︽ᠡᠬᠢᠯᠡᠯᠳᠡ︾ ᠤᠨᠴᠠᠭᠠᠢ ᠬᠡᠦᠬᠡᠳ ᠤᠨ ᠴᠡᠴᠡᠷᠯᠢᠭ ᠤᠨ ᠨᠡᠶᠢᠬᠡᠮ ᠤᠨ ᠡᠯ᠎ᠡ ᠡᠳᠡᠬᠡᠳ ᠤᠨ ᠬᠠᠯᠠᠭᠤᠨ ᠰᠡᠳᠬᠢᠯᠳᠦ ᠬᠦᠮᠦᠰ ᠲᠤ ᠪᠠᠷᠢᠬᠰᠠᠨ ︽ᠲᠠᠯᠠᠷᠬᠠᠯ ᠤᠨ ᠰᠡᠳᠬᠢᠯ︾
ᠨᠡᠶᠢᠲᠡᠯᠡᠭᠰᠡᠨ ᠴᠠᠭ᠄
2016/11/29
   ᠵᠢᠯ ᠪᠤᠯᠭᠠᠨ ᠤ 11 ᠳ᠋ᠤᠬᠡᠷ ᠰᠠᠷ᠎ᠠ ᠶᠢᠨ ᠲᠦᠷᠪᠡᠳᠦᠬᠡᠷ ᠭᠠᠷᠠᠭ ᠤᠨ ᠲᠦᠷᠪᠡᠨ ᠪᠤᠯ ᠲᠠᠯᠠᠷᠬᠠᠯ ᠤᠨ ᠪᠠᠶᠠᠷ ᠤᠨ ᠡᠳᠦᠷ ᠪᠤᠯᠬᠤᠷ ᠡᠨᠡ ᠵᠢᠯ ᠤᠨ11 ᠳ᠋ᠤᠬᠡᠷ ᠰᠠᠷ᠎ᠠ ᠶᠢᠨ 24 ᠪᠤᠯ ᠲᠠᠯᠠᠷᠬᠠᠯ ᠤᠨ ᠪᠠᠶᠠᠷ ᠤᠨ ᠡᠳᠦᠷ ᠪᠤᠯᠤᠨ᠎ᠠ᠃ ᠰᠢᠯᠤᠭᠤᠨ ᠬᠦᠬᠡ ᠬᠤᠰᠢᠭᠤᠨ ᠤ ︽ᠡᠬᠢᠯᠡᠯᠳᠡ︾ ᠤᠨᠴᠠᠭᠠᠢ ᠬᠡᠦᠬᠡᠳ ᠤᠨ ᠴᠡᠴᠡᠷᠯᠢᠭ ᠨᠢ ᠡᠨᠡᠬᠦ ᠤᠨᠴᠠᠭᠠᠢ ᠪᠠᠶᠠᠷ ᠤᠨ ᠡᠳᠦᠷ ᠢ ᠲᠤᠬᠢᠶᠠᠯᠳᠤᠭᠤᠯᠤᠨ ︽ᠲᠠᠯᠠᠷᠬᠠᠯ ᠤᠨ ᠰᠡᠳᠬᠢᠯ︾ ᠭᠡᠬᠦ ᠤᠷᠠᠨ ᠰᠠᠶᠢᠬᠠᠨ ᠤ ᠲᠤᠭᠯᠠᠯᠳᠠ ᠪᠡᠯᠡᠳᠬᠡᠵᠦ ᠨᠡᠶᠢᠬᠡᠮ ᠤᠨ ᠡᠯ᠎ᠡ ᠡᠳᠡᠬᠡᠳ ᠤᠨ ᠬᠠᠯᠠᠭᠤᠨ ᠰᠡᠳᠬᠢᠯᠳᠦ ᠬᠦᠮᠦᠰ ᠲᠡᠭᠡᠨ ᠪᠠᠶᠠᠷᠯᠠᠵᠦ ᠲᠠᠯᠠᠷᠬᠠᠭᠰᠠᠨ ᠰᠡᠳᠬᠢᠯ ᠢᠶᠠᠨ ᠢᠯᠡᠳᠬᠡᠭᠰᠡᠨ ᠪᠠᠶᠢᠨ᠎ᠠ᠃ ᠰᠢᠯᠤᠭᠤᠨ ᠬᠦᠬᠡ ᠬᠤᠰᠢᠭᠤᠨ ᠤ ᠰᠤᠶᠤᠯ ᠲᠠᠮᠢᠷ ᠤᠨ ᠲᠤᠪᠴᠢᠶᠠᠨ ᠤ ᠵᠦᠴᠦᠬᠡ ᠶᠢᠨ ᠲᠢᠶᠠᠲ᠋ᠠᠷ ᠤᠨ700 ᠭᠠᠷᠤᠢ ᠬᠦᠮᠦᠨ ᠤ ᠰᠠᠭᠤᠳᠠᠯ ᠫᠠᠭ ᠲᠦᠬᠦᠷᠴᠦ᠂ ᠵᠠᠷᠢᠮ ᠨᠢᠬᠡ ᠨᠢ ᠵᠤᠭᠰᠤᠭᠠᠳ ᠲᠤᠭᠯᠠᠯᠳᠠ ᠶᠢ ᠰᠤᠨᠢᠷᠬᠠᠵᠦ᠂ ᠵᠠᠷᠢᠮ ᠨᠢᠬᠡ ᠨᠢ ᠪᠠᠭᠳᠠᠬᠤ ᠵᠠᠢ ᠦᠬᠡᠢ ᠠᠷᠭ᠎ᠠ ᠦᠬᠡᠢ ᠯᠠ ᠪᠤᠴᠠᠨ ᠭᠠᠷᠴᠦ ᠪᠠᠶᠢᠯ᠎ᠠ᠃

   ᠲᠤᠭᠯᠠᠯᠳᠠ ᠨᠢ ᠤᠨᠴᠠᠭᠠᠢ ᠬᠡᠦᠬᠡᠳ‌‍ᠤᠨ ᠴᠡᠴᠡᠷᠯᠢᠭ ᠤᠨ ᠪᠠᠭᠰᠢ ᠰᠤᠷᠤᠭᠴᠢ ᠶᠢᠨ ᠲᠠᠰᠬᠠᠯᠵᠢᠭᠤᠯᠤᠯᠳᠠ ᠶᠢᠨ

ᠲᠤᠭᠯᠠᠯᠳᠠ ᠪᠠᠷ ᠬᠦᠰᠢᠬᠡ ᠪᠠᠨ ᠰᠡᠬᠦᠵᠦ᠂ ᠰᠢᠯᠤᠭᠤᠨ ᠬᠦᠬᠡ ᠬᠤᠰᠢᠭᠤᠨ ᠤ ᠮᠤᠩᠭᠤᠯ ᠪᠠᠭ᠎ᠠ ᠰᠤᠷᠭᠠᠭᠤᠯᠢ᠂ ᠮᠤᠩᠭᠤᠯ

ᠲᠤᠮᠳᠠᠳᠤ ᠰᠤᠷᠭᠠᠭᠤᠯᠢ᠂ ᠮᠤᠩᠭᠤᠯ ᠬᠡᠦᠬᠡᠳ‌‍ᠤᠨ ᠴᠡᠴᠡᠷᠯᠢᠭ᠂ ᠬᠤᠶᠠᠳᠤᠭᠠᠷ ᠪᠠᠭ᠎ᠠ ᠰᠤᠷᠭᠠᠭᠤᠯᠢ ᠶᠢᠨ ᠰᠤᠷᠤᠭᠴᠢᠳ ᠴᠦ

ᠢᠷᠠᠭᠤ ᠲᠠᠭᠤᠤ ᠤᠶᠠᠩᠭᠠᠨ ᠪᠦᠵᠢᠭ ᠢᠶᠠᠨ ᠦᠵᠡᠭᠴᠢ ᠤᠯᠠᠨ ᠳᠠᠭᠠᠨ ᠬᠦᠷᠬᠡᠨ᠂ ᠤᠨᠴᠠᠭᠠᠶᠢᠯᠠᠨ ︽ᠡᠬᠢᠯᠡᠯᠳᠡ︾ᠬᠡᠦᠬᠡᠳ

᠎ ᠤᠨ ᠴᠡᠴᠡᠷᠯᠢᠭ ᠤᠨ ᠪᠠᠭᠰᠢ ᠰᠤᠷᠤᠭᠴᠢᠳ ᠤᠨ ᠲᠤᠭᠯᠠᠬᠰᠠᠨ ︽ᠲᠠᠯᠠᠷᠬᠠᠯ ᠤᠨ ᠰᠡᠳᠬᠢᠯ︾ ᠬᠡᠬᠦ ᠬᠤᠷᠤᠭᠤᠨ ᠪᠦᠵᠢᠭ ᠨᠢ

ᠲᠠᠯᠠᠪᠠᠢ ᠳᠤ ᠰᠠᠭᠤᠭᠰᠠᠨ ᠦᠵᠡᠭᠴᠢᠳ ᠢ ᠲᠤᠭᠳᠤᠯᠤᠭᠤᠯᠤᠨ᠂ ᠦᠵᠡᠭᠴᠢᠳ ᠦᠪᠡᠷ ᠤᠨ ᠡᠷᠬᠡ ᠦᠬᠡᠢ ᠬᠠᠯᠠᠭᠤᠨ

ᠨᠢᠯᠪᠤᠰᠤ ᠠᠰᠬᠠᠷᠠᠭᠤᠯᠵᠦ ᠪᠠᠶᠢᠯ᠎ᠠ᠃

   ︽ᠡᠬᠢᠯᠡᠯᠳᠡ︾ ᠤᠨᠴᠠᠭᠠᠢ ᠬᠡᠦᠬᠡᠳ ᠤᠨ ᠴᠡᠴᠡᠷᠯᠢᠭ ᠎ ᠨᠢ 3 ᠊᠊᠊ 14 ᠨᠠᠰᠤᠨ ᠤ ᠬᠤᠭᠤᠷᠤᠨᠳᠤᠬᠢ ᠬᠦᠭᠵᠢᠯ ᠤᠨ

ᠪᠡᠷᠬᠡᠰᠢᠶᠡᠯ ᠲᠠᠢ ᠬᠡᠦᠬᠡᠳ ᠢ ᠠᠰᠠᠷᠠᠨ ᠬᠠᠷᠠᠭᠠᠯᠵᠠᠳᠠᠭ ᠴᠡᠴᠡᠷᠯᠢᠭ ᠪᠠᠶᠢᠵᠦ᠂ ᠡᠨᠡᠬᠦ ᠴᠡᠴᠡᠷᠯᠢᠭ ᠢ ᠡᠬᠦᠰᠬᠡᠨ

ᠪᠠᠶᠢᠭᠤᠯᠤᠭᠴᠢ ᠶᠢ ᠴᠤᠯᠮᠤᠨᠴᠡᠴᠡᠭ ᠬᠡᠳᠡᠭ᠃ ᠬᠦᠭᠵᠢᠯ ᠤᠨ ᠪᠡᠷᠬᠡᠰᠢᠶᠡᠯ ᠲᠠᠢ ᠬᠡᠦᠬᠡᠳ ᠢᠶᠠᠨ ᠵᠢᠭᠠᠬᠠᠨ ᠰᠤᠶᠤᠯ ᠰᠤᠷᠭᠠᠶ᠎ᠠ᠂

ᠪᠠᠶ᠎ᠠ ᠶᠢ ᠨᠢ ᠲᠠᠭᠠᠭᠠᠯᠭᠠᠶ᠎ᠠ ᠬᠡᠬᠦ ᠳᠤ ᠡᠶᠢᠮᠦᠷᠬᠦ ᠮᠤᠩᠭᠤᠯ ᠰᠤᠷᠭᠠᠭᠤᠯᠢ ᠤᠯᠳᠠᠵᠦ ᠦᠭᠭᠦᠭᠰᠡᠨ ᠦᠬᠡᠢ ᠠᠴᠠ ᠨᠢᠬᠡ ᠨᠠᠰᠤ

ᠰᠤᠶᠤᠯ ᠰᠤᠷᠭᠠᠨ ᠬᠦᠮᠦᠵᠢᠯ ᠬᠦᠷᠳᠡᠬᠡᠵᠦ ᠴᠢᠳᠠᠭᠰᠠᠨ ᠦᠬᠡᠢ ᠬᠠᠷᠠᠮᠰᠠᠯ ᠢᠶᠠᠨ ᠲᠤᠭᠠᠴᠢᠵᠦ ᠪᠠᠶᠢᠬᠰᠠᠨ ᠨᠢᠬᠡᠨ ᠡᠵᠢ ᠶᠢᠨ

ᠶᠠᠷᠢᠶᠠᠨ ᠠᠴᠠ ᠰᠡᠳᠡᠯᠳᠡ ᠤᠯᠵᠦ᠂ ᠬᠡᠷᠪᠡ ᠡᠶᠢᠮᠦ ᠨᠢᠬᠡᠨ ᠰᠤᠷᠭᠠᠭᠤᠯᠢ ᠪᠠᠶᠢᠭᠤᠯᠬᠤ ᠳᠤ ᠬᠦᠷᠪᠡᠯ ᠡᠶᠢᠮᠦᠷᠬᠦ ᠰᠡᠳᠬᠢᠯ

ᠰᠠᠨᠠᠭᠠᠨ ᠤ ᠲᠠᠷᠤᠯᠳᠠ ᠲᠠᠢ ᠪᠠᠶᠢᠭ᠎ᠠ ᠠᠪᠤ ᠡᠵᠢ ᠳᠤ ᠪᠠᠭ᠎ᠠ ᠴᠤ ᠭᠡᠰᠡᠨ ᠲᠤᠰᠠ ᠪᠤᠯᠬᠤ ᠪᠤᠯᠪᠠᠤ ᠬᠡᠵᠦ ᠡᠨᠡᠬᠦ ᠠᠵᠢᠯ ᠢᠶᠠᠨ

ᠡᠬᠢᠯᠡᠬᠦᠯᠬᠦ ᠪᠠᠷ ᠵᠤᠷᠢᠭ ᠰᠢᠭᠤᠳᠴᠠᠢ᠃ ᠬᠡᠷ ᠤᠨ ᠬᠦᠮᠦᠰ᠂ ᠨᠠᠶᠢᠵᠠ ᠨᠦᠬᠦᠳ ᠨᠢ ᠲᠡᠬᠦᠨ ᠤ ᠢᠩᠬᠢᠵᠦ ᠬᠢᠬᠦ ᠶᠢ ᠬᠡᠳᠦᠢ

ᠬᠤᠷᠢᠭᠯᠠᠵᠦ ᠪᠠᠶᠢᠬᠰᠠᠨ ᠴᠦ ᠲᠡᠷᠡ ᠦᠪᠡᠷ ᠤᠨ ᠰᠠᠨᠠᠭᠰᠠᠨ ᠳᠠᠭᠠᠨ ᠵᠠᠪᠠᠯ ᠬᠦᠷᠬᠦ ᠰᠢᠳᠮᠡᠭ ᠵᠤᠷᠢᠭ ᠢ ᠪᠠᠷᠢᠵᠦ᠂ 2014

ᠤᠨ ᠤ 3 ᠰᠠᠷ᠎ᠠ ᠠᠴᠠ 12 ᠲᠦᠮᠠᠨ ᠲᠦᠭᠦᠷᠢᠭ ᠵᠠᠷᠤᠴᠠᠭᠤᠯᠤᠨ ᠡᠨᠠ ᠴᠡᠴᠡᠷᠯᠢᠭ ᠢᠶᠠᠨ ᠪᠠᠶᠢᠭᠤᠯᠵᠤ ᠡᠬᠢᠯᠡᠪᠡ᠃

   ︽ᠲᠦᠮᠡᠨ ᠠᠵᠢᠯ ᠤᠨ ᠲᠦᠷᠦᠬᠦᠦ ᠠᠯᠬᠤᠮ ᠬᠡᠴᠡᠬᠦᠦ︾ ᠬᠡᠳᠡᠭ ᠢᠶᠠᠷ ᠶᠠᠳᠠᠵᠦ ᠪᠠᠭᠰᠢ ᠶᠢᠨ ᠮᠡᠷᠬᠡᠵᠢᠯ ᠴᠦ ᠰᠤᠷᠤᠭ᠎ᠠ

ᠦᠬᠡᠢ ᠬᠦᠮᠦᠨ ᠬᠡᠨᠡᠳᠳᠡ ᠬᠦᠭᠵᠢᠯ ᠤᠨ ᠪᠡᠷᠬᠡᠰᠢᠶᠡᠯ ᠲᠠᠢ ᠬᠡᠦᠬᠡᠳ ᠤᠨ ᠴᠡᠴᠡᠷᠯᠢᠭ ᠡᠷᠬᠢᠯᠡᠨ᠎ᠡ ᠬᠡᠳᠡᠭ ᠲᠡᠶᠢᠮᠦ ᠬᠢᠯᠪᠡᠷ

ᠪᠢᠰᠢ᠂ ᠲᠡᠭᠡᠭᠡᠳ ᠲᠡᠷᠡ ᠡᠶᠢᠮᠦᠷᠬᠦ ᠤᠨᠴᠠᠭᠠᠢ ᠵᠢᠭᠠᠨ ᠰᠤᠷᠭᠠᠯᠳᠠ ᠶᠢᠨ ᠲᠤᠰᠬᠠᠢ ᠮᠡᠷᠬᠡᠵᠢᠯ ᠬᠦᠷᠳᠡᠭᠰᠡᠨ ᠮᠤᠩᠭᠤᠯ ᠪᠠᠭᠰᠢ

ᠬᠡᠳᠦᠢ ᠡᠷᠢᠭᠰᠡᠨ ᠪᠤᠯᠪᠠᠴᠦ ᠤᠯᠳᠠᠭᠰᠠᠨ ᠦᠬᠡᠢ᠃ ᠠᠷᠭ᠎ᠠ ᠦᠬᠡᠢ ᠶᠢᠨ ᠡᠷᠬᠡᠨ ᠳᠤ ᠦᠪᠡᠷ ᠢᠶᠠᠨ ᠠᠯᠤᠰ ᠬᠤᠯᠠ ᠱᠠᠩᠬᠠᠢ

ᠬᠤᠳᠠ ᠶᠢ ᠴᠢᠭᠯᠡᠵᠦ ᠲᠡᠨᠳᠡᠬᠢ ᠨᠢᠬᠡᠨ ᠤᠨᠴᠠᠭᠠᠢ ᠰᠤᠷᠭᠠᠨ ᠬᠦᠮᠦᠵᠢᠯ ᠤᠨ ᠲᠦᠪ ᠲᠤ ᠬᠦᠷᠴᠦ ᠲᠤᠰᠬᠠᠢ ᠮᠡᠷᠬᠡᠵᠢᠯ

ᠰᠤᠷᠴᠠᠢ᠃ ᠲᠡᠨᠳᠡᠬᠢ ᠰᠤᠷᠤᠯᠴᠠᠯᠭ᠎ᠠ ᠪᠠᠨ ᠪᠠᠷᠠᠭᠠᠳ ᠲᠠᠬᠢᠨ ᠬᠦᠬᠡᠬᠤᠳᠠ ᠶᠢᠨ ᠬᠤᠶᠠᠷ ᠤᠨᠴᠠᠭᠠᠢ ᠰᠤᠷᠭᠠᠨ ᠬᠦᠮᠦᠵᠢᠯ ᠤᠨ

ᠭᠠᠵᠠᠷ ᠬᠦᠷᠴᠦ ᠨᠠᠩ ᠬᠦᠨᠵᠡᠬᠡᠢ ᠲᠠᠰᠬᠠᠯᠵᠢᠭᠤᠯᠤᠯᠳᠠ ᠬᠢᠬᠦ᠂ ᠠᠰᠠᠷᠠᠨ ᠬᠦᠮᠦᠵᠢᠬᠦᠯᠬᠦ ᠵᠡᠷᠬᠡ ᠮᠡᠷᠬᠡᠵᠢᠯ ᠢ ᠰᠤᠷᠤᠯᠴᠠᠵᠠᠢ᠃

ᠬᠠᠷᠢᠵᠦ ᠢᠷᠡᠬᠡᠳ ᠴᠡᠴᠡᠷᠯᠢᠭ ᠢᠶᠠᠨ ᠵᠢᠩᠬᠢᠨᠢ ᠪᠠᠷ ᠪᠠᠶᠢᠭᠤᠯᠵᠦ᠂ ᠰᠤᠷᠤᠭᠴᠢ ᠡᠯᠰᠡᠬᠦ ᠮᠡᠳᠡᠭᠳᠡᠯ ᠪᠠ ᠬᠠᠪᠰᠤᠷᠤᠭᠴᠢ ᠪᠠᠭᠰᠢ

ᠡᠯᠰᠡᠬᠦ ᠮᠡᠳᠡᠭᠳᠡᠯ ᠢᠶᠠᠨ ᠲᠠᠷᠬᠠᠭᠠᠵᠠᠢ᠃ ᠢᠩᠭᠢᠬᠡᠳ 2014 ᠤᠨ ᠤ 9 ᠰᠠᠷ᠎ᠠ ᠶᠢᠨ 1᠎ ᠠᠴᠠ ᠡᠬᠢᠯᠡᠨ ᠬᠡᠤᠬᠡᠳ ᠡᠯᠰᠡᠵᠤ

ᠬᠢᠴᠢᠶᠡᠯ ᠢᠶᠠᠨ ᠡᠭᠢᠯᠡᠭᠰᠡᠨ ᠪᠠᠶᠢᠨ᠎ᠠ᠃

   ᠲᠤᠰ ᠴᠡᠴᠡᠷᠯᠢᠭ ᠡᠬᠢᠯᠡᠭᠰᠡᠨ ᠠᠴᠠ ᠨᠠᠰᠢ ᠬᠠᠮᠤᠭ ᠤᠯᠠᠨ ᠳᠠᠭᠠᠨ 14 ᠬᠡᠦᠬᠡᠳ ᠲᠠᠢ ᠪᠠᠶᠢᠬᠰᠠᠨ ᠪᠠ ᠪᠠᠭᠰᠢ

ᠲᠤᠭᠳᠠᠬᠤ ᠦᠬᠡᠢ᠂ ᠤᠷᠤᠨ ᠰᠠᠭᠤᠴᠠ ᠬᠦᠷᠦᠯᠴᠡᠬᠦ ᠦᠬᠡᠢ ᠵᠡᠷᠬᠡ ᠰᠢᠯᠳᠠᠭᠠᠨ ᠠᠴᠠ ᠪᠤᠯᠵᠦ ᠪᠤᠰᠤᠳ ᠠᠶᠢᠮᠠᠭ

ᠬᠤᠳᠠ ᠠᠴᠠ ᠢᠷᠡᠭᠰᠡᠨ ᠬᠡᠳᠦᠨ ᠬᠡᠦᠬᠡᠳ ᠢ ᠠᠪᠴᠦ ᠴᠢᠳᠠᠭ᠎ᠠ ᠦᠬᠡᠢ ᠪᠤᠴᠠᠭᠠᠵᠠᠢ᠃ ᠤᠳᠤ ᠰᠢᠯᠤᠭᠤᠨ ᠴᠠᠭᠠᠨ᠂

ᠭᠦᠪᠡᠬᠡᠳᠤ ᠰᠢᠷ᠎ᠠ᠂ ᠪᠠᠷᠠᠭᠤᠨ ᠦᠵᠤᠮᠤᠴᠢᠨ᠂ ᠵᠡᠭᠦᠨ ᠰᠦᠨᠢᠳ ᠵᠡᠷᠬᠡ ᠨᠤᠳᠤᠭ ᠤᠨ ᠬᠡᠦᠬᠡᠳ ᠪᠠᠶᠢᠨ᠎ᠠ᠃ ︽ᠴᠢᠷᠮᠠᠶᠢᠯᠭ᠎ᠠ

ᠬᠦᠮᠦᠨ ᠢ ᠭᠤᠮᠤᠳᠠᠭᠠᠳᠠᠭ ᠦᠬᠡᠢ︾ ᠬᠡᠳᠡᠭᠴᠢᠯᠡᠨ ᠶᠠᠪᠤᠵᠦ ᠰᠠᠭᠤᠬᠤ᠂ ᠢᠳᠡᠵᠦ ᠤᠤᠭᠤᠬᠤ᠂ ᠦᠬᠡ ᠬᠡᠯᠡᠬᠦ ᠳᠡᠭᠡᠨ

ᠪᠡᠷᠬᠡᠰᠢᠶᠡᠯ ᠲᠠᠢ ᠪᠠᠶᠢᠬᠰᠠᠨ ᠡᠳᠡᠬᠡᠷ ᠬᠡᠦᠬᠡᠳ ᠤᠳ ᠡᠷᠡᠭᠦᠯᠵᠢᠯ ᠤᠨ ᠲᠠᠮᠢᠷ᠂ ᠨᠤᠬᠤᠯᠠᠯᠳᠠ᠂ ᠬᠡᠯᠡᠨ ᠤ ᠪᠤᠯᠪᠠᠰᠤᠷᠠᠯ ᠢᠶᠠᠷ

ᠲᠠᠮᠵᠢᠵᠦ ᠮᠡᠳᠡᠭᠳᠡᠮ᠎ᠠ ᠰᠠᠶᠢᠵᠢᠷᠠᠯᠳᠠ ᠲᠠᠢ ᠪᠤᠯᠵᠦ᠂ ᠠᠮᠢᠳᠤᠷᠠᠯ ᠤᠨ ᠲᠤᠭ᠎ᠠ᠂ ᠠᠮᠢᠳᠤᠷᠠᠯ ᠤᠨ ᠬᠡᠯᠡ ᠪᠢᠴᠢᠭ᠂

ᠠᠶᠤᠯᠭᠦᠢ ᠶᠢᠨ ᠶᠡᠷᠤ ᠶᠢᠨ ᠮᠠᠳᠡᠯᠬᠡ ᠶᠢ ᠡᠵᠡᠮᠰᠢᠵᠤ ᠲᠡᠶᠢᠯᠬᠦ ᠬᠡᠮᠵᠢᠶᠠᠨ ᠳᠤ ᠬᠦᠷᠴᠡᠢ᠃ ᠪᠠᠰᠠ ᠵᠢᠯ ᠪᠤᠯᠭᠠᠨ ᠤ ᠵᠤᠨ

ᠡᠪᠤᠯ ᠤᠨ ᠠᠮᠠᠷᠠᠯᠳᠠ ᠪᠠᠷ ᠦᠪᠤᠷ ᠮᠤᠩᠭᠤᠯ ᠤᠨ ᠤᠯᠠᠨ ᠤᠯᠤᠰ ᠤᠨ ᠮᠤᠩᠭᠤᠯ ᠡᠮᠨᠡᠯᠬᠡ ᠶᠢᠨ ᠬᠤᠷᠢᠶᠠᠨ ᠳᠤ ᠤᠴᠢᠭᠤᠯᠤᠨ

ᠦᠨ᠎ᠡ ᠲᠦᠯᠤᠪᠤᠷᠢ ᠦᠭᠡᠢ ᠪᠠᠷ ᠵᠠᠰᠠᠯᠭ᠎ᠠ ᠬᠢᠯᠬᠡᠳᠡᠭ ᠪᠠᠶᠢᠨ᠎ᠠ᠃

   ︽ᠠᠮᠢᠳᠤᠷᠠᠯ ᠬᠠᠶᠢᠷ᠎ᠠ ᠲᠡᠭᠡᠷ᠎ᠡ ᠲᠤᠭᠳᠠᠳᠠᠭ︾᠎ ᠤᠨ ᠤᠴᠢᠷ ᠴᠣᠯᠮᠣᠨᠴᠡᠴᠡᠭ ᠤᠨ ᠦᠷᠦᠪᠴᠢ ᠨᠢᠩᠵᠢᠨ ᠰᠡᠳᠬᠢᠯ ᠤᠨ

ᠬᠢᠨᠢ ᠬᠠᠷᠢᠭᠤ ᠳᠤ ᠡᠳᠡᠬᠡᠷ ᠬᠡᠦᠬᠡᠳ ᠤᠳ ᠨᠢ ᠡᠷᠳᠡ ᠨᠢᠬᠡᠨ ᠡᠳᠦᠷ ᠪᠠᠶ᠎ᠠ ᠪᠠᠨ ᠲᠠᠭᠠᠭᠠᠵᠦ᠂ ᠠᠪᠤ ᠡᠵᠢ ᠶᠢᠨ ᠢᠶᠠᠨ

ᠲᠠᠷᠤᠭᠠᠰᠤ ᠶᠢ ᠬᠦᠩᠬᠡᠯᠡᠵᠦ ᠪᠠᠭᠰᠢ ᠡᠵᠢ ᠳᠡᠭᠡᠨ ᠲᠠᠯᠠᠷᠬᠠᠯ ᠤᠨ ᠬᠠᠷᠢᠭᠤ ᠪᠠᠷᠢᠬᠤ ᠪᠠᠶᠢᠬ᠎ᠠ ᠳ᠋ᠠ᠃( ᠠᠯᠳᠠᠨᠰᠢᠭᠦᠷ

ᠰᠡᠭᠦᠳᠡᠷᠯᠡᠨ ᠮᠡᠳᠡᠭᠡᠯᠡᠪᠡ)

 
ᠢᠷᠡᠯᠲᠡ᠄ ᠰᠢᠯᠤᠭᠤᠨ ᠬᠥᠬᠡ ᠬᠤᠰᠢᠭᠤᠨ ᠤ ᠵᠠᠰᠠᠭ ᠤᠨ ᠣᠷᠳᠣᠨ ᠤ ᠮᠤᠩᠭᠤᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号