ᠶᠣᠸᠠᠨ ᠤ ᠲᠡᠭᠡᠳᠦ ᠨᠡᠶᠢᠰᠯᠡᠯ ᠤᠨ ᠨᠡᠷᠡᠶᠢᠳᠦᠯ ᠪᠠ ᠪᠠᠷᠢᠯᠭ᠎ᠠ ᠶᠢᠨ ᠣᠨᠴᠠᠯᠢᠭ ᠰᠢᠨᠵᠢ ︵ᠬᠤᠶᠠᠷ︶
ᠨᠡᠶᠢᠲᠡᠯᠡᠭᠰᠡᠨ ᠴᠠᠭ᠄
2016/7/12
               ᠵᠣᠬᠢᠶᠠᠭᠴᠢ᠄ ᠱ᠊  ᠲᠥᠩᠰᠢᠭ
    ᠮᠠᠨᠳᠤ ᠶᠢᠨ ᠬᠠᠭᠠᠯᠭ᠎ᠠ ᠪᠠ ᠲᠦᠮᠡᠨ ᠠᠮᠤᠭᠤᠯᠠᠩ ᠬᠠᠷᠰᠢ     ᠬᠢᠳᠠᠤᠨ ᠰᠤᠳᠤᠷ ︽ᠶᠤᠸᠠᠨ ᠤ ᠲᠡᠤᠭᠡ︾᠎ ᠳᠤ ᠲᠡᠮᠳᠡᠭᠯᠡᠭᠰᠡᠨ ︽ᠮᠢᠩ ᠳ᠋ᠧ ᠮᠧᠨ ᠬᠠᠭᠠᠯᠭ᠎ᠠ︾ ᠪᠤᠯ ᠤᠤᠯ ᠤᠨ ᠮᠤᠩᠭᠤᠯ ᠨᠡᠷ᠎ᠡ ︽ᠮᠠᠨᠳᠤ ᠶᠢᠨ ᠬᠠᠭᠠᠯᠭ᠎ᠠ︾᠎ ᠶᠢᠨ ᠠᠪᠢᠶᠠᠴᠢᠯᠠᠭᠰᠠᠨ ᠬᠢᠳᠠᠤᠨ ᠲᠡᠮᠳᠡᠭᠯᠡᠯ ᠶᠤᠮ᠃ ᠭᠠᠳᠠᠷ ᠬᠤᠳᠠ ᠶᠢᠨ ︽ᠮᠠᠨᠳᠤ ᠶᠢᠨ ᠬᠠᠭᠠᠯᠭ᠎ᠠ︾᠂ ᠳᠣᠳᠣᠷ ᠬᠤᠳᠠ ᠶᠢᠨ ︽ᠬᠠᠭᠠᠨ ᠤ ᠬᠠᠭᠠᠯᠭ᠎ᠠ︾᠂ ᠤᠷᠳᠤᠨ ᠬᠤᠳᠠ ᠶᠢᠨ ︽ᠲᠦᠮᠡᠨ ᠠᠮᠣᠭᠤᠯᠠᠩ ᠬᠠᠷᠰᠢ︾ ᠭᠤᠷᠪᠠ ᠨᠢ ᠡᠮᠦᠨ᠎ᠡ ᠠᠴᠠ ᠣᠮᠠᠷᠠᠰᠢ ᠨᠢᠭᠡ ᠰᠢᠯᠣᠭᠤᠨ ᠱᠣᠭᠤᠮ ᠳᠡᠭᠡᠷ᠎ᠡ ᠣᠷᠣᠰᠢᠵᠣ᠂ ᠬᠠᠭᠠᠨ ᠵᠠᠮ ᠢᠶᠠᠷ ᠨᠡᠪᠳᠡᠷᠡᠵᠦ ᠪᠠᠶᠢᠨ᠎ᠠ᠃ ᠭᠡᠷ ᠤᠨ ᠡᠵᠡᠨ᠂ ᠮᠣᠩᠭᠤᠯ ᠭᠡᠷ ᠤᠨ ᠭᠤᠣᠯ ᠲᠦᠪ ᠠᠴᠠ ᠦᠯᠦ ᠮᠡᠳᠡᠭ ᠬᠤᠶᠢᠭᠤᠷ ᠰᠠᠭᠤᠳᠠᠭ ᠵᠠᠩᠰᠢᠯ ᠢ ᠳᠠᠭᠠᠵᠣ ᠠᠮᠣᠭᠤᠯᠠᠩ ᠬᠠᠷᠰᠢ ᠨᠢ ᠪᠠᠰᠠ ᠬᠠᠭᠠᠨ ᠤ ᠬᠤᠳᠠ ᠶᠢᠨ ᠭᠤᠣᠯ ᠲᠦᠪ ᠠᠴᠠ ᠦᠯᠦ ᠮᠡᠳᠡᠭ ᠬᠤᠶᠢᠭᠤᠷ ᠪᠠᠶᠢᠷᠢᠯᠠᠵᠣ ᠪᠠᠶᠢᠳᠠᠭ᠃      ᠮᠣᠩᠭᠤᠯᠴᠣᠳ ᠡᠭᠦᠳᠡ ᠬᠠᠭᠠᠯᠭᠠᠨ ᠤ ᠭᠠᠳᠠᠨ᠎ᠠ ᠣᠴᠠᠷᠠᠨ ᠵᠣᠯᠭᠠᠮᠠᠭᠴᠠ ᠠᠮᠣᠷ ᠮᠡᠨᠳᠦ ᠪᠠᠨ ᠮᠡᠳᠡᠯᠴᠡᠳᠡᠭ ᠨᠢ ᠶᠡᠷᠦᠳᠡ ᠶᠢᠨ ᠵᠠᠩᠰᠢᠯ ᠪᠢᠯᠠ᠃ ᠲᠡᠶᠢᠮᠦ ᠪᠣᠯᠬᠤᠷ ᠱᠠᠩᠳᠣ ᠬᠤᠳᠠ ᠶᠢᠨ ᠭᠠᠳᠠᠷ ᠬᠤᠳᠠᠨ ᠤ ᠡᠮᠦᠨ᠎ᠡ ᠭᠤᠣᠯ ᠬᠠᠭᠠᠯᠭ᠎ᠠ ᠶᠢ ︽ᠮᠡᠨᠳᠦ ᠶᠢᠨ ᠬᠠᠭᠠᠯᠭ᠎ᠠ︾ ᠭᠡᠮᠡᠨ ᠨᠡᠷᠡᠯᠡᠬᠦ ᠨᠢ ᠵᠦᠢ ᠶᠣᠰᠣ ᠪᠢᠯᠡ᠃ ᠡᠨᠡ ᠨᠢ ᠡᠵᠡᠨ ᠬᠠᠭᠠᠨ ᠢ ᠣᠭᠳᠣᠵᠣ ᠦᠳᠡᠬᠦ᠂ ᠣᠯᠣᠰ ᠤᠨ ᠳᠣᠳᠣᠭᠠᠳᠤ ᠭᠠᠳᠠᠭᠠᠳᠤ ᠶᠢᠨ ᠡᠯᠴᠢ ᠲᠦᠰᠢᠮᠡᠯ᠂ ᠣᠯᠠᠭ᠎ᠠ ᠦᠷᠳᠡᠭᠡᠴᠢᠨ ᠤ ᠣᠴᠠᠷᠠᠨ ᠵᠣᠯᠭᠠᠬᠤ ᠭᠤᠣᠯ ᠬᠠᠭᠠᠯᠭ᠎ᠠ ᠪᠣᠯᠣᠨ᠎ᠠ᠃ ᠠᠷᠪᠠᠨ ᠵᠢᠷᠭᠤᠭᠠᠨ ᠦᠵᠡᠰᠭᠦᠯᠡᠩ ᠦᠬᠢᠳ ᠳᠠᠭᠤᠣ ᠣᠶᠠᠩᠭᠠᠯᠠᠨ ᠪᠦᠵᠢᠭ ᠪᠦᠵᠢᠭᠯᠡᠵᠦ ᠡᠵᠡᠨ ᠬᠠᠭᠠᠨ ᠢ ᠮᠡᠨᠳᠦ ᠶᠢᠨ ᠬᠠᠭᠠᠯᠭᠠᠨ᠎ᠠ ᠣᠭᠳᠣᠵᠣ᠂ ᠬᠠᠭᠠᠨ ᠵᠠᠮ ᠢᠶᠠᠷ ᠣᠳᠣᠷᠢᠳᠣᠨ ᠳᠣᠳᠣᠷ ᠬᠤᠳᠠ ᠳᠤ ᠣᠷᠣᠵᠣ ᠲᠦᠮᠡᠨ ᠠᠮᠣᠭᠤᠯᠠᠩ ᠬᠠᠷᠰᠢ ᠳᠤ ᠵᠠᠯᠠᠨ᠎ᠠ᠃ ᠡᠷᠳᠡᠨ ᠤ ᠰᠢᠯᠦᠭ ᠲᠤ ︽ᠬᠠᠭᠠᠨ ᠤ ᠬᠠᠭᠠᠯᠭ᠎ᠠ ᠶᠢᠨ ᠭᠠᠳᠠᠨ᠎ᠠ ᠡᠯᠴᠢ ᠲᠦᠰᠢᠮᠡᠯ ᠡᠭᠦᠯᠡ ᠮᠡᠳᠦ᠂ ᠵᠠᠷᠯᠢᠭ ᠵᠠᠬᠢᠶ᠎ᠠ ᠶᠢ ᠣᠯᠠᠮᠵᠢᠯᠠᠬᠤᠶ᠎ᠠ ᠦᠷᠳᠡᠭᠡ ᠣᠯᠠᠭᠠᠴᠢᠨ ᠨᠢᠰᠬᠦ ᠠᠳᠠᠯᠢ᠂ ᠶᠢᠰᠦᠨ ᠵᠸᠦ ᠲᠦᠷᠪᠡᠨ ᠬᠢᠵᠠᠭᠠᠷ ᠵᠠᠷᠯᠢᠭ ᠢ ᠳᠠᠭᠠᠬᠤᠶ᠎ᠠ ᠶᠢᠷᠳᠢᠨᠴᠦ ᠳᠡᠯᠡᠬᠡᠢ ᠡᠩᠬᠡ ᠵᠢᠷᠭᠠᠯᠠᠩ︾ ᠭᠡᠵᠦ ᠪᠢᠴᠢᠭᠰᠡᠨ ᠪᠠᠶᠢᠳᠠᠭ᠃ ᠬᠠᠭᠠᠯᠭᠠᠨ ᠭᠠᠳᠠᠨ᠎ᠠ ᠠᠭᠤᠳᠠᠮ ᠳᠠᠯᠠᠪᠣᠷ᠂ ᠬᠠᠰ ᠤᠨ ᠳᠠᠪᠴᠠᠩ᠂ ᠯᠣᠣ ᠶᠢᠨ ᠱᠣᠰᠢᠭ᠎ᠠ᠂ ᠡᠵᠡᠳ ᠲᠦᠰᠢᠮᠡᠳ ᠤᠨ ᠪᠠᠷᠠᠯᠠᠬᠤ ᠠᠰᠠᠷ᠂ ᠡᠷ᠎ᠡ ᠶᠢᠨ ᠭᠤᠷᠪᠠᠨ ᠨᠠᠭᠠᠳᠣᠮ ᠤᠨ ᠳᠠᠯᠠᠪᠠᠢ ᠴᠤ ᠪᠤᠢ᠃  ᠠᠳᠠ ᠲᠦᠷᠦ ᠶᠢᠨ ᠣᠭᠳᠣᠬᠤ ᠦᠳᠡᠬᠦ ᠶᠡᠭᠡ ᠶᠣᠰᠣᠯᠠᠯ᠂ ᠬᠤᠷᠠᠯ ᠴᠣᠭᠯᠠᠭ᠎ᠠ ᠬᠢᠳᠡᠭ ᠣᠴᠢᠷ ᠵᠠᠮ ᠮᠦᠷ ᠰᠢᠭᠤᠳ ᠰᠢᠯᠣᠭᠤᠨ᠂ ᠠᠭᠤᠳᠠᠮ ᠳᠠᠯᠠᠪᠠᠢ ᠳᠡᠷᠢ ᠳᠡᠭᠰᠢ᠂ ᠴᠡᠷᠢᠭ ᠠᠩᠭᠢ ᠶᠢᠨ ᠵᠢᠭᠰᠠᠭᠠᠯ ᠵᠢᠭᠳᠡ᠂ ᠲᠦᠪ ᠶᠡᠬᠡᠮᠰᠦᠭ᠂ ᠨᠠᠮᠵᠢᠭᠤᠨ ᠳᠣᠭᠳᠠᠭᠤᠨ ᠪᠠᠶᠢᠳᠠᠭ ᠪᠢᠯᠡ᠃
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ ᠤ ᠰᠢᠨ᠎ᠠ ᠮᠠᠯᠴᠢᠳ ᠤᠨ ᠰᠤᠨᠢᠨ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号