᠃         ᠪᠢᠳᠡ ᠶᠤᠸᠠᠨ ᠤ ᠳᠡᠬᠡᠳᠦ ᠨᠠᠶᠢᠰᠯᠡᠯ ᠤᠨ ᠪᠠᠭᠤᠷᠢ ᠶᠢᠨ ᠮᠦᠽᠸᠢ ᠳᠤ ᠢᠷᠡᠪᠠ᠃ ᠳᠦᠮᠡᠳᠦ ᠶᠢᠨ ᠤᠪᠤᠭ᠎ᠠ ᠶᠢᠨ ᠵᠡᠬᠦᠨ  ᠪᠡᠯ ᠪᠤᠶᠤ ᠠᠭᠤᠯᠡ ᠬᠦᠨᠳᠡᠶᠢᠯᠡᠨ ᠵᠠᠰᠠᠭᠳᠠᠭᠰᠠᠨ ᠪᠠᠭᠤᠷᠢ ᠶᠢᠨ ᠮᠦᠽᠸᠢ ᠨᠢ ᠦᠵᠡᠮᠦᠷᠢ ᠲᠠᠢ  ᠬᠡᠬᠦ ᠠᠴᠠ ᠪᠠᠨ  ᠢᠯᠡᠬᠦᠦ  ᠳᠦᠰᠦᠪᠯᠡᠭᠰᠡᠨ ᠤᠷ᠎ᠠ ᠤᠬᠠᠭᠠᠨ ᠨᠢ ᠨᠡᠩᠳᠡ ᠭᠠᠶᠢᠬᠠᠭᠳᠠᠳᠠᠭ᠃ ᠪᠠᠷᠢᠯᠭ᠎ᠠ ᠶᠢᠨ  ᠶᠡᠷᠦᠩᠬᠡᠢ  ᠳᠠᠯᠠᠪᠠᠢ ᠨᠢ  6991  ᠳᠡᠭᠰᠢ  ᠳᠦᠷᠪᠡᠯᠵᠢᠨ  ᠮᠧᠲᠷ ᠬᠦᠷᠦᠭᠰᠡᠨ ᠡᠨᠡᠬᠦ ᠤᠨᠴᠠᠯᠢᠭᠳᠤ ᠮᠦᠽᠸᠢ ᠳᠤ ᠱᠠᠩᠳᠦ ᠬᠤᠳᠠ ᠶᠢᠨ ᠪᠠᠭᠤᠷᠢ ᠶᠢᠨ ᠤᠯᠠᠳᠠᠪᠤᠷᠢ ᠪᠤᠶᠤ ᠬᠦᠮᠦᠨ  ᠴᠢᠯᠠᠭᠤ  ᠮᠡᠳᠦ ᠶᠢᠨ ᠦᠨᠡᠳᠦ ᠵᠦᠢᠯᠡᠰ ᠪᠠᠶᠢᠬᠤ ᠪᠦᠬᠡᠳ ᠬᠠᠮᠢᠶᠡᠳᠡᠢ ᠳᠡᠦᠬᠡ ᠶᠢᠨ ᠳᠠᠶᠢᠯᠪᠤᠷᠢ ᠪᠢᠴᠢᠭ ᠪᠡ ᠬᠡᠷᠡᠯ ᠵᠢᠷᠤᠭ ᠵᠡᠷᠭᠡ ᠬᠤᠪᠤᠷ ᠴᠤᠬᠠᠭ  ᠮᠠᠲ᠋ᠧᠷᠢᠶᠠᠯ ᠳᠡᠯᠬᠡᠭᠳᠡᠭᠳᠡᠭ᠃ ᠳᠠᠶᠢᠯᠪᠤᠷᠢᠯᠠᠭᠴᠢ ᠬᠡᠤᠬᠡᠨ ᠨᠠᠷᠢᠯᠢᠭ ᠶᠠᠷᠢᠨ᠎ᠠ᠂ ᠵᠤᠭᠠᠴᠠᠭᠰᠠᠳ ᠨᠢᠮᠪᠠᠢ ᠰᠤᠨᠤᠰᠤᠨ᠎ᠠ᠃        ᠮᠦᠽᠸᠢ ᠶᠢᠨ ᠪᠠᠷᠠᠯᠠᠬᠤ ᠴᠡᠭ ᠠᠴᠠ ᠬᠤᠶᠢᠨ᠎ᠠ ᠵᠦᠭ ᠲᠤ ᠳᠤᠷᠡᠨ ᠢᠶᠠᠨ ᠴᠢᠭᠯᠡᠬᠦᠯᠪᠡᠯ᠂ ᠬᠠᠷᠠᠭ᠎ᠠ ᠠᠯᠳᠠᠮᠡᠷ ᠰᠢᠷ᠎ᠠ  ᠳᠠᠯ᠎ᠠ ᠶᠢᠨ ᠡᠯᠢᠬᠡᠨ ᠳᠤ ᠬᠠᠯᠠᠭᠤᠨ ᠨᠢᠯᠪᠤᠰᠦ ᠤᠨᠠᠭᠠᠮᠠᠷ᠂ ᠪᠠᠰᠠ ᠬᠠᠳᠠᠨ ᠰᠡᠳᠬᠢᠯ ᠳᠦᠷᠦᠬᠦᠯᠤᠮᠡᠷ ᠬᠦᠬᠡ  ᠱᠠᠩᠳᠦ ᠶᠢᠨ  ᠪᠠᠭᠤᠷᠢ  ᠬᠦᠳᠡᠩᠳᠡᠵᠦ ᠬᠠᠷᠠᠭᠳᠠᠨ᠎ᠠ᠂ ᠬᠦᠯᠢᠶᠡᠵᠦ ᠬᠠᠷᠠᠭᠳᠠᠨ᠎ᠠ᠃  ᠪᠢᠳᠡ  ᠮᠦᠽᠸᠢ ᠶᠢᠨ  ᠳᠤᠬᠠᠢ  ᠳᠤᠪᠴᠢᠬᠠᠨ  ᠤᠢᠢᠯᠠᠭᠠᠭᠠᠳ  ᠶᠡᠭᠡ  ᠪᠠᠭᠤᠷᠢ  ᠵᠦᠭ ᠶᠠᠭᠠᠷᠠᠵᠠᠭᠠᠯ᠎ᠠ᠃         ᠱᠠᠩᠳᠦ ᠨᠡᠶᠢᠰᠯᠡᠯ ᠡ ᠬᠡᠵᠦ᠃ ᠵᠤᠰᠠᠯᠠᠩ ᠬᠡᠳᠡᠭ ᠢᠶᠠᠷ ᠢᠶᠠᠨ ᠬᠠᠰᠢᠯᠡ ᠠᠰᠳᠠᠭᠠᠨ᠂  ᠰᠡᠷᠢᠬᠦᠨ  ᠳᠠᠭᠠᠯᠠᠮᠵᠢᠳᠠᠢ ᠨᠢ  ᠨᠢᠬᠡᠯᠡ ᠤᠨᠳᠦᠦ᠃ ᠮᠢᠨᠦ ᠬᠤᠪᠢ ᠳᠤ ᠬᠦᠭᠰᠡᠨ ᠬᠡᠶᠢᠷᠬᠡᠭᠡᠳ ᠦᠬᠦᠯᠡᠬᠦ ᠶᠢᠨ ᠠᠷᠭ᠎ᠠ ᠦᠬᠡᠢ ᠳᠡᠷᠡ ᠬᠡᠮᠵᠢᠶᠡᠨ ᠳᠤ ᠳᠤᠯᠵᠦ ᠪᠠᠶᠢᠪᠡ᠃         ᠵᠤᠭᠠᠴᠠᠯ ᠤᠨ ᠬᠦᠭᠵᠢᠶᠡᠨ ᠲᠠᠢ ᠤᠯᠠᠷᠢᠯ ᠪᠠᠶᠢᠬᠰᠠᠨ ᠠᠴᠠ ᠳᠡᠷᠡ ᠤᠤ᠂ ᠵᠤᠷᠴᠢᠠᠡᠰᠠᠳ ᠶᠡᠭᠡ ᠯᠡ ᠤᠯᠠᠨ ᠪᠠᠶᠢᠯ᠎ᠠ᠃  ᠪᠢᠳᠡ ᠡᠬᠦᠳᠡᠨ ᠪᠢᠯᠧᠲ ᠠᠪᠬᠤ ᠬᠡᠵᠦ ᠮᠦᠷᠯᠡᠵᠦ ᠪᠠᠶᠢᠬᠤ ᠵᠠᠭᠤᠷ᠎ᠠ ᠬᠠᠮᠢᠶᠠᠳᠡᠢ ᠬᠦᠮᠦᠰ ᠠᠴᠠ  ᠤᠢᠢᠯᠠᠭᠠᠭᠰᠠᠨ ᠢᠶᠠᠷ᠂  2016  ᠤᠨ ᠤ ᠡᠬᠢᠨ ᠠᠴᠠ ᠤᠳᠦ ᠪᠤᠯᠳᠠᠯ᠎ᠠ᠂ ᠪᠦᠬᠦ ᠬᠤᠰᠢᠭᠤᠨ ᠤ  ᠵᠤᠭᠠᠴᠠᠭᠰᠠᠳ ᠢ  ᠬᠦᠯᠢᠶᠡᠨ  ᠠᠪᠤᠭᠰᠠᠨ  ᠳᠤᠭ᠎ᠠ  62  ᠳᠦᠮᠨᠨ  ᠬᠦᠮᠦᠨ ᠤᠳᠠᠭ᠎ᠠ ᠳᠤ ᠬᠦᠷᠴᠦ᠂ 4.2 ᠳ᠋ᠦᠡᠭᠰᠢᠭᠤᠷ ᠭᠠᠷᠦᠢ ᠳᠦᠬᠦᠷᠢᠭ ᠤᠨ ᠤᠷᠤᠯᠭ᠎ᠠ ᠡᠬᠦᠳᠦᠭᠰᠡᠨ ᠬᠡᠨ᠎ᠠ᠃ ᠡᠨᠡ  ᠪᠤᠯ  ᠪᠠᠭ᠎ᠠ  ᠪᠤᠰᠦ ᠳᠤᠭ᠎ᠠ ᠭᠡᠵᠦ ᠰᠡᠮ ᠪᠤᠳᠤᠭᠠᠳ᠂ ᠡᠬᠦᠳᠡᠨ ᠪᠢᠯᠧᠲ ᠬᠤᠳᠠᠯᠳᠤᠬᠤ ᠭᠠᠵᠠᠷ ᠤᠨ ᠬᠠᠪᠢ ᠳᠦᠰᠦᠷ ᠢᠶᠠᠷ ᠦᠨᠳᠦᠰᠦᠳᠡᠨ ᠤ ᠤᠨᠴᠠᠯᠢᠭᠳᠤ ᠪᠠᠷᠠᠭ᠎ᠠ ᠳᠠᠸᠡᠷ ᠠᠴᠠ ᠠᠬᠤᠭᠤᠯᠤᠨ ᠱᠠᠩᠳᠦ ᠶᠢᠨ ᠪᠠᠭᠤᠷᠢ ᠶᠢᠨ ᠳᠤᠬᠠᠢ ᠨᠤᠮ ᠰᠤᠳᠤᠷ ᠤᠳ ᠢ ᠬᠤᠳᠠᠯᠳᠦᠵᠦ ᠪᠠᠶᠢᠭ᠎ᠠ ᠶᠢ ᠦᠵᠡᠵᠦ᠂ ᠳᠡᠷᠡ ᠨᠤᠮ ᠤᠳ ᠠᠴᠠ ᠨᠢ ᠬᠤᠶᠡᠷ ᠢ ᠬᠤᠳᠠᠯᠳᠤᠨ ᠠᠪᠴᠦ ᠡᠪᠦᠷᠳᠦᠯᠡᠯ᠎ᠠ᠃         ︽ᠤᠳᠤ ᠬᠤᠳᠠᠨ ᠳᠤ ᠤᠷᠤᠶ᠎ᠠ︾  ᠬᠡᠵᠦ  ᠷᠢ᠊  ·  ᠰᠡᠴᠡᠨᠴᠤᠭᠳᠦ  ᠠᠬ᠎ᠠ  ᠬᠡᠯᠡᠪᠡ᠃  ᠳᠡᠷᠡᠪᠡᠷ  ᠠᠪᠢᠶᠠᠰᠯᠢᠭ  ᠤᠷᠡᠨ ᠪᠦᠳᠦᠬᠡᠯᠴᠢ᠂ ᠢᠷᠠᠭᠤ ᠨᠠᠶᠢᠷᠠᠭᠴᠢ ᠪᠤᠯᠬᠤ ᠪᠠᠷ ᠦᠯᠦ ᠪᠠᠷᠠᠮ ᠨᠡᠩ  ᠴᠦ  ᠱᠠᠩᠳᠦ  ᠬᠤᠳᠠ ᠶᠢᠨ  ᠳᠤᠬᠠᠢ᠂  ᠶᠤᠸᠠᠨ  ᠤᠯᠤᠰ ᠤᠨ ᠳᠤᠬᠠᠢ᠂ ᠮᠤᠩᠭᠤᠯ ᠳᠡᠦᠬᠡ ᠶᠢᠨ ᠳᠤᠬᠠᠢ ᠬᠦᠨᠴᠡ ᠤᠢᠢᠯᠠᠭᠠᠯᠳᠠ ᠲᠠᠢ ᠬᠦᠮᠦᠨ ᠶᠤᠮ᠃  ᠦᠢᠯᠡᠴᠢᠯᠡᠬᠡᠨ ᠤ  ᠭᠠᠵᠠᠷ ᠠᠴᠠ ᠨᠢ  ᠪᠢᠳᠡ ᠳᠤᠭᠤᠢ ᠳᠦᠷᠢᠶᠡᠰᠦᠯᠡᠵᠦ ᠪᠢᠯᠡ᠃ ᠡᠨᠡ ᠨᠢ ᠶᠠᠪᠠᠭᠠᠨ ᠢᠶᠠᠷ ᠶᠠᠪᠤᠪᠡᠯ ᠴᠠᠭ ᠲᠤ ᠠᠷᠪᠢ ᠦᠬᠡᠢ᠂  ᠳᠤᠰᠬᠠᠢ  ᠳᠡᠷᠬᠡ ᠪᠠᠷ ᠨᠢ  ᠶᠠᠪᠤᠪᠡᠯ ᠰᠡᠬᠦᠳᠡᠷᠯᠡᠵᠦ ᠰᠤᠷᠪᠤᠯᠵᠢᠯᠠᠬᠤ ᠳᠤ ᠳᠦᠬᠦᠮ ᠦᠬᠡᠢ ᠬᠡᠮᠡᠨ ᠪᠤᠳᠤᠯᠬᠢᠯᠠᠭᠰᠠᠨ ᠤ ᠬᠢ᠃ ᠡᠶᠢᠨᠬᠦ᠂ ᠱᠠᠩᠳᠦ ᠬᠤᠳᠠᠨ ᠳᠠᠬᠢ ᠠᠶᠠᠯᠠᠯ  ᠮᠠᠨᠢ ᠵᠢᠩᠬᠢᠨᠢ ᠪᠠᠷ ᠡᠬᠢᠯᠡᠯ᠎ᠠ᠃         ᠡᠷᠬᠢᠮ ᠤᠡᠭᠰᠢᠭᠴᠢᠳ ᠮᠢᠨᠢ ᠪᠢᠳᠡᠨ ᠢ ᠳᠠᠭᠠᠭᠠᠳ ᠶᠠᠪᠤᠭᠠᠷᠡᠢ︕         1275 ᠤᠨ᠃ ︽ᠱᠠᠩᠳᠦ ᠬᠤᠳᠠ ᠶᠢ ᠤᠳᠤ ᠶᠢᠨ ᠬᠤᠪᠢᠯᠠᠢ ᠬᠠᠭᠠᠨ ᠪᠠᠶᠢᠭᠤᠯᠤᠭᠰᠠᠨ  ᠶᠤᠮ᠁  ᠡᠨᠡᠬᠦ  ᠤᠷᠳᠦᠨ ᠬᠠᠷᠰᠢ ᠨᠢ ᠬᠤᠳᠠ ᠶᠢᠨ ᠳᠦᠪ ᠲᠤ ᠪᠤᠢ᠃ ᠭᠠᠳᠠᠭᠤᠷ ᠨᠢ ᠬᠤᠳᠠ ᠶᠢᠨ ᠬᠡᠷᠡᠮ ᠬᠦᠷᠢᠶᠡᠯᠡᠵᠦ᠂ ᠨᠢᠬᠡ ᠳᠠᠯ᠎ᠠ ᠠᠴᠠ ᠪᠠᠨ ᠨᠦᠬᠦᠬᠡ ᠳᠠᠯ᠎ᠠ ᠬᠦᠷᠳᠡᠯ᠎ᠠ ᠳᠠᠳᠠᠬᠤ ᠳᠠᠭᠠᠨ 16 ᠮᠢᠯ  ᠭᠠᠵᠠᠷ  ᠠᠭᠤᠵᠢᠮ᠃  ᠳᠤᠳᠤᠷ᠎ᠠ ᠨᠢ  ᠤᠯᠠᠨ  ᠠᠷᠪᠢᠨ  ᠭᠤᠤᠯ  ᠭᠤᠷᠤᠬ᠎ᠠ  ᠬᠤᠷᠴᠢᠬᠢᠨᠠᠨ ᠤᠷᠤᠰᠴᠦ ᠡᠪᠡᠰᠦ ᠪᠠᠯᠴᠢᠬᠡᠷ ᠰᠠᠬᠤᠯᠢᠭ᠁︾ ᠬᠡᠮᠡᠨ ᠢᠲ᠋ᠠᠯᠢ ᠶᠢᠨ ᠠᠯᠳᠠᠷᠳᠦ ᠵᠢᠭᠤᠯᠴᠢᠨ ᠮᠠᠷᠺᠦ ᠫᠤᠯᠥ ᠶᠢᠨ ᠠᠶᠠᠯᠠᠯ ᠤᠨ ᠳᠡᠮᠳᠡᠭᠯᠡᠯ ᠢ ᠡᠷᠬᠡ ᠦᠬᠡᠢ ᠰᠠᠨᠠᠵᠦ ᠤᠯᠪᠠ᠃         — ᠱᠠᠩᠳᠦ ᠬᠤᠳᠠ ᠨᠢ ᠳᠤᠳᠤᠷ᠎ᠠ ᠬᠤᠳᠠ᠂ ᠭᠠᠳᠠᠷ ᠬᠤᠳᠠ᠂  ᠴᠡᠴᠡᠷᠯᠢᠭ  ᠬᠤᠳᠠ  ᠬᠡᠵᠦ  ᠬᠤᠶᠡᠷ ᠠᠴᠠ  ᠭᠤᠷᠪᠡ᠂ ᠳᠦᠷᠪᠡᠨ ᠳᠠᠪᠬᠤᠷ ᠬᠡᠷᠡᠮ ᠲᠠᠢ ᠳᠡᠭᠰᠢ ᠳᠦᠷᠪᠡᠯᠵᠢᠨ ᠮᠠᠶ᠋ᠢᠭᠳᠠᠢ᠂  ᠮᠤᠩᠭᠤᠯ ᠤᠨ  ᠤᠯᠠᠮᠵᠢᠯᠠᠯᠳᠦ  ᠳᠠᠪᠬᠤᠷ  ᠬᠦᠷᠢᠶ᠎ᠠ ᠶᠢᠨ  ᠬᠡᠯᠪᠡᠷᠢ ᠳᠦᠷᠢᠮ ᠢᠶᠠᠷ ᠪᠡᠷᠢᠡᠡᠳᠡᠵᠠᠢ᠃ ᠭᠠᠳᠠᠷ ᠬᠤᠳᠠ ᠶᠢᠨ ᠭᠠᠳᠠᠷ ᠳᠠᠯ᠎ᠠ ᠪᠡ  ᠬᠤᠶᠢᠳᠦ  ᠳᠠᠯ᠎ᠠ ᠳᠤ  ᠵᠠᠯᠭᠠᠵᠦ  ᠪᠠᠷᠢᠭᠰᠠᠨ  ᠶᠡᠭᠡ  ᠬᠡᠷᠡᠮ ᠢ ᠴᠡᠴᠡᠷᠯᠢᠭ ᠬᠤᠳᠠ ᠬᠡᠳᠡᠭ ᠬᠡᠵᠦ ᠷᠢ᠊ · ᠰᠡᠴᠡᠨᠴᠤᠭᠳᠦ ᠠᠬ᠎ᠠ ᠬᠡᠯᠡᠨ᠎ᠠ᠃         1899 ᠤᠨ᠃ ︽ᠬᠤᠳᠠ ᠪᠦᠷᠢ ᠢᠨᠦ ᠬᠡᠷᠡᠮ ᠲᠠᠢ᠂ ᠪᠢ ᠮᠤᠷᠢ ᠪᠠᠷ ᠬᠠᠮᠤᠭ ᠤᠨ  ᠭᠠᠳᠠᠷ  ᠬᠡᠷᠡᠮ ᠢ  ᠵᠤᠭᠠᠴᠠᠬᠤᠢ ᠳᠤᠷ ᠦᠳᠡ ᠶᠢᠨ ᠬᠤᠶᠢᠨ᠎ᠠ ᠶᠢᠨ ᠳᠦᠷᠪᠡᠨ ᠴᠠᠭ ᠠᠴᠠ ᠡᠬᠢᠯᠡᠬᠡᠳ ᠳᠤᠯᠤᠭᠠᠨ  ᠴᠠᠭ  ᠬᠠᠭᠠᠰ  ᠬᠦᠷᠳᠡᠯ᠎ᠠ  ᠶᠠᠪᠤᠭᠠᠳ  ᠳᠦᠡᠭᠬᠡᠵᠢ  ᠪᠦᠬᠦ ᠬᠤᠳᠠ ᠶᠢ ᠨᠢᠬᠡ ᠳᠤᠭᠤᠷᠢᠪᠡᠢ᠃ ᠬᠤᠳᠠ ᠶᠢᠨ ᠬᠡᠷᠡᠮ ᠢᠨᠦ ᠨᠢᠬᠡᠨ ᠰᠢᠪᠡᠷ ᠬᠡᠷᠡᠮ ᠪᠤᠯᠵᠦ᠂  ᠵᠠᠷᠢᠮ  ᠬᠡᠰᠡᠭ ᠲᠤᠨᠢ  ᠮᠡᠰᠢ  ᠶᠡᠭᠡ ᠪᠠᠷ ᠡᠪᠳᠡᠭᠳᠡᠵᠦ ᠢᠯᠠᠩᠭᠤᠶ᠎ᠠ ᠬᠤᠳᠠ ᠶᠢᠨ ᠡᠮᠦᠨ᠎ᠠ ᠬᠡᠷᠡᠮ ᠪᠤᠯᠪᠠᠰᠦ ᠪᠠᠷᠤᠭ ᠤᠷᠤ ᠮᠦᠷ ᠦᠬᠡᠢ ᠪᠤᠯᠤᠬ ᠰᠢᠬᠠᠵᠦ ᠵᠡᠷᠢᠮ  ᠬᠡᠰᠡᠭ  ᠢᠨᠦ ᠤᠪᠤᠭᠤᠷ ᠳᠤᠪᠤᠭᠤᠷ ᠪᠤᠯᠵᠦ᠂ ᠪᠠᠷᠠᠭᠤᠨ ᠬᠡᠷᠡᠮ ᠨᠢ ᠰᠡᠳᠡᠷᠡᠵᠦ᠂ ᠬᠤᠶᠢᠳᠦ ᠪᠡᠶ᠎ᠠ ᠪᠠᠷ ᠬᠡᠷᠡᠮ ᠨᠢ  ᠬᠦᠨᠳᠡᠢ  ᠬᠤᠭᠤᠯᠠᠢ ᠪᠠᠷ  ᠰᠡᠬᠦ᠋ᠢᠨ ᠦᠵᠡᠭᠳᠡᠵᠦ ᠪᠠᠶᠢᠪᠠᠢ︾ ᠬᠡᠮᠡᠨ ᠤᠷᠤᠰ ᠤᠨ ᠵᠢᠭᠤᠯᠴᠢᠨ ᠠ᠊ · ᠮᠠ᠊  ·  ᠫᠤᠽᠳᠠᠨ᠋ᠶ᠋ᠸᠧ  ᠬᠡᠭᠴᠢ  ᠬᠦᠮᠦᠨ ᠤ  ︽ᠶᠤᠸᠠᠨ ᠤ  ᠳᠡᠬᠡᠳᠦ ᠨᠡᠶᠢᠰᠯᠡᠯ ᠤᠨ ᠪᠠᠭᠤᠷᠢ ᠪᠠᠷ ᠵᠢᠭᠤᠯᠴᠢᠯᠠᠭᠰᠠᠨ ᠠᠨᠤ︾ ᠬᠡᠮᠡᠨ ᠳᠡᠮᠳᠡᠭᠯᠡᠭᠰᠡᠨ ᠢ ᠦᠵᠡᠪᠡᠯ ᠲᠠ ᠪᠦᠬᠦᠨ ᠮᠡᠳᠡᠴᠢᠬᠡᠨ᠎ᠠ ᠪᠠᠶᠢᠬ᠎ᠠ᠃ ᠤᠳᠤ ᠳᠡᠷᠡᠬᠦ ᠠᠩᠬᠠᠨ ᠤ ᠦᠶ᠎ᠠ ᠶᠢᠨ ᠱᠠᠩᠳᠦ ᠬᠤᠳᠠ ᠶᠢᠨ ᠰᠦᠷᠯᠢᠭ ᠵᠢᠪᠬᠤᠭᠠᠯᠢᠭ᠂ ᠦᠨᠡᠨ ᠮᠦᠨ ᠳᠦᠷᠬᠦ ᠶᠢ ᠤᠯᠵᠦ  ᠬᠠᠷᠠᠬᠤ  ᠦᠬᠡᠢ ᠴᠦ ᠬᠡᠰᠡᠨ ᠦᠯᠢᠬᠡᠷ ᠳᠡᠦᠬᠡ ᠶᠢᠨ ᠪᠠᠭᠤᠷᠢ ᠨᠢ ᠦᠪᠡᠷ ᠢᠶᠠᠨ ᠨᠡᠩ ᠴᠦ ᠭᠠᠶᠢᠬᠠᠮᠰᠢᠭ ᠪᠤᠯᠤᠨ ᠦᠯᠡᠳᠡᠵᠦ ᠶᠤᠮ᠃          ᠪᠢᠳᠡ ᠵᠠᠯᠭᠠᠭᠠᠳ ᠶᠠᠪᠤᠶ᠎ᠠ᠃         ᠮᠢᠩ ᠳ᠋ᠧ ᠮᠧᠨ ᠬᠠᠭᠠᠯᠭ᠎ᠠ ︵ᠭᠠᠳᠠᠷ ᠬᠤᠳᠠ ᠶᠢᠨ ᠡᠮᠦᠨ᠎ᠠ ᠡᠬᠦᠳᠡ︶᠎ ᠨᠢ ᠢᠦᠢ ᠲᠢᠶᠡᠨ ᠮᠧᠨ ᠬᠠᠭᠠᠯᠭ᠎ᠠ᠂ ᠹᠦ᠋ ᠷᠧᠨ ᠮᠧᠨ ᠬᠠᠭᠠᠯᠭ᠎ᠠ᠂ ᠬᠤᠶᠢᠳᠦ ᠬᠠᠭᠠᠯᠭ᠎ᠠ ᠲᠠᠢ ᠪᠠᠨ ᠡᠮᠦᠨᠡᠰᠢ ᠬᠤᠶᠢᠰᠢ ᠨᠢᠬᠡ ᠱᠤᠭᠤᠮ ᠳᠡᠬᠡᠷ᠎ᠠ ᠤᠷᠤᠰᠢᠳᠠᠭ᠃ ᠨᠡᠷᠢᠯᠢᠭ᠋ ᠬᠡᠯᠡᠬᠦ  ᠶᠤᠮ  ᠪᠤᠯ᠂ ᠡᠨᠡ ᠶᠡᠭᠡ ᠪᠠᠯᠭᠠᠰᠦᠨ ᠤ ᠭᠠᠳᠠᠷ ᠬᠤᠳᠠ ᠶᠢᠨ ᠬᠦᠷᠢᠶᠡᠨ ᠤ  ᠬᠡᠮᠵᠢᠶ᠎ᠠ ᠨᠢ  ᠵᠡᠬᠦᠨ ᠠᠴᠠ  ᠪᠠᠷᠠᠭᠤᠨᠰᠢ  1280  ᠮᠧᠲᠷ  ᠤᠷᠳᠦ᠂ ᠡᠮᠦᠨ᠎ᠠ ᠠᠴᠠ ᠬᠤᠶᠢᠰᠢ ᠪᠠᠨ 1320 ᠮᠧᠲᠷ ᠤᠷᠳᠦ ᠳᠡᠭᠰᠢ ᠳᠦᠷᠪᠡᠯᠵᠢᠨ ᠬᠡᠯᠪᠡᠷᠢᠳᠡᠢ ᠪᠠᠶᠢᠭᠤᠯᠤᠭᠰᠠᠨ ᠬᠤᠳᠠ  ᠶᠤᠮ᠃  ᠭᠠᠳᠠᠷ ᠬᠤᠳᠠ ᠨᠢ ᠡᠮᠦᠨ᠎ᠠ  ᠬᠤᠶᠢᠨ᠎ᠠ ᠪᠠᠨ  ᠳᠤᠰᠪᠤᠷᠢ  ᠨᠢᠬᠡ  ᠬᠠᠭᠠᠯᠭ᠎ᠠ ᠲᠠᠢ᠂  ᠵᠡᠬᠦᠨ  ᠪᠠᠷᠠᠭᠤᠨ  ᠳᠠᠯ᠎ᠠ ᠳᠠᠭᠠᠨ  ᠳᠤᠰᠪᠦᠷᠢ  ᠬᠤᠶᠡᠷ ᠬᠠᠭᠠᠯᠭ᠎ᠠ ᠲᠠᠢ᠃ ᠪᠠᠷᠠᠭᠤᠨ ᠳᠠᠯ᠎ᠠ ᠪᠠᠷ ᠨᠢ ᠨᠡᠮᠡᠵᠦ ᠪᠠᠷᠢᠭᠰᠠᠨ ᠴᠡᠴᠡᠷᠯᠢᠭ ᠬᠤᠳᠠ ᠶᠢᠨ ᠡᠮᠦᠨ᠎ᠠ ᠬᠡᠷᠡᠮ ᠤᠨ ᠬᠢᠨᠢ ᠤᠷᠳᠦ ᠨᠢ  770 ᠮᠧᠲᠷ᠂ ᠳᠤᠮᠳᠠ ᠪᠠᠨ ᠨᠢᠬᠡ ᠬᠠᠭᠠᠯᠭ᠎ᠠ ᠲᠠᠢ᠂ ᠪᠠᠷᠠᠭᠤᠨ ᠳᠠᠯ᠎ᠠ ᠶᠢᠨ ᠬᠦᠷᠢᠶᠡᠨ ᠤ ᠬᠢᠨᠢ ᠤᠷᠳᠦ ᠨᠢ 2115 ᠮᠧᠲᠷ ᠂  ᠳᠤᠮᠳᠠ ᠪᠠᠨ ᠭᠠᠳᠠᠷ ᠬᠤᠳᠠ ᠶᠢᠨ ᠪᠠᠷᠠᠭᠤᠨ ᠬᠠᠭᠠᠯᠭ᠎ᠠ ᠲᠠᠢ ᠵᠡᠷᠬᠡᠴᠡᠨ ᠨᠢᠬᠡ  ᠬᠠᠭᠠᠯᠭ᠎ᠠ ᠲᠠᠢ᠃  ᠬᠤᠶᠢᠭᠤᠷ  ᠪᠠᠶᠢᠭ᠎ᠠ  ᠶᠡᠭᠡ  ᠬᠦᠷᠢᠶᠡᠨ ᠤ  ᠬᠢᠨᠢ ᠬᠡᠷᠡᠮ ᠤᠨ ᠤᠷᠳᠦ ᠨᠢ 2050 ᠮᠧᠲᠷ ᠳᠤᠮᠳᠠ ᠪᠠᠨ ᠬᠤᠶᠡᠷ  ᠬᠠᠭᠠᠯᠭ᠎ᠠ ᠲᠠᠢ᠃  ᠭᠠᠳᠠᠷ  ᠬᠤᠳᠠ  ᠪᠡ  ᠴᠡᠴᠡᠷᠯᠢᠭ  ᠬᠤᠳᠠ ᠶᠢᠨ ᠬᠡᠷᠡᠮ ᠢ ᠪᠦᠷ ᠴᠤᠬᠤᠢ ᠬᠠᠪᠴᠢᠭᠤᠯᠤᠨ ᠴᠢᠯᠠᠭᠤ ᠪᠠᠷ ᠪᠠᠷᠢᠭᠰᠠᠨ ᠪᠢᠯᠡ᠃         ᠰᠠᠭᠤᠷᠢ ᠨᠢ ᠲᠦᠷᠪᠡᠨ ᠮᠧᠳ᠋ᠷ ᠦᠷᠬᠡᠨ᠂ ᠦᠨᠳᠦᠷ ᠨᠢ ᠳᠠᠪᠤ ᠠᠴᠠ ᠳᠤᠯᠤᠭᠠᠨ ᠮᠧᠲᠷ ᠪᠠᠶᠢᠨ᠎ᠠ᠃ ᠤᠳᠤ ᠪᠤᠯ  ᠨᠤᠷᠠᠭᠰᠠᠨ ᠬᠡᠷᠡᠮ ᠳᠡᠬᠡᠷ᠎ᠠ ᠨᠢ ᠡᠪᠡᠰᠦ ᠳᠡᠷᠡᠰᠦ ᠤᠷᠭᠤᠭᠠᠳ ᠤᠨ ᠴᠠᠭ ᠤᠨ ᠰᠠᠯᠬᠢᠨ ᠳᠤ ᠡᠯᠡᠭᠳᠡᠵᠦ ᠬᠦᠢᠴᠡᠭᠰᠡᠨ ᠢᠶᠠᠨ ᠬᠠᠷᠠᠭᠤᠯᠵᠦ  ᠪᠤᠢ  ᠴᠦ ᠡᠴᠡᠵᠦ ᠳᠤᠷᠳᠠᠭ᠎ᠠ ᠦᠬᠡᠢ ᠬᠡᠳᠡᠭ ᠢᠶᠠᠨ ᠪᠠᠰᠠ ᠦᠵᠡᠬᠦᠯᠵᠦ ᠪᠤᠢ ᠴᠦ ᠮᠡᠳᠦ᠃  ᠡᠩ  ᠦᠬᠡᠢ  ᠳᠡᠭᠰᠢ  ᠳᠠᠯ᠎ᠠ ᠳᠤ  ᠡᠨᠡ  ᠠᠳᠠᠯᠢ ᠰᠦᠷᠯᠢᠭ ᠪᠤᠰᠤᠭᠰᠠᠨ ᠬᠤᠳᠠ ᠶᠢ ᠠᠩᠬ᠎ᠠ ᠢᠷᠡᠵᠦ ᠪᠤᠢ ᠬᠦᠮᠦᠨ ᠪᠤᠯᠭᠠᠨ ᠠᠮᠠ ᠪᠠᠨ ᠠᠩᠭᠠᠢᠢᠳᠡᠯ᠎ᠠ ᠭᠠᠶᠢᠬᠠᠬᠤ ᠦᠬᠡᠢ  ᠬᠡᠪᠡᠯ  ᠬᠡᠨ ᠢᠳᠡᠬᠡᠨ᠎ᠠ ᠪᠤᠢ︖ ᠬᠡᠨ ᠪᠢᠰᠢᠷᠡᠬᠦ ᠰᠡᠳᠬᠢᠯ ᠳᠦᠷᠦᠬᠦ ᠦᠬᠡᠢ ᠰᠠᠨ ᠪᠢᠯᠡ ᠬᠡᠵᠦ ᠪᠢ ᠰᠡᠳᠬᠢᠨ᠎ᠠ᠃         ᠳᠤᠭᠤᠢ ᠪᠠᠨ ᠤᠨᠤᠭᠰᠠᠭᠠᠷ ᠪᠢᠳᠡ ᠬᠤᠶᠠᠭᠤᠯᠡ ᠳᠤᠳᠤᠷ᠎ᠠ ᠬᠤᠳᠠ ᠶᠢᠨ ᠪᠠᠷᠠᠭᠤᠨ ᠡᠮᠦᠨ᠎ᠠ  ᠦᠨᠴᠦᠭ ᠲᠤ  ᠭᠠᠷᠤᠯ᠎ᠠ᠃ ᠳᠤᠳᠤᠷ᠎ᠠ ᠬᠤᠳᠠ ᠨᠢ ᠳᠡᠭᠰᠢ ᠳᠦᠷᠪᠡᠯᠵᠢᠨ ᠬᠦᠷᠢᠶ᠎ᠠ ᠲᠠᠢ᠂ ᠡᠷᠬᠢᠨ  ᠳᠤᠭᠤᠷᠢᠨ  6  ᠭᠠᠵᠠᠷ᠃  ᠬᠡᠷᠡᠮ ᠢ ᠨᠢ  ᠰᠢᠷ᠎ᠠ  ᠰᠢᠷᠦᠢ ᠪᠠᠷ ᠬᠠᠨᠭ᠍ᠳᠠᠵᠦ ᠪᠤᠰᠬᠠᠭᠠᠳ ᠭᠠᠳᠠᠭᠤᠷ ᠨᠢ ᠴᠢᠯᠠᠭᠤ ᠳᠤᠭᠤᠰᠬ᠎ᠠ ᠪᠠᠷ ᠵᠢᠬᠢᠷᠢᠭᠯᠡᠵᠦ ᠪᠠᠷᠢᠵᠡᠢ᠃         1256 ᠤᠨ ᠪᠤᠶᠤ ᠤᠯᠠᠭᠠᠨ  ᠯᠤᠤ  ᠵᠢᠯ ᠤᠨ  ᠭᠤᠷᠪᠠᠳᠤᠭᠠᠷ  ᠰᠠᠷ᠎ᠠ᠃  ᠬᠤᠪᠢᠯᠠᠢ  ᠬᠠᠭᠠᠨ  ᠠᠬ᠎ᠠ ᠶᠢᠨ  ᠵᠠᠷᠯᠢᠭ ᠢ ᠵᠢᠷᠤᠮᠯᠠᠵᠦ᠂ ᠯᠢᠦ ᠪᠢᠩ ᠵᠦᠩ ᠢᠶᠠᠷ ᠭᠠᠵᠠᠷ ᠰᠤᠩᠭᠤᠭᠤᠯᠤᠨ᠂ ᠠᠯᠳᠠ ᠤᠯᠤᠰ ᠤᠨ ᠦᠶ᠎ᠠ ᠶᠢᠨ ᠬᠤᠸᠠᠨᠵᠸᠦ ᠬᠤᠳᠠ ᠠᠴᠠ  ᠵᠡᠬᠦᠨᠰᠢ ᠳᠠᠪᠢ ᠤᠷᠴᠢᠮ ᠭᠠᠵᠠᠷ ᠤᠨ ᠵᠠᠢ ᠳᠤ ᠨᠤᠳᠤᠭ ᠰᠤᠩᠭᠤᠵᠦ᠂ ᠮᠤᠩᠭᠤᠯ ᠳᠡᠦᠬᠡ ᠰᠤᠷᠪᠤᠯᠵᠢ ᠪᠢᠴᠢᠭ ᠲᠤ ᠳᠡᠮᠳᠡᠭᠯᠡᠭᠳᠡᠭᠰᠡᠨ  ᠠᠯᠳᠡᠷᠳᠦ ᠰᠢᠷ᠎ᠠ ᠳᠠᠯ᠎ᠠ ᠶᠢᠨ ᠵᠡᠬᠦᠨ ᠬᠠᠪᠢ᠂ ᠠᠭᠤᠯᠡ ᠤᠰᠦ ᠳᠡᠭᠰᠢ᠂ ᠤᠰᠤ ᠪᠡᠯᠴᠢᠬᠡᠷ ᠰᠠᠬᠤᠯᠢᠭ᠂ ᠤᠢ ᠮᠤᠳᠦ ᠪᠢᠳᠡᠬᠦᠦ᠂ ᠠᠭᠤᠷ ᠠᠮᠢᠰᠬᠤᠯ ᠡᠶᠡᠪᠡᠷᠬᠦᠦ᠂ ᠤᠷᠤᠭᠰᠢ ᠳᠠᠶᠢᠯᠬᠤ ᠳᠤ ᠠᠷᠦ ᠳᠦᠰᠢᠭ᠂ ᠤᠬᠤᠷᠢᠵᠦ ᠰᠠᠭᠤᠬᠤ ᠳᠤ ᠪᠠᠳᠦ ᠴᠠᠶᠢᠵᠠ ᠪᠤᠯᠤᠭᠰᠠᠨ ᠪᠠᠭ᠎ᠠ ᠬᠤᠷᠠᠬᠤ ᠶᠢᠨ ᠠᠭᠤᠯᠡ ᠶᠢᠨ ᠡᠮᠦᠨ᠎ᠠ ᠪᠡᠯ᠂ ᠤᠤᠯ ᠤᠨ ᠯᠤᠸᠠᠨᠾᠧ ᠭᠤᠤᠯ ᠤᠨ ᠠᠷᠦ ᠳᠡᠨᠵᠢᠨ ᠳᠡᠬᠡᠷ᠎ᠠ᠂ ᠬᠡᠶᠢᠪᠤᠩ  ᠭᠤᠤᠯ ᠤᠨ  ᠤᠢᠢᠷ᠎ᠠ  ᠬᠤᠳᠠ ᠪᠠᠶᠢᠭᠤᠯᠵᠦ ᠪᠠᠭᠤᠴᠠ ᠳᠠᠯᠪᠢᠭᠰᠠᠨ ᠨᠢ ᠤᠳᠤ ᠶᠢᠨ ᠮᠢᠨᠦ ᠬᠢᠰᠬᠢᠵᠦ ᠪᠤᠢ ᠡᠨᠡ ᠬᠦᠷᠦᠰᠦ ᠰᠢᠷᠦᠢ᠃ ᠤᠨ  ᠴᠠᠭ  ᠵᠤᠭᠰᠤᠯ  ᠦᠬᠡᠢ ᠤᠳᠤᠭᠰᠠᠭᠠᠷ᠂ ᠠᠮᠢ ᠲᠠᠢ ᠠᠮᠢ ᠦᠬᠡᠢ ᠪᠦᠬᠦᠳᠡ ᠶᠢᠨ ᠪᠠᠶᠢᠷᠢ ᠰᠠᠭᠤᠷᠢ ᠴᠦ ᠬᠤᠪᠢᠷᠠᠭᠰᠠᠭᠠᠷ᠃  1964  ᠤᠨ ᠳᠤ᠂  ᠶᠤᠸᠠᠨ ᠤ ᠳᠡᠬᠡᠳᠦ ᠨᠡᠶᠢᠰᠯᠡᠯ ᠤᠨ ᠪᠠᠭᠤᠷᠢ ᠨᠢ ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠨᠢᠬᠡᠳᠦᠬᠡᠷ ᠪᠦᠯᠦᠭ ᠪᠦᠬᠦ  ᠤᠯᠤᠰ ᠤᠨ ᠭᠤᠤᠯᠳᠠᠯᠭ᠎ᠠ ᠲᠠᠢ ᠳᠡᠦᠬᠡ ᠶᠢᠨ ᠳᠤᠷᠠᠰᠬᠠᠯᠳᠦ  ᠵᠦᠢᠯᠡᠰ ᠤᠨ  ᠬᠠᠮᠠᠭᠠᠯᠠᠯᠳᠠ ᠶᠢᠨ  ᠤᠷᠤᠨ ᠢᠶᠠᠷ  ᠳᠤᠭᠳᠠᠭᠠᠭᠳᠠᠵᠡᠢ᠃  ᠳᠡᠬᠦᠨ ᠢᠶᠠᠷ ᠪᠠᠷᠠᠬᠤ ᠦᠬᠡᠢ 2012 ᠤᠨ ᠤ 6 ᠰᠠᠷ᠎ᠠ ᠶᠢᠨ 29᠎ ᠤ ᠡᠳᠦᠷ᠂ ᠤᠷᠤᠰ ᠤᠨ ᠰᠠᠨᠲ ᠫᠧᠲᠧᠷᠪᠦᠷᠢᠭ  ᠬᠤᠳᠠᠨ᠎ᠠ  ᠬᠤᠷᠠᠯᠳᠤᠭᠰᠠᠨ 36 ᠳ᠋ᠤᠭᠠᠷ ᠬᠤᠭᠤᠴᠠᠭᠠᠨ ᠤ ᠤᠯᠠᠨ ᠤᠯᠤᠰ ᠤᠨ ᠬᠤᠯᠪᠤᠭᠠᠳᠦ ᠪᠠᠶᠢᠭᠤᠯᠤᠯᠭ᠎ᠠ ᠶᠢᠨ ᠰᠤᠷᠭᠠᠨ  ᠬᠦᠮᠦᠵᠢᠯ  ᠰᠢᠨᠵᠢᠯᠡᠬᠦ  ᠤᠬᠠᠭᠠᠨ ᠰᠤᠶᠤᠯ ᠤᠨ ᠵᠤᠬᠢᠶᠡᠨ ᠪᠠᠶᠢᠭᠤᠯᠤᠯᠳᠠ ᠶᠢᠨ ᠳᠡᠯᠡᠬᠡᠢ ᠶᠢᠨ ᠰᠤᠶᠤᠯ ᠤᠨ ᠦᠪ ᠤᠨ ᠵᠦᠪᠯᠡᠯ ᠤᠨ ᠬᠤᠷᠡᠯ ᠳᠡᠬᠡᠷ᠎ᠠ  ᠶᠤᠸᠠᠨ ᠤ  ᠳᠡᠬᠡᠳᠦ ᠨᠡᠶᠢᠰᠯᠠᠯ ᠤᠨ ᠪᠠᠭᠤᠷᠢ ᠨᠢ ᠳᠡᠯᠡᠬᠡᠢ ᠶᠢᠨ ᠰᠤᠶᠤᠯ ᠤᠨ ᠦᠪ ᠢᠶᠠᠷ ᠪᠦᠷᠢᠳᠬᠡᠬᠦᠯᠦᠭᠰᠡᠨ ᠶᠤᠮ᠃         ᠳᠡᠶᠢᠮᠦ ᠡ᠃ ᠡᠨᠡ ᠬᠤᠳᠠᠨ ᠳᠤᠳᠤᠷ᠎ᠠ  ᠡᠪᠦᠭᠡ  ᠳᠡᠬᠡᠳᠦᠰ  ᠮᠢᠨᠢ  ᠶᠢᠷᠳᠢᠨᠴᠦ ᠶᠢ  ᠵᠠᠰᠠᠭᠯᠠᠵᠦ  ᠪᠠᠶᠢᠭᠰᠠᠨ  ᠳ᠋ᠠ  ᠬᠡᠮᠡᠨ ᠳᠡᠦᠬᠡ ᠶᠢᠨ ᠬᠦᠷᠳᠦᠨ ᠳᠡᠬᠡᠷ᠎ᠠ  ᠳᠡᠷᠢᠬᠦᠨ  ᠡᠷᠬᠦᠵᠦ  ᠵᠤᠭᠰᠤᠬᠤ ᠳᠤ  ᠳᠡᠷᠳᠡᠭᠡ  ᠬᠤᠯᠡ ᠶᠢᠨ  ᠠᠨᠢᠷ  ᠬᠢᠬᠡᠳ  ᠦᠨᠦ  ᠴᠠᠭ ᠤᠨ ᠬᠤᠪᠢᠰᠦᠯᠳᠡ ᠬᠤᠶᠡᠷ ᠦᠪᠡᠷ ᠤᠨ ᠡᠷᠬᠡ ᠦᠬᠡᠢ ᠡᠮᠵᠡᠭ ᠰᠡᠳᠬᠢᠯ ᠢ ᠳᠤᠷᠬᠢᠶᠡᠨ᠎ᠠ᠃         ᠢᠷᠠᠭᠤ ᠨᠠᠶᠢᠷᠠᠭᠴᠢ ᠠᠬ᠎ᠠ ᠮᠠᠨᠢ  ︽ᠬᠦᠬᠡ  ᠱᠠᠩᠳᠦ ᠶᠢᠨ  ᠪᠠᠭᠤᠴᠠᠨ  ᠳᠡᠬᠡᠷ᠎ᠠ︾  ᠰᠢᠯᠦᠭ ᠢᠶᠠᠨ  ᠤᠡᠭᠰᠢᠭᠰᠡᠭᠠᠷ  ᠭᠠᠳᠠᠷ ᠬᠤᠳᠠ ᠶᠢᠨ ᠪᠠᠷᠠᠭᠤᠨ ᠬᠤᠶᠢᠳᠦ ᠦᠨᠴᠦᠭ ᠳᠡᠬᠡᠷ᠎ᠠ ᠬᠦᠷᠦᠯ᠎ᠠ᠃  ︽ᠱᠠᠩᠳᠦ  ᠪᠤᠯ  ᠮᠤᠩᠭᠤᠯᠴᠤᠳ ᠤᠨ  ᠤᠯᠠᠮᠵᠢᠯᠠᠯᠳᠦ  ᠦᠵᠡᠯ ᠰᠠᠨᠠᠭ᠎ᠠ᠂ ᠰᠤᠶᠤᠯ ᠤᠷᠠᠯᠢᠭ᠂ ᠡᠷᠢᠯ ᠬᠦᠰᠡᠯ᠂ ᠬᠡᠪ ᠨᠠᠮᠪᠠ᠂ ᠵᠠᠩ ᠳᠠᠳᠬᠠᠯ ᠢ ᠳᠤᠰᠬᠠᠠᠭᠰᠠᠨ ᠳᠠᠯ᠎ᠠ ᠶᠢᠨ ᠮᠤᠩᠭᠤᠯ ᠬᠤᠳᠠ᠃ ᠶᠤᠸᠠᠨ ᠤᠯᠤᠰ ᠤᠨ ᠦᠶᠡᠰ ᠳᠡᠬᠡᠳᠦ ᠨᠡᠶᠢᠰᠯᠡᠯ ᠱᠠᠩᠳᠦ ᠪᠠᠯᠭᠠᠳ ᠢ ᠨᠤᠳᠤᠭ ᠤᠨ ᠮᠤᠩᠭᠤᠯᠴᠤᠳ ᠨᠢ ︿ᠵᠤᠤ ᠨᠠᠢᠮᠠᠨ ᠰᠦᠮ᠎ᠠ﹀  ᠪᠤᠶᠤ  ︿ᠬᠦᠷᠢᠶᠡᠳᠦ ᠪᠠᠯᠭᠠᠰᠦᠨ﹀ ᠬᠡᠳᠡᠭ ᠪᠠᠶᠢᠵᠠᠢ︾ ᠬᠡᠮᠡᠨ ᠪᠢ ᠳᠡᠦᠬᠡ ᠶᠢᠨ ᠬᠠᠭᠤᠳᠠᠰᠦ ᠤᠷᠪᠠᠭᠤᠯᠤᠨ᠎ᠠ᠃         ᠪᠠᠷᠠᠭᠤᠨ ᠬᠤᠶᠢᠳᠦ ᠦᠨᠴᠦᠭ ᠤᠨ ᠡᠨᠡ ᠳᠤᠪᠤᠴᠠᠭ ᠲᠤ  ᠳᠠᠷᠡᠰᠦᠨ ᠤ  ᠨᠠᠮᠠᠭ᠎ᠠ  ᠰᠠᠯᠬᠢᠨ ᠤ  ᠠᠶᠠᠰ ᠢᠶᠠᠷ  ᠳᠡᠷᠪᠡᠯᠵᠡᠬᠦ ᠨᠢ ᠴᠠᠭᠠᠨ᠎ᠠ ᠪᠠᠨ ᠨᠢᠬᠡ ᠯᠡ ᠵᠦᠬᠡᠯᠡᠬᠡᠨ᠂ ᠬᠠᠶᠠ ᠪᠠᠰᠠ ᠭᠤᠨᠢᠶᠠᠯᠳᠠᠢ᠃ ᠠᠬ᠎ᠠ ᠮᠠᠨᠢ ᠭᠠᠷ ᠤᠨ ᠠᠶ᠎ᠠ ᠪᠠᠷ ᠢᠶᠠᠨ ᠨᠢᠬᠡ  ᠬᠡᠰᠡᠭ  ᠬᠠᠪᠳᠠᠭᠠᠢ ᠴᠢᠯᠠᠭᠤ ᠶᠢ ᠤᠷᠪᠠᠭᠤᠯᠬᠤ ᠳᠤ ᠳᠡᠷᠡ ᠨᠢ ᠬᠡ ᠲᠠᠢ ᠸᠠᠭᠠᠷ ᠪᠠᠶᠢᠭᠰᠠᠨ ᠨᠢ ᠠᠳᠡ ᠢᠷᠡᠭᠰᠡᠨ  ᠪᠢᠳᠡ  ᠬᠤᠶᠡᠷ ᠤᠨ  ᠠᠵᠠ  ᠪᠠᠶᠢᠵᠠᠢ᠂ ᠢᠳᠡᠬᠡᠯ ᠰᠡᠳᠬᠢᠯ ᠳᠦᠷᠦᠬᠦᠯᠪᠡ᠃ ᠤᠴᠢᠷ ᠶᠤ ᠶᠢ ᠨᠢ ᠰᠠᠨᠠᠬᠤ ᠠᠴᠠ᠂ ᠤᠳᠤᠬᠠᠨ ᠳᠤ ᠤᠯᠵᠦ ᠮᠡᠳᠡᠭᠰᠨᠨ᠂ ᠰᠢᠨᠡᠬᠡᠨ ᠢᠯᠡᠷᠡᠬᠦᠯᠦᠭᠰᠡᠨ ᠰᠢᠯᠤᠭᠤᠨ ᠬᠦᠬᠡ ᠬᠤᠰᠢᠭᠤᠨ ᠤ ᠨᠤᠳᠤᠭ ᠳᠡᠬᠡᠷ᠎ᠠ ᠳᠠᠷᠬᠠᠵᠦ ᠪᠠᠶᠢᠭ᠎ᠠ ᠡᠷᠳᠡᠨ ᠤ ᠸᠠᠭᠠᠷ ᠳᠤᠭᠤᠰᠬ᠎ᠠ ᠰᠢᠳᠠᠭᠠᠬᠤ ᠵᠤᠤᠬ᠎ᠠ᠂ ᠴᠤᠬᠤᠢ ᠳᠤᠩᠭᠠᠬᠤ ᠵᠤᠭᠤᠷᠢ᠂ ᠴᠢᠯᠠᠭᠤ  ᠭᠠᠷᠭᠠᠵᠦ  ᠵᠠᠰᠠᠭᠰᠠᠨ  ᠦᠯᠡᠳᠡᠪᠤᠷᠢ ᠶᠢᠨ  ᠡᠩᠨᠡᠬᠡᠨ ᠳᠤ  ᠶᠤᠸᠠᠨ  ᠤᠯᠤᠰ ᠤᠨ  ᠦᠶ᠎ᠠ ᠶᠢᠨ ᠬᠢ ᠬᠡᠳᠡᠭ ᠨᠢ ᠪᠠᠳᠤᠯᠠᠭᠳᠠᠵᠠᠢ᠃ ᠡᠨᠡ ᠨᠢ ᠲᠡᠷᠡ ᠦᠶ᠎ᠠ ᠶᠢᠨ  ᠤᠷᠡᠨ  ᠳᠠᠷᠬᠠᠴᠤᠳ ᠤᠨ  ᠤᠷ᠎ᠠ  ᠤᠬᠠᠭᠠᠨ ᠢ  ᠨᠢᠬᠡ  ᠬᠡᠮᠵᠢᠶᠡᠨ ᠳᠤ ᠢᠯᠡᠷᠡᠬᠦᠯᠦᠭᠰᠡᠨ ᠪᠤᠯ ᠬᠠᠮᠤᠭ ᠤᠨ ᠭᠤᠤᠯ ᠨᠢ ᠳᠤᠬᠠᠢ ᠶᠢᠨ ᠴᠠᠭ ᠳᠦᠷᠦ ᠶᠢᠨ᠂ ᠤᠯᠤᠰ ᠵᠠᠰᠠᠭ ᠤᠨ  ᠪᠠᠳᠠᠷᠠᠯ  ᠬᠦᠭᠵᠢᠯ᠂  ᠮᠡᠷᠬᠡᠵᠢᠯ ᠰᠢᠨᠠᠴᠢᠯᠡᠯ ᠢ ᠦᠵᠡᠨ ᠮᠡᠳᠡᠷᠡᠵᠦ ᠪᠤᠯᠬᠤ ᠶᠤᠮ᠃         ᠳᠡᠬᠡᠬᠡᠳ ᠳᠡᠷᠡ ᠸᠠᠭᠠᠷ ᠢᠶᠠᠨ ᠤᠭ ᠤᠨ ᠶᠤᠰᠤᠭᠠᠷ ᠨᠢ ᠳᠠᠯᠪᠢᠵᠦ ᠤᠷᠬᠢᠭᠠᠳ ᠳᠤᠳᠤᠷ᠎ᠠ ᠬᠤᠳᠠ ᠶᠢᠨ  ᠬᠤᠶᠢᠨ᠎ᠠ  ᠪᠠᠶᠢᠬᠤ ᠦᠢᠯᠡᠴᠢᠯᠡᠬᠡᠨ ᠤ ᠭᠠᠵᠠᠷ ᠲᠤ ᠤᠷᠤᠵᠦ ᠤᠰᠦ ᠤᠤᠭᠤᠵᠦ᠂ ᠪᠠᠭ᠎ᠠ ᠰᠠᠭᠤᠪᠡ᠃ ᠶᠡᠭᠡ ᠠᠮᠳᠠᠳᠠᠢ ᠪᠠᠶᠢᠯ᠎ᠠ ᠳᠡᠷᠡ ᠤᠰᠤ᠃ ᠤᠴᠢᠷ ᠨᠢ ᠳᠡᠷᠡ ᠪᠤᠯ ᠶᠡᠭᠡ ᠬᠠᠭᠠᠳ ᠤᠨ ᠮᠠᠨᠢ ᠠᠮᠰᠠᠵᠦ ᠪᠠᠶᠢᠭᠰᠠᠨ ᠤᠮᠳᠠ ᠰᠢᠮ᠎ᠠ ᠬᠡᠵᠦ  ᠪᠤᠳᠤᠬᠤ ᠠᠴᠠ  ᠶᠠᠮᠠᠷ  ᠶᠡᠭᠡ  ᠠᠵᠠ  ᠵᠢᠷᠭᠠᠯ ᠲᠠᠢ ᠰᠠᠨᠠᠭᠳᠠᠨ᠎ᠠ ᠬᠡᠵᠦ᠃ ᠴᠡᠬᠡᠵᠢ ᠠᠭᠤᠵᠢᠷᠠᠯ᠎ᠠ᠂ ᠬᠦᠨᠵᠡᠬᠡᠢ ᠠᠮᠢᠰᠬᠤᠯ᠎ᠠ᠃         ᠬᠠᠷᠢᠨ ᠡᠨᠡᠬᠦ ᠦᠢᠯᠡᠴᠢᠯᠡᠬᠡᠨ ᠤ ᠭᠠᠵᠠᠷ ᠢ ᠦᠵᠡᠬᠡᠳ ᠪᠤᠭᠴᠤᠨ ᠳᠠᠭᠠᠨ ᠠᠪᠴᠦ ᠶᠠᠪᠤᠵᠦ ᠪᠠᠶᠢᠭᠰᠠᠨ ᠱᠠᠩᠳᠦ  ᠬᠤᠳᠠ ᠶᠢᠨ ᠪᠠᠭᠤᠷᠢ ᠶᠢᠨ ᠤᠳᠤ ᠶᠢᠨ ᠪᠦᠳᠦᠬᠡᠨ ᠪᠠᠶᠢᠭᠤᠯᠤᠯᠳᠠ ᠶᠢᠨ ᠳᠤᠬᠠᠢ ᠮᠠᠲᠧᠷᠢᠶᠡᠯ ᠢ  ᠰᠠᠨᠠᠭᠠᠨ ᠳᠤ  ᠤᠷᠦᠵᠦ  ᠴᠤᠬᠤᠰ  ᠡᠷᠬᠢᠬᠦᠯᠪᠡ᠃ ᠰᠢᠯᠦᠭᠤᠨ ᠬᠦᠬᠡ ᠬᠤᠰᠢᠭᠤᠨ ᠤ ᠵᠤᠭᠠᠴᠠᠯ ᠤᠨ ᠠᠵᠦ ᠦᠢᠯᠡᠰ ᠤᠨ ᠬᠦᠭᠵᠢᠯᠳᠡ ᠶᠢᠨ ᠶᠡᠷᠦᠩᠬᠡᠢ  ᠰᠡᠳᠬᠢᠮᠵᠢ  ᠪᠤᠯ᠄  ︽ᠶᠤᠸᠠᠨ ᠤ ᠳᠡᠬᠡᠳᠦ ᠨᠠᠶᠢᠰᠯᠠᠯ︾᠎ ᠢᠶᠠᠷ ᠨᠡᠷᠡᠳᠦ ᠳᠡᠮᠳᠡᠭᠳᠦ ᠪᠤᠶᠤ ᠭᠤᠤᠯ ᠴᠦᠮ᠎ᠠ ᠪᠠᠨ  ᠪᠤᠯᠭᠠᠵᠦ᠂  ︽ᠨᠢᠬᠡ  ᠳᠦᠪ᠂  ᠬᠤᠶᠡᠷ  ᠴᠡᠭ᠂  ᠳᠠᠪᠤᠨ ᠦᠵᠡᠮᠵᠢ ᠶᠢᠨ ᠤᠷᠤᠨ︾᠎ ᠢᠶᠠᠷ ᠵᠤᠭᠠᠴᠠᠯ ᠤᠨ ᠰᠢᠰᠲᠧᠮ ᠢ  ᠪᠦᠷᠢᠯᠳᠦᠬᠦᠯᠤᠨ᠎ᠠ᠃  ᠪᠠᠰᠠ  ᠱᠠᠩᠳᠦ ᠶᠢᠨ  ᠭᠤᠤᠯ ᠤᠨ  ᠪᠠᠶᠢᠭᠠᠯᠢᠯᠢᠭ ᠮᠠᠯᠵᠢᠯ ᠤᠨ ᠳᠠᠯᠠᠪᠠᠢ ᠶᠢᠨ ᠵᠤᠭᠠᠴᠠᠯ᠂ ᠮᠤᠩᠭᠤᠯ ᠶᠤᠸᠠᠨ ᠤ ᠰᠤᠶᠤᠯ ᠵᠤᠭᠠᠴᠠᠯ ᠤᠨ ᠦᠵᠡᠮᠵᠢ ᠶᠢᠨ ᠤᠷᠤᠨ  ᠵᠡᠷᠬᠡ ᠶᠢ  ᠠᠬᠢᠭᠤᠯᠤᠨ ᠬᠦᠭᠵᠢᠬᠦᠯᠬᠦ᠂ ᠤᠳᠤᠨ ᠳᠡᠰ ᠤᠨ ᠮᠠᠯᠴᠢᠨ ᠠᠶᠢᠯ ᠵᠤᠭᠠᠴᠠᠯ ᠤᠨ ᠴᠡᠭ ᠢ ᠴᠤᠭᠴᠠᠯᠠᠨ ᠰᠠᠶᠢᠵᠢᠷᠠᠭᠤᠯᠤᠨ᠎ᠠ᠁ ᠬᠡᠵᠡᠢ᠃ ᠬᠠᠷᠢᠨ ᠢᠷᠡᠬᠦ ᠵᠠᠮ ᠵᠠᠭᠤᠷ᠎ᠠ ᠮᠠᠯᠴᠢᠨ ᠠᠶᠢᠯ ᠵᠤᠭᠠᠴᠠᠯ ᠤᠨ ᠴᠡᠭ ᠢᠶᠠᠷ ᠦᠡᠭᠬᠡᠷᠡᠬᠦ ᠳᠤ ᠳᠤᠰ ᠬᠤᠰᠢᠭᠤᠨ ᠤ ᠤᠬᠠᠭᠤᠯᠬᠤ  ᠬᠡᠯᠳᠡᠰ ᠲᠤ  ᠠᠯᠪᠠ ᠲᠠᠢ ᠤᠳᠤᠨᠴᠡᠴᠡᠭ᠄ ︽ᠮᠠᠯᠴᠢᠨ ᠠᠶᠢᠯ ᠵᠤᠭᠠᠴᠠᠯ ᠤᠨ ᠴᠡᠭ ᠨᠢ ᠤᠳᠤ ᠪᠤᠯᠬᠤ ᠳᠤ 124 ᠪᠤᠯᠤᠨ ᠬᠦᠭᠵᠢᠵᠡᠢ︾ ᠬᠡᠵᠦ  ᠬᠡᠯᠡᠭᠰᠡᠨ ᠢ ᠨᠢ ᠡᠷᠬᠢᠴᠡᠬᠦᠯᠪᠡ᠃         ᠪᠢᠳᠡ ᠵᠠᠯᠭᠠᠭᠠᠳ ᠶᠡᠭᠡ ᠠᠮᠤᠭᠤᠯᠠᠩ ᠬᠠᠷᠰᠢ ᠵᠦᠭ ᠳᠤᠪᠳᠤᠯᠪᠠ᠃ ᠶᠡᠭᠡ ᠠᠮᠤᠭᠤᠯᠠᠩ ᠬᠠᠷᠰᠢ ᠪᠤᠯ ᠬᠠᠭᠠᠨ  ᠤᠷᠳᠦᠨ ᠤ ᠭᠤᠤᠯ ᠪᠠᠷᠢᠯᠭ᠎ᠠ ᠶᠢᠨ ᠨᠢᠬᠡ᠂ ᠮᠦᠨ ᠴᠦ ᠱᠠᠩᠳᠦ ᠨᠡᠶᠢᠰᠯᠡᠯ ᠤᠨ ᠭᠤᠤᠯ  ᠪᠡᠯᠬᠡ  ᠳᠡᠮᠳᠡᠭ᠃  ᠡᠷᠳᠡᠨ ᠤ  ᠪᠢᠴᠢᠭ ᠲᠤ  ︽ᠳᠡᠭᠷᠢ ᠶᠢ ᠪᠠᠭᠠᠨᠠᠳᠠᠭᠰᠠᠨ ᠤᠷᠳᠤᠳ᠂ ᠳᠡᠬᠡᠳᠦ ᠨᠡᠶᠢᠰᠯᠡᠯ ᠢ  ᠴᠢᠮᠡᠭᠯᠡᠷᠦᠨ᠂  ᠳᠦᠷᠦ  ᠬᠦᠷᠦᠨ ᠤ  ᠠᠮᠤᠭᠤᠯᠠᠩ  ᠬᠠᠷᠰᠢ᠂  ᠳᠡᠬᠦᠨ ᠤ  ᠳᠤᠮᠳᠠ ᠰᠦᠷᠯᠢᠭ︾ ᠬᠡᠮᠡᠵᠡᠢ᠃ ᠤᠯᠤᠰ ᠤᠨ ᠬᠠᠭᠠᠳ ᠤᠨ ᠤᠷᠤ ᠵᠠᠯᠭᠠᠮᠵᠢᠯᠠᠨ  ᠰᠠᠭᠤᠷᠢᠨ ᠳᠤ  ᠰᠠᠭᠤᠬᠤ  ᠳᠦᠷᠦ ᠶᠢᠨ  ᠶᠡᠭᠡ  ᠶᠤᠰᠤᠯᠡᠯ᠂ ᠡᠵᠡᠨ ᠳᠦᠰᠢᠮᠡᠳ ᠤᠨ  ᠵᠤᠯᠭᠠᠯᠳᠠ᠂  ᠨᠡᠶᠢᠷ  ᠬᠤᠷᠢᠮ ᠢ  ᠪᠦᠷ  ᠶᠡᠭᠡ  ᠠᠮᠤᠭᠤᠯᠠᠩ  ᠬᠠᠷᠰᠢ ᠳᠤ  ᠦᠪᠡᠳᠡᠭᠰᠢ  ᠶᠡᠬᠡᠪᠡᠷ  ᠬᠢᠳᠡᠭ ᠪᠠᠶᠢᠭᠰᠠᠨ᠃ ᠤᠳᠤ ᠠᠳᠡ ᠪᠠᠭᠤᠷᠢ ᠪᠠᠨ ᠰᠠᠬᠢᠭᠰᠠᠨ ᠰᠠᠭᠤᠷᠢ ᠶᠢᠨ ᠬᠡᠳᠦᠬᠡᠨ ᠴᠢᠯᠠᠭᠤ ᠯᠠ ᠪᠠᠶᠢᠬᠤ ᠠᠴᠠ ᠪᠤᠰᠤᠳ ᠶᠡᠭᠡ ᠳᠡᠦᠬᠡ ᠶᠢ ᠦᠬᠦᠯᠡᠴᠢᠬᠡᠮᠡᠷ ᠵᠦᠢᠯ ᠦᠯᠡᠳᠡᠭᠰᠡᠨ ᠦᠬᠡᠢ ᠨᠢ ᠬᠠᠶᠢᠷᠡᠨ ᠴᠦ ᠶᠤᠮ᠂ ᠬᠠᠶᠢᠯᠠᠮᠠᠷ ᠴᠦ ᠶᠤᠮ᠃         ᠠᠳᠡ ᠢᠷᠡᠭᠰᠡᠨ ᠬᠦᠮᠦᠨ ᠪᠤᠯᠭᠠᠨ ᠨᠠᠳᠠ ᠰᠢᠭ᠋ ᠤᠮᠤᠭᠳᠤ  ᠳᠡᠦᠬᠡ ᠪᠠᠷ  ᠪᠠᠭ᠋ᠠᠷᠬᠠᠵᠦ  ᠨᠢᠬᠡ᠂  ᠠᠯᠳᠠᠭᠰᠠᠨ  ᠳᠡᠦᠬᠡ ᠪᠠᠷ ᠭᠤᠨᠢᠵᠦ ᠨᠢᠬᠡ ᠦᠵᠡᠬᠦ ᠨᠢ ᠶᠤᠰᠦᠳᠠᠢ ᠬᠡᠮᠡᠨ ᠪᠤᠳᠤᠯ᠎ᠠ᠃ ᠳᠡᠦᠬᠡ ᠪᠠᠷ ᠳᠤᠯᠢ ᠪᠤᠯᠭᠠᠬᠤ ᠨᠢ ᠦᠨᠡᠨ᠃ ᠬᠡᠬᠦ ᠳᠡᠭᠡᠨ ᠡᠳᠦᠢ ᠵᠡᠷᠬᠡ ᠲᠠᠢ ᠦᠯᠡᠳᠡᠵᠦ ᠬᠤᠴᠤᠷᠤᠭᠰᠠᠨ ᠶᠡᠭᠡ ᠪᠠᠭᠤᠷᠢ ᠪᠠᠨ ᠬᠠᠮᠠᠭᠠᠯᠠᠨ  ᠦᠯᠡᠳᠡᠬᠡᠬᠦ᠂  ᠬᠠᠶᠢᠷᠠᠯᠠᠨ  ᠰᠠᠬᠢᠬᠤ ᠨᠢ  ᠰᠠᠶ᠋ᠢ  ᠪᠢᠳᠡ  ᠪᠦᠬᠦᠳᠡ ᠶᠢᠨ ᠪᠤᠳᠤᠯᠭᠠᠰᠢᠷᠠᠬᠤ ᠵᠦᠢᠯ ᠪᠠᠶᠢᠯ᠎ᠠ᠃ 2016 ᠤᠨ ᠳᠤ ᠰᠢᠯᠤᠭᠤᠨ ᠬᠦᠬᠡ ᠬᠤᠰᠢᠭᠤ ᠨᠢ ᠶᠤᠸᠠᠨ ᠤ ᠳᠡᠬᠡᠳᠦ ᠨᠡᠶᠢᠰᠯᠡᠯ ᠤᠨ ᠪᠠᠭᠤᠷᠢ ᠵᠢᠴᠢ ᠮᠦᠽᠸᠢ᠂ ᠦᠢᠯᠡᠴᠢᠯᠡᠬᠡᠨ ᠤ ᠭᠠᠵᠠᠷ ᠢ ᠨᠡᠬᠡᠬᠡᠨ ᠠᠰᠢᠡᠡᠯᠠᠬᠤ ᠳᠦᠷᠦᠯ  ᠵᠦᠢᠯ ᠤᠨ  ᠪᠦᠳᠦᠬᠡᠨ  ᠪᠠᠶᠢᠭᠤᠯᠤᠯᠳᠠ ᠪᠠᠨ  ᠰᠠᠶᠢᠳᠦᠷ ᠬᠢᠵᠦ᠂  ᠳᠡᠬᠦᠨ ᠤ  ᠳᠤᠭᠤᠷᠢᠨ ᠳᠠᠬᠢ  ᠰᠤᠶᠤᠯ  ᠵᠤᠭᠠᠴᠠᠯ ᠤᠨ  ᠠᠵᠦ  ᠦᠢᠯᠡᠰ ᠤᠨ  ᠬᠦᠷᠢᠶᠡᠯᠡᠩ ᠢ  ᠪᠠᠶᠢᠭᠤᠯᠬᠤ ᠪᠠᠷ  ᠨᠢᠬᠡᠨᠳᠡ ᠦᠪᠡᠷᠳᠡᠬᠡᠨ  ᠵᠠᠰᠠᠬᠤ  ᠤᠷᠤᠨ ᠤ  ᠤᠬᠠᠭᠤᠯᠬᠤ  ᠬᠡᠯᠳᠡᠰ ᠢᠶᠠᠷ  ᠰᠢᠬᠦᠨ  ᠰᠢᠯᠭᠠᠷᠠᠭᠤᠯᠵᠡᠢ᠃  ᠵᠠᠰᠠᠭ ᠤᠨ  ᠤᠷᠳᠦᠨ ᠤ   ᠪᠡᠯᠡ ᠤᠷᠤᠭᠤᠯᠤᠯᠳᠠ ᠲᠠᠢ ᠪᠠᠷ  ︵ᠶᠡᠷᠦᠩᠬᠡᠢ  ᠪᠡᠯᠡ  ᠤᠷᠤᠭᠤᠯᠤᠯᠳᠠ  5000  ᠳᠦᠮᠡ᠂  ᠡᠬᠦᠨ ᠳᠤ  ᠮᠠᠯᠴᠢᠳ ᠤᠨ   ᠦᠪᠡᠷᠳᠡᠬᠡᠨ ᠴᠤᠭᠯᠠᠭᠤᠯᠤᠭᠰᠠᠨ ᠪᠡᠯᠡ ᠮᠦᠡᠭᠬᠦ ᠨᠢ 2000 ᠳᠦᠮᠡ︶ ᠶᠤᠸᠠᠨ ᠤ ᠳᠡᠬᠡᠳᠦ ᠨᠡᠶᠢᠰᠯᠡᠯ ᠤᠨ  ᠪᠠᠭᠤᠷᠢ ᠶᠢᠨ  ᠰᠤᠶᠤᠯ  ᠵᠤᠭᠠᠴᠠᠯ ᠤᠨ ᠠᠵᠦ ᠦᠢᠯᠡᠰ ᠤᠨ  ᠬᠦᠷᠢᠶᠡᠯᠡᠩ  ᠪᠤᠶᠤ  ᠳᠡᠬᠦᠨ ᠤ  ᠤᠢᠢᠷ᠎ᠠ  ᠤᠷᠴᠢᠮ ᠢᠶᠠᠷ  ᠦᠨᠳᠦᠰᠦᠳᠡᠨ ᠤ  ᠵᠠᠩ  ᠦᠢᠯᠡ ᠶᠢᠨ  ᠪᠡᠶᠡᠳᠡᠨ ᠤᠢᠢᠯᠠᠭᠠᠬᠤ ᠳᠦᠷᠦᠯ ᠵᠦᠢᠯ ᠢ ᠪᠦᠳᠦᠬᠡᠨ ᠪᠠᠶᠢᠭᠤᠯᠵᠦ᠂ ᠬᠠᠮᠢᠶᠡᠳᠡᠢ ᠭᠠᠵᠠᠷ ᠤᠷᠤᠨ ᠤ  ᠵᠠᠮ᠂  ᠴᠠᠬᠢᠯᠭᠠᠨ᠂  ᠳᠡᠷᠬᠡᠨ  ᠵᠤᠭᠰᠤᠭᠠᠯ᠂ ᠶᠠᠪᠤᠭᠤᠯ ᠤᠨ ᠵᠡᠮ ᠱᠤᠭᠤᠮ ᠵᠡᠷᠬᠡ ᠶᠢ ᠨᠢᠬᠡᠳᠦᠯᠳᠡᠢ  ᠳᠡᠬᠦᠯᠳᠡᠷᠵᠢᠬᠦᠯᠤᠨ᠂  ᠮᠠᠯᠴᠢᠳ ᠤᠨ  ᠳᠤᠰᠬᠠᠢᠢᠯᠠᠨ  ᠰᠠᠭᠤᠷᠢᠰᠢᠵᠦ  ᠡᠵᠡᠩᠨᠡᠬᠦ ᠨᠦᠬᠦᠴᠡᠯ ᠢ ᠪᠦᠷᠢᠯᠳᠦᠬᠦᠯᠵᠦ᠂ ᠪᠦᠬᠦ  ᠬᠤᠰᠢᠭᠤᠨ ᠤ  ᠵᠤᠭᠠᠴᠠᠯ ᠤᠨ  ᠴᠡᠭ ᠤᠨ  ᠬᠦᠯᠢᠶᠡᠨ  ᠠᠪᠤᠯᠳᠠ᠂  ᠦᠢᠯᠡᠴᠢᠯᠡᠬᠡᠨ ᠤ  ᠬᠢᠷᠢ ᠳᠦᠪᠰᠢᠨ ᠢᠶᠠᠨ ᠪᠦᠬᠦ ᠳᠠᠯ᠎ᠠ ᠪᠠᠷ ᠳᠡᠬᠡᠭᠰᠢᠯᠡᠬᠦᠯᠬᠦ ᠪᠠᠷ ᠴᠢᠷᠮᠠᠶᠢᠵᠦ ᠪᠤᠢ ᠠᠵᠢ᠃         ᠡᠳᠡᠬᠡᠷ ᠠᠵᠢᠯ ᠪᠤᠯ ᠦᠨᠡᠨᠳᠡᠬᠡᠨ ᠪᠢᠳᠡᠨ ᠤ ᠦᠦᠬᠡ ᠳᠡᠦᠬᠡ ᠪᠠᠨ ᠦᠪᠯᠡᠨ ᠦᠯᠡᠳᠡᠬᠡᠬᠦ᠂ ᠡᠷᠬᠢᠨ ᠳᠤᠩᠭᠠᠬᠤ᠂ ᠳᠡᠬᠦᠨ ᠢᠶᠠᠷ ᠤᠷᠤᠭᠰᠢ ᠳᠠᠪᠰᠢᠬᠤ ᠶᠢᠨ ᠬᠦᠳᠡᠯᠬᠡᠬᠦ ᠬᠦᠴᠦᠨ ᠢᠶᠠᠨ ᠪᠤᠯᠭᠠᠬᠤ ᠬᠡᠰᠡᠨ᠂ ᠪᠠᠶᠢᠭ᠎ᠠ ᠶᠠᠭᠤᠮᠠᠰ ᠢᠶᠠᠨ ᠤᠯᠠᠮ ᠰᠠᠶᠢᠬᠠᠨ ᠪᠠᠶᠢᠯᠭᠠᠬᠤ ᠬᠡᠰᠡᠨ ᠬᠦᠰᠡᠯ ᠮᠦᠷᠦᠬᠡᠳᠦᠯ ᠪᠤᠯᠬᠤ ᠪᠦᠬᠡᠳ᠂ ᠮᠦᠨ ᠴᠦ ᠳᠤᠬᠠᠢ ᠶᠢᠨ ᠤᠷᠤᠨ ᠤ ᠠᠮᠢ ᠠᠬᠤᠢ ᠶᠢᠨ ᠪᠠᠶᠢᠭᠠᠯᠢᠯᠢᠭ ᠳᠦᠷᠬᠦ ᠶᠢ ᠬᠠᠮᠠᠭᠠᠯᠠᠬᠤ᠂ ᠠᠵᠦ ᠦᠢᠯᠡᠰ ᠤᠨ ᠦᠷᠨᠢᠬᠦᠨ ᠬᠦᠭᠵᠢᠯᠳᠡ ᠶᠢ ᠪᠡᠶᠡᠯᠡᠬᠦᠯᠬᠦ ᠶᠡᠭᠡ ᠦᠢᠯᠡ᠂ ᠮᠤᠨᠳᠠᠭ ᠠᠵᠢᠯ ᠪᠠᠶᠢᠯ᠎ᠠ᠃         ᠪᠢᠳᠡ ᠬᠤᠶᠡᠷ ᠨᠢᠬᠡ ᠯᠡ ᠮᠡᠳᠡᠬᠦ ᠳᠤ ᠬᠤᠶᠡᠷ ᠴᠠᠭ ᠭᠠᠷᠦᠢ ᠳᠤᠭᠤᠷᠢᠴᠢᠬᠠᠭᠰᠠᠨ ᠪᠠᠶᠢᠵᠠᠢ᠃         ᠡᠷᠳᠡᠨ ᠤ ᠮᠤᠩᠭᠤᠯ ᠠᠷᠡᠳ ᠤᠨ ᠳᠠᠭᠤᠤ ᠳᠤ᠄         ︽ᠡᠷᠳᠡᠨ ᠤ ᠬᠠᠭᠠᠳ ᠤᠨ ᠵᠤᠰᠠᠯᠠᠩ / ᠱᠠᠩᠳᠦ ᠶᠢᠨ ᠰᠢᠷ᠎ᠠ ᠳᠠᠯ᠎ᠠ ᠮᠢᠨᠢ / ᠡᠷᠬᠡᠯᠡᠨ ᠵᠢᠷᠭᠠᠬᠤ ᠳᠤ ᠰᠡᠷᠢᠬᠦᠨ ᠰᠠᠶᠢᠬᠠᠨ  / ᠱᠠᠩᠳᠦ ᠬᠡᠶᠢᠪᠤᠩ ᠪᠠᠯᠭᠠᠰᠦᠨ ᠮᠢᠨᠢ︾ ᠬᠡᠵᠦ ᠪᠠᠶᠢᠳᠠᠭ᠃         ᠬᠡᠳᠦ᠋ᠢᠪᠡᠷ ᠡᠨᠡ ᠡᠷᠳᠡᠨ ᠤ ᠳᠠᠭᠤᠤ ᠶᠢ ᠮᠡᠳᠡᠬᠦ ᠦᠬᠡᠢ ᠴᠦ ᠬᠡᠰᠡᠨ ᠭᠠᠨᠵᠤᠭ᠎ᠠ ᠨᠡᠶᠢᠯᠡᠨ ᠵᠠᠮᠴᠢᠯᠠᠭᠴᠢ ᠪᠤᠯᠤᠭᠰᠠᠨ  ᠷᠢ᠊  · ᠰᠡᠴᠡᠨᠴᠤᠭᠳᠦ  ᠠᠬ᠎ᠠ ᠶᠢᠨ  ᠦᠬᠡ ᠪᠠᠷ  ᠪᠡᠶᠡᠯᠡᠭᠰᠠᠨ  ︽ᠬᠤᠪᠢᠯᠠᠢ  ᠬᠠᠭᠠᠨ︾   ᠬᠡᠮᠡᠬᠦ   ᠳᠠᠭᠤᠤ ᠶᠢ   ᠠᠶᠠᠯᠤᠭᠰᠠᠭᠠᠷ   ᠱᠠᠩᠳᠦ ᠬᠤᠳᠠ ᠠᠴᠠ ᠪᠠᠨ ᠠᠶᠠᠨ ᠤ ᠵᠢᠯᠤᠭᠤ ᠡᠷᠬᠢᠬᠦᠯᠦᠭᠰᠡᠨ ᠶᠤᠮᠰᠠᠨ᠃          ᠬᠠᠷᠢᠨ᠂ ᠳᠠᠷᠠᠭ᠎ᠠ ᠵᠢᠯ ᠪᠤᠶᠤ ᠠᠯᠳᠠᠩᠬᠤᠸ᠎ᠠ ᠴᠡᠴᠡᠭ ᠳᠡᠯᠬᠡᠷᠡᠬᠦ ᠴᠠᠭ ᠢᠶᠠᠷ ᠠᠬᠢᠭᠠᠳ ᠢᠷᠡᠨ᠎ᠠ ᠬᠡᠮᠡᠨ ᠰᠢᠢᠳᠦᠯ᠎ᠠ᠃  
 
ᠢᠷᠡᠯᠲᠡ᠄ ᠦᠪᠦᠷ ᠮᠣᠩᠭᠤᠯ ᠤᠨ ᠡᠳᠦᠷ ᠤᠨ ᠰᠣᠨᠢᠨ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号