ᠮᠠᠨ ᠤ ᠤᠯᠤᠰ ᠤᠨ ︽ᠡᠬᠡ ᠬᠠᠭᠤᠷᠠᠢ ᠶᠢᠨ ᠬᠡᠭᠡᠷ᠎ᠡ ᠶᠢᠨ ᠠᠮᠢᠳᠠᠨ ᠢ ᠬᠠᠮᠠᠭᠠᠯᠠᠬᠤ ᠬᠠᠤᠯᠢ ᠶᠢ | ᠬᠡᠷᠡᠭᠵᠢᠬᠦᠯᠬᠦ ᠲᠦᠷᠢᠮ︾ ᠤᠨ33 ᠳ᠋ᠤᠭᠠᠷ ᠵᠦᠢᠯ ᠤᠨ ᠲᠤᠭᠳᠠᠭᠠᠯ ᠢ ᠦᠨᠳᠦᠰᠦᠯᠡᠪᠡᠯ᠂ ᠤᠯᠤᠰ ᠤᠨ ᠭᠤᠤᠯᠳᠠᠯᠭ᠎ᠠ | ᠲᠠᠢ ᠬᠠᠮᠠᠭᠠᠯᠠᠵᠦ ᠪᠠᠶᠢᠭ᠎ᠠ ᠬᠡᠭᠡᠷ᠎ᠡ ᠶᠢᠨ ᠠᠮᠢᠳᠠᠨ ᠢ ᠬᠠᠤᠯᠢ ᠪᠤᠰᠦ ᠪᠠᠷ ᠪᠠᠷᠢᠵᠦ ᠠᠯᠠᠪᠠᠯ᠂ ᠤᠯᠤᠰ ᠤᠨ | ᠭᠤᠤᠯᠳᠠᠯᠭ᠎ᠠ ᠲᠠᠢ ᠬᠠᠮᠠᠭᠠᠯᠠᠵᠦ ᠪᠠᠶᠢᠭ᠎ᠠ ᠬᠤᠪᠤᠷ ᠴᠤᠬᠠᠭ᠂ ᠤᠰᠠᠳᠬᠤ ᠰᠢᠬᠠᠭᠰᠡᠨ ᠬᠡᠭᠡᠷ᠎ᠡ ᠶᠢᠨ ᠠᠮᠢᠳᠠᠨ ᠢ | ᠪᠠᠷᠢᠵᠦ ᠠᠯᠠᠭᠰᠡᠨ ᠶᠠᠯ᠎ᠠ ᠶᠢ ᠰᠢᠢᠳᠬᠡᠬᠦ ᠲᠤᠬᠠᠢ ᠪᠦᠬᠦ ᠤᠯᠤᠰ ᠤᠨ ᠠᠷᠠᠳ ᠤᠨ ᠲᠦᠯᠦᠭᠡᠯᠡᠭᠴᠢᠳ ᠤᠨ ᠶᠡᠭᠡ | ᠬᠤᠷᠠᠯ ᠤᠨ ᠪᠠᠶᠢᠩᠭᠤ ᠶᠢᠨ ᠬᠤᠷᠢᠶᠠᠨ ᠤ ᠨᠦᠬᠦᠪᠦᠷᠢ ᠲᠤᠭᠳᠠᠭᠠᠯ ᠶᠤᠰᠤᠭᠠᠷ ᠡᠷᠡᠭᠦᠦ ᠶᠢᠨ ᠬᠡᠷᠡᠭ ᠤᠨ | ᠬᠠᠷᠢᠭᠤᠴᠠᠯᠭ᠎ᠠ ᠨᠡᠬᠡᠮᠵᠢᠯᠡᠨ᠎ᠡ︔ ᠪᠠᠶᠢᠳᠠᠯ ᠨᠢ ᠬᠦᠩᠭᠡᠨ ᠬᠤᠤᠷ ᠨᠦᠯᠦᠭᠡ ᠶᠡᠭᠡ ᠪᠢᠰᠢ ᠪᠤᠶᠤ ᠶᠠᠯ᠎ᠠ ᠬᠢᠭᠰᠡᠨ | ᠪᠠᠶᠢᠳᠠᠯ ᠨᠢ ᠬᠦᠩᠭᠡᠨ ᠡᠷᠡᠭᠦᠦ ᠰᠢᠢᠳᠬᠡᠯ ᠬᠡᠷᠡᠭᠵᠢᠬᠦᠯᠬᠦ ᠴᠢᠬᠤᠯᠠ ᠦᠬᠡᠢ ᠪᠤᠯ᠂ ᠬᠡᠬᠡᠷ᠎ᠡ ᠶᠢᠨ ᠠᠮᠢᠳᠠᠨ ᠤ ᠵᠠᠰᠠᠭ | ᠵᠠᠬᠢᠷᠭᠠᠨ ᠤ ᠭᠤᠤᠯᠯᠠᠨ ᠬᠠᠮᠢᠶᠠᠷᠬᠤ ᠰᠠᠯᠠᠭ᠎ᠠ ᠮᠦᠴᠢᠷ ᠠᠴᠠ ᠠᠪᠠᠯᠠᠭᠰᠡᠨ ᠡᠳ᠋᠂ ᠠᠪᠠᠯᠠᠬᠤ ᠪᠠᠭᠠᠵᠢ ᠪᠠ ᠬᠠᠤᠯᠢ | ᠪᠤᠰᠦ ᠤᠯᠵᠠᠪᠦᠷᠢ ᠶᠢ ᠨᠢ ᠬᠤᠷᠢᠶᠠᠨ ᠠᠪᠴᠦ᠂ ᠤᠨᠴᠠᠭᠠᠢ ᠵᠦᠪᠰᠢᠶᠡᠷᠡᠭᠰᠡᠨ ᠠᠪᠠᠯᠠᠬᠤ ᠦᠨᠡᠮᠯᠡᠯ ᠢ ᠬᠤᠷᠢᠶᠠᠨ | ᠠᠪᠴᠦ ᠬᠦᠴᠦᠨ ᠦᠬᠡᠢ ᠪᠤᠯᠭᠠᠬᠤ ᠶᠢᠨ ᠬᠠᠮᠳᠦ ᠠᠪᠠᠯᠠᠭᠰᠡᠨ ᠡᠳ᠋ ᠤᠨ ᠦᠨ᠎ᠡ ᠶᠢᠨ10 ᠲᠠᠬᠢᠨ ᠠᠴᠠ ᠲᠤᠷᠤᠭᠰᠢ | ᠵᠤᠭᠤᠰ ᠢᠶᠠᠷ ᠲᠤᠷᠭᠠᠨ᠎ᠠ᠂ ᠠᠪᠠᠯᠠᠭᠰᠡᠨ ᠡᠳ᠋ ᠦᠬᠡᠢ ᠪᠤᠯ1 ᠲᠦᠮᠡᠨ ᠲᠦᠭᠦᠷᠢᠭ ᠠᠴᠠ ᠲᠤᠷᠤᠭᠰᠢ ᠵᠤᠭᠤᠰ ᠢᠶᠠᠷ | ᠲᠤᠷᠭᠠᠨ᠎ᠠ ᠃ | ᠢᠷᠡᠯᠳᠡ᠄ ᠬᠠᠣᠯᠢ ᠲᠥᠭᠡᠮᠡᠯᠵᠢᠭᠦᠯᠭᠦ ᠴᠣᠪᠣᠷᠠᠯ ᠪᠢᠴᠢᠭ ᠠᠴᠠ |