ᠰᠢᠯᠤᠭᠤᠨ ᠬᠦᠬᠡ ᠬᠤᠰᠢᠭᠤ ᠠᠩᠬᠠᠳᠤᠭᠠᠷ ᠤᠳᠠᠭᠠᠨ ᠤ ᠳᠤᠮᠳᠠᠳᠤ ᠪᠠᠭ᠎ᠠ ᠰᠤᠷᠭᠠᠭᠤᠯᠢ ᠶᠢᠨ ᠭᠤᠸ᠎ᠠ  ᠰᠠᠶᠢᠬᠠᠨ ᠎ ᠤ ᠬᠦᠮᠦᠵᠢᠯ ᠤᠨ ᠦᠷ᠎ᠡ ᠪᠦᠲᠦᠮᠵᠢ ᠶᠢᠨ ᠦᠵᠡᠭᠦᠯᠦᠯᠭᠡ ᠵᠢᠴᠢ ᠳᠦᠷᠪᠡᠳᠦᠭᠡᠷ ᠤᠳᠠᠭᠠᠨ ᠤ  ᠰᠤᠷᠭᠠᠨ ᠬᠦᠮᠦᠵᠢᠯ ᠎ ᠤᠨ ᠤᠷᠠᠯᠢᠭ ᠤᠨ ᠴᠤᠭᠯᠠᠭᠠᠨ ᠡᠷᠬᠢᠯᠡᠪᠡ
ᠨᠡᠶᠢᠲᠡᠯᠡᠭᠰᠡᠨ ᠴᠠᠭ᠄
2016/6/27
           ᠱᠠᠩᠳᠤ ᠶᠢᠨ ᠮᠡᠳᠡᠭᠡ ︵ᠤᠨᠴᠠ ᠤᠷᠢᠬᠰᠠᠨ ᠰᠤᠷᠪᠦᠯᠵᠢᠯᠠᠬᠴᠢ ᠴᠢᠮᠡᠳ︶ ᠤᠢᠢᠷ᠎ᠠ ᠳᠤ᠂ ᠰᠢᠯᠣᠭᠤᠨ ᠭᠦᠭᠡ  ᠬᠤᠰᠢᠭᠤᠨ ᠤ ᠠᠩᠬᠠᠳᠣᠭᠠᠷ ᠣᠳᠠᠭᠠᠨ ᠤ ᠳᠣᠮᠳᠠᠳᠣ ᠪᠠᠭ᠎ᠠ ᠰᠣᠷᠭᠠᠭᠤᠯᠢ ᠶᠢᠨ ᠭᠤᠸ᠎ᠠ ᠰᠠᠶᠢᠬᠠᠨ ᠤ ᠭᠦᠮᠦᠵᠢᠯ ᠤᠨ  ᠦᠷ᠎ᠡ ᠪᠦᠳᠦᠮᠵᠢ ᠶᠢᠨ ᠦᠵᠡᠬᠦᠯᠦᠯᠭᠡ ᠵᠢᠴᠢ ᠲᠦᠷᠪᠡᠳᠦᠭᠡᠷ ᠣᠳᠠᠭᠠᠨ ᠤ ᠰᠣᠷᠭᠠᠨ ᠭᠦᠮᠦᠵᠢᠯ ᠤᠨ ᠣᠷᠠᠯᠢᠭ ᠤᠨ  ᠴᠣᠭᠯᠠᠭᠠᠨ ᠡᠷᠢᠯ ᠭᠦᠰᠡᠯ᠂ ᠢᠳᠡᠭᠡᠯ ᠪᠢᠰᠢᠷᠡᠯ ᠤᠨ ᠢᠳᠡᠪᠬᠢ ᠭᠦᠴᠦᠨ ᠤ ᠳᠠᠮᠵᠢᠭᠤᠯᠭ᠎ᠠ ᠲᠠᠢ ᠢᠯᠭᠤᠮ  ᠤᠷᠤᠬᠰᠢᠳᠡᠢ ᠶᠠᠪᠣᠭᠳᠠᠯ᠎ᠠ᠃        ᠰᠣᠷᠭᠠᠭᠤᠯᠢ ᠶᠢᠨ ᠱᠠᠳᠣᠨ ᠤ ᠰᠢᠭᠰᠢᠯᠳᠠ ᠶᠢ ᠲᠠᠮᠵᠢᠭᠠᠳ ᠰᠣᠷᠭᠠᠨ ᠭᠦᠮᠦᠵᠢᠯ ᠤᠨ ᠣᠷᠠᠯᠢᠭ ᠤᠨ  ᠴᠣᠭᠯᠠᠭᠠᠨ ᠤ ᠣᠷᠠᠨ ᠵᠢᠷᠤᠭ᠂ ᠣᠷᠠᠨ ᠪᠢᠴᠢᠯᠭᠡ᠂ ᠭᠡᠷᠡᠯ ᠵᠢᠷᠤᠭ ᠤᠨ ᠣᠷᠣᠯᠳᠣᠭᠠᠨ ᠳᠤ 180 ᠰᠣᠷᠣᠭᠴᠢ  ᠣᠷᠣᠯᠴᠠᠵᠦ᠂ ᠲᠠᠭᠤᠣ᠂ ᠭᠦᠭᠵᠢᠮ᠂ ᠪᠦᠵᠢᠭ ᠤᠨ ᠲᠦᠷᠦᠯ ᠤᠨ ᠣᠷᠣᠯᠳᠣᠭᠠᠨ ᠳᠤ 392 ᠰᠣᠷᠣᠭᠴᠢ  ᠣᠷᠣᠯᠴᠠᠭᠰᠠᠨ ᠪᠦᠭᠡᠳ ᠰᠣᠷᠣᠭᠴᠢᠳ ᠤᠨ ᠣᠷ᠎ᠠ ᠠᠪᠢᠶᠠᠰ ᠢ ᠦᠨᠡᠨᠬᠦ ᠢᠯᠡᠷᠡᠬᠦᠯᠦᠨ ᠣᠷᠣᠯᠳᠣᠭᠠᠨ ᠢ ᠲᠦᠪ  ᠭᠤᠣᠯᠴᠢ ᠶᠠᠪᠣᠭᠳᠠᠭᠤᠯᠬᠤ ᠶᠢᠨ ᠲᠦᠯᠦᠭᠡ ᠰᠢᠯᠢ ᠶᠢᠨ ᠭᠤᠣᠯ ᠠᠵᠢᠯ ᠮᠡᠷᠭᠡᠵᠢᠯ ᠤᠨ ᠲᠡᠭᠡᠳᠣ ᠰᠣᠷᠭᠠᠭᠤᠯᠢ ᠶᠢᠨ  ᠮᠤᠷᠢᠨ ᠬᠤᠭᠤᠷ ᠤᠨ ᠲᠡᠭᠡᠳᠥ ᠰᠤᠷᠭᠠᠭᠤᠯᠢ ᠶᠢᠨ ᠵᠠᠬᠢᠷᠤᠯ ᠴᠢ᠊ · ᠪᠣᠯᠠᠭ᠂ ᠣᠯᠠᠨ ᠣᠯᠣᠰ ᠤᠨ ᠮᠣᠷᠢᠨ  ᠬᠤᠭᠤᠷ ᠤᠨ ᠲᠡᠭᠡᠳᠣ ᠰᠣᠷᠭᠠᠭᠤᠯᠢ ᠶᠢᠨ ᠣᠷᠠᠯᠢᠭ ᠰᠣᠳᠣᠯᠣᠯ ᠤᠨ ᠣᠬᠠᠭᠠᠨ ᠤ ᠳ᠋ᠤᠺᠲ᠋ᠤᠷ ᠭᠡᠷᠡᠯᠳᠣ᠂  ᠭᠦᠭᠵᠢᠮ ᠤᠨ ᠵᠣᠬᠢᠶᠠᠯᠴᠢ ᠡᠷᠳᠡᠨᠢᠳᠠᠯᠠᠢ᠂ ᠪᠦᠵᠢᠭ ᠤᠨ ᠪᠠᠭᠰᠢ ᠠᠯᠳᠠᠠᠭᠡᠷᠡᠯ᠂ ᠲᠡᠭᠦᠯᠳᠡᠷ ᠬᠤᠭᠤᠷ ᠤᠨ  ᠲᠠᠷᠣᠭᠤᠯᠳᠣ ᠭᠦᠭᠵᠢᠮ ᠤᠨ ᠪᠠᠭᠰᠢ ᠰᠣᠷᠠ᠂ ᠲᠠᠭᠤᠯᠠᠭᠠᠴᠢ ᠶᠢᠨ ᠮᠡᠷᠭᠡᠵᠢᠯ ᠤᠨ ᠪᠠᠭᠰᠢ ᠰᠠᠴᠣᠷᠡ ᠨᠡᠷ ᠢ  ᠬᠢᠨᠠᠭᠴᠢ ᠪᠠᠷ ᠣᠷᠢᠪᠠ᠃          ᠣᠷᠣᠯᠳᠣᠭᠠᠨ ᠤ ᠳᠠᠷᠠᠭ᠎ᠠ ᠳᠣᠮᠳᠠᠳᠣ ᠪᠠᠭ᠎ᠠ ᠰᠣᠷᠭᠠᠭᠤᠯᠢ ᠶᠢᠨ ᠲᠠᠭᠤᠣ ᠭᠦᠭᠵᠢᠮ ᠪᠦᠵᠢᠭ ᠤᠨ ᠪᠠᠭᠰᠢᠨᠠᠷ ᠢ  ᠣᠷᠣᠯᠴᠠᠭᠤᠯᠣᠭᠰᠠᠨ ᠬᠢᠨᠠᠨ ᠦᠨᠡᠯᠡᠬᠦ ᠬᠤᠷᠠᠯ ᠢ ᠬᠤᠷᠠᠯᠳᠣᠭᠤᠯᠵᠦ᠂ ᠬᠢᠨᠠᠭᠴᠢᠳ ᠠᠴᠠ ᠪᠦᠳᠦᠭᠡᠯᠴᠢ  ᠰᠡᠳᠬᠢᠬᠦᠢ ᠲᠠᠢ ᠦᠪᠡᠷᠮᠢᠴᠡ ᠣᠨᠴᠠᠯᠢᠭ ᠪᠦᠬᠦᠢ ᠰᠢᠨ᠎ᠡ ᠪᠦᠳᠦᠭᠡᠯ ᠤᠳ ᠢ ᠳᠣᠷᠠᠳᠣᠨ ᠦᠨᠡᠯᠡᠬᠦ ᠶᠢᠨ ᠬᠠᠮᠳᠣ  ᠣᠷᠣᠰᠢᠵᠦ ᠪᠦᠬᠦᠢ ᠠᠰᠠᠭᠤᠳᠠᠯ ᠳᠤ ᠴᠢᠭᠯᠡᠬᠦᠯᠦᠨ ᠪᠣᠳᠠᠳᠠᠢ ᠵᠢᠭᠠᠨ ᠵᠢᠯᠣᠭᠤᠳᠪᠠ᠃
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号