ᠪᠤᠱᠤᠤᠳᠠᠢ ᠭᠡᠬᠦ ᠨᠡᠷ᠎ᠡ ᠶᠢᠨ ᠢᠷᠡᠯ ᠭᠠᠷᠤᠯ ᠤᠨ ᠲᠤᠬᠠᠢ
ᠨᠡᠶᠢᠲᠡᠯᠡᠭᠰᠡᠨ ᠴᠠᠭ᠄
2016/7/13
  ᠪᠤᠱᠤᠤᠳᠠᠢ ᠭᠡᠬᠦ ᠨᠡᠷ᠎ᠡ ᠶᠢᠨ ᠢᠷᠡᠯ ᠭᠠᠷᠤᠯ ᠤᠨ ᠲᠤᠬᠠᠢ                     ᠵᠣᠬᠢᠶᠠᠭᠴᠢ᠄ ᠴ᠊᠂ ᠮᠤᠩᠭᠤᠯᠵᠠᠪ       ᠪᠤᠱᠤᠤᠳᠠᠢ ᠭᠡᠬᠦ ᠨᠠᠷ᠎ᠡ ᠨᠢ ᠠᠩᠬ᠎ᠠ ᠰᠤᠨᠤᠰᠤᠭᠰᠠᠨ ᠬᠦᠮᠤᠨ ᠳᠤ ᠶᠡᠭᠡ ᠯᠨ ᠲᠠᠨᠢᠯ ᠪᠤᠰᠤ ᠮᠦᠷᠳᠠᠭᠡᠨ ᠰᠤᠨᠢᠷᠬᠠᠯᠳᠠᠢ ᠨᠠᠷ᠎ᠡ ᠪᠠᠶᠢᠨ᠎ᠡ ᠭᠡᠵᠤ ᠰᠠᠨᠠᠭᠳᠠᠬᠤ ᠪᠠᠶᠢᠬ᠎ᠠ᠃ ᠡᠨᠡ ᠨᠠᠷ᠎ᠡ ᠶᠢ ᠴᠠᠬᠠᠷ ᠨᠤᠳᠤᠭ ᠤᠨ ᠰᠤᠶᠤᠯ ᠰᠤᠷᠭᠠᠨ ᠬᠦᠮᠤᠵᠢᠯ ᠤᠨ ᠲᠠᠣᠭᠡ ᠠᠴᠠ ᠤᠷᠪᠠᠭᠤᠯᠵᠤ ᠦᠵᠠᠬᠦ ᠪᠤᠶᠤ ᠴᠠᠬᠠᠷ ᠨᠤᠳᠤᠭ ᠤᠨ ᠬᠤᠪᠢᠰᠬᠠᠯᠳᠤ ᠲᠠᠮᠠᠴᠠᠯ ᠤᠨ ᠲᠠᠤᠭᠡ ᠶᠢᠨ ᠡᠮᠬᠢᠤᠠᠬᠡᠯ ᠠᠴᠠ ᠤᠩᠰᠢᠵᠤ ᠦᠵᠠᠪᠠᠯ ᠬᠢᠯᠪᠠᠷᠬᠠᠨ ᠤᠢᠢᠯᠠᠭᠠᠵᠦ ᠮᠠᠳᠠᠬᠦ ᠪᠠᠶᠢᠬ᠎ᠠ ᠡ᠃ ᠪᠤᠱᠤᠤᠳᠠᠢ ᠭᠡᠳᠡᠭ ᠨᠢ ᠨᠠᠭᠤᠷ ᠤᠨ ᠨᠠᠷ᠎ᠡ ᠠᠴᠠ ᠡᠰᠢ ᠠᠪᠴᠤ ᠲᠤᠰ ᠨᠤᠳᠤᠭ ᠢ ᠪᠤᠱᠤᠤᠳᠠᠢ ᠨᠤᠳᠤᠭ ᠭᠡᠵᠤ᠂ ᠬᠤᠵᠢᠮ ᠨᠢ ᠪᠠᠰᠠ ᠰᠢᠯᠤᠭᠤᠨ ᠬᠦᠬᠡ ᠬᠤᠰᠢᠭᠤᠨ ᠤ ᠨᠢᠬᠡᠨ ᠮᠠᠯᠵᠢᠬᠤ ᠰᠤᠮᠤᠨ ᠤ ᠨᠠᠷ᠎ᠡ ᠪᠠᠨ ᠴᠤ ᠪᠤᠱᠤᠤᠳᠠᠢ ᠭᠡᠵᠥ ᠠᠪᠤᠬᠰᠠᠠ ᠶᠤᠮ᠃ 1910 ᠣᠨ ᠳᠤ ᠠᠷᠠᠤᠨ ᠠᠴᠠ ᠡᠷᠬᠢᠯᠡᠭᠰᠡᠨ ᠠᠩᠬᠠᠨ ᠤ ᠰᠤᠷᠭᠠᠨ ᠬᠦᠮᠤᠵᠢᠯ ᠤᠨ ᠭᠤᠯᠤᠮᠳᠠ ︵ᠮᠢᠩᠭᠠᠨ ᠮᠠᠯᠵᠢᠯ ᠤᠨ ᠪᠠᠭ᠎ᠠ ᠰᠤᠷᠭᠠᠭᠤᠯᠢ︶ ᠡ᠊ ᠨᠳᠠ ᠡᠬᠢᠯᠠᠵᠤ ᠲᠦᠷᠠᠯᠵᠡᠭ᠌ᠰᠡᠨ ᠠᠴᠠ ᠪᠤᠱᠤᠤᠳᠠᠢ ᠲᠠᠷᠨ ᠦᠶ᠎ᠡ ᠠᠴᠠ ᠲᠠᠶᠠᠩ ᠳᠤ ᠠᠯᠳᠠᠷᠰᠢᠵᠠᠢ᠃ 1946 ᠤᠨ ᠤ 4 ᠳ᠋ᠦ᠋ᠭᠡᠷ ᠰᠠᠷ᠎ᠡ ᠳᠤ ᠴᠠᠬᠠᠷ ᠨᠤᠳᠤᠭ ᠤᠨ ᠬᠠᠮᠤᠭ ᠠᠩᠬᠠᠨ ᠤ ᠲᠤᠮᠳᠠᠳᠤ ᠤᠯᠤᠰ ᠤᠨ ᠡᠪ ᠬᠠᠮᠳᠤ ᠨᠠᠮ ᠤᠨ ᠰᠠᠯᠪᠤᠷᠢ ᠡᠬᠦᠷ ︵ᠲᠤᠶ᠋ᠢᠩ ᠤᠨ ᠨᠠᠮ ᠤᠨ ᠡᠬᠦᠷ︶ ᠮᠦᠨ ᠡ᠊ ᠨᠳᠠ ᠨᠢᠭᠤᠴᠨ ᠪᠠᠷ ᠪᠠᠶᠢᠭᠤᠯᠤᠭᠳᠠᠵᠤ᠂ ᠲᠠᠷᠨ ᠡᠳᠤᠷ ᠠᠴᠠ ᠡᠬᠢᠯᠠᠨ ᠬᠤᠪᠢᠰᠬᠠᠯ ᠤᠨ ᠭᠠᠯ ᠢ ᠲᠠᠯ᠎ᠡ ᠨᠤᠳᠤᠭ ᠲᠤ ᠲᠦᠷᠠᠯᠵᠡᠬᠦᠯᠤᠭ᠍ᠰᠠᠨ ᠢᠶᠠᠷ ᠪᠠᠭᠠᠳᠤᠷᠯᠢᠭ ᠬᠦᠪᠠᠬᠦᠳ ᠦᠬᠢᠳ ᠨᠢ ᠡᠭᠡ ᠤᠷᠤᠨ ᠤ ᠴᠢᠯᠤᠭᠡᠯᠠᠯᠳᠠ᠂ ᠡᠷᠭᠡ ᠴᠢᠯᠤᠭᠡᠨ ᠤ ᠲᠠᠮᠠᠴᠠᠯ ᠤᠨ ᠲᠦᠯᠤᠬᠡ ᠠᠷᠢᠭᠤᠨ ᠴᠢᠰᠤ ᠪᠠᠨ ᠤᠷᠤᠰᠬᠠᠵᠤ᠂ ᠠᠯᠳᠠᠨ ᠠᠮᠢ ᠪᠠᠨ ᠦᠷᠡᠭᠳᠠᠬᠦᠯᠤᠨ᠂ ᠡᠨᠡ ᠨᠤᠳᠤᠭ ᠤᠨ ᠠᠯᠳᠠᠷ ᠢ ᠬᠦᠮᠤᠨ ᠲᠦᠷᠤᠯᠬᠢᠳᠠᠨ ᠤ ᠡᠷᠭᠡ ᠴᠢᠯᠤᠭᠡᠨ ᠤ ᠲᠠᠮᠠᠴᠠᠯ ᠤᠨ ᠲᠠᠤᠭᠡ ᠲᠠᠢ ᠬᠤᠯᠪᠤᠵᠤ ᠪᠢᠴᠢᠭᠯᠡᠭᠰᠠᠨ ᠶᠤᠮ᠃ ᠲᠠᠭᠡᠬᠦ ᠪᠠᠷ ᠪᠤᠱᠤᠤᠳᠠᠢ ᠭᠡᠬᠦ ᠨᠠᠷ᠎ᠡ ᠲᠡᠤᠬᠡ ᠶᠢᠨ ᠬᠠᠭᠤᠳᠠᠰᠤᠨ᠎ᠠ ᠮᠦᠡᠭᠬᠡ ᠲᠠᠭᠤᠷᠢᠰᠦᠨ ᠲᠡᠮᠳᠡᠭᠯᠡᠭᠳᠡᠭᠰᠡᠨ ᠪᠢᠯᠡ᠃ ᠭᠡᠪᠡᠴᠤ ᠡ᠊ ᠨᠳᠠ ᠡᠬᠦᠨ ᠢ ᠦᠬᠦᠯᠠᠬᠦ ᠪᠤᠰᠤ᠂ ᠬᠠᠷᠢᠨ ᠪᠤᠱᠤᠤᠳᠠᠢ ᠭᠡᠬᠦ ᠨᠠᠷ᠎ᠡ ᠶᠢᠨ ᠲᠤᠬᠠᠢ ᠨᠤᠳᠤᠭ ᠤᠨ ᠨᠠᠰᠣᠳᠠᠳ ᠠᠴᠠ ᠰᠤᠨᠤᠰᠤᠭᠰᠠᠨ ᠪᠤᠶᠤ ᠦᠪᠠᠷ ᠤᠨ ᠰᠤᠳᠤᠯᠵᠤ ᠰᠢᠨᠵᠢᠯᠡᠭᠰᠠᠨ ᠢᠶᠠᠨ ᠶᠠᠷᠢᠬᠤ ᠪᠠᠷ ᠵᠤᠷᠢᠭᠰᠠᠨ ᠢ ᠮᠢᠨᠢ ᠲᠤᠩᠭᠠᠨ ᠪᠤᠯᠭᠤᠭᠠᠨ᠎ᠡ ᠤᠤ⁈ ᠪᠤᠱᠤᠤᠳᠠᠢ ᠭᠡᠬᠦ ᠨᠠᠷ᠎ᠡ ᠶᠢ ᠲᠠᠶᠢᠯᠪᠤᠷᠢᠯᠠᠭᠰᠠᠨ ᠳᠠᠶᠢᠯᠪᠦᠷᠢ ᠨᠠᠯᠢᠶᠠᠳ ᠤᠯᠠᠨ ᠪᠤᠢ᠃ ᠵᠠᠷᠢᠮ ᠨᠢ ᠨᠠᠯᠢᠶᠠᠳ ᠦᠨᠳᠤᠰᠤ ᠪᠠᠷᠢᠮᠳᠠ ᠲᠠᠢ ᠶᠠᠷᠢᠭᠰᠠᠨ ᠰᠢᠭ᠋ ᠪᠤᠯᠪᠠᠴᠤ ᠵᠠᠷᠢᠮ ᠨᠢ ᠪᠠᠰᠠ ᠬᠠᠷ᠎ᠡ ᠠᠯᠪᠠ ᠪᠠᠷ ᠮᠤᠰᠬᠢᠵᠤ ᠮᠤᠷᠦ᠋ᠢᠯᠭᠠᠵᠤ ᠤᠷᠤ ᠦᠬᠡᠢ ᠶᠠᠷᠢᠭᠰᠠᠨ ᠮᠠᠳᠤ ᠰᠠᠨᠠᠭᠳᠠᠨ᠎ᠡ᠃        ᠬᠤᠪᠢᠯᠪᠦᠷᠢ ᠨᠢᠬᠡ᠄ 13 ᠳ᠋ᠤᠭᠠᠷ ᠵᠠᠭᠤᠨ ᠳᠤ ᠴᠢᠩᠬᠢᠰ ᠬᠠᠭᠠᠨ ᠠᠯᠳᠠᠨ ᠤᠯᠤᠰ ᠢ ᠲᠠᠶᠢᠯᠠᠷ᠎ᠡ ᠬᠤᠯᠠᠨ ᠰᠢᠷᠭ᠎ᠠ ᠶᠢᠨ ᠡᠯᠠᠰᠤ ︵ᠪᠠᠭ᠎ᠠ ᠲᠡᠭᠷᠢ ᠡᠯᠠᠰᠤ︶᠎ ᠶᠢ ᠲᠤᠭᠤᠯᠵᠤ᠂ ᠦᠷᠯᠤᠬᠡ ᠡᠷᠳᠠ ᠡᠨᠠᠬᠦᠷ ᠦᠩᠬᠡᠷᠠᠬᠦ ᠦᠶ᠎ᠡ ᠳᠤ ᠡ᠊ ᠨᠳᠠᠬᠢ ᠠᠶᠢᠯ ᠤᠳ ᠤᠨ ᠤᠯᠠᠩᠬᠢ ᠨᠢ ᠪᠤᠰᠤᠭᠠᠳᠤᠢ ᠪᠠᠶᠢᠭᠰᠠᠨ ᠪᠤᠯᠬᠤᠷ ᠴᠢᠩᠬᠢᠰ ᠬᠠᠭᠠᠨ ︽ᠪᠤᠰᠤᠭᠠᠳᠤᠢ ᠠᠶᠢᠯ ᠳᠤ ᠢᠷᠠᠴᠢᠬᠡᠵᠠᠢ︾ ᠭᠡᠰᠠᠨ ᠠᠴᠠ ᠡ᠊ ᠨᠳᠠᠬᠢ ᠭᠠᠵᠠᠷ ᠢ ᠪᠤᠰᠤᠭᠠᠳᠤᠢ ᠠᠶᠢᠯ ᠭᠡᠵᠤ ᠨᠠᠷᠠᠯᠠᠨ ᠬᠤᠵᠢᠮ ᠨᠢ ᠠᠪᠢᠶᠠᠨ ᠤ ᠤᠨᠳᠤᠤᠰᠢᠯ ᠠᠴᠠ ᠪᠤᠯᠵᠤ ᠪᠤᠱᠤᠤᠳᠠᠢ ᠪᠤᠯᠤᠭᠰᠠᠨ ᠭᠡᠨ᠎ᠡ᠃ ᠡᠨᠡ ᠬᠤᠪᠢᠯᠪᠤᠷᠢ ᠨᠢ ᠴᠢᠩᠬᠢᠰ ᠬᠠᠭᠠᠨ ᠲᠠᠢ ᠬᠤᠯᠪᠤᠭᠰᠠᠨ ᠢᠶᠠᠷ ᠤᠯᠠᠨ ᠤ ᠬᠦᠨᠳᠤᠳᠭᠡᠯ ᠪᠢᠰᠢᠷᠠᠯ ᠢ ᠤᠯᠤᠭᠰᠠᠨ ᠪᠤᠯᠪᠠᠴᠤ ᠦᠬᠡ ᠵᠦᠢ ᠶᠢᠨ ᠬᠤᠪᠢ ᠳᠤ ᠡᠨᠡᠬᠦ ᠭᠡᠯᠠᠯᠭᠡ ᠪᠠᠷ ᠨᠢᠬᠡ ᠭᠠᠵᠠᠷ ᠤᠷᠤᠨ ᠢ ᠨᠠᠷᠠᠯᠠᠵᠤ᠂ ᠨᠠᠷᠠᠰᠢᠨ ᠲᠤᠭᠳᠠᠨᠢᠬᠤ ᠪᠤᠯᠤᠮᠵᠢ ᠲᠤᠩ ᠪᠠᠭ᠎ᠠ ᠶᠤᠮ᠃ ᠤᠴᠢᠷ ᠨᠢ ᠡᠨᠡ ᠦᠭᠡ ᠶᠠᠮᠠᠷ ᠨᠢᠬᠡ ᠶᠡᠭᠡ ᠤᠳᠬ᠎ᠠ ᠤᠴᠢᠷ ᠢ ᠬᠠᠷᠠᠭᠤᠯᠤᠭᠰᠠᠨ ᠪᠢᠰᠢ᠂ ᠶᠠᠮᠠᠷ ᠨᠢᠬᠡ ᠲᠠᠤᠭᠡᠳᠤ ᠤᠳᠬ᠎ᠠ ᠠᠭᠠᠤᠯᠭ᠎ᠠ ᠲᠠᠢ ᠴᠦ ᠪᠢᠰᠢ᠂ ᠶᠠᠮᠠᠷ ᠨᠢᠬᠡ ᠭᠠᠵᠠᠷ ᠤᠷᠤᠨ ᠤ ᠪᠤᠰᠤᠳ ᠠᠴᠠ ᠢᠯᠭᠠᠭᠳᠠᠮ᠎ᠡ ᠤᠨᠴᠠᠯᠢᠭ ᠢ ᠪᠠᠷᠢᠵᠤ ᠭᠡᠯᠡᠭᠰᠠᠨ ᠴᠦ ᠪᠢᠰᠢ ᠤᠴᠢᠷ ᠠᠴᠠ ᠨᠠᠷᠠᠰᠢᠨ ᠲᠤᠭᠳᠠᠨᠢᠬᠤ ᠪᠤᠯᠤᠮᠵᠢ ᠲᠦᠢᠯ ᠤᠨ ᠪᠠᠭ᠎ᠠ ᠶᠤᠮ᠃ ᠨᠦᠬᠦᠬᠡ ᠲᠠᠯ᠎ᠡ ᠪᠠᠷ ᠰᠢᠨᠵᠢᠪᠠᠯ ᠤᠳᠤᠮᠰᠢᠯᠳᠤ ᠰᠤᠷᠳᠠᠬᠤᠨ ᠤ ᠲᠠᠯ᠎ᠠ ᠠᠴᠠ ᠶᠠᠷᠢᠬᠰᠠᠨ ᠴᠤ ᠪᠤᠰᠬᠤ ᠴᠠᠭ ᠲᠠᠭᠠᠨ ᠪᠤᠰᠬᠤ ᠦᠬᠡᠢ ᠤᠠᠳᠠᠭᠠᠳ ᠪᠠᠶᠢᠬᠤ ᠨᠢ ᠲᠦᠢᠯ ᠤᠨ ᠶᠡᠭᠡ ᠨᠢᠭᠤᠷ ᠪᠠᠷᠠᠭᠰᠠᠨ ᠤᠴᠢᠷ ᠪᠤᠯᠬᠤ ᠮᠦᠷᠳᠠᠭᠡᠨ ᠲᠤᠷᠠᠰᠬᠠᠯ ᠪᠤᠯᠭᠠᠨ ᠨᠤᠳᠤᠭ ᠤᠨ ᠨᠠᠷ᠎ᠡ ᠪᠤᠯᠭᠠᠬᠤ ︽ᠤᠮᠤᠭᠰᠢᠯ︾ ᠨᠠᠩ ᠠᠯᠠᠭ᠎ᠠ ᠶᠤᠮ ᠡ᠃         ᠬᠤᠪᠢᠯᠪᠦᠷᠢ ᠬᠤᠶᠠᠷ᠄ ᠡᠨᠡ ᠨᠤᠳᠤᠭ ᠤᠨ ᠤᠢᠢᠷ᠎ᠠ ᠬᠠᠪᠢ ᠪᠠᠷ ᠡᠷᠳᠠ ᠦᠶ᠎ᠡ ᠳᠤ ᠤᠯᠠᠨ ᠭᠤᠶᠤ ᠤᠷᠳᠤᠨ ᠬᠠᠷᠰᠢ ᠲᠠᠢ ᠨᠢᠬᠡ ᠦᠵᠠᠰᠬᠦᠯᠠᠩᠳᠤ ᠬᠤᠳᠠ ᠪᠠᠶᠢᠵᠤ ᠭᠡᠨ᠎ᠡ᠃ ᠬᠤᠶᠠᠷ ᠤᠭᠰᠠᠭᠠᠨ ᠤ ᠮᠦᠷᠬᠦᠯᠳᠤᠭᠡᠨ ᠠᠴᠠ ᠪᠤᠯᠵᠤ᠂ ᠨᠢᠬᠡ ᠶᠡᠭᠡ ᠲᠠᠶᠢᠨ ᠭᠠᠷᠴᠤ ᠨᠢᠬᠡ ᠰᠦᠨᠢ ᠶᠢᠨ ᠬᠤᠭᠤᠷᠤᠨᠳᠤ ᠡᠨᠡ ᠬᠤᠳᠠ ᠨᠢ ᠤᠷᠤ ᠮᠦᠷ ᠦᠬᠡᠢ ᠪᠠᠯᠠᠷᠠᠨ ᠰᠦᠢᠳᠴᠤ᠂ ᠬᠦᠮᠤᠨ ᠤ ᠨᠢᠳᠤᠨ ᠳᠤ ᠲᠤᠷᠤᠬᠤ ᠵᠦᠢᠯ ᠦᠬᠡᠢ ᠲᠡᠭᠰᠢ ᠭᠠᠵᠠᠷ ᠪᠤᠯᠤᠭᠰᠠᠨ ᠠᠴᠠ ᠡ᠊ ᠨᠳᠠᠬᠢ ᠬᠦᠮᠤᠰ ︽ᠪᠤᠰᠢᠭᠤ ᠲᠠᠶᠢᠨ ᠭᠠᠷᠤᠭᠰᠠᠨ ᠭᠠᠵᠠᠷ︾ ᠭᠡᠵᠤ ᠨᠠᠷᠠᠯᠠᠭᠡᠳ ᠰᠠᠬᠦᠯᠠᠷ ᠨᠢ ᠡᠨᠡ ᠨᠢ ᠪᠤᠱᠤᠤᠳᠠᠢ ᠪᠤᠯᠵᠤ ᠬᠤᠪᠢᠷᠠᠭᠰᠠᠨ ᠭᠡᠨ᠎ᠡ᠃ ᠡᠨᠡ ᠬᠤᠪᠢᠯᠪᠤᠷᠢ ᠨᠢ ᠨᠠᠩ ᠴᠦ ᠪᠠᠵᠠᠭᠠᠬᠤ ᠦᠬᠡᠢ ᠲᠠᠶᠢᠯᠪᠤᠷᠢ ᠠᠵᠢ᠃ ᠮᠤᠩᠭᠤᠯᠴᠤᠳ ᠭᠠᠢ ᠪᠠᠷᠴᠢᠳ ᠪᠤᠶᠤ ᠠᠶᠤᠯ ᠭᠠᠮᠰᠢᠭ᠂ ᠲᠠᠶᠢᠨ ᠲᠤᠯᠤᠯᠳᠤᠭᠠᠨ ᠤ ᠠᠭᠤᠯᠭ᠎ᠠ ᠶᠢ ᠤᠷᠤᠭᠤᠯᠵᠤ ᠨᠤᠳᠤᠭ ᠤᠰᠤ ᠪᠠᠨ ᠨᠠᠷᠠᠯᠠᠬᠦ ᠪᠤᠯᠤᠮᠵᠢ ᠲᠤᠩ ᠴᠦᠬᠡᠨ ᠶᠤᠮ᠃ ᠮᠤᠩᠭᠤᠯᠴᠤᠳ ᠪᠤᠯ ᠪᠠᠶᠠᠨ ᠲᠠᠩᠰᠤᠭ᠂ ᠠᠮᠤᠷ ᠲᠠᠶᠢᠪᠤᠩ᠂ ᠡᠷᠠᠬᠦᠯ ᠡᠩᠬᠡ ᠶᠢ ᠬᠦᠰᠠᠨ ᠡᠷᠡᠮᠡᠯᠵᠡᠯᠡᠵᠦ᠂ ᠵᠠᠯᠪᠠᠷᠢᠨ ᠲᠠᠭᠠᠳᠬᠠᠳᠠᠭ ᠦᠨᠳᠤᠰᠤᠳᠠᠨ ᠪᠤᠯᠬᠤᠷ ᠲᠠᠶᠢᠨ ᠲᠤᠯᠤᠯᠳᠤᠭᠠᠨ ᠤ ᠤᠳᠬ᠎ᠠ ᠤᠴᠢᠷ ᠲᠠᠢ ᠨᠠᠷ᠎ᠡ ᠪᠠᠷ ᠨᠤᠳᠤᠭ ᠢᠶᠠᠨ ᠨᠠᠷᠠᠯᠠᠬᠦ ᠨᠢ ᠮᠤᠩᠭᠤᠯᠴᠤᠳ ᠤᠨ ᠰᠣᠶᠣᠯ ᠰᠠᠳᠬᠢᠴᠨ ᠳᠤ ᠲᠤᠬᠢᠷᠠᠬᠤ ᠦᠬᠡᠢ ᠤᠴᠢᠷ ᠠᠴᠠ ︽ᠪᠤᠰᠢᠭᠤ ᠲᠠᠶᠢᠨ ᠨᠠᠭᠤᠷ︾ ᠭᠡᠬᠦ ᠡᠨᠡ ᠲᠠᠶᠢᠯᠪᠤᠷᠢ ᠪᠤᠯ ᠦᠴᠤᠭᠡᠨ ᠴᠦ ᠤᠷᠤᠰᠢᠬᠤ ᠶᠢᠨ ᠰᠢᠯᠳᠠᠭ ᠦᠬᠡᠢ ᠲᠠᠶᠢᠯᠪᠤᠷᠢ ᠪᠤᠯᠬᠤ ᠮᠠᠳᠤ ᠰᠠᠨᠠᠬᠳᠠᠨ᠎ᠠ᠃            ᠬᠤᠪᠢᠯᠪᠦᠷᠢ ᠭᠤᠷᠪᠠ᠄ ᠶᠡᠭᠡ ᠡᠷᠳᠠ ᠳᠡᠭᠡᠨ ᠪᠤᠱᠤᠤᠳᠠᠢ ᠨᠠᠭᠤᠷ ᠤᠨ ᠤᠰᠤ ᠨᠢ ᠶᠡᠭᠡ ᠤᠴᠢᠷ ᠠᠴᠠ ᠰᠠᠯᠬᠢ ᠲᠠᠢ ᠡᠳᠤᠷ ᠪᠤᠯ ᠲᠠᠪᠠᠯᠭᠠᠨ ᠨᠢ ᠭᠡᠳᠤᠨ ᠵᠠᠩ ᠦᠨᠳᠤᠷ ᠪᠤᠰᠴᠤ᠂ ᠬᠦᠮᠤᠰ ᠲᠤ ᠨᠢᠬᠡ ᠵᠦᠢᠯ ᠤᠨ ᠠᠶᠤᠩᠭᠤᠷᠢ ᠲᠦᠷᠤᠬᠦᠯᠳᠡᠭ ᠪᠠᠶᠢᠵᠤ᠂ ᠬᠦᠮᠤᠰ ᠡᠬᠦᠨ ᠢ ︽ᠪᠤᠰᠤᠭ᠎ᠠ ᠲᠠᠯᠠᠢ︾ ᠭᠡᠵᠤ ᠭᠡᠯᠠᠯᠴᠠᠳᠡᠭ ᠭᠡᠰᠡᠨ᠃ ᠡᠨᠡ ᠨᠢ ᠠᠯᠭᠤᠷ ᠨᠠᠷᠠᠰᠢᠭ᠍ᠰᠡᠭᠡᠷ ᠪᠤᠱᠤᠤᠳᠠᠢ ᠪᠤᠯᠵᠤ ᠬᠤᠪᠢᠷᠠᠵᠤ ᠬᠡᠨ᠎ᠡ᠃ ᠡᠨᠡᠬᠦ ᠬᠡᠯᠠᠯᠬᠡ ᠨᠢ ᠡᠮᠤᠨᠠᠬᠢ ᠬᠤᠶᠠᠷ ᠵᠦᠢᠯ ᠤᠨ ᠬᠤᠪᠢᠯᠪᠤᠷᠢ ᠪᠠᠨ ᠪᠤᠳᠤᠪᠠᠯ ᠵᠢᠭᠠᠬᠠᠨ ᠪᠤᠯᠤᠮᠵᠢ ᠶᠢ ᠬᠠᠩᠭᠠᠭᠰᠠᠨ ᠪᠤᠯᠪᠠᠴᠤ ᠭᠡᠯᠨ ᠬᠡᠯᠠᠯᠬᠡ ᠪᠤᠶᠤ ᠠᠪᠢᠶᠠᠯᠠᠭ᠎ᠠ ᠶᠢᠨ ᠲᠠᠯ᠎ᠡ ᠠᠴᠠ ᠦᠵᠠᠪᠠᠯ ︽ᠪᠤᠰᠤᠭ᠎ᠠ ᠲᠠᠯᠠᠢ︾ ᠬᠡᠬᠦ ᠦᠬᠡ ᠨᠢ ︽ᠪᠤᠱᠤᠤᠳᠠᠢ︾ ᠪᠤᠯᠵᠤ ᠬᠤᠪᠢᠷᠠᠬᠤ ᠪᠤᠯᠤᠮᠵᠢ ᠬᠠᠷᠢᠨ ᠲᠤᠩ ᠪᠠᠭ᠎ᠠ ᠶᠤᠮ᠃ ᠵᠠᠷᠢᠮ ᠬᠦᠮᠤᠰ ᠦᠬᠡᠨ ᠤ ᠬᠤᠪᠢᠷᠠᠯ ᠢ ᠮᠠᠭᠠᠳᠯᠠᠬᠤ ᠳᠠᠭᠠᠨ ᠲᠠᠷᠨ ᠦᠬᠡ ᠪᠠᠨ ᠠᠮᠠᠨ ᠳᠠᠭᠠᠨ ᠤᠯᠠᠨ ᠤᠳᠠᠭ᠎ᠠ ᠤᠩᠰᠢᠭᠠᠳ ᠪᠠᠶᠢᠪᠠᠯ ᠡᠴᠤᠰ ᠲᠡᠭᠡᠨ ᠤᠨᠳᠤᠤᠰᠢᠭᠰᠠᠨ ᠦᠬᠡ ᠲᠠᠢ ᠪᠠᠨ ᠠᠪᠢᠶ᠎ᠡ ᠨᠢ ᠢᠵᠢᠯᠰᠢᠳᠡᠭ ᠭᠡᠵᠤ ᠳᠠᠶᠢᠯᠪᠦᠷᠢᠯᠠᠳᠠᠬ᠃ ᠡᠨᠡ ᠬᠡᠯᠠᠯᠭᠡ ᠨᠢ ᠲᠠᠶᠢᠮᠤ ᠰᠢᠨᠵᠢᠯᠠᠬᠦ ᠤᠬᠠᠭᠠᠨᠴᠢ ᠨᠤᠳᠠᠯᠠᠯᠳᠠ ᠪᠢᠰᠢ ᠪᠤᠯᠪᠠᠴᠤ ᠠᠪᠢᠶ᠎ᠡ ᠤᠠᠳᠤᠤᠰᠢᠭᠰᠠᠨ ᠮᠦᠷ ᠰᠤᠷᠠᠭ ᠤᠨ ᠲᠤᠬᠠᠢ ᠪᠠᠭ᠎ᠠ ᠴᠦ ᠭᠡᠰᠠᠨ ᠰᠤᠷᠠᠭ ᠵᠠᠩᠬᠢ ᠬᠠᠩᠭᠠᠬᠤ ᠪᠤᠯᠤᠮᠵᠢ ᠲᠠᠢ ᠪᠠᠶᠢᠵᠤ ᠮᠠᠳᠠᠨ᠎ᠡ᠃ ᠦᠬᠡᠷ᠎ᠡ ᠨᠢᠬᠡ ᠬᠠᠷᠠᠭᠠᠰᠤ ᠠᠴᠠ ᠨᠢᠭᠳᠠᠯᠠᠪᠠᠯ ︽ᠪᠤᠰᠤᠭ᠎ᠠ ᠲᠠᠯᠠᠢ︾ ᠭᠡᠬᠦ ᠦᠬᠡ ᠶᠢᠨ ᠬᠤᠪᠢ ᠳᠤ ᠠᠪᠴᠤ ᠭᠡᠯᠠᠪᠠᠯ ︽ᠪᠤᠰᠤᠭ᠎ᠠ ᠲᠠᠯᠠᠢ ᠶᠢᠨ ᠨᠠᠭᠤᠷ︾ ᠭᠡᠵᠤ ᠨᠠᠷᠠᠯᠠᠬᠦ ᠪᠤᠯᠤᠮᠵᠢ ᠲᠤᠩ ᠪᠠᠭ᠎ᠠ ᠭᠡᠮᠡᠨ ᠰᠠᠨᠠᠵᠤ ᠪᠠᠶᠢᠨ᠎ᠡ᠃ ᠪᠤᠱᠤᠤᠳᠠᠢ ᠨᠠᠭᠤᠷ ᠨᠢ ᠮᠢᠨᠤ ᠨᠤᠳᠤᠭ ᠪᠤᠯᠬᠤᠷ ᠤᠯᠠᠨ ᠪᠢᠴᠢᠭ ᠤᠨ ᠬᠦᠮᠤᠰ ᠪᠤᠶᠤ ᠬᠤᠯᠨ ᠭᠠᠵᠠᠷ ᠤᠨ ᠨᠠᠶᠢᠵᠨ ᠨᠦᠬᠦᠳ ᠨᠠᠳᠠ ᠠᠴᠠ ︽ᠪᠤᠱᠤᠤᠳᠠᠢ︾ ᠭᠡᠵᠤ ᠴᠤᠬᠤᠮ ᠶᠠᠮᠠᠷ ᠤᠳᠬ᠎ᠠ ᠲᠠᠢ ᠦᠬᠡ ᠪᠤᠢ ᠬᠡᠵᠤ ᠤᠯᠠᠨ ᠤᠳᠠᠭ᠎ᠠ ᠠᠰᠠᠭᠤᠵᠥ ᠦᠩᠭᠡᠷᠡᠪᠡ᠃ ᠪᠢ ᠴᠢᠳᠠᠬᠤ ᠶᠢᠨ ᠬᠢᠷᠢ ᠪᠠᠷ ᠲᠠᠶᠢᠮᠤ ᠭᠡᠯᠠᠯᠬᠡ ᠪᠠᠶᠢᠨ᠎ᠡ᠂ ᠡᠶᠢᠮᠤ ᠭᠡᠯᠠᠯᠬᠡ ᠪᠠᠶᠢᠨ᠎ᠡ ᠭᠡᠵᠤ ᠲᠠᠶᠢᠯᠪᠤᠷᠢᠯᠠᠵᠤ ᠦᠭᠳᠡᠭ ᠴᠦ ᠰᠠᠳᠬᠢᠯ ᠳᠤ ᠨᠢᠬᠡ ᠯᠨ ᠬᠠᠨᠤᠮᠵᠢ ᠦᠬᠡᠢ ᠪᠤᠯᠵᠤ ᠴᠢᠷᠠᠢ ᠨᠢᠯᠴᠢᠬᠢᠨᠠᠳᠡᠭ ᠪᠠᠶᠢᠵᠦ ᠪᠢᠯᠡ᠃ ᠪᠢ ᠴᠤ ᠡᠨᠡ ᠨᠢ ᠳᠦᠪᠡᠳ ᠪᠤᠶᠤ ᠮᠠᠨᠵᠥ ᠦᠭᠡ ᠴᠤ ᠪᠠᠶᠢᠵᠥ ᠮᠡᠳᠡᠨ᠎ᠡ ᠭᠡᠮᠡᠨ ᠰᠡᠵᠢᠭᠯᠡᠵᠥ᠂ ᠤᠯᠠᠨ ᠵᠢᠯ ᠤᠨ ᠳᠤᠷᠰᠢ ᠨᠤᠮ ᠰᠤᠳᠤᠷ ᠡᠷᠬᠢᠬᠦᠯᠵᠤ ᠡᠷᠢᠭᠦ ᠳᠤ ᠮᠠᠨᠵᠤ ᠬᠡᠯᠨ ᠪᠤᠶᠤ ᠲᠦᠪᠠᠳ ᠭᠡᠯᠠᠨ ᠳᠤ ᠡᠶᠢᠮᠤ ᠦᠬᠡ ᠪᠠᠶᠢᠬᠤ ᠦᠬᠡᠢ ᠶᠢ ᠨᠤᠳᠠᠯᠠᠵᠠᠢ᠃ ᠲᠠᠭᠡᠭᠡᠳ ᠨᠤᠳᠤᠭ ᠤᠨ ᠨᠠᠰᠣᠳᠠᠨ ᠲᠤᠮᠤᠭᠠᠳᠠᠳ ᠵᠢᠴᠢ ᠲᠠᠣᠭᠡ ᠰᠤᠳᠤᠷ ᠲᠤ ᠪᠠᠭ᠋ᠠᠳᠠᠢ ᠮᠠᠯᠴᠢᠳ᠂ ᠨᠤᠳᠤᠭ ᠤᠨ ᠮᠠᠷᠭᠡᠳ ᠠᠴᠠ ᠦᠷᠭᠡᠨ ᠭᠡᠪᠴᠢᠶ᠎ᠡ ᠪᠠᠷ ᠠᠰᠠᠭᠤᠨ ᠰᠤᠷᠪᠤᠯᠵᠢᠯᠠᠵᠤ ᠪᠠᠶᠢᠭᠠᠳ ᠬᠠᠷᠢᠨ ᠴᠦᠭᠡᠨ ᠪᠤᠰᠤ ᠵᠦᠪ ᠭᠡᠮᠠᠷ ᠬᠠᠷᠢᠭᠤᠯᠳᠠ ᠤᠯᠤᠭᠰᠠᠨ ᠶᠤᠮ᠃ ᠡᠬᠦᠨ ᠳᠤ ᠬᠠᠮᠤᠭ ᠪᠤᠯᠤᠮᠵᠢ ᠲᠠᠢ ᠭᠡᠰᠠᠨ ᠨᠢ ᠨᠢᠬᠡ ᠯᠨ ᠬᠠᠷᠢᠭᠤᠯᠳᠠ ᠪᠠᠶᠢᠪᠠ᠃            1989 ᠤᠨ ᠳᠤ ᠪᠤᠱᠤᠤᠳᠠᠢ ᠰᠤᠮᠤᠨ ᠤ ᠠᠮᠪᠠᠨ ᠰᠢᠷ᠎ᠡ ᠭᠠᠴᠠᠭᠠᠨ ᠤ ᠦᠨᠳᠤᠷ ᠨᠠᠰᠤᠳᠠᠢ ᠷᠠᠳᠨ᠎ᠡ ᠭᠤᠸᠠᠢ ︽ᠪᠤᠱᠤᠤᠳᠠᠢ ᠨᠠᠭᠤᠷ︾ ᠭᠡᠬᠦ ᠦᠬᠡ ᠪᠤᠯ ᠪᠤᠬ᠎ᠠ ᠰᠢᠪᠠᠭᠤ ᠲᠠᠢ ᠨᠠᠭᠤᠷ ᠭᠡᠬᠦ ᠦᠬᠡᠨ ᠠᠴᠠ ᠢᠷᠠᠯᠳᠠᠢ ᠭᠡᠨ᠎ᠡ ᠰᠢᠤ ᠭᠡᠵᠤ ᠬᠠᠭᠤᠴᠢᠯᠠᠵᠤ ᠪᠢᠯᠡ᠃ ᠲᠡᠭᠡᠭᠡᠳ ᠪᠢ ᠠᠩᠬ᠎ᠠ ᠤᠳᠠᠭ᠎ᠠ ᠪᠤᠱᠤᠤᠳᠠᠢ ᠨᠠᠭᠤᠷ ᠤᠨ ᠲᠤᠬᠠᠢ ᠡᠶᠢᠮᠦ ᠲᠠᠶᠢᠯᠪᠦᠷᠢ ᠶᠢ ᠰᠤᠨᠤᠰᠤᠯ᠎ᠠ᠃ ᠲᠠᠬᠢᠪᠠᠯ 2006 ᠤᠨ ᠳᠤ ᠪᠤᠱᠤᠤᠳᠠᠢ ᠰᠤᠮᠤᠨ ᠤ ᠮᠠᠨᠳᠠᠯᠳᠤ ᠭᠠᠴᠠᠭᠠᠨ ᠤ ᠵᠠᠭᠤ ᠨᠠᠰᠤᠯᠠᠭᠰᠠᠨ ᠭᠧᠮᠫᠢᠯ ᠨᠠᠰᠤᠳᠠᠨ ᠲᠠᠢ ᠰᠠᠨᠠᠮᠰᠠᠷ ᠦᠬᠡᠢ ᠵᠤᠭᠤᠭᠳᠠᠬᠤ ᠳᠠᠭᠠᠨ ︽ᠪᠤᠱᠤᠤᠳᠠᠢ ᠨᠠᠭᠤᠷ︾ ᠭᠡᠬᠦ ᠦᠬᠡ ᠪᠤᠯ ᠪᠤᠬ᠎ᠠ ᠰᠢᠪᠠᠭᠤ ᠲᠠᠢ ᠨᠠᠭᠤᠷ ᠭᠡᠰᠠᠨ ᠦᠬᠡ ᠶᠤᠮ ᠡ ᠭᠡᠵᠤ ᠶᠠᠷᠢᠬᠤ ᠶᠢ ᠬᠤᠶᠠᠳᠠᠬᠴᠢ ᠤᠳᠠᠭ᠎ᠠ ᠰᠤᠨᠤᠰᠪᠠ᠃ ᠡᠨᠠᠬᠦ ᠳᠠᠶᠢᠯᠪᠦᠷᠢ ᠨᠢ ᠨᠠᠳᠠ ᠳᠤ ᠶᠡᠭᠡ ᠰᠠᠳᠠᠯᠳᠠ ᠤᠯᠭᠤᠵᠥ᠂ ᠬᠠᠷᠢᠵᠤ ᠢᠷᠠᠭᠡᠳ ᠠᠬᠢᠨ ᠲᠠᠬᠢᠨ ᠪᠤᠳᠤᠭᠠᠳ ᠪᠠᠶᠢᠬᠤ ᠳᠤ ᠶᠡᠭᠡ ᠯᠨ ᠤᠷᠤ ᠲᠠᠢ ᠮᠠᠳᠤ ᠰᠠᠨᠠᠭᠳᠠᠭᠠᠳ ᠪᠠᠶᠢᠯ᠎ᠡ᠃ ᠪᠠᠰᠨ 2011 ᠤᠨ ᠳᠤ ᠪᠤᠱᠤᠤᠳᠠᠢ ᠰᠤᠮᠤᠨ ᠤ ᠬᠠᠯᠠᠭᠠᠶᠢᠳᠤ ᠭᠠᠴᠠᠭᠠᠨ ᠤ ᠮᠠᠯᠴᠢᠨ ᠨᠠᠰᠤᠨᠪᠠᠳᠤ ᠭᠡᠳᠡᠭ ᠬᠦᠮᠤᠨ ᠲᠠᠢ ᠵᠤᠭᠤᠭᠳᠠᠵᠤ ᠪᠠᠶᠢᠭᠰᠠᠭᠠᠷ ᠮᠥᠨ ︽ᠪᠤᠱᠤᠤᠳᠠᠢ ᠨᠠᠭᠤᠷ︾ ᠭᠡᠬᠦ ᠦᠬᠡ ᠪᠤᠯ ᠪᠤᠬ᠎ᠠ ᠰᠢᠪᠠᠭᠤ ᠲᠠᠢ ᠨᠠᠭᠤᠷ ᠭᠡᠰᠠᠨ ᠦᠬᠡ ᠭᠡᠵᠦ ᠤᠷᠢᠳᠤ ᠮᠠᠨ ᠤ ᠪᠤᠭᠤᠷᠤᠯ ᠠᠪᠤ ︵ᠡᠯᠤᠨᠴᠨ ᠡᠪᠦᠭᠡ︶ ᠶᠠᠷᠢᠳᠠᠭ ᠶᠤᠮ ᠳ᠋ᠠ ᠭᠡᠵᠤ ᠬᠠᠭᠤᠴᠢᠯᠠᠬᠤ ᠶᠢ ᠭᠤᠷᠪᠠᠳᠠᠬᠴᠢ ᠤᠳᠠᠭ᠎ᠠ ᠪᠠᠨ ᠰᠤᠨᠤᠰᠪᠠ᠃ ᠶᠠᠷᠤ ᠨᠢ ᠪᠤᠱᠤᠤᠳᠠᠢ ᠨᠠᠭᠤᠷ ᠢ ᠬᠦᠪᠡᠭᠡᠯᠳᠠᠨ ᠤᠷᠤᠰᠢᠵᠤ ᠠᠮᠢᠳᠤᠷᠠᠵᠤ ᠪᠠᠶᠢᠭ᠎ᠠ ᠭᠦᠮᠦᠨ ᠠᠷᠠᠳ ᠮᠠᠨᠢ ᠡᠨᠡ ᠨᠠᠭᠤᠷ ᠲᠤ ᠪᠤᠬ᠎ᠠ ᠰᠢᠪᠠᠭᠤ ᠲᠤᠤᠭᠠᠷᠳᠠᠭ ᠢ ᠦᠷᠬᠦᠯᠵᠢ ᠤᠯᠵᠤ ᠰᠤᠨᠤᠰᠳᠠᠭ᠃ ᠵᠤᠨ ᠨᠠᠮᠤᠷ ᠤᠨ ᠨᠠᠮᠵᠢᠭᠤᠨ ᠦᠳᠠᠰᠢ ᠡᠨᠡ ᠰᠢᠪᠠᠭᠤ ᠨᠢ ᠨᠠᠭᠤᠷ ᠲᠤᠷᠬᠢᠳᠠᠯ᠎ᠡ ᠲᠤᠤᠭᠠᠷᠳᠠᠭ ᠶᠤᠮ᠃ ᠵᠠᠷᠢᠮ ᠬᠦᠮᠤᠰ ᠨᠠᠭᠤᠷ ᠲᠤ ᠤᠰᠤᠨ ᠦᠬᠡᠷ ᠮᠦᠭᠡᠷᠠᠵᠤ ᠪᠠᠶᠢᠨ᠎ᠡ ᠭᠡᠵᠤ ᠪᠠᠯᠬᠡᠰᠢᠶᠠᠨ ᠶᠠᠷᠢᠳᠠᠭ ᠴᠦ ᠪᠤᠢ᠃ ᠶᠠᠭᠤ ᠴᠦ ᠭᠡᠰᠠᠨ ᠡᠨᠡ ᠨᠠᠭᠤᠷ ᠠᠴᠠ ᠦᠨᠤ ᠪᠤᠯᠳᠠᠯ᠎ᠡ ᠦᠭᠡᠷ ᠮᠦᠭᠡᠷᠡᠭᠦ ᠰᠢᠤᠬᠠᠨ ᠲᠠᠭᠤ ᠬᠠᠶᠠ ᠰᠤᠨᠤᠰᠳᠠᠬᠰᠠᠭᠠᠷ ᠪᠢᠯᠡ᠃ 2011 ᠣᠨ ᠳᠤ ᠦᠪᠤᠷ ᠮᠤᠩᠭᠤᠯ ᠤᠨ ᠮᠤᠩᠭᠤᠯ ᠤᠳᠤᠨ ᠲᠧᠯᠸᠢᠰ ᠤᠨ ᠰᠤᠷᠪᠤᠯᠵᠢᠯᠠᠭᠴᠢ ᠭᠠᠩᠳᠠᠮᠤᠷ ᠪᠤᠯᠤᠨ ᠲᠠᠶᠢᠴᠢᠨ ᠬᠤᠶᠠᠭᠤᠯᠨ ᠡᠨᠡ ᠨᠠᠭᠤᠷ ᠲᠠᠭᠡᠷ᠎ᠡ ᠢᠷᠠᠵᠤ᠂ ᠴᠤᠬᠤᠮ ᠶᠠᠮᠠᠷ ᠠᠮᠢᠳᠠᠨ ᠢᠩᠬᠢᠵᠤ ᠲᠤᠤᠭᠠᠷᠴᠤ ᠪᠠᠶᠢᠬᠤ ᠶᠢ ᠪᠠᠶᠢᠴᠠᠭᠠᠨ ᠰᠤᠳᠤᠯᠬᠤ ᠪᠠᠷ ᠤᠷᠢᠳ ᠬᠤᠵᠢᠳ ᠭᠤᠷᠪᠠᠨ ᠰᠠᠷ᠎ᠡ ᠭᠠᠷᠤᠢ ᠶᠢᠨ ᠨᠠᠷᠢᠨ ᠠᠵᠢᠭᠯᠠᠯᠳᠠ᠂ ᠨᠢᠮᠪᠠᠢ ᠪᠠᠶᠢᠴᠠᠭᠠᠯᠳᠠ ᠬᠢᠵᠤ᠂ ᠮᠠᠰᠢ ᠤᠯᠠᠨ ᠭᠡᠷᠠᠴᠢ ᠪᠠᠷᠢᠮᠳᠠ ᠴᠤᠬᠯᠠᠭᠤᠯᠵᠥ᠂ ᠲᠤᠤᠭᠠᠷᠴᠤ ᠪᠠᠶᠢᠭ᠎ᠠ ᠰᠢᠪᠠᠭᠤᠨ ᠤ ᠲᠤᠰ ᠪᠠᠶ᠎ᠡ ᠶᠢ ᠤᠯᠵᠤ ᠰᠠᠬᠦᠳᠠᠷᠯᠠᠭᠡᠳ ᠮᠠᠨ ᠤ ᠤᠯᠤᠰ ᠤᠨ ᠰᠢᠪᠠᠭᠤ ᠰᠤᠳᠤᠯᠳᠠᠭ ᠡᠷᠳᠠᠮᠳᠠᠳ ᠢᠶᠠᠷ ᠬᠢᠨᠠᠨ ᠲᠤᠭᠳᠠᠭᠠᠯᠳᠠ ᠬᠢᠯᠭᠡᠪᠠ᠃ ᠡᠭᠦᠨ ᠤ ᠳ᠋ᠦᠩ ᠳᠤ ᠡᠨᠡ ᠪᠤᠯ ᠤᠰᠤᠨ ᠤ ᠪᠤᠬ᠎ᠠ ᠰᠢᠪᠠᠭᠤ ︵大麻鹭︶ ᠭᠡᠳᠡᠭ ᠰᠢᠪᠠᠭᠤ ᠮᠥᠨ ᠪᠤᠯᠬᠤ ᠶᠢ ᠠᠩᠬ᠎ᠠ ᠤᠳᠠᠭ᠎ᠠ ᠲᠤᠳᠤᠯᠵᠤ᠂ ᠤᠷᠳᠤ ᠤᠳᠠᠭᠠᠨ ᠵᠢᠯ ᠤᠨ ᠲᠤᠷᠰᠢᠬᠢ ᠲᠤᠮᠤᠭᠯᠢᠭ ᠪᠠᠶᠢᠭᠰᠠᠨ ᠨᠢᠭᠤᠴᠨ ᠶᠢ ᠲᠠᠶᠠᠩ ᠲᠠᠯᠠᠬᠡᠢ ᠳᠤ ᠲᠤᠳᠤᠷᠠᠭᠤᠯᠵᠠᠢ᠃ ᠪᠢᠳᠠ ᠡᠨᠡ ᠬᠤᠶᠠᠷ ᠵᠦᠢᠯ ᠤᠨ ᠪᠠᠳᠤᠳᠠᠢ ᠭᠡᠷᠠᠴᠢ ᠪᠠᠷᠢᠮᠳᠠ ᠶᠢᠨ ᠤᠯᠪᠠᠭ᠎ᠠ ᠪᠠᠷ ︽ᠪᠤᠱᠤᠤᠳᠠᠢ︾ ᠭᠡᠰᠠᠨ ᠦᠬᠡ ᠨᠢ ︽ᠪᠤᠬ᠎ᠠ ᠰᠢᠪᠠᠭᠤ ᠲᠠᠢ ᠨᠠᠭᠤᠷ︾ ᠭᠡᠰᠠᠨ ᠦᠬᠡᠨ ᠠᠴᠠ ᠤᠯᠠᠷᠢᠵᠤ ᠢᠷᠠᠵᠠᠢ ᠭᠡᠰᠠᠨ ᠢ ᠮᠠᠭᠠᠳᠯᠠᠵᠤ ᠪᠤᠯᠤᠨ᠎ᠡ᠃ ᠤᠩᠰᠢᠬᠴᠢᠳ ᠮᠠᠨᠢ ᠲᠤᠩᠭᠠᠨ ᠲᠤᠯᠢᠳᠠᠵᠤ᠂ ᠠᠳᠠᠯᠢ ᠪᠤᠰᠤ ᠰᠠᠨᠠᠯ ᠰᠠᠨᠠᠭᠤᠯᠤᠮᠵᠢ ᠪᠠᠶᠢᠪᠠᠯ ᠡᠷᠢᠶᠠᠯᠠᠯ ᠦᠬᠡᠢ ᠲᠤᠷᠠᠳᠬᠤ ᠶᠢ ᠬᠦᠰᠠᠨᠠᠮ︕  
 
ᠢᠷᠡᠯᠲᠡ᠄ ᠲᠤᠳᠤᠷᠬᠠᠢ ᠦᠭᠡᠢ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号