ᠨᠠ᠊ · ᠰᠠᠶᠢᠨᠴᠤᠭᠳᠤ ᠶᠢᠨ ᠠᠮᠢᠳᠤ ᠰᠡᠷᠡᠭᠦᠨ ᠪᠠᠶᠢᠬᠤ ᠦᠶ᠎ᠡ ᠳᠤ ᠭᠡᠪᠯᠡᠭᠳᠡᠭᠰᠡᠨ ᠨᠤᠮ ᠤᠳ
ᠨᠡᠶᠢᠲᠡᠯᠡᠭᠰᠡᠨ ᠴᠠᠭ᠄
2016/7/18
● ︽ᠰᠡᠳᠭᠢᠯ ᠤᠨ ᠬᠠᠨᠢ︾ ᠰᠢᠯᠦᠭ ᠤᠨ ᠲᠡᠭᠦᠪᠤᠷᠢ᠂ 1941 ᠤᠨ ᠳᠤ ᠶᠠᠫᠤᠨ ᠤ ᠲᠤᠤᠺᠢᠤ᠋ ᠳᠤ ᠲᠤᠰᠤᠨ ᠲᠠᠷᠤᠮᠠᠯ ᠢᠶᠠᠷ ᠭᠡᠪᠯᠡᠭᠦᠯᠪᠡ᠃ ᠲᠤᠰ ᠲᠡᠭᠦᠪᠤᠷᠢ ᠳᠤ 32 ᠰᠢᠯᠦᠭ ᠤᠷᠤᠭᠤᠯᠵᠠᠢ᠃ 1942 ᠤᠨ ᠤ 1 ᠳ᠋ᠤᠭᠡᠷ ᠰᠠᠷ᠎ᠠ ᠳᠤ ︽ᠲᠡᠷᠢᠭᠦᠨ ᠨᠤᠶᠠᠨ ᠤ ᠤᠷᠳᠤᠨ ᠤ ᠲᠠᠷᠤᠮᠠᠯ ᠤᠨ ᠭᠠᠵᠠᠷ︾᠎ ᠠᠴᠠ ᠴᠢᠭᠤᠯᠤᠯᠳᠤ ᠬᠠᠭᠠᠯᠭᠠᠨ᠎ᠠ ᠲᠤᠭᠤᠯᠭᠠᠨ ᠪᠠᠷ ᠢᠶᠠᠷ ᠭᠡᠪᠯᠡᠭᠦᠯᠪᠡ᠃ ᠲᠠᠭᠢᠨ ᠭᠡᠪᠯᠡᠭᠦᠯᠭᠦ ᠳᠡᠭᠡᠨ 31 ᠰᠢᠯᠦᠭ ᠤᠷᠤᠭᠤᠯᠵᠠᠢ᠃ ᠡᠨᠡ ᠪᠤᠯ ᠨᠠ᠊ · ᠰᠠᠶᠢᠨᠴᠤᠭᠳᠤ ᠶᠢᠨ ᠰᠢᠯᠦᠭ ᠤᠨ ᠤᠤᠭᠠᠨ ᠲᠡᠭᠦᠪᠤᠷᠢ ᠮᠦᠨ᠃ ● ︽ᠡᠯᠡᠰᠤ ᠮᠠᠩᠬᠠᠨ ᠤ ᠡᠭᠡ ᠨᠤᠳᠤᠭ︾ ᠡᠳᠤᠷ ᠤᠨ ᠲᠡᠮᠳᠡᠭᠯᠡᠯ ᠤᠨ ᠲᠢᠭᠳᠦ ᠨᠠᠶᠢᠷᠠᠭᠤᠯᠤᠯ ᠤᠨ ᠲᠡᠭᠦᠪᠤᠷᠢ᠂ 1941 ᠤᠨ ᠤ 11 ᠳ᠋ᠤᠭᠡᠷ ᠰᠠᠷ᠎ᠠ ᠶᠢᠨ 1᠎ ᠤ ᠡᠳᠤᠷ ︽ᠲᠡᠷᠢᠭᠦᠨ ᠨᠤᠶᠠᠨ ᠤ ᠤᠷᠳᠤᠨ ᠤ ᠨᠢᠭᠳᠠᠯᠠᠨ ᠨᠠᠷᠢᠪᠴᠢᠯᠠᠬᠤ ᠭᠡᠷ ᠤᠨ ᠲᠡᠷᠤᠮᠠᠯ ᠤᠨ ᠭᠠᠵᠠᠷ︾᠎ ᠠᠴᠠ ᠲᠠᠷᠤᠮᠠᠯᠯᠠᠪᠠ᠃ ● ︽ᠵᠢᠷᠤᠭᠡᠨ ᠤ ᠭᠡᠷᠡᠯ︾ ᠤᠷᠴᠢᠭᠤᠯᠤᠨ ᠨᠠᠶᠢᠷᠠᠭᠤᠯᠤᠭᠰᠠᠨ ᠰᠤᠷᠭᠠᠯ ᠦᠭᠡᠰ ᠤᠨ ᠲᠡᠭᠦᠪᠤᠷᠢ᠂ 1942 ᠤᠨ ᠳᠤ ︽ᠲᠡᠷᠢᠭᠦᠨ ᠨᠤᠶᠠᠨ ᠤ ᠤᠷᠳᠤᠨ ᠤ ᠨᠢᠭᠳᠠᠯᠠᠨ ᠨᠠᠷᠢᠪᠴᠢᠯᠠᠬᠤ ᠭᠡᠷ ᠤᠨ ᠲᠠᠷᠤᠮᠠᠯ ᠤᠨ ᠭᠠᠵᠠᠷ︾᠎ ᠠᠴᠠ ᠲᠡᠷᠤᠮᠠᠯᠯᠠᠪᠠ᠃ ᠡᠨᠡ ᠪᠤᠯ ᠡᠷᠳᠡ ᠡᠳᠤᠭᠡ ᠲᠤᠳᠤᠭᠠᠳᠤ ᠭᠠᠳᠠᠭᠠᠳᠤ ᠶᠢᠨ ᠡᠷᠳᠡᠮᠳᠡᠨ ᠮᠡᠷᠭᠡᠳ ᠪᠠᠭᠠᠳᠤᠷ ᠭᠠᠪᠢᠶᠠᠳᠠᠨ ᠤ ᠰᠤᠷᠭᠠᠯ ᠦᠭᠡᠰ ᠢ ᠡᠮᠭᠢᠳᠭᠡᠨ ᠤᠷᠴᠢᠭᠤᠯᠤᠭᠰᠠᠨ ᠲᠡᠭᠦᠪᠤᠷᠢ ᠪᠤᠯᠤᠨ᠎ᠠ᠃ ● ︽ᠮᠠᠨ ᠤ ᠮᠤᠩᠭᠤᠯ ᠤᠨ ᠮᠠᠨᠳᠤᠬᠤ ᠲᠠᠭᠤᠨ︾ ᠦᠭᠦᠯᠡᠯ ᠨᠠᠶᠢᠷᠠᠭᠤᠯᠤᠯ ᠤᠨ ᠲᠡᠭᠦᠪᠤᠷᠢ᠂ 1944 ᠤᠨ ᠤ 4 ᠳ᠋ᠤᠭᠡᠷ ᠰᠠᠷ᠎ᠠ ᠳᠤ ︽ᠲᠡᠷᠢᠭᠦᠨ ᠨᠤᠶᠠᠨ ᠤ ᠤᠷᠳᠤᠨ ᠤ ᠰᠤᠳᠤᠷ ᠪᠢᠴᠢᠭ ᠤᠨ ᠭᠡᠷ︾᠎ ᠠᠴᠠ ᠲᠠᠷᠬᠠᠭᠠᠪᠠ᠃ ᠡᠨᠡ ᠪᠤᠯ ᠤᠷᠴᠢᠨ ᠦᠶ᠎ᠠ ᠶᠢᠨ ᠮᠤᠩᠭᠤᠯ ᠦᠨᠳᠤᠰᠤᠳᠡᠨ ᠤ ᠰᠡᠭᠡᠭᠡᠷᠡᠭᠦᠯᠭᠦ ᠦᠵᠡᠯ ᠤᠨ ᠰᠢᠯᠢᠳᠡᠭ ᠪᠦᠳᠦᠭᠡᠯ ᠶᠤᠮ᠃ ● ︽ᠤᠷᠤᠭᠰᠢᠯᠠᠬᠤ ᠪᠢᠳᠡᠨ ᠤ ᠤᠭᠤᠷ ᠤᠨ ᠲᠠᠭᠤᠨ︾ ᠲᠠᠭᠤᠤ ᠰᠢᠯᠦᠭ ᠤᠨ ᠲᠡᠭᠦᠪᠤᠷᠢ᠂ 1942 ᠤᠨ ᠠᠴᠠ 1945 ᠤᠨ ᠤ 1 ᠳ᠋ᠤᠭᠡᠷ ᠰᠠᠷ᠎ᠠ ᠭᠦᠷᠳᠡᠯ᠎ᠡ ᠪᠠᠷᠠᠭᠤᠨ ᠰᠦᠨᠢᠳ ᠤᠨ ᠦᠭᠢᠳ ᠤᠨ ᠰᠤᠷᠭᠠᠭᠤᠯᠢ ᠳᠤ ᠪᠠᠭᠰᠢᠯᠠᠵᠤ ᠪᠠᠶᠢᠬᠤ ᠳᠠᠭᠠᠨ ᠵᠤᠭᠢᠶᠠᠭᠰᠠᠨ ᠵᠠᠭᠤ ᠭᠠᠷᠤᠢ ᠲᠠᠭᠤᠤ ᠰᠢᠯᠦᠭ ᠢᠶᠠᠨ ᠭᠠᠷ ᠪᠢᠴᠢᠮᠡᠯ ᠪᠤᠶᠤ ᠲᠤᠰᠤᠨ ᠲᠠᠷᠤᠮᠠᠯ ᠢᠶᠠᠷ ᠰᠤᠷᠤᠭᠴᠢᠳ ᠲᠠᠭᠠᠨ ᠲᠠᠷᠬᠠᠭᠠᠨ ᠦᠭᠴᠤ ᠤᠩᠰᠢᠭᠤᠯᠵᠤ ᠪᠠᠶᠢᠵᠠᠢ᠃ ● ︽ᠭᠦᠮᠤᠵᠢᠭᠦᠯᠭᠦ ᠠᠷᠭ᠎ᠠ︾ 1945 ᠤᠨ ᠳᠤ ︽ᠲᠡᠷᠢᠭᠦᠨ ᠨᠤᠶᠠᠨ ᠤ ᠤᠷᠳᠤᠨ ᠤ ᠨᠢᠭᠳᠠᠯᠠᠨ ᠨᠠᠷᠢᠪᠴᠢᠯᠠᠬᠤ ᠭᠡᠷ ᠤᠨ ᠲᠠᠷᠤᠮᠠᠯ ᠤᠨ ᠭᠠᠵᠠᠷ︾᠎ ᠠᠴᠠ ᠲᠤᠰᠤᠨ ᠪᠠᠷ ᠢᠶᠠᠷ ᠲᠠᠷᠤᠮᠠᠯᠯᠠᠪᠠ᠃ ᠡᠨᠡ ᠪᠤᠯ ᠪᠠᠭᠰᠢ ᠨᠠᠷ ᠤᠨ ᠵᠢᠭᠠᠨ ᠰᠤᠷᠭᠠᠬᠤ ᠲᠤᠰᠠᠯᠠᠮᠵᠢ ᠶᠢᠨ ᠪᠢᠴᠢᠭ ᠪᠤᠯᠤᠨ᠎ᠠ᠃ ● ︽ᠭᠢᠳᠠᠳ ᠮᠤᠩᠭᠤᠯ ᠬᠠᠷᠢᠴᠠᠭᠤᠯᠤᠭᠰᠠᠨ ᠲᠤᠯᠢ︾ ᠨᠠ᠊ • ᠰᠠᠶᠢᠨᠴᠤᠭᠳᠤ᠂ ᠡᠷᠳᠡᠨᠢᠳᠤᠭᠳᠠᠬᠤ ᠨᠠᠷ ᠨᠠᠶᠢᠷᠠᠭᠤᠯᠵᠤ᠂ 1948 ᠤᠨ ᠳᠤ ᠭᠡᠪᠯᠡᠭᠦᠯᠪᠡ᠃ ● ︽ᠮᠤᠬᠤᠷ ᠰᠦᠰᠦᠭ ᠲᠤ ᠮᠤᠩᠬᠠᠷᠠᠬᠤ ᠦᠭᠡᠢ︾ ᠵᠦᠴᠤᠭᠡ ᠶᠢᠨ ᠲᠡᠪᠳᠡᠷ᠂ 1950 ᠤᠨ ᠤ 5 ᠳ᠋ᠤᠭᠠᠷ ᠰᠠᠷ᠎ᠠ ᠳᠤ ᠦᠪᠤᠷ ᠮᠤᠩᠭᠤᠯ ᠤᠨ ᠡᠳᠤᠷ ᠤᠨ ᠰᠤᠨᠢᠨ ᠤ ᠬᠤᠷᠢᠶ᠎ᠠ ᠠᠴᠠ ᠭᠡᠪᠯᠡᠭᠦᠯᠪᠡ᠃ ᠮᠤᠬᠤᠷ ᠰᠦᠰᠦᠭ ᠢ ᠠᠷᠢᠯᠭᠠᠨ ᠰᠢᠨᠵᠢᠯᠡᠭᠦ ᠤᠬᠠᠭᠠᠨ ᠢ ᠡᠷᠭᠢᠮᠯᠡᠭᠦ ᠶᠢ ᠰᠤᠷᠳᠠᠯᠴᠢᠯᠠᠭᠰᠠᠨ ᠠᠭᠤᠯᠭ᠎ᠠ ᠲᠠᠢ᠃ ᠡᠨᠡ ᠪᠤᠯ ᠰᠢᠨ᠎ᠠ ᠲᠤᠮᠳᠠᠳᠤ ᠤᠯᠤᠰ ᠪᠠᠶᠢᠭᠤᠯᠤᠭᠳᠠᠭᠰᠠᠨ ᠠᠴᠠ ᠲᠠᠷᠠᠭᠠᠭᠢ ᠠᠩᠬᠠᠳᠠᠭᠴᠢ ᠮᠤᠩᠭᠤᠯ ᠵᠦᠴᠦᠭᠡ ᠪᠤᠯᠤᠨ᠎ᠠ᠃ ● ︽ᠬᠤᠯᠪᠤᠭᠠᠳᠤ ᠵᠠᠰᠠᠭ ᠤᠨ ᠲᠤᠬᠠᠢ︾ ᠮᠠᠤ ᠽᠧ ᠳ᠋ᠦᠩ ᠵᠤᠭᠢᠶᠠᠵᠤ᠂ ᠨᠠ᠊ · ᠰᠠᠶᠢᠨᠴᠤᠭᠳᠤ ᠤᠷᠴᠢᠭᠤᠯᠪᠠ᠃ 1950 ᠤᠨ ᠳᠤ ᠦᠪᠤᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠰᠤᠶᠤᠯ ᠭᠡᠭᠡᠷᠡᠯ ᠤᠨ ᠶᠠᠮᠤᠨ ᠠᠴᠠ ᠭᠡᠪᠯᠡᠭᠦᠯᠪᠡ ● ︽ᠠᠷᠠᠳ ᠤᠨ ᠦᠰᠦᠭ ᠲᠠᠨᠢᠬᠤ ᠪᠢᠴᠢᠭ︾ 1950 ᠤᠨ ᠤ 10 ᠳ᠋ᠤᠭᠠᠷ ᠰᠠᠷ᠎ᠠ ᠳᠤ ᠦᠪᠤᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠠᠷᠠᠳ ᠤᠨ ᠵᠠᠰᠠᠭ ᠤᠨ ᠤᠷᠳᠤᠨ ᠤ ᠰᠤᠶᠤᠯ ᠭᠡᠭᠡᠷᠡᠯ ᠤᠨ ᠶᠠᠮᠤᠨ ᠠᠴᠠ ᠭᠡᠪᠯᠡᠭᠦᠯᠪᠡ᠃ 1951 ᠤᠨ ᠤ 5 ᠳ᠋ᠤᠭᠠᠷ ᠰᠠᠷ᠎ᠠ ᠳᠤ ᠠᠷᠠᠳ ᠤᠨ ᠲᠦᠪ ᠵᠠᠰᠠᠭ ᠤᠨ ᠤᠷᠳᠤᠨ ᠤ ᠦᠨᠳᠤᠰᠤᠳᠡᠨ ᠤ ᠭᠡᠷᠡᠭ ᠡᠷᠭᠢᠯᠡᠭᠦ ᠺᠤᠮᠢᠰ ᠠᠴᠠ ᠪᠡᠭᠡᠵᠢᠩ ᠳᠤ ᠬᠠᠭᠤᠯᠤᠨ ᠭᠡᠪᠯᠡᠭᠦᠯᠪᠡ᠃ ● ︽ᠦᠨᠳᠤᠰᠤᠳᠡᠨ ᠤ ᠠᠰᠠᠭᠤᠳᠠᠯ ᠪᠡ ᠯᠧᠨᠢᠨᠢᠰᠮ︾ ᠰᠲ᠋ᠠᠯᠢᠨ ᠵᠤᠭᠢᠶᠠᠵᠤ᠂ ᠡᠷᠳᠡᠨᠢᠳᠤᠭᠳᠠᠬᠤ᠂ ᠨᠠ᠊ · ᠰᠠᠶᠢᠨᠴᠤᠭᠳᠤ ᠮᠤᠩᠭᠤᠯᠴᠢᠯᠠᠪᠠ᠃ 1953 ᠤᠨ ᠳᠤ ᠦᠪᠤᠷ ᠮᠤᠩᠭᠤᠯ ᠤᠨ ᠠᠷᠠᠳ ᠤᠨ ᠭᠡᠪᠯᠡᠯ ᠤᠨ ᠬᠤᠷᠢᠶ ᠎ᠠ ᠭᠡᠪᠯᠡᠭᠦᠯᠪᠡ᠃ ● ︽ᠵᠦᠢᠷ ᠦᠭᠡ ᠶᠢᠨ ᠲᠡᠭᠦᠪᠤᠷᠢ︾ ᠨᠠ᠊ · ᠰᠠᠶᠢᠨᠴᠤᠭᠳᠤ᠂ ᠡᠷᠳᠡᠨᠢᠳᠤᠭᠳᠠᠬᠤ ᠨᠠᠷ ᠴᠤᠭᠯᠠᠭᠤᠯᠤᠨ ᠡᠮᠭᠢᠳᠭᠡᠵᠤ ᠨᠠᠶᠢᠷᠠᠭᠤᠯᠪᠠ᠃ 1954 ᠤᠨ ᠳᠤ ᠦᠪᠤᠷ ᠮᠤᠩᠭᠤᠯ ᠤᠨ ᠠᠷᠠᠳ ᠤᠨ ᠭᠡᠪᠯᠡᠯ ᠤᠨ ᠬᠤᠷᠢᠶ ᠎ᠠ ᠭᠡᠪᠯᠡᠭᠦᠯᠪᠡ᠃● ︽ᠮᠤᠩᠭᠤᠯ ᠤᠯᠤᠰ ᠤᠨ ᠤᠷᠠᠯᠢᠭ ᠤᠨ ᠪᠠᠷᠢᠭᠠᠳᠠ ᠲᠠᠢ ᠬᠠᠮᠳᠤ ᠶᠠᠪᠤᠭᠰᠠᠨ ᠡᠳᠤᠷ ᠤᠳ︾ ᠨᠠᠶᠢᠷᠠᠭᠤᠯᠤᠯ ᠤᠨ ᠲᠡᠭᠦᠪᠤᠷᠢ᠂ 1954 ᠤᠨ ᠤ 3 ᠳ᠋ᠤᠭᠠᠷ ᠰᠠᠷ᠎ᠠ ᠳᠤ ᠦᠪᠤᠷ ᠮᠤᠩᠭᠤᠯ ᠤᠨ ᠠᠷᠠᠳ ᠤᠨ ᠭᠡᠪᠯᠡᠯ ᠤᠨ ᠬᠤᠷᠢᠶ᠎ᠠ ᠭᠡᠪᠯᠡᠭᠦᠯᠪᠡ ● ︽ᠵᠦᠢᠷ ᠦᠭᠡ︾ ᠨᠠ᠊ · ᠰᠠᠶᠢᠨᠴᠤᠭᠲᠦ᠂ ᠡᠷᠳᠡᠨᠢᠳᠤᠭᠳᠤᠬᠤ᠂ ᠲ᠊ · ᠦᠷᠭᠦᠨ ᠂ ᠲ᠊ · ᠵᠢᠮᠪᠠ ᠨᠠᠷ ᠴᠤᠭᠯᠠᠭᠤᠯᠤᠨ ᠡᠮᠬᠢᠳᠬᠡᠵᠦ ᠨᠠᠶᠢᠷᠠᠭᠤᠯᠪᠠ᠃ 1956 ᠤᠨ ᠤ ᠨᠠᠢᠮᠠᠨ ᠰᠠᠷ᠎ᠠ ᠳᠤ ᠥᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ ᠬᠡᠪᠯᠡᠭᠦᠯᠪᠡ᠃ ᠡᠨᠡ ᠪᠤᠯ ᠮᠤᠩᠭᠤᠯ ᠵᠦᠢᠷ ᠦᠭᠡ ᠶᠢᠨ ᠰᠤᠩᠭᠤᠳᠠᠭ ᠲᠡᠭᠦᠪᠦᠷᠢ ᠪᠤᠯᠤᠨ᠎ᠠ᠃ ● ︽ᠮᠠᠨ ᠤ ᠬᠦᠴᠦᠷᠬᠡᠭ ᠳᠠᠭᠤᠨ︾ ᠰᠢᠯᠦᠭ ᠤᠨ ᠲᠡᠭᠦᠪᠦᠷᠢ᠂ ᠳ᠋᠊ · ᠲᠠᠷᠪᠠ ᠷᠧᠳᠡᠺᠲ᠋ᠤᠷᠯᠠᠪᠠ᠃ 1957 ᠤᠨ ᠤ ᠬᠤᠶᠠᠷ ᠳ᠋ᠤᠭᠠᠷ ᠰᠠᠷ᠎ᠠ ᠳᠤ ᠪᠥᠭᠦᠳᠡ ᠨᠠᠶᠢᠷᠠᠮᠳᠠᠬᠤ ᠮᠤᠩᠭᠤᠯ ᠠᠷᠠᠳ ᠤᠯᠤᠰ ᠤᠨ ᠬᠡᠪᠯᠡᠬᠦ ᠭᠠᠵᠠᠷ ᠠᠴᠠ ᠬᠡᠪᠯᠡᠭᠦᠯᠪᠡ᠃ ᠥᠪᠦᠷ ᠮᠤᠩᠭᠤᠯ ᠳᠤ ᠬᠡᠪᠯᠡᠭᠳᠡᠭᠰᠡᠨ ︽ᠮᠠᠨ ᠤ ᠬᠦᠴᠦᠷᠬᠡᠭ ᠳᠠᠭᠤᠨ︾ ᠲᠡᠭᠦᠪᠦᠷᠢ ᠶᠢᠨ ᠤᠯᠠᠩᠬᠢ ᠰᠢᠯᠦᠭ ᠤᠨ ᠳᠡᠭᠡᠷ᠎ᠡ ᠮᠤᠩᠭᠤᠯ ᠤᠯᠤᠰ ᠲᠤ ᠰᠤᠷᠤᠯᠴᠠᠵᠦ ᠪᠠᠶᠢᠭᠰᠠᠨ ᠦᠶ᠎ᠡ ᠶᠢᠨ 12 ᠰᠢᠯᠦᠭ ᠢ ᠨᠡᠮᠡᠭᠡᠳ ᠨᠡᠶᠢᠲᠡ 34 ᠰᠢᠯᠦᠭ ᠤᠷᠤᠭᠤᠯᠵᠠᠢ ● ︽ᠯᠢ ᠢᠦ ᠽᠠᠢ ᠶᠢᠨ ᠬᠤᠯᠪᠤᠭ᠎ᠠ︾ ᠵᠤᠤ ᠱᠦ ᠯᠢ ᠵᠤᠬᠢᠶᠠᠵᠤ᠂ ᠨᠠ᠊ · ᠰᠠᠶᠢᠨᠴᠤᠭᠲᠦ ᠤᠷᠴᠢᠭᠤᠯᠪᠠ ᠃ 1958 ᠤᠨ ᠤ 11 ᠳ᠋ᠤᠭᠡᠷ ᠰᠠᠷ᠎ᠠ ᠳᠤ ᠥᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ ᠬᠡᠪᠯᠡᠭᠦᠯᠪᠡ᠃ ● ︽ᠠᠷᠤᠯᠤ ᠭᠤᠸ᠎ᠠ︾ 1959 ᠤᠨ ᠤ 2 ᠳ᠋ᠤᠭᠠᠷ ᠰᠠᠷ᠎ᠠ ᠳᠤ ᠥᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ ᠬᠡᠪᠯᠡᠭᠦᠯᠪᠡ᠃ ᠡᠨᠡ ᠪᠤᠯ ︽ᠬᠡᠰᠡᠷ ᠤᠨ ᠲᠤᠭᠤᠵᠢ︾᠎ ᠶᠢᠨ ᠳᠥᠷᠪᠡᠳᠦᠭᠡᠷ ᠭᠡᠰᠡᠭ ᠢ ᠤᠳᠤᠭᠢ ᠮᠤᠩᠭᠤᠯ ᠬᠡᠯᠡ ᠳᠡᠭᠡᠷ᠎ᠡ ᠪᠠᠭᠤᠯᠭᠠᠭᠰᠠᠨ ᠨᠤᠮ ᠪᠤᠯᠤᠨ᠎ᠠ᠃ ● ︽ᠨᠡᠶᠢᠲᠡ ᠶᠢᠨ ᠳᠤᠭᠤᠢᠢᠯᠠᠩ ᠨᠢᠭᠡᠳᠦᠯ ᠪᠤᠯᠪᠠ︾ ᠪᠠᠷᠢᠮᠲᠠᠲᠦ ᠨᠠᠶᠢᠷᠠᠭᠤᠯᠤᠯ᠂ 1959 ᠤᠨ ᠤ 12 ᠳ᠋ᠤᠭᠠᠷ ᠰᠠᠷ᠎ᠠ ᠳᠤ ᠥᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ ᠬᠡᠪᠯᠡᠭᠦᠯᠪᠡ᠃ ● ︽ᠪᠠᠶᠠᠷ ᠤᠨ ᠳᠠᠭᠤᠯᠠᠯ︾ ᠨᠠᠶᠢᠷᠠᠭᠯᠠᠯ ︵ᠮᠤᠩᠭᠤᠯ᠂ ᠭᠢᠳᠡᠳ ᠭᠡᠪᠯᠡᠯ︶᠂ 1960 ᠤᠨ ᠤ 6 ᠳ᠋ᠤᠭᠠᠷ ᠰᠠᠷ᠎ᠠ ᠳᠤ ᠥᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ ᠬᠡᠪᠯᠡᠭᠦᠯᠪᠡ᠃ ᠡᠨᠡ ᠪᠤᠯ ᠨᠠ᠊ · ᠰᠠᠶᠢᠨᠴᠤᠭᠲᠦ ᠶᠢᠨ ᠠᠯᠳᠠᠷᠲᠦ ᠨᠠᠶᠢᠷᠠᠭᠯᠠᠯ ︽ᠪᠠᠶᠠᠷ ᠤᠨ ᠳᠠᠭᠤᠯᠠᠯ︾᠎ ᠤᠨ ᠮᠤᠩᠭᠤᠯ᠂ ᠬᠢᠲᠠᠳ ᠬᠡᠯᠡᠨ ᠤ ᠳᠠᠩ ᠳᠡᠪᠲᠡᠷ ᠪᠤᠯᠤᠨ᠎ᠠ᠃ ● ︽ᠡᠷᠳᠡᠨᠢ ᠶᠢᠨ ᠲᠤᠬᠠᠢ ᠶᠠᠷᠢᠶ᠎ᠠ︾ ᠱᠤᠭ ᠶᠠᠷᠢᠶ᠎ᠠ᠂ 1961 ᠤᠨ ᠤ 5 ᠳ᠋ᠤᠭᠠᠷ ᠰᠠᠷ᠎ᠠ ᠳᠤ ᠥᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ ᠬᠡᠪᠯᠡᠭᠦᠯᠪᠡ᠃ ● ︽ᠤᠯᠠᠭᠠᠨ ᠬᠦᠷᠬᠢᠷ᠎ᠡ︾ ᠰᠢᠯᠦᠭ ᠶᠢᠨ ᠲᠡᠭᠦᠪᠦᠷᠢ᠂ ᠬᠢᠲᠠᠳ ᠬᠡᠪᠯᠡᠯ᠂ 1963 ᠤᠨ ᠤ 6 ᠳ᠋ᠤᠭᠠᠷ ᠰᠠᠷ᠎ᠠ ᠳᠤ ᠥᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ ᠬᠡᠪᠯᠡᠭᠦᠯᠪᠡ᠃ ᠡᠨᠡ ᠪᠤᠯ ᠨᠠ᠊ · ᠰᠠᠶᠢᠨᠴᠤᠭᠲᠦ ᠶᠢᠨ ᠰᠢᠯᠦᠭ ᠤᠳ ᠠᠴᠠ ᠰᠤᠩᠭᠤᠵᠦ᠂ ᠬᠢᠲᠠᠳ ᠬᠡᠯᠡ ᠪᠠᠷ ᠤᠷᠴᠢᠭᠤᠯᠵᠦ ᠬᠡᠪᠯᠡᠭᠦᠯᠦᠭᠰᠡᠨ ᠲᠡᠭᠦᠪᠦᠷᠢ ᠪᠤᠯᠤᠨ᠎ᠠ᠃
︽ᠮᠠᠨ ᠤ ᠬᠦᠴᠦᠷᠬᠡᠭ ᠳᠠᠭᠤᠨ︾ ᠰᠢᠯᠦᠭ ᠤᠨ ᠲᠡᠭᠦᠪᠦᠷᠢ᠂ 1955 ᠤᠨ ᠤ ᠬᠤᠶᠠᠳᠤᠭᠠᠷ ᠰᠠᠷ᠎ᠠ ᠳᠤ ᠥᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ ᠬᠡᠪᠯᠡᠭᠦᠯᠪᠡ᠃ ᠲᠤᠰ ᠲᠡᠭᠦᠪᠦᠷᠢ ᠳᠤ 1947.12- 1954.7 ᠰᠠᠷ᠎ᠠ ᠬᠦᠷᠲᠡᠯᠡᠬᠢ ᠰᠢᠯᠦᠭ ᠠᠴᠠ ᠪᠠᠨ ᠠᠷᠪᠠᠨ ᠳᠥᠷᠪᠡᠨ ᠰᠢᠯᠦᠭ᠂ ᠮᠤᠩᠭᠤᠯ ᠤᠯᠤᠰ ᠲᠤ ᠰᠤᠷᠤᠯᠴᠠᠵᠦ ᠪᠠᠶᠢᠬᠤ ᠦᠶ᠎ᠡ ᠶᠢᠨ ᠰᠢᠯᠦᠭ ᠠᠴᠠ 4 ᠰᠢᠯᠦᠭ᠂ ᠶᠠᠫᠤᠨ ᠳᠤ ᠰᠤᠷᠤᠯᠴᠠᠵᠦ ᠪᠠᠶᠢᠬᠤ ᠦᠶ᠎ᠡ ᠶᠢᠨ ᠰᠢᠯᠦᠭ ᠠᠴᠠ 5 ᠰᠢᠯᠦᠭ ᠰᠤᠩᠭᠤᠨ ᠤᠷᠤᠭᠤᠯᠵᠠᠢ᠃ ᠡᠨᠡ ᠪᠤᠯ ᠴᠢᠯᠦᠭᠡᠯᠡᠭᠳᠡᠭᠰᠡᠨ ᠠᠴᠠ ᠬᠤᠶᠢᠰᠢᠬᠢ ᠨᠠ᠊ · ᠰᠠᠶᠢᠨᠴᠤᠭᠲᠦ ᠶᠢᠨ ᠰᠢᠯᠦᠭ ᠤᠨ ᠠᠩᠬᠠᠳᠠᠭᠴᠢ ᠲᠡᠭᠦᠪᠦᠷᠢ ᠶᠤᠮ᠃
︽ᠠᠯᠲᠠᠨ ᠬᠥᠭᠦᠷᠭᠡ︾ ᠰᠢᠯᠦᠭ ᠤᠨ ᠲᠡᠭᠦᠪᠦᠷᠢ᠂ 1959 ᠤᠨ ᠤ 8 ᠳ᠋ᠤᠭᠠᠷ ᠰᠠᠷ᠎ᠠ ᠳᠤ ᠥᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ ᠬᠡᠪᠯᠡᠭᠦᠯᠪᠡ᠃ ᠲᠤᠰ ᠲᠡᠭᠦᠪᠦᠷᠢ ᠳᠤ 1955 ᠤᠨ ᠤ 2 ᠳ᠋ᠤᠭᠠᠷ ᠰᠠᠷ᠎ᠠ ᠶᠢᠨ 15᠎ ᠤ ᠡᠳᠦᠷ ᠠᠴᠠ 1958 ᠤᠨ ᠤ 12 ᠳ᠋ᠤᠭᠠᠷ ᠰᠠᠷ᠎ᠠ ᠶᠢᠨ 18᠎ ᠤ ᠡᠳᠦᠷ ᠬᠦᠷᠲᠡᠯᠡᠬᠢ 42 ᠰᠢᠯᠦᠭ ᠢ ᠤᠷᠤᠭᠤᠯᠪᠠ᠃
︽ᠰᠢᠯᠤᠭᠤᠨ ᠬᠥᠬᠡ ᠶᠢᠨ ᠲᠡᠮᠳᠡᠭᠯᠡᠯ ᠰᠢᠯᠦᠭ︾ ᠰᠢᠯᠦᠭ ᠤᠨ ᠲᠡᠭᠦᠪᠦᠷᠢ᠂ 1962 ᠤᠨ ᠤ 6 ᠳ᠋ᠤᠭᠠᠷ ᠰᠠᠷ᠎ᠠ ᠳᠤ ᠥᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ ᠬᠡᠪᠯᠡᠭᠦᠯᠪᠡ᠃ ᠡᠨᠡ ᠪᠤᠯ 16 ᠰᠢᠯᠦᠭ ᠢᠶᠠᠷ ᠪᠥᠷᠢᠯᠳᠦᠭᠰᠡᠨ ᠲᠤᠮᠤ ᠬᠡᠪᠴᠢᠶᠡᠨ ᠤ ᠮᠥᠴᠡᠯᠭᠡ ᠰᠢᠯᠦᠭ ᠶᠤᠮ᠃
︽ᠬᠠᠪᠤᠷ ᠤᠨ ᠨᠠᠷᠠᠨ ᠪᠡᠭᠡᠵᠢᠩ ᠠᠴᠠ︾ 1956 ᠤᠨ ᠤ 9 ᠳ᠋ᠤᠭᠡᠷ ᠰᠠᠷ᠎ᠠ ᠳᠤ ᠥᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ ᠬᠡᠪᠯᠡᠭᠦᠯᠪᠡ᠃ ᠡᠨᠡ ᠪᠤᠯ ᠨᠠ᠊ · ᠰᠠᠶᠢᠨᠴᠤᠭᠲᠦ ᠶᠢᠨ ᠪᠢᠴᠢᠭᠰᠡᠨ ᠰᠢᠯᠢᠳᠡᠭ ᠲᠤᠭᠤᠵᠢ ᠶᠤᠮ᠃
︽ᠬᠠᠪᠤᠷ ᠤᠨ ᠨᠠᠷᠠ ᠦᠵᠦᠮᠦᠴᠢᠨ ᠨᠤᠲᠤᠭ ᠢ ᠭᠡᠶᠢᠭᠦᠯᠦᠯ᠎ᠡ︾ ᠲᠤᠭᠤᠵᠢ᠂ ᠬᠢᠲᠠᠳ ᠬᠡᠪᠯᠡᠯ᠂ 1958 ᠤᠨ ᠤ 8 ᠳ᠋ᠤᠭᠠᠷ ᠰᠠᠷ᠎ᠠ ᠳᠤ ᠵᠤᠬᠢᠶᠠᠯᠴᠢᠳ ᠤᠨ ᠬᠡᠪᠯᠡᠯ ᠤᠨ ᠬᠤᠷᠢᠶ᠎ᠠ ᠬᠡᠪᠯᠡᠭᠦᠯᠪᠡ᠃ ᠡᠨᠡ ᠪᠤᠯ ︽ᠬᠠᠪᠤᠷ ᠤᠨ ᠨᠠᠷᠠᠨ ᠪᠡᠭᠡᠵᠢᠩ ᠠᠴᠠ︾ ᠲᠤᠭᠤᠵᠢ ᠶᠢᠨ ᠬᠢᠲᠠᠳ ᠬᠡᠯᠡᠨ ᠤ ᠤᠷᠴᠢᠭᠤᠯᠭ᠎ᠠ ᠮᠥᠨ᠃
︽ᠠᠶᠢᠯ ᠶᠢᠡᠨ ᠦᠭᠡᠳᠡᠯᠡᠭᠦᠯᠭᠦ ᠪᠢᠴᠢᠭ︾ 1942 ᠤᠨ ᠤ 10 ᠳ᠋ᠤᠭᠠᠷ ᠰᠠᠷ᠎ᠠ ᠳᠤ ︽ᠲᠡᠷᠢᠭᠦᠨ ᠨᠤᠶᠠᠨ ᠤ ᠤᠷᠳᠤᠨ ᠤ ᠲᠠᠷᠤᠮᠠᠯ ᠤᠨ ᠭᠠᠵᠠᠷ︾᠎ ᠠᠴᠠ ᠲᠡᠷᠤᠮᠠᠯᠯᠠᠵᠤ᠂ ︽ᠲᠡᠷᠢᠭᠦᠨ ᠨᠤᠶᠠᠨ ᠤ ᠤᠷᠳᠤᠨ ᠤ ᠪᠢᠴᠢᠭ ᠰᠤᠳᠤᠷ ᠤᠨ ᠭᠡᠷ︾᠎ ᠠᠴᠠ ᠲᠠᠷᠬᠠᠭᠠᠪᠠ᠃
︽ᠵᠤᠯ ᠵᠢᠷᠭᠠᠯ ᠪᠠ ᠨᠥᠬᠦᠷᠯᠡᠯ︾ ᠰᠢᠯᠦᠭ ᠤᠨ ᠲᠡᠭᠦᠪᠦᠷᠢ᠂ ᠬᠢᠲᠠᠳ ᠬᠡᠪᠯᠡᠯ᠂ 1956 ᠤᠨ ᠤ 11 ᠳ᠋ᠤᠭᠡᠷ ᠰᠠᠷ᠎ᠠ ᠳᠤ ᠵᠤᠬᠢᠶᠠᠯᠴᠢᠳ ᠤᠨ ᠬᠡᠪᠯᠡᠯ ᠤᠨ ᠬᠤᠷᠢᠶ᠎ᠠ ᠬᠡᠪᠯᠡᠭᠦᠯᠪᠡ᠃ ᠡᠨᠡ ᠪᠤᠯ ︽ᠮᠠᠨ ᠤ ᠬᠦᠴᠦᠷᠬᠡᠭ ᠳᠠᠭᠤᠨ︾ ᠲᠡᠭᠦᠪᠦᠷᠢ ᠳᠤ ᠤᠷᠤᠭᠰᠠᠨ ᠰᠢᠯᠦᠭ ᠤᠳ ᠢ ᠬᠢᠲᠠᠳ ᠬᠡᠯᠡ ᠪᠠᠷ ᠤᠷᠴᠢᠭᠤᠯᠵᠦ ᠬᠡᠪᠯᠡᠭᠦᠯᠦᠭᠰᠡᠨ ᠲᠡᠭᠦᠪᠦᠷᠢ ᠪᠤᠯᠤᠨ᠎ᠠ᠃ ᠮᠥᠡᠭᠬᠡᠪᠤᠶᠠᠨ᠂ ᠬᠤᠷᠴᠠ᠂ ᠮᠥᠸᠧ ᠨᠠᠨ᠂ ᠤᠴᠢ ᠤᠷᠴᠢᠭᠤᠯᠪᠠ᠃ ᠲᠤᠰ ᠲᠡᠭᠦᠪᠦᠷᠢ ᠶᠢ ᠵᠤᠬᠢᠶᠠᠭᠴᠢ ᠶᠢᠨ ᠰᠠᠨᠠᠯ ᠢᠶᠠᠷ ︽ᠵᠤᠯ ᠵᠢᠷᠭᠠᠯ ᠪᠠ ᠨᠥᠬᠦᠷᠯᠡᠯ︾ ᠭᠡᠵᠦ ᠨᠡᠷᠡᠯᠡᠵᠠᠢ᠃
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ ᠤ ᠰᠢᠨ᠎ᠠ ᠮᠠᠯᠴᠢᠳ ᠤᠨ ᠰᠤᠨᠢᠨ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号