ᠮᠣᠩᠭᠤᠯᠴᠤᠳ ᠤᠨ ᠢᠳᠡᠭᠡᠠ ᠤᠮᠳᠠᠭᠠᠠ ᠤ ᠦᠢᠯᠡᠴᠢᠯᠡᠯ ᠪᠠ ᠡᠷᠡᠭᠦᠯ ᠮᠡᠨᠳᠦ
ᠨᠡᠶᠢᠲᠡᠯᠡᠭᠰᠡᠨ ᠴᠠᠭ᠄
2016/12/27
          ᠮᠣᠩᠭᠤᠯᠴᠤᠳ ᠤᠨ ᠢᠳᠡᠭᠡᠠ ᠤᠮᠳᠠ ᠶᠢ ᠶᠡᠷᠦᠩᠭᠡᠢ ᠳᠤᠨᠢ ᠤᠯᠠᠭᠠᠠ ᠢᠳᠡᠭᠡᠠ᠂ ᠴᠠᠭᠠᠠ ᠢᠳᠡᠭᠡᠠ᠂ ᠪᠤᠷᠤ ᠢᠳᠡᠭᠡᠠ ᠪᠠ ᠤᠮᠳᠠᠭᠠᠠ ᠭᠡᠵᠤ  ᠬᠤᠪᠢᠶᠠᠵᠤ  ᠪᠠᠶᠢᠳᠠᠭ᠃  ᠡᠭᠦᠠ  ᠎ ᠳᠤ  ᠤᠯᠠᠭᠠᠠ‌ᠢᠳᠡᠭᠡᠠ ᠨᠢ ᠮᠢᠬᠠᠠ ᠤ ᠲᠥᠷᠥᠯ ᠢ ᠵᠢᠭᠠᠵᠤ᠂ ᠴᠠᠭᠠᠠ ᠢᠳᠡᠭᠡᠠ ᠨᠢ ᠰᠦ ᠰᠠᠭᠠᠯᠢ ᠠᠴᠠ ᠭᠠᠷᠤᠭᠰᠠᠨ ᠢᠳᠡᠭᠡᠠ ᠪᠠ ᠪᠣᠷᠣ ᠢᠳᠡᠭᠡᠠ ᠨᠢ ᠮᠣᠩᠭᠤᠯ ᠠᠮᠤ ᠭᠤᠯᠢᠷ ᠵᠡᠷᠭᠡ ᠶᠢ  ᠵᠢᠭᠠᠵᠤ᠂  ᠣᠮᠳᠠᠭᠠᠠ  ᠎ ᠨᠢ ᠴᠠᠢ᠂ ᠰᠦ ᠠᠶᠢᠷᠠᠭ ᠴᠡᠭᠡ ᠵᠡᠷᠭᠡ ᠶᠢ ᠵᠢᠭᠠᠵᠤ ᠪᠠᠶᠢᠳᠠᠭ᠃ ᠡᠭᠦᠠ ᠳᠤ ᠮᠣᠩᠭᠤᠯᠴᠤᠳ ᠡᠪᠦᠯ ᠤᠨ ᠤᠯᠠᠷᠢᠯ ᠳᠤ ᠤᠯᠠᠭᠠᠠ ᠢᠳᠡᠭᠡᠠ ᠢᠶᠠᠷ  ᠭᠤᠣᠯᠳᠠᠵᠤ᠂  ᠬᠠᠪᠤᠷ  ᠨᠠᠮᠤᠷ  ᠤᠯᠠᠭᠠᠠ  ᠴᠠᠭᠠᠠ  ᠢᠳᠡᠭᠡᠠ ᠬᠤᠯᠢᠯᠳᠤᠵᠤ᠂ ᠵᠤᠠ ᠳᠠᠭᠠᠨ ᠴᠠᠭᠠᠠ ᠢᠳᠡᠭᠡᠠ ᠢᠶᠠᠷ ᠭᠤᠣᠯᠯᠠᠵᠤ᠂ ᠪᠣᠷᠣ ᠢᠳᠡᠭᠡᠠ ᠨᠢ ᠪᠦᠬᠦ ᠵᠢᠯ ᠳᠤ ᠲᠠᠭᠠᠯᠳᠤᠬᠤ ᠢᠳᠡᠭᠡᠠ ᠪᠣᠯᠵᠤ ᠪᠠᠶᠢᠵᠠᠢ᠃ ᠮᠣᠩᠭᠤᠯᠴᠤᠳ ᠨᠠᠮᠤᠷ ᠤᠨ  ᠡᠭᠢᠠ  ᠰᠠᠷ᠎ᠠ  ᠎ ᠳᠤ  ᠱᠥᠯᠦ ᠤᠤᠭᠤᠵᠤ ᠮᠢᠬ᠎ᠠ ᠢᠳᠡᠬᠦ ᠠᠴᠠ ᠡᠭᠢᠯᠡᠡ ᠡᠪᠦᠯ ᠪᠣᠯᠵᠤ ᠢᠳᠡᠰᠢ ᠠᠯᠠᠬᠤ ᠠᠴᠠ ᠡᠭᠢᠯᠡᠡ ᠵᠢᠩᠭᠢᠨᠢ ᠪᠠᠷ ᠮᠢᠬ᠎ᠠ ᠲᠣᠰᠤ ᠢᠳᠡᠵᠤ ᠡᠭᠢᠯᠡᠳᠡᠭ᠃ ᠡᠨᠡ ᠨᠢ ᠤᠮᠠᠷᠠᠳᠤ ᠣᠷᠣᠠ ᠤ ᠭᠦᠢᠳᠡᠡ ᠠᠭᠤᠷ ᠠᠮᠢᠰᠬᠤᠯ ᠲᠠᠢ ᠰᠢᠭᠤᠳ ᠬᠤᠯᠪᠣᠭᠳᠠᠵᠤ ᠪᠠᠶᠢᠳᠠᠭ ᠪᠥᠭᠡᠳ ᠮᠢᠬ᠎ᠠ ᠲᠤᠰᠤ ᠢᠳᠡᠵᠤ ᠡᠨᠧᠷᠭᠢ ᠨᠥᠭᠦᠪᠦᠷᠢᠯᠡᠬᠦ ᠦᠭᠡᠢ ᠪᠣᠯ ᠭᠦᠢᠳᠡᠡ ᠢ ᠲᠡᠰᠪᠦᠷᠢᠯᠡᠭᠦ ᠴᠢᠳᠠᠪᠤᠷᠢ ᠨᠢ ᠮᠠᠭᠤᠳᠠᠵᠤ ᠭᠢᠯᠪᠠᠷᠬᠠᠨ  ᠲᠠᠭᠠᠷᠠᠵᠤ  ᠪᠡᠭᠡᠷᠡᠬᠦ  ᠪᠣᠶᠣ ᠭᠥᠯᠳᠡᠬᠦ ᠵᠡᠷᠭᠡ ᠠᠶᠤᠯ ᠭᠠᠷᠳᠠᠭ ᠠᠴᠠ ᠮᠣᠩᠭᠤᠯᠴᠤᠳ ᠡᠪᠦᠯ ᠤᠨ ᠬᠤᠭᠤᠴᠠᠭᠠᠠ ᠳᠤ ᠮᠢᠬ᠎ᠠ ᠲᠤᠰᠤ ᠪᠠᠷ ᠭᠤᠣᠯᠯᠠᠨ ᠬᠤᠭᠤᠯᠠᠯᠠᠳᠠᠭ ᠪᠠᠶᠢᠨ᠎ᠠ᠃ ᠮᠢᠬ᠎ᠠ ᠲᠤᠰᠤ ᠰᠠᠶᠢᠠ ᠢᠳᠡᠭᠰᠡᠡ ᠬᠦᠮᠦᠠ ᠡᠪᠦᠯ  ᠎ ᠤᠨ ᠭᠤᠷᠪᠠ ᠶᠢᠰᠦ ᠎ ᠶᠢᠨ ᠭᠦᠢᠳᠡᠡ ᠳᠤ ᠠᠵᠢᠭ ᠴᠦ ᠦᠭᠡᠢ ᠠᠵᠢᠯ ᠠᠬᠤᠢ ᠪᠠᠨ ᠭᠢᠵᠤ ᠠᠳᠤᠭᠤ ᠮᠠᠯ ᠬᠠᠷᠢᠭᠤᠯᠵᠤ ᠭᠡᠭᠡᠷ᠎ᠠ ᠭᠠᠳᠠᠨ᠎ᠠ  ᠶᠠᠪᠤᠳᠠᠭ ᠃  ᠮᠢᠬ᠎ᠠ  ᠲᠤᠰᠤ  ᠢᠳᠡᠪᠡᠯ  ᠬᠦᠮᠦᠠ  ᠮᠠᠷᠢᠶᠠᠯᠠᠬᠤ  ᠎ ᠨᠢ ᠶᠠᠷᠢᠶᠠᠠ ᠦᠭᠡᠢ᠃ ᠭᠡᠳᠡᠯ᠎ᠠ ᠬᠠᠪᠤᠷ ᠪᠣᠯᠵᠤ ᠰᠢᠨ᠎ᠠ ᠨᠣᠭᠤᠭ᠎ᠠ ᠪᠣᠯᠳᠠᠶᠢᠬᠤ ᠠᠴᠠ ᠡᠭᠢᠯᠡᠭᠡᠳ ᠡᠮᠦᠨ᠎ᠠ ᠵᠢᠯ ᠤᠨ ᠢᠳᠡᠰᠢ ᠶᠢᠨ  ᠎ ᠢᠶᠠᠨ  ᠦᠯᠡᠳᠡᠪᠦᠷᠢ  ᠬᠠᠳᠠᠭᠰᠠᠨ  ᠪᠣᠷᠴᠠ  ᠮᠢᠬ᠎ᠠ  ᠎ ᠪᠠᠨ  ᠢᠳᠡᠵᠤ  ᠰᠦ ᠰᠠᠭᠠᠯᠢ ᠴᠠᠭᠠᠠ ᠢᠳᠡᠭᠡᠠ ᠤᠷᠤᠭᠤ ᠰᠢᠯᠵᠢᠳᠡᠭ ᠪᠣᠯᠬᠤᠷ ᠬᠦᠮᠦᠠ ᠤ ᠪᠡᠶ᠎ᠠ ᠳᠤ ᠬᠤᠷᠠᠭᠰᠠᠨ ᠢᠯᠠᠭᠦᠴᠠ ᠡᠨᠧᠷᠭᠢ ᠪᠠ ᠮᠠᠷᠢᠶ᠎ᠠ ᠨᠢ ᠪᠠᠭᠤᠷᠠᠵᠤ  ᠪᠡᠶ᠎ᠠ  ᠎ ᠶᠢᠨ  ᠪᠠᠶᠢᠳᠠᠯ  ᠎ ᠨᠢ  ᠲᠠᠬᠢᠠ  ᠲᠡᠩᠴᠡᠭᠦᠷᠢᠰᠢᠵᠤ ᠢᠷᠡᠳᠡᠭ ᠪᠠᠶᠢᠨ᠎ᠠ᠃ ᠲᠡᠭᠡᠭᠡᠳ ᠪᠦᠭᠦᠯᠢ ᠵᠤᠠ ᠪᠠ ᠨᠠᠮᠤᠷ ᠤᠨ ᠲᠤᠷᠰᠢ ᠰᠦ ᠰᠠᠭᠠᠯᠢ ᠤᠤᠭᠤᠵᠤ ᠮᠢᠬᠠᠠ ᠤ ᠵᠦᠢᠯ ᠢ ᠶᠡᠭᠡ ᠢᠳᠡᠳᠡᠭ  ᠦᠭᠡᠢ  ᠪᠣᠯᠬᠤᠷ  ᠮᠢᠬ᠎ᠠ  ᠲᠤᠰᠤ  ᠢᠳᠡᠭᠰᠡᠡ  ᠎ ᠠᠴᠠ  ᠪᠣᠯᠵᠤ ᠬᠦᠮᠦᠠ ᠤ ᠪᠡᠶ᠎ᠠ ᠳᠤ ᠬᠤᠷᠠᠭᠰᠠᠨ ᠠᠷᠬᠠᠭ ᠭᠡᠮ᠂ ᠢᠯᠠᠭᠦᠴᠠ ᠵᠦᠢᠯ ᠢ ᠪᠦᠷ ᠰᠦ ᠰᠠᠭᠠᠯᠢ ᠪᠠᠷ ᠣᠭᠢᠶᠠᠠ ᠴᠡᠪᠡᠷᠰᠢᠭᠦᠯᠵᠤ ᠰᠢᠯᠤᠭᠤᠳᠬᠠᠨ ᠡᠪᠠᠳᠴᠢᠠ  ᠭᠡᠮ  ᠎ ᠢ  ᠎ ᠨᠢ  ᠵᠠᠰᠠᠵᠤ  ᠪᠡᠶ᠎ᠠ  ᠲᠠᠮᠢᠷ  ᠎ ᠢ  ᠎ ᠨᠢ ᠰᠠᠶᠢᠵᠢᠷᠠᠭᠤᠯᠳᠠᠭ᠃ ᠨᠡᠩ ᠴᠦ ᠠᠶᠢᠷᠠᠭ ᠴᠡᠭᠡ ᠪᠣᠯ ᠬᠦᠮᠦᠠ ᠤ ᠪᠡᠶ᠎ᠠ ᠳᠤ ᠬᠤᠷᠠᠭᠰᠠᠨ ᠨᠢᠭᠤᠭᠳᠠᠮᠠᠯ ᠭᠡᠮ ᠪᠠ ᠮᠢᠬ᠎ᠠ ᠲᠤᠰᠤᠠ ᠤ ᠴᠢᠰᠤᠠ ᠳᠤ ᠰᠠᠭᠤᠭᠰᠠᠨ ᠥᠳᠭᠡᠴᠠ ᠶᠢ ᠰᠢᠩᠭᠡᠷᠡᠭᠦᠯᠭᠦ ᠲᠠᠯ᠎ᠠ ᠪᠠᠷ ᠣᠨᠴᠠᠭᠠᠢ ᠦᠢᠯᠡᠳᠦᠯ ᠲᠠᠢ ᠪᠠᠶᠢᠳᠠᠭ᠃ ᠡᠭᠦᠠ ᠠᠴᠠ ᠭᠠᠳᠠᠨ᠎ᠠ ᠬᠠᠭᠤᠷᠤᠭᠰᠠᠨ ᠠᠮᠤ᠂ ᠪᠣᠯᠭᠤᠭᠰᠠᠨ ᠭᠤᠯᠢᠷ ᠵᠡᠷᠭᠡ ᠨᠢ ᠬᠦᠮᠦᠠ ᠤ ᠪᠡᠶ᠎ᠠ ᠳᠤ ᠠᠷᠬᠠᠭ ᠭᠡᠮ ᠰᠠᠭᠤᠯᠭᠠᠬᠤ  ᠦᠭᠡᠢ  ᠠᠷᠢᠭᠤᠠ  ᠴᠡᠪᠡᠷ ᠢᠳᠡᠭᠡᠠ ᠪᠣᠯᠵᠤ ᠬᠦᠮᠦᠠ ᠤ ᠪᠡᠶ᠎ᠠ ᠳᠤ ᠮᠠᠰᠢ ᠣᠯᠠᠠ ᠡᠯᠧᠮᠧᠨ᠋ᠲ ᠨᠥᠭᠦᠪᠦᠷᠢᠯᠡᠵᠤ ᠥᠭᠳᠡᠭ᠃ ᠢᠯᠠᠩᠭᠤᠶ᠎ᠠ ᠠᠶᠢᠷᠠᠭ ᠤᠨ ᠲᠤᠳᠤᠷᠠᠬᠢ ᠢᠰᠭᠦᠭᠦᠷ ᠨᠢ  ᠮᠢᠬ᠎ᠠ  ᠲᠤᠰᠤ  ᠎ ᠶᠢ  ᠢᠰᠭᠡᠵᠤ  ᠥᠭᠡᠭᠦ  ᠎ ᠶᠢ ᠬᠠᠶᠢᠯᠤᠭᠤᠯᠬᠤ᠂ ᠪᠠᠺᠲ᠋ᠧᠷᠢ ᠶᠢ ᠡᠰᠡᠷᠭᠦᠴᠡᠭᠦ ᠣᠨᠴᠠᠭᠠᠢ ᠴᠢᠳᠠᠯ ᠲᠠᠢ ᠪᠠᠶᠢᠳᠠᠭ᠃ ᠡᠭᠦᠠ ᠤ ᠬᠠᠮᠳᠤ ᠮᠣᠩᠭᠤᠯᠴᠤᠳ ᠤᠨ ᠮᠣᠷᠢ ᠤᠨᠤᠬᠤ ᠨᠢ ᠬᠤᠭᠤᠯᠨ ᠪᠤᠳᠠᠭ᠎ᠠ ᠶᠢ ᠰᠢᠩᠭᠡᠭᠡᠭᠦ᠂ ᠪᠡᠶ᠎ᠠ ᠶᠢ ᠲᠠᠮᠢᠷᠵᠢᠭᠤᠯᠬᠤ ᠲᠠᠯ᠎ᠠ ᠪᠠᠷ ᠣᠨᠴᠠᠭᠠᠢ ᠦᠢᠯᠡᠳᠦᠯ ᠲᠠᠢ ᠪᠠᠶᠢᠳᠠᠭ ᠪᠣᠯᠬᠤᠷ ᠮᠣᠩᠭᠤᠯᠴᠤᠳ ᠶᠡᠷᠦᠩᠭᠡᠢ ᠳᠡᠭᠡᠨ ᠣᠷᠳᠤ ᠨᠠᠰᠤᠯᠠᠳᠠᠭ᠃ ᠤᠳᠤ ᠮᠣᠩᠭᠤᠯᠴᠤᠳ  ᠮᠣᠷᠢ  ᠪᠠᠷᠤᠭ  ᠤᠨᠤᠬᠤ  ᠦᠭᠡᠢ  ᠪᠣᠯᠣᠭᠰᠠᠨ  ᠎ ᠠᠴᠠ ᠮᠣᠷᠢᠠ ᠤ ᠪᠡᠶ᠎ᠠ ᠴᠢᠭᠢᠷᠠᠭᠵᠢᠭᠤᠯᠬᠤ ᠦᠢᠯᠡᠳᠦᠯ ᠴᠢᠳᠠᠪᠤᠷᠢ ᠮᠠᠭᠤᠳᠠᠭᠰᠠᠨ ᠪᠠ ᠡᠪᠦᠯ ᠵᠤᠠ ᠦᠭᠡᠢ ᠮᠢᠬ᠎ᠠ ᠲᠤᠰᠤ ᠢᠳᠡᠬᠦ᠂ ᠴᠠᠭᠠᠠ ᠢᠳᠡᠭᠡᠠ ᠪᠠᠭ᠎ᠠ ᠢᠳᠡᠬᠦ᠂ ᠮᠢᠬ᠎ᠠ ᠴᠢᠨᠠᠬᠤ  ᠎ ᠳᠤ  ᠡᠯᠳᠡᠪ  ᠵᠦᠢᠯ  ‍ᠤᠨ‌ᠬᠤᠯᠢᠴᠠ ᠠᠮᠳᠠᠯᠠᠭᠴᠢ ᠭᠢᠭᠦ ᠵᠡᠷᠭᠡ ᠨᠢ ᠪᠠᠰᠠ ᠨᠢᠭᠡ ᠵᠦᠢᠯ ᠤᠨ ᠪᠣᠭᠢᠷᠳᠤᠯ ᠪᠣᠯᠵᠤ ᠣᠯᠠᠠ ᠵᠦᠢᠯ ᠤᠨ ᠡᠪᠠᠳᠴᠢᠠ ᠭᠡᠮ  ᠎ ᠢ  ᠡᠭᠦᠰᠭᠡᠠ  ᠬᠦᠮᠦᠰ  ᠎ ᠤᠨ  ᠡᠷᠡᠭᠦᠯ  ᠮᠡᠨᠳᠦ  ᠎ ᠶᠢ  ᠨᠥᠯᠥᠭᠡᠯᠡᠵᠤ  ᠪᠠᠶᠢᠨ᠎ᠠ᠃ ᠢᠯᠠᠩᠭᠤᠶ᠎ᠠ ᠠᠷᠢᠭᠢ ᠤᠤᠭᠤᠵᠤ ᠮᠢᠬ᠎ᠠ ᠢᠳᠡᠬᠦ ᠨᠢ ᠪᠡᠶ᠎ᠠ ᠮᠠᠬᠠᠪᠤᠤᠨ ᠢ ᠮᠠᠷᠢᠶᠠᠯᠠᠭᠤᠯᠬᠤ᠂  ᠴᠢᠰᠤᠠ  ᠲᠠᠷᠤᠯᠳᠠ  ᠎ ᠶᠢ  ᠥᠨᠳᠥᠷᠵᠢᠭᠦᠯᠭᠦ᠂  ᠴᠢᠰᠤᠠ  ᠎ ᠤ  ᠥᠳᠭᠡᠴᠠ  ᠎ ᠶᠢ  ᠨᠡᠮᠡᠭᠳᠡᠬᠦᠯᠭᠦ  ᠵᠡᠷᠭᠡ  ᠮᠠᠭᠤ ᠦᠢᠯᠡᠳᠦᠯ ᠲᠠᠢ ᠪᠠᠶᠢᠳᠠᠯ ᠲᠠᠢ ᠪᠠᠶᠢᠳᠠᠭ ᠎ ᠠᠴᠠ ᠬᠦᠮᠦᠠ ᠤ ᠪᠡᠶ᠎ᠠ ᠮᠠᠬᠠᠪᠤᠳ ᠢ ᠮᠠᠭᠤᠳᠠᠭᠤᠯᠵᠤ ᠡᠷᠡᠭᠦᠯ ᠮᠡᠨᠳᠦ ᠶᠢ ᠨᠥᠯᠥᠭᠡᠯᠡᠵᠤ ᠪᠠᠶᠢᠨ᠎ᠠ᠃          ᠮᠤᠩᠭᠤᠯ ᠬᠦᠮᠦᠠ ᠤ ᠤᠯᠠᠭᠠᠠ᠂ ᠴᠠᠭᠠᠠ᠂ ᠪᠤᠷᠤ ᠢᠳᠡᠭᠡᠠ ᠪᠠ ᠤᠮᠳᠠᠭᠠᠠ ᠨᠢ ᠪᠦᠷ ᠬᠠᠷᠢᠯᠴᠠᠠ ᠣᠢᠢᠯᠡᠴᠢᠯᠡᠵᠤ  ᠣᠷᠣᠰᠢᠵᠤ  ᠪᠠᠶᠢᠳᠠᠭ  ᠎ ᠠᠴᠠ  ᠬᠦᠮᠦᠠ  ᠎ ᠤ  ᠪᠡᠶ᠎ᠠ  ᠎ ᠶᠢᠨ  ᠡᠷᠡᠭᠦᠯ  ᠮᠡᠨᠳᠦ  ᠎ ᠶᠢ ᠵᠣᠭᠢᠴᠠᠭᠤᠯᠬᠤ ᠣᠨᠴᠠᠭᠠᠢ ᠴᠢᠳᠠᠪᠤᠷᠢ ᠲᠠᠢ ᠪᠠᠶᠢᠳᠠᠭ᠃ ᠭᠡᠳᠡᠯ᠎ᠠ ᠥᠨᠥᠳᠥᠷ ᠤᠯᠠᠭᠠᠠ᠂ ᠴᠠᠭᠠᠠ ᠢᠳᠡᠭᠡᠠ ᠪᠠ ᠪᠣᠷᠣ ᠢᠳᠡᠭᠡᠠ ᠤᠮᠳᠠᠭᠠᠠ  ᠎ ᠢ  ᠵᠣᠭᠢᠴᠠᠭᠤᠯᠬᠤ  ᠦᠭᠡᠢ  ᠪᠤᠶᠤ  ᠪᠤᠰᠤᠳ  ᠵᠦᠢᠯ  ᠎ ᠤᠨ ᠬᠤᠭᠤᠯᠠ ᠪᠤᠳᠠᠭ᠎ᠠ ᠲᠠᠢ ᠬᠤᠯᠢᠯᠳᠤᠭᠤᠯᠤᠭᠰᠠᠨ ᠠᠴᠠ ᠲᠡᠷᠨ ᠎ ᠨᠢ ᠮᠠᠷᠢᠶᠠᠯᠠᠭᠤᠯᠬᠤ ᠶᠢᠨ ᠨᠢᠭᠡ ᠲᠦᠷᠭᠡᠳᠭᠡᠭᠦᠷ ᠰᠢᠭ ᠪᠣᠯᠵᠠᠢ᠃ ᠡᠶᠢᠮᠦ ᠠᠴᠠ ᠮᠣᠩᠭᠤᠯᠴᠤᠳ  ᠮᠠᠨᠢ  ᠥᠪᠠᠷ  ᠎ ᠤᠨ  ᠎ ᠢᠶᠠᠨ  ᠤᠯᠠᠮᠵᠢᠯᠠᠯᠳᠤ ᠢᠳᠡᠭᠡᠠ ᠢ ᠢᠯᠠᠭᠦᠦ ᠴᠢᠬᠤᠯᠠᠴᠢᠯᠠᠠ ᠦᠵᠡᠵᠤ᠂ ᠦᠨᠳᠦᠰᠦᠳᠡᠡ ᠤ ᠪᠠᠨ ᠢᠳᠡᠭᠡᠠ ᠤ ᠣᠨᠴᠠᠯᠢᠭ ᠢ ᠢᠯᠠᠭᠦᠦ ᠠᠩᠬᠠᠷᠤᠠ ᠰᠤᠳᠤᠯᠵᠤ᠂ ᠤᠷᠳᠤ ᠨᠠᠰᠤᠯᠠᠵᠤ ᠤᠳᠠᠭᠠᠠ ᠵᠢᠷᠭᠠᠬᠤ ᠶᠢ ᠰᠠᠨᠠᠭᠤᠯᠤᠶ᠎ᠠ︕
 
ᠢᠷᠡᠯᠲᠡ᠄ ᠰᠢᠨᠵᠢᠶᠠᠩ ᠤᠨ ᠡᠳᠣᠷ ᠤᠨ ᠰᠤᠨᠢᠨ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号