ᠭᠠᠳᠠᠭᠠᠳᠤ ᠳᠤ ᠰᠤᠷᠤᠯᠴᠠᠬᠤ ᠦᠶ᠎ᠡ ᠶᠢᠨ ᠵᠢᠯᠤᠭᠤᠳᠤᠭᠴᠢ ᠪᠠᠭᠰᠢ ᠪᠠᠨ ᠰᠤᠩᠭᠤᠬᠤ ᠳᠤ ᠲᠤᠲᠠᠭᠳᠠᠵᠦ  ᠪᠤᠯᠤᠰᠢ  ᠦᠭᠡᠢ ᠭᠤᠷᠪᠠᠨ ᠪᠠᠷᠢᠮᠵᠢᠶ᠎ᠠ
ᠨᠡᠶᠢᠲᠡᠯᠡᠭᠰᠡᠨ ᠴᠠᠭ᠄
2016/12/14
            ᠭᠠᠳᠠᠭᠠᠳᠤ ᠳᠤ ᠭᠠᠷᠴᠤ ᠰᠤᠷᠤᠯᠴᠠᠬᠤ ᠳᠤ ᠵᠠᠮᠴᠢ ᠦᠭᠡᠢ᠂ ᠵᠠᠭᠤᠴᠢ ᠦᠭᠡᠢ ᠪᠠᠶᠢᠵᠦ ᠪᠤᠯᠤᠨ᠎ᠠ᠂ ᠬᠠᠷᠢᠨ  ᠵᠢᠯᠤᠭᠤᠳᠤᠭᠴᠢ ᠪᠠᠭᠰᠢ ᠦᠭᠡᠢ ᠪᠠᠶᠢᠵᠦ ᠪᠤᠯᠬᠤ ᠦᠭᠡᠢ᠃ ᠢᠯᠠᠩᠭᠤᠶ᠎ᠠ ᠠᠰᠫᠢᠷᠡᠨᠲ ᠪᠤᠯᠤᠨ ᠳ᠋ᠤᠺᠲ᠋ᠤᠷᠠᠨᠲ ᠲᠤ ᠠᠪᠴᠤ ᠬᠡᠯᠡᠪᠡᠯ ᠡᠨᠡ ᠨᠢ ᠨᠡᠩ  ᠴᠦ ᠴᠢᠬᠤᠯᠠ ᠶᠤᠮ᠃              ᠪᠠᠷᠢᠮᠵᠢᠶ᠎ᠠ ᠨᠢᠭᠡ᠄             ᠲᠤᠷ᠎ᠠ ᠰᠤᠨᠢᠷᠬᠠᠯ ᠨᠢᠭᠡᠳᠴᠤ ᠦᠢᠯᠡᠰᠴᠢ ᠪᠠᠶᠢᠬᠤ ᠨᠢ ᠬᠠᠮᠤᠭ ᠴᠢᠬᠤᠯᠠ             ᠵᠢᠯᠤᠭᠤᠳᠤᠭᠴᠢ ᠪᠠᠭᠰᠢ ᠶᠢᠨ ᠲᠤᠰᠬᠠᠶᠢᠵᠢᠭᠰᠠᠨ ᠴᠢᠨᠠᠷ ᠨᠢ ᠰᠤᠷᠤᠭᠴᠢ ᠶᠢᠨ ᠬᠢᠷᠢ ᠬᠡᠮᠵᠢᠶ᠎ᠡ ᠶᠢ ᠶᠡᠬᠡᠪᠡᠷ ᠨᠦᠯᠦᠭᠡᠯᠡᠳᠡᠭ᠃ ᠡᠶᠢᠮᠤ ᠠᠴᠠ ᠵᠢᠯᠤᠭᠤᠳᠤᠭᠴᠢ ᠪᠠᠭᠰᠢ ᠪᠠᠨ ᠰᠤᠩᠭᠤᠬᠤ ᠳᠠᠭᠠᠨ ᠲᠤᠬᠠᠶᠢᠯᠠᠭᠰᠠᠨ ᠠᠵᠢᠯ ᠤᠨ  ᠴᠢᠭᠯᠡᠯ  ᠨᠢᠭᠡᠳᠡᠢ  ᠮᠦᠷᠲᠡᠭᠡᠨ  ᠠᠵᠢᠯ ᠦᠢᠯᠡᠰ ᠢᠶᠠᠨ ᠳᠡᠭᠡᠳᠤᠯᠡᠳᠡᠭ ᠪᠠᠭᠰᠢ ᠶᠢ ᠰᠤᠩᠭᠤᠵᠦ ᠤᠯᠬᠤ ᠨᠢ ᠭᠠᠳᠠᠭᠠᠳᠤ ᠳᠤ  ᠰᠤᠷᠤᠯᠴᠠᠭᠴᠢ  ᠎ ᠶᠢᠨ  ᠰᠤᠷᠤᠯᠭ᠎ᠠ  ᠎ ᠶᠢ  ᠶᠡᠬᠡᠪᠡᠷ ᠳᠡᠭᠡᠭᠰᠢᠯᠡᠭᠦᠯᠵᠦ ᠴᠢᠳᠠᠳᠠᠭ᠃             ᠸᠠᠩ ᠰᠢᠤᠸᠠᠨ ︵ᠪᠤᠷᠤᠭᠤᠯᠠᠭᠰᠠᠨ ᠨᠡᠷ᠎ᠡ︶ ᠠᠩᠭ᠍ᠯᠢ ᠶᠢᠨ ᠳ᠋ᠦᠯᠤᠨ ᠶᠡᠭᠡ ᠰᠤᠷᠭᠠᠭᠤᠯᠢ ᠠᠴᠠ ᠲᠡᠭᠦᠰᠴᠠᠢ᠃  ᠵᠢᠯᠤᠭᠤᠳᠤᠭᠴᠢ ᠪᠠᠭᠰᠢ ᠰᠤᠩᠭᠤᠬᠤ ᠳᠠᠭᠠᠨ ᠵᠠᠪᠠᠯ ᠠᠵᠢᠯ ᠦᠢᠯᠡᠰᠴᠢ ᠪᠠᠭᠰᠢ ᠰᠤᠩᠭᠤᠬᠤ ᠬᠡᠷᠡᠭᠲᠡᠢ ᠭᠡᠵᠦ  ᠲᠡᠷᠡ  ᠤᠨᠴᠠᠭᠠᠶᠢᠯᠠᠨ  ᠴᠢᠬᠤᠯᠠᠴᠢᠯᠠᠵᠦ ᠪᠠᠶᠢᠪᠠ᠃ ︽ᠪᠢ ᠭᠠᠳᠠᠭᠠᠳᠤ ᠳᠤ ᠰᠤᠷᠤᠯᠴᠠᠵᠦ ᠪᠠᠶᠢᠬᠤ ᠳᠠᠭᠠᠨ ᠲᠡᠭᠦᠰᠬᠦ ᠦᠭᠦᠯᠡᠯ ᠪᠢᠴᠢᠬᠦ ᠭᠡᠳ ᠠᠰᠠᠭᠤᠳᠠᠯ  ᠎ ᠳᠤ  ᠲᠤᠯᠭᠠᠷᠠᠵᠦ᠂ ᠵᠢᠯᠤᠭᠤᠳᠤᠭᠴᠢ ᠪᠠᠭᠰᠢ ᠳᠠᠭᠠᠨ ᠢᠯᠡᠭᠡᠮᠵᠢ ᠶᠠᠪᠤᠭᠤᠯᠤᠭᠰᠠᠨ ᠳᠤ ᠲᠡᠷᠡ ᠨᠢᠭᠡ ᠶᠡᠭᠡ ᠦᠷᠭᠡᠨ ᠬᠡᠪᠴᠢᠶᠡᠨ ᠤ ᠰᠠᠨᠠᠭᠤᠯᠭ᠎ᠠ ᠦᠭᠭᠦᠭᠡᠳ ᠪᠠᠶᠢᠭᠰᠠᠨ ᠠᠴᠠ ᠪᠢᠰᠢ ᠶᠠᠮᠠᠷᠴᠤ ᠪᠤᠳᠠᠲᠠᠢ ᠲᠤᠰᠠᠯᠠᠮᠵᠢ ᠦᠭᠭᠦᠭᠰᠡᠨ‌ᠦᠭᠡᠢ︾ ᠭᠡᠵᠦ ᠤᠷᠮ᠎ᠠ ᠮᠠᠭᠤᠲᠠᠢ ᠶᠠᠷᠢᠨ᠎ᠠ᠃             ᠯᠢ ᠬᠤᠢ ᠽᠢ ᠪᠤᠯ ᠸᠧᠢᠰᠷᠢ ᠶᠡᠭᠡ ᠰᠤᠷᠭᠠᠭᠤᠯᠢ ᠳᠤ ᠬᠦᠮᠦᠵᠢᠭᠳᠡᠭᠰᠡᠨ ᠳ᠋ᠤᠺᠲ᠋ᠤᠷ ᠪᠤᠯᠤᠨ᠎ᠠ᠃  ᠲᠡᠭᠦᠨ  ᠎ ᠤ  ᠦᠵᠡᠬᠦ  ᠎ ᠪᠠᠷ ᠵᠢᠯᠤᠭᠤᠳᠤᠭᠴᠢ ᠪᠠᠭᠰᠢ ᠰᠤᠩᠭᠤᠬᠤ ᠶᠢᠨ ᠬᠠᠮᠤᠭ ᠴᠢᠬᠤᠯᠠ ᠪᠠᠷᠢᠮᠵᠢᠶ᠎ᠠ ᠪᠤᠯ ᠡᠷᠳᠡᠮ  ᠰᠢᠨᠵᠢᠯᠡᠭᠡᠨ  ᠎ ᠤ  ᠲᠤᠷ᠎ᠠ  ᠪᠠᠬ᠎ᠠ  ᠨᠢᠭᠡᠲᠡᠢ᠂ ᠲᠤᠬᠠᠶᠢᠯᠠᠭᠰᠠᠨ ᠠᠵᠢᠯ ᠤᠨ ᠴᠢᠭᠯᠡᠯ ᠢᠵᠢᠯᠢ᠂ ᠠᠵᠢᠯ ᠦᠢᠯᠡᠰᠴᠢ ᠪᠠᠶᠢᠬᠤ ᠬᠡᠷᠡᠭᠲᠡᠢ᠃ ︽ᠠᠨ ᠪᠠᠭᠰᠢ  ᠰᠤᠷᠤᠭᠴᠢ  ᠎ ᠳᠠᠭᠠᠨ  ᠲᠤᠩ ᠬᠠᠷᠢᠭᠤᠴᠠᠯᠭᠠᠲᠠᠢ᠂ ᠠᠰᠠᠭᠤᠭᠰᠠᠨ ᠵᠥᠢᠯ ᠢ ᠠᠯᠳᠠᠯ ᠦᠭᠡᠢ ᠲᠠᠶᠢᠯᠵᠦ ᠦᠭᠭᠦᠨ᠎ᠡ᠂ ᠠᠯᠪᠠᠨ ᠭᠡᠷ ᠠᠴᠠ ᠨᠢ  ᠭᠠᠷᠴᠤ  ᠢᠷᠡᠬᠦ  ᠪᠦᠷᠢ ᠪᠦᠷ ᠠᠳᠠᠯᠢ ᠪᠤᠰᠤ ᠤᠯᠤᠯᠲᠠ ᠲᠠᠢ ᠪᠠᠶᠢᠳᠠᠭ︾ ᠭᠡᠵᠦ ᠯᠢ ᠬᠤᠢ ᠽᠢ ᠨᠦᠬᠦᠵᠦ ᠬᠡᠯᠡᠨ᠎ᠡ᠃             ᠭᠤᠸᠠᠨ ᠰᠢᠶᠤᠤ ᠰᠢᠨ ︵ᠪᠤᠷᠤᠭᠤᠯᠠᠭᠰᠠᠨ ᠨᠡᠷ᠎ᠡ︶ ᠤᠳᠤ ᠠᠮᠧᠷᠢᠺᠠ ᠶᠢᠨ ᠨᠢᠦ᠋ ᠶᠤᠷᠺ ᠤᠨ ᠹᠥᠷᠳᠧᠬᠠᠮ ᠶᠡᠭᠡ ᠰᠤᠷᠭᠠᠭᠤᠯᠢ ᠶᠢᠨ ᠰᠤᠷᠭᠠᠨ ᠬᠦᠮᠤᠵᠢᠯ ᠤᠨ ᠲᠤᠰᠬᠠᠢ ᠮᠡᠷᠭᠡᠵᠢᠯ ᠳᠤ ᠰᠤᠷᠤᠯᠴᠠᠵᠦ ᠪᠠᠶᠢᠨ᠎ᠠ᠃ ︽ᠮᠢᠨᠤ ᠰᠤᠷᠤᠯᠴᠠᠬᠤ ᠴᠢᠭᠯᠡᠯ ᠪᠤᠯᠤᠨ‌ᠵᠢᠯᠤᠭᠤᠳᠤᠭᠴᠢ ᠪᠠᠭᠰᠢ ᠶᠢᠨ ᠦᠵᠡᠯᠲᠡ ᠲᠤᠩ ᠨᠡᠶᠢᠯᠡᠮᠵᠢᠲᠡᠢ ᠪᠠᠶᠢᠳᠠᠭ᠃ ᠪᠠᠭᠰᠢ ᠲᠤᠷᠰᠢᠯᠭ᠎ᠠ ᠰᠠᠶᠢᠲᠠᠢ ᠪᠤᠯᠬᠤᠷ ᠨᠡᠳᠡ ᠳᠤ ᠮᠠᠰᠢ ᠠᠷᠪᠢᠨ ᠲᠤᠰᠠᠲᠠᠢ ᠮᠠᠲ᠋ᠧᠷᠢᠶᠠᠯ ᠦᠭᠴᠤ ᠮᠢᠨᠤ ᠬᠢᠷᠢ ᠳᠦᠪᠰᠢᠨ ᠢ ᠶᠡᠬᠡᠪᠡᠷ ᠳᠡᠭᠡᠭᠰᠢᠯᠡᠭᠦᠯᠦᠭᠰᠡᠨ ᠶᠤᠮ︾ ᠭᠡᠵᠦ ᠲᠡᠷᠡ ᠤᠷᠮᠠᠲᠠᠢ ᠶᠠᠷᠢᠨ᠎ᠠ᠃             ᠪᠠᠷᠢᠮᠵᠢᠶ᠎ᠠ  ᠬᠤᠶᠠᠷ᠄             ᠡᠷᠳᠡᠮ ᠰᠢᠨᠵᠢᠯᠡᠭᠡᠨ ᠡᠬᠢ ᠪᠠᠶᠠᠯᠢᠭ ᠡᠯᠪᠡᠭ ᠮᠦᠷᠲᠡᠭᠡᠨ ᠰᠤᠷᠤᠭᠴᠢ ᠲᠠᠢ ᠪᠠᠨ ᠬᠤᠪᠢᠶᠠᠯᠴᠠᠬᠤ ᠲᠤᠷᠠᠲᠠᠢ             ᠲᠤᠷ᠎ᠠ ᠰᠤᠨᠢᠷᠬᠠᠯ ᠨᠢᠭᠡᠲᠡᠢ ᠮᠦᠷᠲᠡᠭᠡᠨ ᠡᠷᠳᠡᠮ ᠰᠢᠨᠵᠢᠯᠡᠭᠡᠨ ᠤ ᠦᠪ ᠪᠠᠶᠠᠯᠢᠭ ᠡᠯᠪᠡᠭ᠂ ᠲᠡᠭᠦᠨ ᠢᠶᠠᠨ ᠰᠤᠷᠤᠭᠴᠢ  ᠎ ᠲᠠᠢ ᠪᠠᠨ ᠬᠤᠪᠢᠶᠠᠯᠴᠠᠬᠤ ᠲᠤᠷᠠᠲᠠᠢ ᠪᠠᠭᠰᠢ ᠪᠤᠯ ᠰᠤᠷᠤᠭᠴᠢ ᠶᠢᠨ ᠬᠢᠷᠢ ᠲᠦᠪᠰᠢᠨ ᠢ ᠳᠡᠭᠡᠭᠰᠢᠯᠡᠭᠦᠯᠵᠦ ᠴᠢᠳᠠᠨ᠎ᠠ᠃             ᠭᠤᠸᠠᠨ ᠰᠢᠶᠤᠤ ᠰᠢᠨ ᠤ ᠲᠠᠨᠢᠯᠴᠠᠭᠤᠯᠬᠤ ᠪᠠᠷ᠄ ︽ᠮᠠᠨ ᠤ ᠪᠠᠭᠰᠢ ᠪᠢᠳᠡᠨ ᠤ ᠲᠤᠷ᠎ᠠ ᠰᠤᠨᠢᠷᠬᠠᠯ ᠢ ᠶᠡᠭᠡ ᠬᠦᠨᠳᠤᠳᠭᠡᠳᠡᠭ ᠪᠦᠭᠡᠳ‌ᠦᠪᠡᠷ ᠤᠨ ᠡᠯᠪᠡᠭ ᠪᠠᠶᠠᠯᠢᠭ ᠡᠷᠳᠡᠮ ᠮᠡᠳᠡᠯᠭᠡ ᠪᠠᠨ ᠪᠢᠳᠡᠨ ᠲᠠᠢ  ᠬᠤᠪᠢᠶᠠᠯᠴᠠᠬᠤ  ᠲᠤᠩ  ᠲᠤᠷᠠᠲᠠᠢ  ᠪᠠᠶᠢᠳᠠᠭ  ᠪᠤᠯᠬᠤᠷ ᠪᠢᠳᠡᠨ ᠳᠤ ᠲᠤᠩ ᠶᠡᠭᠡ ᠲᠤᠰᠠ ᠲᠡᠮᠵᠢᠯᠭᠡ ᠪᠤᠯᠳᠠᠭ︾ ᠭᠡᠯ᠎ᠡ             ᠯᠢ ᠬᠤᠢ ᠽᠢ ᠡᠭᠦᠨ ᠤ ᠲᠤᠬᠠᠢ ᠭᠦᠨ ᠤᠶᠢᠯᠠᠭᠠᠯᠲᠠ ᠲᠠᠢ ᠪᠠᠶᠢᠵᠦ᠄  ︽ᠠᠨ  ᠪᠠᠭᠰᠢ  ᠪᠢᠳᠡᠨ  ᠎ ᠳᠤ  ᠠᠮᠧᠷᠢᠺᠠ  ᠎ ᠶᠢᠨ ᠠᠯᠳᠠᠷᠳᠤ ᠡᠷᠳᠡᠮᠲᠡᠳ ᠤᠨ ᠵᠤᠬᠢᠶᠠᠯ ᠪᠤᠯᠤᠨ ᠲᠤᠰ ᠪᠡᠶ᠎ᠡ ᠶᠢ ᠨᠢ ᠲᠠᠨᠢᠯᠴᠠᠭᠤᠯᠵᠦ ᠦᠭᠳᠡᠭ ᠪᠦᠭᠡᠳ ᠲᠡᠳᠡᠨ  ᠎ ᠠᠴᠠ  ᠶᠠᠭᠤ  ᠶᠠᠭᠤ ᠤᠯᠵᠦ ᠰᠤᠷᠬᠤ ᠶᠢ ᠵᠢᠭᠠᠵᠦ  ᠲᠤᠬᠢᠳᠠᠭ᠂  ᠡᠨᠡ  ᠎ ᠨᠢ  ᠪᠢᠳᠡᠨ  ᠎ ᠳᠤ  ᠬᠠᠮᠤᠭ  ᠰᠢᠨ᠎ᠡ  ᠮᠡᠷᠭᠡᠵᠢᠯ  ᠎ ᠤᠨ  ᠬᠦᠳᠡᠯᠤᠯ  ᠪᠠᠶᠢᠳᠠᠯ  ᠎ ᠢ ᠤᠶᠢᠯᠠᠭᠠᠭᠤᠯᠳᠠᠭ ᠰᠠᠨ︾ ᠭᠡᠵᠦ ᠬᠡᠯᠡᠨ᠎ᠡ᠃              ᠪᠠᠷᠢᠮᠵᠢᠶ᠎ᠠ ᠭᠤᠷᠪᠠ᠄             ᠬᠦᠮᠤᠨ ᠮᠦᠰᠦ ᠰᠠᠶᠢᠲᠠᠢ᠂ ᠲᠤᠲᠤᠨᠤ ᠬᠠᠯᠠᠭᠤᠮᠰᠤᠭ             ᠰᠤᠷᠤᠭᠴᠢ ᠨᠢ ᠵᠢᠯᠤᠭᠤᠳᠤᠭᠴᠢ ᠪᠠᠭᠰᠢ ᠰᠤᠩᠭᠤᠬᠤ ᠳᠠᠭᠠᠨ ᠵᠢᠯᠤᠭᠤᠳᠤᠭᠴᠢ ᠪᠠᠭᠰᠢ ᠶᠢᠨ ᠢᠶᠠᠨ  ᠡᠶᠡᠯᠰᠡᠭ  ᠵᠠᠩ  ᠠᠪᠤᠷᠢ ᠪᠤᠯᠤᠨ ᠵᠢᠯᠤᠭᠤᠳᠤᠭᠴᠢ ᠪᠠᠭᠰᠢ ᠶᠢᠨ ᠢᠶᠠᠨ ᠬᠦᠮᠤᠨ ᠮᠦᠰᠦ ᠶᠢ ᠲᠠᠨᠢᠵᠦ᠂ ᠲᠡᠷᠡ ᠨᠢ ᠦᠷᠭᠡᠨ  ᠤᠯᠠᠨ  ᠪᠠᠭᠰᠢ  ᠰᠤᠷᠤᠭᠴᠢ  ᠎ ᠳᠤ ᠮᠡᠳᠡᠷᠡᠭᠳᠡᠭᠰᠡᠨ ᠡᠰᠡᠬᠦ ᠶᠢ ᠦᠵᠡᠬᠦ ᠬᠡᠷᠡᠭᠲᠡᠢ᠃             ᠯᠢ ᠬᠤᠢ ᠽᠢ ᠨᠢᠭᠡᠨ ᠰᠠᠶᠢᠨ ᠵᠢᠯᠤᠭᠤᠳᠤᠭᠴᠢ ᠪᠠᠭᠰᠢ ᠲᠠᠢ ᠪᠤᠯᠤᠭᠰᠠᠨ ᠳᠠᠭᠠᠨ ᠲᠥᠢᠯ ᠤᠨ ᠪᠠᠶᠠᠷᠲᠠᠢ ᠪᠠᠶᠢᠯ᠎ᠠ᠃  ᠪᠠᠭᠰᠢ ᠶᠢᠨ ᠨᠦᠯᠦᠭᠡ ᠨᠢ ᠰᠤᠷᠤᠭᠴᠢ ᠳᠤ ᠲᠤᠩ ᠶᠡᠭᠡ ᠲᠤᠰᠠ ᠪᠤᠯᠳᠠᠭ᠃ ᠮᠠᠨ ᠤ ᠠᠨ ᠪᠠᠭᠰᠢ ᠰᠤᠷᠤᠭᠴᠢᠳ ᠎ ᠲᠠᠭᠠᠨ  ᠬᠦᠷᠢᠶᠡᠯᠡᠯ  ᠎ ᠲᠠᠢ᠂ ᠲᠤᠲᠤᠭᠠᠳᠤ ᠭᠠᠳᠠᠭᠠᠳᠤ ᠶᠢᠨ ᠡᠷᠳᠡᠮ ᠰᠢᠨᠵᠢᠯᠡᠭᠡᠨ ᠤ ᠬᠦᠷᠢᠶᠡᠨ  ᠨᠡᠷ᠎ᠡ  ᠬᠦᠨᠳᠤᠲᠠᠢ᠂  ᠰᠤᠷᠤᠭᠴᠢ  ᠎ ᠳᠠᠭᠠᠨ  ᠬᠠᠶᠢᠷᠠᠲᠠᠢ  ᠪᠤᠯᠬᠤᠷ ᠶᠤᠰᠤᠲᠠᠢ ᠮᠢᠨᠤ ᠡᠨᠡᠷᠢᠯᠳᠤ ᠪᠠᠭᠰᠢ ᠶᠤᠮ᠃ ᠲᠡᠷᠡ ᠡᠷᠳᠡᠮ ᠰᠢᠨᠵᠢᠯᠡᠭᠡᠨ ᠤ ᠲᠠᠯ᠎ᠠ ᠪᠠᠷ ᠪᠢᠳᠡᠨ ᠳᠤ ᠶᠡᠭᠡ ᠮᠡᠳᠡᠯᠭᠡ ᠰᠤᠷᠭᠠᠭᠰᠠᠨ ᠢᠶᠠᠷ ᠪᠠᠷᠠᠬᠤ ᠦᠭᠡᠢ᠂ ᠠᠮᠢᠳᠤᠷᠠᠯ ᠤᠨ ᠲᠠᠯ᠎ᠠ ᠪᠠᠷ ᠴᠦ ᠬᠠᠷᠠᠭᠠᠯᠵᠠᠵᠦ ᠴᠢᠳᠠᠳᠠᠭ᠃ ᠪᠢ ᠠᠮᠧᠷᠢᠺᠠ ᠳᠤ ᠤᠴᠢᠬᠤ ᠦᠶᠡᠰ ᠲᠤ ᠪᠠᠭᠰᠢ ᠮᠢᠨᠢ ᠤᠳᠠᠰᠤ ᠪᠠᠷ ᠬᠠᠷᠢᠯᠴᠠᠨ ᠨᠠᠳᠠ ᠳᠤ ᠰᠠᠭᠤᠬᠤ ᠭᠡᠷ ᠪᠡᠯᠡᠨ ᠪᠤᠯᠭᠠᠭᠰᠠᠨ ᠪᠦᠭᠡᠳ ᠪᠠᠰᠠ ᠨᠢᠰᠭᠡᠯ ᠤᠨ ᠪᠢᠯᠧᠲ᠂ ᠰᠤᠯᠢᠵᠦ ᠰᠠᠭᠤᠬᠤ ᠲᠡᠷᠭᠡᠨ ᠪᠢᠯᠧᠲ ᠢ ᠬᠦᠷᠲᠡᠯ᠎ᠡ ᠲᠤᠬᠢᠷᠠᠭᠤᠯᠵᠦ ᠦᠭᠭᠦᠭᠰᠡᠨ ᠶᠤᠮ ᠭᠡᠵᠦ ᠲᠡᠷᠡ ᠲᠠᠯᠠᠷᠬᠠᠵᠦ ᠶᠠᠷᠢᠨ᠎ᠠ᠃             ᠵᠢᠯᠤᠭᠤᠳᠤᠭᠴᠢ ᠪᠠᠭᠰᠢ ᠶᠢᠨ ᠬᠠᠯᠠᠮᠵᠢᠯᠠᠯ ᠨᠢ ᠬᠠᠷᠢ ᠳᠤ  ᠪᠠᠶᠢᠭ᠎ᠠ  ᠱᠠᠪᠢ  ᠎ ᠳᠠᠭᠠᠨ  ᠬᠢᠵᠠᠭᠠᠯᠠᠰᠢ  ᠦᠭᠡᠢ  ᠬᠠᠯᠠᠭᠤᠨ ᠲᠤᠯᠠᠭᠠᠨ ᠢ ᠠᠪᠴᠢᠷᠠᠳᠠᠭ ᠭᠡᠵᠦ ᠭᠤᠸᠠᠨ ᠰᠢᠶᠤᠤ ᠰᠢᠨ ᠶᠠᠷᠢᠨ᠎ᠠ᠃  ︽ᠮᠠᠨ  ᠎ ᠤ  ᠵᠢᠯᠤᠭᠤᠳᠤᠭᠴᠢ  ᠪᠠᠭᠰᠢ  ᠬᠠᠷᠢ  ᠎ ᠳᠤ  ᠪᠠᠶᠢᠭ᠎ᠠ ᠰᠤᠷᠤᠭᠴᠢᠳ ᠢᠶᠠᠨ ᠲᠥᠢᠯ ᠢᠶᠠᠷ ᠬᠠᠯᠠᠮᠵᠢᠯᠠᠳᠠᠭ᠃ ᠲᠡᠷᠡ ᠪᠤᠯ ᠫᠦᠸ᠋ᠷᠲ᠋ᠤ᠋ ᠷᠢᠪᠤ ᠠᠴᠠ ᠢᠷᠡᠭᠰᠡᠨ ᠬᠦᠮᠤᠨ ᠪᠤᠯᠬᠤᠷ ᠨᠤᠲᠤᠭ ᠤᠰᠤᠨ ᠠᠴᠠ ᠪᠠᠨ ᠰᠠᠯᠤᠭᠰᠠᠨ ᠬᠦᠮᠤᠰ ᠢ ᠶᠡᠭᠡ ᠤᠶᠢᠯᠠᠭᠠᠳᠠᠭ᠃ ᠲᠡᠷᠡ ᠦᠷᠭᠦᠯᠵᠢ ᠵᠠᠪ ᠭᠠᠷᠭᠠᠨ ᠪᠢᠳᠡᠨ ᠤ ᠰᠤᠷᠤᠯᠭ᠎ᠠ ᠠᠮᠢᠳᠤᠷᠠᠯ ᠪᠤᠯᠤᠨ ᠲᠤᠷ᠎ᠠ ᠰᠤᠨᠢᠷᠬᠠᠯ ᠢ ᠠᠰᠠᠭᠤᠨ ᠬᠠᠯᠠᠮᠵᠢᠯᠠᠳᠠᠭ ᠪᠦᠭᠡᠳ ᠠᠮᠤᠷ ᠳᠦᠪᠰᠢᠨ ᠢᠶᠠᠨ ᠠᠩᠬᠠᠷᠬᠤ ᠳᠤ ᠬᠦᠷᠲᠡᠯ᠎ᠡ  ᠵᠢᠭᠠᠵᠦ  ᠲᠤᠲᠤᠮᠳᠠᠳᠠᠭ ᠪᠢᠯᠡ︾ ᠭᠡᠵᠦ ᠭᠤᠸᠠᠨ ᠰᠢᠶᠤᠤ ᠰᠢᠨ ᠤᠴᠢᠷᠯᠠᠨ᠎ᠠ᠃
 
ᠢᠷᠡᠯᠲᠡ᠄ ᠠᠷᠠᠳ ᠤᠨ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号