ᠯᠢ ᠤᠪᠤᠭᠳᠤ ᠵᠤᠭᠤᠰ ᠬᠡᠷᠡᠭᠯᠡᠬᠦ ᠪᠠᠴᠢᠮ ᠬᠡᠷᠡᠭᠴᠡᠭᠡ ᠲᠠᠢ ᠪᠤᠯᠤᠭᠰᠠᠨ ᠠᠴᠠ ᠨᠠᠶᠢᠵᠠ ᠪᠢᠯᠢᠭᠳᠦ ᠠᠴᠠ 5 | ᠲᠦᠮᠡᠨ ᠲᠦᠬᠦᠷᠢᠭ ᠵᠢᠬᠡᠯᠡᠭᠰᠡᠨ ᠪᠠᠶᠢᠯ᠎ᠠ᠃ ᠵᠤᠭᠤᠰ ᠵᠢᠬᠡᠯᠡᠬᠦᠯᠬᠦ ᠦᠶᠡᠰ ᠲᠤ ᠨᠡᠯᠢᠶᠡᠳ ᠶᠠᠭᠠᠷᠠᠤ ᠪᠠᠶᠢᠭᠰᠠᠨ ᠲᠤᠯᠠ | ᠯᠢ ᠤᠪᠤᠭᠳᠤ ᠵᠦᠪᠬᠡᠨ ︽ᠦᠨᠦᠳᠦᠷ ᠪᠢᠯᠢᠭᠳᠦ ᠠᠴᠠ 5 ᠲᠦᠮᠡᠨ ᠲᠦᠬᠦᠷᠢᠭ ᠵᠢᠬᠡᠯᠡᠪᠡ︾ ᠬᠡᠵᠦ ᠪᠢᠴᠢᠭᠰᠡᠨ | ᠪᠠᠶᠢᠯ᠎ᠠ᠃ ᠬᠤᠶᠠᠷ ᠵᠢᠯ ᠦᠡᠭᠬᠡᠷᠡᠭᠰᠡᠨ ᠪᠠᠶᠢᠳᠠᠯ᠎ᠠ ᠯᠢ ᠤᠪᠤᠭᠳᠤ ᠵᠢᠬᠡᠯᠡᠭᠰᠡᠨ ᠵᠤᠭᠤᠰ ᠢᠶᠠᠨ ᠪᠤᠴᠠᠭᠠᠭᠰᠠᠨ ᠦᠬᠡᠢ | ᠲᠤᠯᠠ ᠪᠢᠯᠢᠭᠳᠦ ᠵᠠᠭᠠᠯᠳᠤᠯᠭ᠎ᠠ ᠬᠢᠬᠦ ᠪᠠᠷ ᠪᠤᠳᠤᠯᠬᠢᠯᠠᠭᠰᠠᠨ ᠪᠠᠶᠢᠨ᠎ᠠ᠃ ᠲᠡᠬᠡᠪᠡᠯ ᠲᠤᠬᠠᠢ ᠶᠢᠨ ᠦᠶ᠎ᠡ ᠶᠢᠨ ᠡᠨᠡᠬᠦ | ᠵᠢᠬᠡᠯᠡᠯᠬᠡ ᠶᠢᠨ ᠪᠠᠷᠢᠮᠳᠠ ᠨᠢ ᠬᠠᠤᠯᠢ ᠶᠢᠨ ᠬᠦᠴᠦᠨ ᠲᠠᠢ ᠤᠤ︖ | ᠵᠤᠭᠤᠰ ᠵᠢᠬᠡᠯᠡᠭᠰᠡᠨ ᠪᠠᠷᠢᠮᠳᠠ ᠬᠡᠳᠡᠭ ᠨᠢ ᠵᠤᠭᠤᠰ ᠵᠢᠬᠡᠯᠡᠭᠰᠡᠨ ᠬᠦᠮᠦᠨ ᠨᠢ ᠵᠢᠬᠡᠯᠡᠬᠦᠯᠦᠭᠰᠡᠨ ᠬᠦᠮᠦᠨ ᠳᠤ | ᠪᠢᠴᠢᠵᠦ ᠦᠭᠭᠦ ᠪᠢᠴᠢᠭ ᠤᠨ ᠬᠡᠯᠪᠡᠷᠢ ᠶᠢᠨ ᠪᠠᠷᠢᠮᠳᠠ ᠪᠤᠯᠤᠨ᠎ᠠ᠃ ᠡᠨᠡ ᠨᠢ ᠬᠤᠶᠠᠷ ᠡᠳᠡᠬᠡᠳ ᠤᠨ ᠬᠤᠭᠤᠷᠤᠨᠳᠤᠬᠢ | ᠵᠤᠭᠤᠰ ᠵᠢᠬᠡᠯᠡᠭᠰᠡᠨ ᠬᠠᠷᠢᠴᠠᠭ᠎ᠠ ᠶᠢ ᠲᠤᠳᠤᠷᠬᠠᠢᠢᠯᠠᠵᠦ ᠬᠡᠷ᠎ᠡ ᠶᠢᠨ ᠬᠦᠴᠦᠨ ᠲᠠᠢ ᠪᠠᠶᠢᠳᠠᠭ᠃ ᠡᠶᠢᠮᠦ ᠠᠴᠠ ᠲᠤᠰ | ᠵᠢᠱᠢᠶ᠎ᠡ ᠳᠤ ᠯᠢ ᠤᠪᠤᠭᠳᠤ ᠶᠢᠨ ᠪᠢᠴᠢᠭᠰᠡᠨ ᠵᠤᠭᠤᠰ ᠵᠢᠬᠡᠯᠡᠬᠦ ᠪᠠᠷᠢᠮᠳᠠ ᠬᠠᠤᠯᠢ ᠶᠢᠨ ᠬᠦᠴᠦᠨ ᠲᠠᠢ᠂ ᠬᠡᠷᠪᠡ | ᠵᠤᠭᠤᠰ ᠵᠢᠬᠡᠯᠡᠭᠰᠡᠡ ᠬᠤᠭᠤᠴᠠᠭ᠎ᠠ ᠲᠤᠯᠵᠦ ᠯᠢ ᠤᠪᠤᠭᠳᠤ ᠮᠦᠨ ᠪᠤᠴᠠᠭᠠᠬᠤ ᠦᠬᠡᠢ ᠪᠤᠯ ᠳᠤᠰ ᠪᠠᠷᠢᠮᠳᠠ ᠪᠠᠷ | ᠭᠤᠤᠯ ᠬᠡᠷᠡᠴᠢ ᠪᠤᠯᠭᠠᠵᠦ ᠵᠠᠭᠠᠯᠳᠤᠯᠭ᠎ᠠ ᠬᠢᠵᠦ ᠪᠤᠯᠤᠨ᠎ᠠ᠃ ᠵᠠᠭᠠᠯᠳᠤᠯᠭ᠎ᠠ ᠬᠢᠬᠦ ᠬᠦᠴᠦᠨ ᠲᠠᠢ ᠬᠤᠭᠤᠴᠠᠭ᠎ᠠ ᠨᠢ | ᠵᠤᠭᠤᠰ ᠢᠶᠠᠨ ᠪᠤᠴᠠᠭᠠᠬᠤ ᠪᠠᠷ ᠳᠤᠭᠳᠠᠭᠰᠡᠨ ᠡᠳᠦᠷ ᠠᠴᠠ ᠡᠬᠢᠯᠡᠨ ᠬᠤᠶᠠᠷ ᠵᠢᠯ ᠤᠨ ᠬᠤᠭᠤᠴᠠᠭ᠎ᠠ ᠪᠤᠯᠤᠨ᠎ᠠ᠃ | ᠪᠤᠳᠠᠳᠤ ᠠᠮᠢᠳᠦᠷᠠᠯ ᠤᠨ ᠲᠤᠮᠳᠠ ᠬᠡᠷᠪᠡ ᠪᠤᠰᠤᠳ ᠲᠤ ᠵᠤᠭᠤᠰ ᠵᠢᠬᠡᠯᠡᠬᠦᠯᠬᠦ ᠳᠤ ᠬᠦᠷᠪᠠᠯ᠂ ᠵᠤᠭᠤᠰ ᠵᠢᠬᠡᠯᠡᠭᠰᠡᠨ | ᠪᠡᠷᠢᠮᠳᠠ ᠪᠢᠴᠢᠬᠦ ᠴᠢᠬᠤᠯᠠᠳᠠᠢ ᠪᠠᠶᠢᠳᠠᠭ ᠮᠦᠷᠳᠠᠬᠡᠨ ᠪᠠᠷᠢᠮᠳᠠ ᠪᠢᠴᠢᠬᠦ ᠳᠤ ᠳᠤᠤᠷᠠᠬᠢ ᠵᠦᠢᠯ ᠢ ᠠᠩᠬᠠᠷᠬᠤ | ᠴᠢᠬᠤᠯᠠᠳᠠᠢ ᠪᠠᠶᠢᠳᠠᠭ᠃ | ᠵᠢᠬᠡᠯᠡᠯᠬᠡ ᠶᠢᠨ ᠪᠠᠷᠢᠮᠳᠠ ᠳᠤ ᠵᠤᠭᠤᠰ ᠵᠢᠬᠡᠯᠡᠭᠰᠡᠨ ᠬᠦᠮᠦᠨ᠂ ᠵᠤᠭᠤᠰ ᠤᠨ ᠲᠤᠭ᠎ᠠ᠂ ᠪᠤᠴᠠᠭᠠᠬᠤ ᠡᠳᠦᠷ | ᠵᠡᠷᠬᠡ ᠪᠠᠨ ᠨᠠᠷᠢᠨ ᠳᠤᠭᠳᠠᠬᠤ ᠬᠡᠷᠡᠭᠳᠠᠢ ᠪᠠᠶᠢᠳᠠᠭ᠃ ᠡᠬᠦᠨ ᠳᠤ ᠵᠤᠭᠤᠰ ᠤᠨ ᠲᠤᠭ᠎ᠠ ᠪᠠᠨ ᠠᠷᠠᠪ ᠲᠤᠭ᠎ᠠ ᠪᠠ | ᠦᠰᠦᠭ ᠪᠢᠴᠢᠭ ᠢᠶᠠᠷ ᠵᠡᠷᠬᠡ ᠳᠤᠨᠢ ᠢᠯᠡᠳᠬᠡᠪᠠᠯ ᠵᠤᠬᠢᠨ᠎ᠠ᠃ ᠬᠡᠷᠪᠡ ᠪᠠᠷᠢᠮᠳᠠ ᠶᠢ ᠬᠢᠳᠠᠳ ᠦᠰᠦᠭ ᠢᠶᠠᠷ ᠪᠢᠴᠢᠪᠠᠯ | ᠵᠤᠭᠤᠰ ᠤᠨ ᠲᠤᠭ᠎ᠠ ᠶᠢ ᠶᠡᠭᠡ ᠪᠢᠴᠢᠯᠬᠡ ᠶᠢᠨ ᠬᠢᠳᠠᠳ ᠦᠰᠦᠭ ᠢᠶᠠᠷ ᠳᠤᠳᠤᠷᠬᠠᠢᠢᠯᠠᠪᠠᠯ ᠵᠤᠬᠢᠨ᠎ᠠ᠃ | ︽ᠬᠡᠷ᠎ᠠ ᠶᠢᠨ ᠬᠠᠤᠯᠢ︾ ᠳᠤ ᠳᠤᠭᠳᠠᠭᠰᠡᠨ ᠢᠶᠠᠷ᠂ ᠬᠡᠷᠪᠡ ᠪᠡᠷᠢᠮᠳᠠ ᠳᠤ ᠬᠦᠦ ᠮᠦᠡᠭᠬᠦ ᠶᠢᠨ ᠳᠤᠬᠠᠢ | ᠳᠤᠳᠤᠷᠬᠠᠢᠢᠯᠠᠭᠰᠡᠨ ᠦᠬᠡᠢ ᠪᠤᠯ᠂ ᠬᠦᠦ ᠮᠦᠡᠭᠬᠦ ᠦᠬᠡᠢ ᠪᠠᠷ ᠪᠤᠳᠤᠨ᠎ᠠ᠂ ᠬᠡᠷᠪᠡ ᠬᠦᠦ ᠮᠦᠡᠭᠬᠦ ᠶᠢᠨ ᠲᠤᠭ᠎ᠠ ᠪᠠᠨ | ᠳᠤᠭᠳᠠᠭᠰᠡᠨ ᠪᠤᠯ ᠪᠤᠯᠵᠤᠭᠰᠡᠨ ᠶᠤᠰᠤᠭᠠᠷ ᠬᠦᠤ ᠮᠦᠡᠭᠬᠦ ᠪᠤᠳᠤᠵᠦ ᠠᠪᠤᠨ᠎ᠠ᠂ ᠬᠡᠪᠡᠴᠦ ᠬᠦᠦ ᠮᠦᠡᠭᠬᠦ ᠶᠢᠨ | ᠨᠤᠷᠮ᠎ᠠ ᠨᠢ ᠤᠯᠤᠰ ᠤᠨ ᠬᠠᠮᠢᠶ᠎ᠠ ᠪᠦᠬᠦᠢ ᠲᠦᠷᠢᠮ ᠳᠤᠭᠳᠠᠭᠠᠯ ᠠᠴᠠ ᠬᠡᠳᠤᠷᠡᠵᠦ ᠪᠤᠯᠬᠤ ᠦᠬᠡᠢ ᠪᠠᠶᠢᠳᠠᠭ᠃ ︵ | ᠲᠤᠰ ᠡᠭᠡ ᠪᠢᠴᠢᠭ ᠢ ᠠᠶᠢᠮᠠᠭ ᠤᠨ ᠬᠠᠥᠯᠢ ᠴᠠᠭᠠᠵᠠ ᠶᠢᠨ ᠲᠤᠪᠴᠢᠶ᠎ᠠ ᠠᠴᠠ ᠬᠠᠨᠭ᠍ᠭᠠᠪᠠ︶ | |