︵ᠰᠤᠷᠪᠤᠯᠵᠢᠯᠠᠭᠴᠢ ᠤᠶᠠᠬᠠᠨ︶ ︽ᠤᠳᠤ ᠶᠢᠨ ᠭᠡᠦᠭᠡᠳ ᠭᠡᠷ ᠠᠴᠠ ᠪᠠᠨ ᠭᠠᠷᠬᠤ ᠲᠤᠷ᠎ᠠ ᠦᠭᠡᠢ︾᠂ | ︽ ᠤᠳᠤ ᠶᠢᠨ ᠭᠡᠦᠭᠡᠳ ᠶᠡᠭᠡ ᠬᠤᠪᠢᠨᠴᠢᠷ︾ ᠭᠡᠭᠦ ᠮᠡᠳᠦ ᠶᠢᠨ ᠶᠠᠷᠢᠶ᠎ᠠ ᠤᠯᠠᠨ ᠭᠡᠷ ᠤᠨ ᠠᠬᠠᠮᠠᠳ ᠤᠨ ᠠᠮᠠᠨ ᠠᠴᠠ | ᠰᠤᠨᠤᠰᠳᠠᠳᠠᠭ᠃ ᠤᠷᠴᠢᠮ ᠰᠦᠯᠵᠢᠶ᠎ᠠ ᠪᠠᠷ ᠲᠡᠮᠵᠢᠬᠳᠠᠵᠦ ᠪᠠᠶᠢᠭᠰᠠᠨ ᠨᠢᠭᠡᠨ ᠱᠤᠭ ᠵᠢᠷᠤᠭ ᠭᠦᠮᠦᠰ ᠲᠤ ᠤᠯᠠᠨ ᠢ | ᠪᠤᠳᠤᠭᠳᠠᠭᠤᠯᠤᠯᠠ᠃ ᠵᠢᠷᠤᠭ ᠨᠢ ᠬᠤᠶᠠᠷ ᠭᠡᠰᠡᠭ ᠢᠶᠠᠷ ᠪᠦᠷᠢᠯᠳᠦᠵᠦ᠂ ᠨᠢᠭᠡ ᠨᠢ 1996 ᠤᠨ ᠳᠤ ᠡᠵᠢ ᠨᠢ ᠭᠠᠳᠠᠨ᠎ᠠ | ᠪᠦᠮᠪᠦᠭᠡ ᠢᠰᠭᠦᠯᠵᠦ ᠪᠠᠶᠢᠭ᠎ᠠ ᠭᠦᠦ ᠪᠠᠨ ᠵᠠᠩᠳᠤᠷᠴᠦ ᠴᠢᠬᠢᠳᠡᠵᠦ ᠪᠠᠶᠢᠭᠠᠳ ᠭᠡᠷ ᠲᠡᠭᠡᠨ ᠲᠠᠳᠠᠨ ᠤᠷᠤᠭᠤᠯᠵᠦ ᠪᠠᠶᠢᠭ᠎ᠠ | ᠪᠤᠯ ᠨᠦᠭᠦᠭᠡ ᠨᠢ 2016 ᠤᠨ ᠳᠤ ᠡᠵᠢ ᠨᠢ ᠭᠡᠷ ᠲᠡᠭᠡᠨ ᠭᠠᠷ ᠤᠳᠠᠰᠤ ᠨᠠᠭᠠᠳᠴᠦ ᠪᠠᠶᠢᠭ᠎ᠠ ᠭᠦᠦ ᠪᠠᠨ ᠮᠦᠨ | ᠵᠠᠩᠳᠤᠷᠴᠦ ᠴᠢᠬᠢᠳᠡᠨ ᠭᠠᠳᠠᠭᠰᠢ ᠲᠠᠭᠠᠭᠤᠯᠵᠦ ᠪᠠᠶᠢᠭ᠎ᠠ ᠵᠢᠷᠤᠭ ᠪᠤᠯᠤᠨ᠎ᠠ᠃ ᠲᠤᠰ ᠬᠤᠶᠠᠷ ᠵᠢᠷᠤᠭ ᠲᠤ ᠡᠨᠡᠭᠦ ᠬᠤᠷᠢᠨ | ᠵᠢᠯ ᠤᠨ ᠬᠤᠭᠤᠴᠠᠭᠠᠨ ᠳᠤ ᠴᠠᠭ ᠦᠶ᠎ᠠ ᠶᠢᠨ ᠭᠦᠭᠵᠢᠯᠳᠡ ᠶᠢ ᠲᠠᠭᠠᠯᠳᠤᠨ ᠭᠡᠦᠭᠡᠳ ᠤᠨ ᠨᠠᠭᠠᠳᠴᠦ ᠲᠤᠭᠯᠠᠬᠤ ᠵᠦᠢᠯᠡᠰ | ᠦᠭᠡᠷᠡᠴᠢᠯᠡᠭᠳᠡᠵᠦ᠂ ᠦᠡᠭᠭᠡᠷᠡᠭᠰᠡᠨ ᠤ ᠤᠢᠢᠷ᠎ᠠ ᠲᠦᠰᠦᠷ ᠰᠠᠭᠤᠳᠠᠭ ᠨᠠᠰᠤ ᠬᠤᠷᠠᠭ ᠤᠨ ᠭᠡᠦᠭᠡᠳ ᠤᠳ ᠨᠡᠶᠢᠯᠡᠯᠳᠦᠨ | ᠨᠠᠭᠠᠳᠴᠦ ᠢᠳᠡᠵᠦ ᠤᠤᠭᠤᠬᠤ ᠪᠠᠨ ᠤᠮᠠᠷᠳᠠᠨ ᠭᠦᠶᠦᠳᠡᠭ ᠪᠠᠶᠢᠭᠰᠠᠨ ᠪᠤᠯ ᠤᠳᠤ ᠪᠤᠯᠬᠤ ᠳᠤ ᠭᠡᠦᠭᠡᠳ ᠤᠳ ᠭᠠᠷ | ᠤᠳᠠᠰᠤ ᠵᠡᠷᠭᠡ ᠡᠯᠧᠺᠲᠷᠤᠨ ᠮᠠᠰᠢᠨ ᠳᠤ ᠲᠠᠳᠠᠭᠳᠠᠨ ᠭᠡᠷ ᠠᠴᠠ ᠭᠠᠷᠬᠤ ᠦᠭᠡᠢ ᠪᠤᠯᠤᠭᠰᠠᠨ ᠦᠵᠡᠭᠳᠡᠯ ᠢ ᠲᠤᠰᠬᠠᠭᠰᠠᠨ | ᠪᠠᠶᠢᠳᠠᠭ᠃ | ᠠᠮᠢᠳᠤᠷᠠᠯ ᠲᠤᠮᠳᠠ ᠵᠠᠷᠢᠮ ᠭᠡᠷ ᠤᠨ ᠠᠬᠠᠮᠠᠳ ᠭᠡᠦᠭᠡᠳ ᠨᠢ ᠭᠡᠷ ᠲᠡᠭᠡᠨ ᠠᠯᠢᠶᠠᠯᠠᠵᠦ ᠲᠡᠪᠵᠢᠷᠡᠪᠡᠯ ᠭᠠᠷ | ᠤᠳᠠᠰᠤ ᠪᠠᠨ ᠦᠭᠴᠦ ︽ᠦᠪᠡᠷ ᠢᠶᠠᠨ ᠴᠠᠭᠠᠰᠢ ᠤᠴᠢᠵᠦ ᠨᠠᠭᠠᠳᠤᠭᠠᠷᠠᠢ︾ ᠭᠡᠵᠦ ᠶᠠᠪᠤᠭᠤᠯᠬᠤ ᠳᠤ ᠭᠡᠦᠭᠡᠳ ᠨᠢ ᠲᠤᠪ | ᠲᠤᠭᠤᠢ ᠭᠠᠷ ᠤᠳᠠᠰᠤ ᠪᠠᠷ ᠨᠠᠭᠠᠳᠴᠦ ᠰᠠᠭᠤᠳᠠᠭ︔ ᠪᠠᠰᠠ ᠵᠠᠷᠢᠮ ᠭᠡᠷ ᠤᠨ ᠠᠬᠠᠮᠠᠳ ᠦᠷᠭᠦᠯᠵᠢ ᠭᠡᠦᠭᠡᠳ ᠲᠡᠭᠡᠨ ᠭᠠᠷ | ᠤᠳᠠᠰᠤ ᠪᠠᠨ ᠦᠭᠴᠦ ᠨᠠᠭᠠᠳᠤᠭᠤᠯᠤᠭᠰᠠᠭᠠᠷ ᠪᠠᠶᠢᠵᠦ ᠭᠡᠦᠭᠡᠳ ᠨᠢ ᠭᠡᠷ ᠲᠤᠨᠢ ᠢᠷᠡᠭᠰᠡᠨ ᠭᠡᠶᠢᠴᠢᠨ ᠵᠤᠴᠢᠳ ᠤᠨ ᠭᠠᠷ | ᠤᠳᠠᠰᠤ ᠶᠢ ᠴᠤ ᠲᠤᠷ᠎ᠠ ᠪᠠᠷ ᠢᠶᠠᠨ ᠠᠪᠴᠦ ᠨᠠᠭᠠᠳᠳᠠᠭ ᠪᠤᠢ︔ ᠨᠡᠩ ᠵᠠᠷᠢᠮ ᠨᠢ ᠭᠡᠦᠭᠡᠳ ᠤᠨ ᠢᠶᠠᠨ ᠡᠮᠦᠨ᠎ᠠ ᠭᠠᠷ | ᠤᠳᠠᠰᠤ ᠲᠤᠰᠬᠤ ᠶᠢᠨ ᠠᠷᠭ᠎ᠠ ᠦᠭᠡᠢ᠂ ᠭᠡᠦᠭᠡᠳ ᠨᠢ ᠭᠠᠷ ᠤᠳᠠᠰᠤ ᠦᠵᠡᠪᠡᠯ ᠭᠡᠷ ᠤᠨ ᠠᠬᠠᠮᠠᠳ ᠠᠴᠠ ᠪᠠᠨ ᠠᠪᠤᠨ᠎ᠠ | ᠭᠡᠵᠦ ᠠᠭᠠᠰᠢᠯᠠᠳᠠᠭ ᠴᠦ ᠪᠠᠶᠢᠨ᠎ᠠ᠃ | ᠲᠡᠮᠦᠷ ︵ᠪᠤᠷᠤᠭᠤᠯᠠᠬᠰᠠᠨ ᠨᠡᠷ᠎ᠡ︶ ᠤᠨ ᠭᠦᠦ ᠦᠷᠭᠦᠯᠵᠢ ᠭᠠᠷ ᠤᠳᠠᠰᠤ ᠪᠠᠷ ᠨᠠᠭᠠᠳᠴᠦ ᠭᠡᠷ ᠠᠴᠠ ᠪᠠᠨ | ᠲᠡᠮᠡᠢ ᠭᠠᠷᠳᠠᠭ ᠦᠭᠡᠢ᠃ ᠭᠡᠷ ᠤᠨ ᠠᠬᠠᠮᠠᠳ ᠨᠢ ᠲᠡᠭᠦᠨ ᠢ ᠭᠡᠯᠡᠭᠡᠳ ᠦᠭᠡᠨ ᠳᠤᠨᠢ ᠤᠷᠤᠬᠤ ᠦᠭᠡᠢ ᠤᠴᠢᠷ ᠠᠴᠠ | ᠨᠢᠭᠡ ᠤᠳᠠᠭ᠎ᠠ ᠠᠷᠭᠠᠳᠠᠵᠦ ᠪᠠᠶᠢᠭᠠᠳ ᠰᠠᠳᠤᠨ ᠤ ᠳᠠᠭᠠᠨ ᠲᠠᠭᠠᠭᠤᠯᠵᠦ ᠶᠠᠪᠤᠵᠠᠢ᠃ ᠬᠦᠦ ᠨᠢ ᠰᠠᠳᠤᠨ ᠲᠡᠭᠦᠦ ᠲᠠᠢ ᠪᠠᠨ | ᠨᠠᠰᠢ ᠴᠠᠰᠢ ᠭᠦᠶᠦᠯᠳᠦᠨ ᠪᠦᠮᠪᠦᠭᠡ ᠢᠰᠭᠦᠯᠵᠦ᠂ ᠲᠤᠭᠤᠢ ᠲᠡᠷᠭᠡ ᠵᠡᠷᠭᠡ ᠪᠠᠷ ᠨᠠᠭᠠᠳᠴᠦ ᠪᠠᠶᠢᠭᠰᠠᠨ ᠢᠶᠠᠨ ᠲᠡᠮᠡᠢ | ᠤᠳᠠᠭᠰᠠᠨ ᠦᠭᠡᠢ ᠬᠤᠶᠠᠭᠤᠯᠠ ᠭᠡᠷ ᠤᠨ ᠠᠬᠠᠮᠠᠳ ᠤᠨ ᠢᠶᠠᠨ ᠭᠠᠷ ᠤᠳᠠᠰᠤ ᠶᠢ ᠪᠠᠷᠢᠨ ᠵᠡᠭᠦᠨᠰᠢ ᠪᠠᠷᠠᠭᠤᠨᠰᠢ ᠬᠠᠷᠠᠨ | ᠰᠠᠭᠤᠵᠦ ᠭᠡᠨ᠎ᠠ᠃ ︽ᠮᠢᠨᠦ ᠬᠦᠦ ᠭᠡᠷ ᠲᠡᠭᠡᠨ ᠭᠡᠵᠢᠶᠡᠳᠡ ᠭᠠᠷ ᠤᠳᠠᠰᠤ᠂ ᠡᠯᠧᠺᠲᠷᠤᠨ ᠮᠠᠰᠢᠨ ᠨᠠᠭᠠᠳᠬᠤ ᠦᠭᠡᠢ ᠪᠤᠯ | ᠲᠧᠯᠸᠢᠰ ᠦᠵᠡᠵᠦ ᠰᠠᠭᠤᠨ᠎ᠠ᠂ ᠡᠶᠢᠮᠦ ᠠᠴᠠ ᠪᠤᠰᠤᠳ ᠭᠡᠦᠭᠡᠳ ᠲᠠᠢ ᠢᠯᠡᠭᠦᠭᠡᠨ ᠤᠢᠢᠷᠠᠳᠤᠭᠤᠯᠤᠶᠠ ᠭᠡᠵᠦ ᠰᠠᠳᠤᠨ | ᠲᠦᠷᠦᠯ ᠤᠨ ᠳᠡᠭᠡᠨ ᠤᠴᠢᠵᠦ ᠭᠡᠦᠭᠡᠳ ᠤᠳ ᠲᠠᠢ ᠨᠢ ᠨᠠᠭᠠᠳᠤᠭᠤᠯᠬᠤ ᠳᠤ ᠤᠯᠠᠩᠭᠢ ᠳᠠᠭᠠᠨ ᠪᠠᠰᠠᠯᠠ ᠭᠠᠷ ᠤᠳᠠᠰᠤ | ᠨᠠᠭᠠᠳᠬᠤ ᠦᠭᠡᠢ ᠪᠤᠯ ᠨᠡᠶᠢᠯᠡᠭᠡᠳ ᠲᠧᠯᠸᠢᠰ ᠦᠵᠡᠭᠡᠳ ᠰᠠᠭᠤᠴᠢᠬᠠᠨ᠎ᠠ︾ ᠭᠡᠵᠦ ᠲᠡᠮᠦᠷ ᠠᠷᠭ᠎ᠠ ᠪᠠᠷᠠᠭᠳᠠᠭᠰᠠᠨ ᠰᠢᠭ᠋ | ᠶᠠᠷᠢᠯ᠎ᠠ᠃ | ᠬᠠᠰ ︵ᠪᠤᠷᠤᠭᠤᠯᠠᠬᠰᠠᠨ ᠨᠡᠷ᠎ᠡ︶ ᠦᠬᠢᠨ ᠢᠶᠠᠨ ᠦᠷᠭᠦᠯᠵᠢ ᠰᠠᠭᠤᠭᠠᠯᠢ ᠲᠤᠭᠤᠷᠢᠭ ᠤᠨ ᠢᠶᠠᠨ | ᠭᠡᠦᠭᠡᠳ ᠤᠳ ᠲᠠᠢ ᠬᠠᠮᠳᠤ ᠨᠠᠭᠠᠳᠤᠭᠤᠯᠳᠠᠭ᠃ ᠡᠳᠡᠨ ᠤ ᠰᠠᠭᠤᠭᠠᠯᠢ ᠲᠤᠭᠤᠷᠢᠭ ᠤᠨ ᠭᠦᠷᠢᠶᠡᠨ ᠤ ᠤᠷᠴᠢᠨ ᠲᠤᠭᠤᠷᠢᠨ | ᠰᠠᠶᠢᠨ ᠮᠦᠷᠳᠡᠭᠡᠨ ᠲᠡᠷᠭᠡ ᠤᠨᠤᠭ᠎ᠠ ᠴᠦᠭᠡᠨ ᠤᠴᠢᠷ ᠠᠴᠠ ᠵᠤᠨ ᠤ ᠤᠯᠠᠷᠢᠯ ᠳᠤ ᠬᠠᠶᠠ ᠭᠡᠦᠭᠡᠳ ᠤᠳ ᠨᠠᠶᠢᠯᠠᠯᠳᠦᠨ | ᠭᠠᠳᠠᠨ᠎ᠠ ᠭᠦᠶᠦᠯᠳᠦᠨ ᠨᠠᠭᠠᠳᠴᠦ ᠪᠠᠶᠢᠭ᠎ᠠ ᠬᠠᠷᠠᠭᠳᠠᠳᠠᠭ᠃ ᠨᠢᠭᠡ ᠤᠳᠠᠭ᠎ᠠ ᠬᠠᠰ ᠦᠬᠢᠨ ᠢᠶᠠᠨ ᠭᠦᠷᠢᠶᠡᠨ ᠳᠡᠭᠡᠨ | ᠨᠠᠭᠠᠳᠤᠭᠤᠯᠵᠦ ᠪᠠᠶᠢᠬᠤ ᠳᠤ ᠨᠢᠭᠡᠨ ᠨᠠᠰᠤᠳᠠᠨ ᠤᠮᠪᠤᠯᠤ ᠪᠠᠨ ᠭᠦᠷᠢᠶᠡᠨ ᠳᠤ ᠨᠠᠭᠠᠳᠤᠭᠤᠯᠬᠤ ᠲᠠᠢ ᠲᠠᠭᠠᠷᠠᠯᠳᠤᠵᠠᠢ᠃ | ᠨᠠᠰᠤᠳᠠᠨ ᠲᠦᠷᠪᠡ ᠲᠠᠪᠤ ᠭᠦᠷᠦᠭᠰᠡᠨ ᠤᠮᠪᠤᠯᠤ ᠪᠠᠨ ᠬᠤᠶᠢᠨ᠎ᠠ ᠠᠴᠠ ᠨᠢ ᠲᠦᠭᠡ ᠰᠠᠯᠤᠯ ᠦᠭᠡᠢ ᠲᠠᠭᠠᠵᠦ᠂ ᠤᠨᠠᠵᠦ | ᠲᠤᠰᠴᠦ᠂ ᠮᠦᠷᠭᠦᠵᠦ ᠰᠢᠷᠬᠠᠳᠤᠬᠤ ᠠᠴᠠ ᠨᠢ ᠬᠢᠴᠢᠶᠠᠨ ᠲᠡᠮᠡᠢ ᠤᠳᠠᠭᠰᠠᠨ ᠦᠭᠡᠢ ᠤᠮᠪᠤᠯᠤ ᠪᠠᠨ ᠠᠷᠭᠠᠳᠠᠵᠦ ᠭᠡᠷ ᠲᠡᠭᠡᠨ | ᠠᠪᠴᠦ ᠤᠷᠤᠭᠰᠠᠨ ᠭᠡᠨ᠎ᠠ᠃ ᠬᠠᠰ᠄ ︽ᠭᠡᠦᠭᠡᠳ ᠢᠶᠠᠨ ᠭᠡᠵᠢᠶᠡᠳᠡ ᠭᠡᠷ ᠲᠤ ᠬᠤᠷᠢᠭᠠᠳ ᠭᠠᠷᠭᠠᠬᠤ ᠦᠭᠡᠢ ᠪᠤᠯ | ᠭᠡᠦᠭᠡᠳ ᠦᠪᠡᠷᠳᠡᠭᠡᠨ ᠴᠦ ᠵᠤᠵᠢᠭ ᠵᠠᠩ ᠲᠠᠢ ᠪᠤᠯᠴᠢᠬᠠᠨ᠎ᠠ᠃ ᠬᠠᠷᠢᠨ ᠲᠤᠭᠳᠠᠭᠰᠠᠨ ᠴᠠᠭ ᠲᠠᠢ ᠭᠠᠳᠠᠨ᠎ᠠ ᠭᠠᠷᠭᠠᠵᠦ | ᠪᠤᠰᠤᠳ ᠭᠡᠦᠭᠡᠳ ᠤᠳ ᠲᠠᠢ ᠬᠠᠮᠳᠤ ᠨᠠᠭᠠᠳᠤᠭᠤᠯᠬᠤ ᠭᠡᠷᠡᠭᠳᠠᠢ᠃ ᠢᠡᠭᠭᠢᠪᠡᠯ ᠪᠠᠭ᠎ᠠ ᠠᠴᠠ ᠪᠠᠨ ᠪᠤᠰᠤᠳ ᠲᠠᠢ ᠢᠯᠡᠭᠦᠤ | ᠬᠠᠷᠢᠯᠴᠠᠵᠦ᠂ ᠨᠡᠩ ᠴᠤᠪᠤᠭᠤ ᠲᠡᠭᠵᠢᠨ ᠪᠤᠯᠵᠦ ᠭᠡᠦᠭᠡᠳ ᠵᠠᠩ ᠢᠶᠠᠨ ᠬᠠᠳᠠᠭᠠᠯᠠᠵᠦ ᠴᠢᠳᠠᠨ᠎ᠠ᠃ ᠮᠦᠨ ᠴᠦ ᠭᠠᠳᠠᠨ᠎ᠠ | ᠢᠯᠡᠭᠦᠦ ᠭᠦᠶᠦᠭᠦ ᠨᠢ ᠪᠡᠶ᠎ᠠ ᠮᠠᠬᠠᠪᠤᠳ ᠲᠤᠨᠢ ᠲᠤᠰᠠᠳᠠᠢ ︾ ᠭᠡᠵᠦ ᠶᠠᠷᠢᠨ᠎ᠠ᠃ | ᠤᠳᠤ ᠶᠢᠨ ᠭᠡᠦᠭᠡᠳ ᠤᠳ ᠭᠡᠷ ᠲᠤ ᠬᠤᠷᠭᠤᠳᠠᠭᠠᠳ ᠪᠠᠶᠢᠳᠠᠭ ᠨᠢ ᠨᠢᠭᠡ ᠲᠠᠯ᠎ᠠ ᠪᠠᠷ ᠲᠧᠯᠸᠢᠰ ᠪᠤᠶᠤ | ᠭᠠᠷ ᠤᠳᠠᠰᠤ ᠵᠡᠷᠭᠡ ᠡᠯᠧᠺᠲᠷᠤᠨ ᠮᠠᠰᠢᠨ ᠳᠤ ᠲᠠᠳᠠᠭᠳᠠᠨ ᠭᠡᠷ ᠠᠴᠠ ᠭᠠᠷᠬᠤ ᠲᠤᠷ᠎ᠠ ᠦᠭᠡᠢ ᠪᠠᠶᠢᠵᠦ᠂ ᠨᠦᠭᠦᠭᠡ | ᠲᠠᠯ᠎ᠠ ᠪᠠᠷ ᠭᠡᠷ ᠤᠨ ᠭᠦᠮᠦᠰ ᠨᠢ ᠭᠡᠦᠭᠡᠳ ᠢᠶᠠᠨ ᠭᠠᠳᠠᠨ᠎ᠠ ᠭᠠᠷᠭᠠᠪᠠᠯ ᠲᠡᠷᠭᠡ ᠤᠨᠤᠭ᠎ᠠ ᠳᠤ ᠮᠦᠷᠭᠦᠭᠳᠡᠴᠢᠬᠡᠬᠦ ᠠᠶᠤᠯᠳᠠᠢ | ᠭᠡᠮᠡᠨ ᠪᠤᠳᠤᠵᠦ ᠭᠡᠦᠭᠡᠳ ᠢᠶᠠᠨ ᠭᠡᠷ ᠠᠴᠠ ᠭᠠᠷᠭᠠᠳᠠᠭ ᠦᠭᠡᠢ᠃ ᠦᠨᠡᠨ ᠢ ᠭᠡᠯᠡᠭᠦ ᠳᠤ ᠤᠯᠠᠨ ᠭᠡᠷ ᠤᠨ ᠠᠬᠠᠮᠠᠳ | ᠦᠪᠡᠷ ᠤᠨ ᠠᠮᠠᠷ ᠢᠶᠠᠨ ᠪᠤᠳᠤᠵᠦ ᠭᠡᠦᠭᠡᠳ ᠢᠶᠠᠨ ᠪᠠᠷᠤᠭ ᠤᠢ ᠭᠦᠷᠭᠦ ᠠᠴᠠ ᠨᠢ ᠡᠮᠦᠨ᠎ᠠ ᠭᠠᠷ ᠤᠳᠠᠰᠤ ᠪᠤᠶᠤ | ᠡᠯᠧᠺᠲᠷᠤᠨ ᠮᠠᠰᠢᠨ ᠲᠠᠢ ᠤᠢᠢᠷᠠᠳᠤᠭᠤᠯᠳᠠᠬ ᠪᠤᠯᠬᠤᠷ ᠬᠡᠦᠬᠡᠳ ᠨᠢ ᠡᠳᠦᠷ ᠤᠨ ᠤᠳᠠᠭᠠᠨ ᠳᠠᠭᠠᠨ ᠡᠶᠢᠮᠦ ᠨᠢᠭᠡᠨ ᠵᠠᠩ | ᠲᠠᠳᠬᠠᠯ ᠢ ᠪᠤᠢ ᠪᠤᠯᠭᠠᠴᠢᠬᠠᠳᠠᠬ᠃ ᠡᠭᠦᠨ ᠤ ᠳ᠋ᠦᠡᠭ ᠳᠤ ᠭᠡᠦᠭᠡᠳ ᠨᠢ ᠭᠠᠷ ᠤᠳᠠᠰᠤ ᠡᠯᠧᠺᠲᠷᠤᠨ ᠮᠠᠰᠢᠨ ᠤ | ᠲᠤᠭᠯᠠᠭᠠᠮ ᠳᠤ ᠰᠢᠨᠤᠵᠦ᠂ ᠴᠠᠭ ᠢᠮᠠᠭᠳᠠ ᠨᠢᠭᠡ ᠤᠷᠤᠨ ᠠᠴᠠ ᠪᠠᠨ ᠭᠦᠳᠡᠯᠦᠯ ᠦᠭᠡᠢ ᠰᠠᠭᠤᠵᠦ᠂ ᠲᠡᠷᠡᠭᠦ ᠭᠦᠭᠡᠷᠦᠭᠦᠨ | ᠴᠤᠪᠤᠭᠤ ᠵᠠᠩ ᠠᠭᠠᠯᠢ ᠨᠢ ᠦᠭᠡᠢ ᠪᠤᠯᠵᠦ᠂ ᠭᠡᠷ ᠤᠨ ᠮᠤᠬᠤᠷ ᠲᠤ ᠲᠤᠩᠭᠤᠢᠢᠵᠦ ᠰᠠᠭᠤᠭᠠᠳ ᠶᠠᠭᠤ ᠠᠰᠠᠭᠤᠭᠰᠠᠨ ᠴᠦ | ᠲᠤᠤᠭᠠᠷᠬᠤ ᠦᠭᠡᠢ ᠵᠠᠩ ᠲᠠᠢ ᠪᠤᠯᠴᠢᠬᠠᠳᠠᠭ᠃ | ᠭᠡᠦᠭᠡᠳ ᠨᠠᠰᠤ ᠭᠡᠳᠡᠭ ᠴᠢᠨᠢ ᠨᠠᠭᠠᠳᠴᠦ ᠲᠤᠭᠯᠠᠨ ᠭᠦᠶᠦᠯᠳᠦᠳᠡᠭ ᠴᠤᠪᠤᠭᠤ ᠲᠡᠭᠵᠢᠨ ᠨᠠᠰᠤ ᠪᠠᠶᠢᠬᠤ | ᠶᠤᠰᠤᠳᠠᠢ᠃ ᠡᠶᠢᠮᠦ ᠤᠴᠢᠷ ᠠᠴᠠ ᠭᠡᠷ ᠤᠨ ᠠᠬᠠᠮᠠᠳ ᠤᠳ ᠦᠪᠡᠷ ᠤᠨ ᠠᠮᠠᠷ ᠢᠶᠠᠨ ᠪᠤᠳᠤᠵᠦ ᠭᠡᠦᠭᠡᠳ ᠤᠳ ᠲᠡᠭᠡᠨ ᠭᠠᠷ | ᠤᠳᠠᠰᠤ ᠡᠯᠧᠺᠲᠷᠤᠨ ᠮᠠᠰᠢᠨ ᠦᠭᠴᠦ ᠨᠠᠭᠠᠳᠤᠭᠤᠯᠬᠤ ᠪᠠᠨ ᠪᠠᠭᠠᠰᠬᠠᠵᠦ᠂ ᠢᠯᠡᠭᠦᠭᠡᠨ ᠭᠠᠳᠠᠨ᠎ᠠ ᠰᠢᠨ᠎ᠠ ᠰᠤᠷᠭᠤᠭ | ᠠᠭᠤᠷ ᠠᠮᠢᠰᠬᠤᠯ ᠳᠤ ᠭᠠᠷᠭᠠᠵᠦ ᠨᠠᠭᠠᠳᠤᠭᠤᠯᠬᠤ ᠭᠡᠷᠡᠭᠳᠠᠢ᠃ ᠭᠡᠦᠭᠡᠳ ᠤᠨ ᠢᠶᠠᠨ ᠭᠦᠭᠡᠷᠦᠭᠦᠨ ᠴᠤᠪᠤᠭᠤ ᠠᠭᠠᠰᠢ ᠵᠠᠩ ᠢ | ᠡᠯᠧᠺᠲᠷᠤᠨ ᠮᠠᠰᠢᠨ ᠢᠶᠠᠷ ᠦᠭᠡᠢ ᠬᠢᠵᠦ ᠪᠤᠯᠬᠤ ᠦᠭᠡᠢ ᠰᠢᠦ︕ |