| ᠰᠣᠶᠣᠯ ᠭᠡᠷ ᠪᠦᠯᠢ ᠭᠡᠳᠡᠭ ᠪᠣᠯ ᠬᠠᠶᠢᠷ᠎ᠡ ᠲᠡᠭᠡᠷ᠎ᠡ ᠲᠣᠭᠳᠠᠭᠰᠠᠨ ᠬᠠᠯᠠᠭᠤᠨ ᠦᠯᠦᠭᠡᠢ ᠪᠣᠯᠬᠤ ᠶᠣᠮ᠃ ᠭᠡᠷ | ᠪᠦᠯᠢ ᠶᠢᠨ ᠠᠮᠢᠳᠣᠷᠠᠯ ᠢ ᠴᠣᠭᠴᠣᠯᠠᠬᠤ ᠳᠤ ᠡᠷᠡᠭᠳᠡᠢ ᠡᠮᠡᠭᠳᠡᠢ ᠬᠤᠶᠠᠭᠤᠯᠠᠨ ᠭᠡᠷ ᠪᠦᠯᠢ ᠳᠡᠭᠡᠨ ᠲᠠᠭᠠᠯᠳᠣᠳᠠᠢ ᠣᠪᠣᠷ ᠢᠶᠠᠷ | ᠬᠠᠨᠳᠣᠵᠥ᠂ ᠬᠠᠷᠢᠯᠴᠠᠨ ᠨᠢᠭᠡ ᠨᠢᠭᠡ ᠪᠠᠨ ᠭᠦᠡᠳᠣᠳᠭᠡᠨ ᠬᠠᠶᠢᠷᠢᠯᠠᠵᠥ᠂ ᠬᠠᠷᠢᠯᠴᠠᠨ ᠠᠭᠤᠵᠢᠮ ᠲᠣᠭᠳᠠᠭᠤᠨ ᠣᠪᠣᠷ ᠲᠠᠢ᠂ | ᠬᠠᠮᠳᠤ ᠶᠢᠨ ᠵᠣᠷᠢᠯᠳᠠ ᠲᠠᠢ ᠪᠠᠶᠢᠵᠥ᠂ ᠬᠠᠳᠠᠭᠤᠵᠢᠯᠳᠠᠢ ᠴᠢᠷᠮᠡᠶᠢᠪᠠᠯ ᠦᠭᠡᠶᠢᠷ ᠭᠡᠣᠭᠡᠳ ᠲᠡᠭᠡᠨ ᠲᠣᠯᠠᠭᠠᠨ ᠪᠦᠯᠢᠶᠠᠨ | ᠦᠯᠦᠭᠡᠢ ᠪᠣᠯᠵᠥ᠂ ᠦᠳᠡᠯᠡᠢ ᠨᠠᠰᠣᠳᠠᠨ ᠳᠠᠭᠠᠨ ᠢᠶᠠᠨ ᠵᠣᠯ ᠵᠢᠷᠭᠠᠯ ᠤᠨ ᠢᠨᠢᠶᠠᠳᠤ ᠳᠤ ᠪᠢᠯᠬᠠᠭᠤᠯᠣᠨ ᠦᠭᠡᠳᠠ ᠲᠠᠢ | ᠦᠩᠭᠡ ᠲᠠᠢ ᠭᠡᠷ ᠪᠦᠯᠢ ᠶᠢ ᠪᠠᠶᠢᠭᠤᠯᠵᠥ ᠴᠢᠳᠠᠬᠤ ᠶᠤᠮ᠃ ᠲᠣᠣᠷ᠎ᠡ ᠡᠴᠢᠭᠡ ᠭᠦᠮᠦᠨ ᠤ ᠪᠠᠷᠢᠮᠳᠣᠯᠠᠬᠤ ᠨᠠᠢᠮᠨ ᠵᠦᠢᠯ ᠤᠨ | ᠲᠣᠬᠠᠢ ᠶᠠᠷᠢᠶ᠎ᠠ᠃ ᠨᠢᠭᠡ᠂ ᠡᠴᠢᠭᠡ ᠭᠦᠮᠦᠨ ᠤ ᠪᠠᠷᠢᠮᠳᠣᠯᠠᠬᠤ ᠨᠠᠢᠮᠨ ᠵᠦᠢᠯ ᠡᠷᠡᠭᠳᠡᠢ ᠭᠦᠮᠦᠨ ᠢ ︽ᠭᠡᠷ ᠤᠨ ᠠᠯᠳᠠᠨ | ᠪᠠᠭᠠᠨ᠎ᠠ︾ ᠭᠡᠵᠥ ᠭᠡᠯᠡᠳᠡᠭ᠃ ᠣᠴᠢᠷ ᠨᠢ ᠡᠷᠡᠭᠳᠡᠢ ᠭᠦᠮᠦᠨ ᠭᠡᠷ ᠤᠨ ᠡᠵᠡᠨ ᠤ ᠬᠤᠪᠢ ᠪᠠᠷ ᠡᠭᠡᠨᠡᠷ ᠭᠡᠣᠭᠡᠳ ᠲᠡᠭᠡᠨ | ᠲᠦᠰᠢᠭ ᠪᠣᠯᠵᠥ ᠭᠡᠷ ᠪᠦᠯᠢ ᠶᠢᠨ ᠠᠵᠥ ᠠᠮᠢᠳᠣᠷᠠᠯ ᠢ ᠲᠣᠬᠤᠷᠡᠭᠤᠯᠵᠥ᠂ ᠭᠡᠷ ᠤᠨ ᠠᠯᠢ ᠲᠡᠯ᠎ᠡ ᠶᠢ ᠬᠠᠷᠠᠭᠠᠯᠵᠡᠬᠤ ᠵᠡᠷᠭᠡ | ᠭᠦᠠᠳᠤ ᠡᠭᠦᠷᠭᠡ ᠶᠢ ᠡᠭᠦᠷᠭᠡᠯᠡᠵᠥ ᠪᠠᠶᠢᠳᠠᠭ᠃ ᠡᠴᠢᠭᠡ ᠭᠦᠮᠦᠨ ᠤ ᠪᠠᠷᠢᠮᠳᠣᠯᠠᠬᠤ ᠨᠠᠢᠮᠨ ᠵᠦᠢᠯ ᠪᠣᠯ ᠲᠡᠳᠠᠨ ᠤ ᠣᠬᠠᠭᠠᠨ | ᠰᠠᠨᠠᠭ᠎ᠠ ᠲᠠᠢ᠂ ᠣᠷᠣᠭᠰᠢᠯᠠᠬᠤ ᠡᠷᠴᠢᠮ᠂ ᠲᠡᠰᠪᠦᠷᠢ ᠬᠠᠳᠠᠭᠤᠵᠢᠯᠳᠠᠢ ᠪᠠᠷ ᠴᠢᠷᠮᠡᠶᠢᠬᠤ ᠳᠤ ᠵᠠᠪᠠᠯ ᠭᠦᠢᠴᠡᠳᠭᠡᠭᠦ ᠵᠦᠪ ᠲᠠᠢ | ᠵᠦᠢᠯ ᠪᠣᠯᠣᠨ᠎ᠠ᠃ | 1. ᠠᠷᠢᠭᠢ ᠳᠤ ᠰᠢᠨᠣᠵᠥ ᠪᠣᠯᠬᠤ ᠦᠭᠡᠢ᠃ ᠠᠷᠢᠭᠢ ᠶᠢ ᠪᠠᠯ ᠪᠣᠯᠭᠠᠨ ᠣᠣᠭᠤᠪᠠᠯ ᠪᠠᠶ᠎ᠠ ᠳᠤ ᠲᠣᠰᠠᠳᠠᠢ᠂ ᠪᠠᠯᠠᠷᠳᠠᠯ᠎ᠠ | ᠣᠣᠭᠤᠪᠠᠯ ᠪᠠᠷᠴᠢᠳ ᠤᠨ ᠡᠭᠦᠳᠠᠨ ᠨᠡᠭᠡᠭᠳᠡᠨᠠ ᠭᠡᠳᠡᠭ ᠨᠢ ᠠᠷᠠᠳ ᠤᠨ ᠲᠣᠷᠰᠢᠯᠭ᠎ᠠ ᠰᠣᠷᠭᠠᠮᠵᠢ ᠶᠢ ᠬᠤᠷᠠᠮᠳᠠᠭᠤᠯᠵᠥ | ᠳ᠋ᠦᠩᠨᠠᠨ ᠭᠡᠯᠡᠭᠰᠠᠨ ᠦᠭᠡ ᠪᠣᠯᠬᠤ ᠶᠣᠮ᠃ ᠲᠡᠶᠢᠮᠣ ᠠᠴᠠ ᠦᠢᠯᠠᠰ ᠪᠦᠳᠦᠭᠡᠵᠥ ᠦᠭᠡᠳᠠ ᠲᠠᠢ ᠠᠮᠢᠳᠣᠷᠠᠵᠥ ᠰᠠᠶᠢᠨ | ᠰᠠᠶᠢᠬᠠᠨ ᠶᠠᠪᠣᠶ᠎ᠠ ᠭᠡᠪᠡᠯ ᠪᠠᠭ᠎ᠠ ᠣᠣᠭᠤᠵᠥ ᠪᠠᠶ᠎ᠠ ᠪᠠᠨ ᠬᠤᠣᠷᠳᠠᠭᠤᠯᠣᠯ ᠦᠭᠡᠢ᠂ ᠭᠡᠮᠵᠢᠶ᠎ᠠ ᠲᠠᠢ ᠣᠣᠭᠤᠵᠥ ᠭᠡᠷᠡᠭ ᠢᠶᠠᠨ | ᠰᠠᠭᠠᠳᠠᠭᠠᠯ ᠦᠭᠡᠢ ᠶᠠᠪᠣᠪᠠᠯ ᠵᠣᠭᠢᠯᠳᠠᠢ ᠶᠣᠮ᠂ ᠠᠷᠢᠭᠢ ᠳᠤ ᠱᠦᠨᠦᠵᠥ ᠠᠶᠢᠯ ᠤᠨ ᠪᠣᠭ ᠪᠣᠯᠬᠤ ᠠᠴᠠ ᠭᠡᠴᠢᠶᠠᠵᠥ᠂ ︽ | ᠲᠦᠴᠢ ᠭᠦᠷᠦᠭᠡᠳ ᠲᠦᠩᠭᠡᠵᠥ ᠠᠮᠰᠠ᠂ ᠲᠡᠪᠢ ᠭᠦᠷᠦᠭᠡᠳ ᠲᠡᠯᠪᠢᠵᠥ ᠭᠦᠷᠳᠠ᠃ ᠵᠢᠷᠨ ᠭᠦᠷᠦᠭᠡᠳ ᠵᠢᠷᠭᠠᠵᠥ ᠣᠣᠭᠤ︾ | ᠭᠡᠰᠠᠨ ᠬᠠᠭᠤᠴᠢᠨ ᠰᠣᠷᠭᠠᠯ ᠶᠢ ᠪᠠᠳᠤ ᠴᠡᠭᠡᠵᠢᠯᠡᠵᠥ ᠶᠠᠪᠣᠶ᠎ᠠ᠃ | 2. ᠬᠤᠪᠣᠷ ᠱᠣᠪᠣᠷ ᠦᠭᠡ ᠳᠤ ᠠᠪᠳᠠᠭᠳᠠᠵᠥ ᠪᠣᠯᠬᠤ ᠦᠭᠡᠢ᠃ ᠠᠮᠢᠳᠣᠷᠠᠯ ᠤᠨ ᠲᠣᠮᠳᠠ ᠪᠣᠰᠣᠳ ᠤᠨ ᠠᠵᠢᠯ | ᠠᠮᠢᠳᠣᠷᠠᠯ ᠤᠨ ᠭᠡᠷᠡᠭ ᠢ ᠲᠣᠷ᠎ᠡ ᠪᠠᠷ ᠢᠶᠠᠨ ᠲᠠᠮᠠᠭᠯᠠᠨ ᠭᠡᠯᠡᠭᠦ᠂ ᠮᠠᠭᠤᠴᠢᠯᠠᠬᠤ᠂ ᠬᠤᠣᠷᠳᠠᠬᠠᠨ ᠭᠡᠯᠡᠭᠦ ᠮᠡᠳᠤ ᠭᠦᠮᠦᠨ ᠤ | ᠠᠯᠠᠭ ᠢ ᠲᠣᠭᠠᠴᠢᠵᠥ᠂ ᠠᠯᠳᠠᠭ᠎ᠠ ᠶᠢ ᠨᠢ ᠠᠳᠬᠤᠵᠥ ᠬᠤᠣᠷ ᠲᠠᠢ ᠱᠣᠷᠳᠠᠢ ᠦᠭᠡ ᠭᠡᠯᠡᠭᠦ ᠪᠠᠶᠢᠳᠠᠯ ᠦᠵᠡᠭᠳᠡᠳᠡᠭ᠃ ᠵᠠᠷᠢᠮ | ᠭᠦᠮᠦᠨ ᠪᠣᠰᠣᠳ ᠤᠨ ᠶᠠᠮᠠᠷ ᠵᠣᠷᠢᠯᠭ᠎ᠠ ᠲᠠᠢ᠂ ᠶᠠᠮᠠᠷ ᠰᠠᠨᠠᠭ᠎ᠠ ᠲᠠᠢ ᠦᠭᠡ ᠭᠡᠯᠡᠵᠥ ᠪᠠᠶᠢᠬᠤ ᠶᠢ ᠨᠠᠷᠢᠯᠠᠨ ᠪᠣᠳᠣᠬᠤ ᠦᠭᠡᠢ᠂ | ᠦᠭᠡ ᠶᠢ ᠨᠢ ᠣᠯᠵᠠᠷᠬᠠᠨ ᠰᠣᠨᠣᠰᠣᠭᠠᠳ᠂ ᠶᠡᠭᠡᠳᠭᠡᠨ ᠲᠡᠮᠵᠢᠭᠤᠯᠳᠠᠭ᠂ ᠪᠠᠰᠨ ᠵᠠᠷᠢᠮ ᠨᠢ ᠠᠭᠤᠯᠵᠠᠭᠰᠠᠨ ᠳᠠᠭᠠᠨ | ᠠᠭᠤᠷᠢᠯᠡᠵᠥ᠂ ᠬᠠᠷᠭᠠᠯᠳᠣᠭᠰᠠᠨ ᠲᠠᠢ ᠪᠠᠨ ᠬᠠᠪᠰᠢᠯᠳᠣᠵᠥ᠂ ᠪᠣᠰᠣᠳ ᠤᠨ ᠰᠠᠳᠭᠡᠯ ᠢ ᠭᠦᠢᠳᠡᠷᠡᠭᠦᠯᠵᠥ᠂ ᠦᠪᠡᠷ ᠤᠨ ᠢᠶᠠᠨ | ᠴᠡᠭᠡᠵᠢ ᠶᠢ ᠲᠡᠭᠦᠷᠭᠡᠵᠥ ᠶᠠᠪᠣᠳᠠᠭ᠃ ︽ᠠᠭᠤᠷ ᠪᠡᠶ᠎ᠡ ᠵᠣᠪᠠᠭᠠᠨ᠎ᠠ ᠠᠭᠤᠯᠨ ᠮᠣᠷᠢ ᠵᠣᠪᠠᠭᠠᠨ᠎ᠠ︾ ᠭᠡᠳᠡᠭ ᠰᠣᠷᠭᠠᠯ ᠦᠭᠡ | ᠪᠠᠶᠢᠳᠠᠭ ᠰᠢᠣ᠃ ᠪᠡᠶ᠎ᠡ ᠰᠠᠳᠭᠡᠯ ᠤᠨ ᠡᠷᠡᠭᠦᠯ ᠳᠤ ᠠᠰᠢᠭ ᠦᠭᠡᠢ ᠮᠦᠷᠳᠡᠭᠡᠨ ᠭᠡᠷ ᠪᠦᠯᠢ ᠶᠢᠨ ᠠᠭᠤᠷ ᠠᠮᠢᠰᠬᠤᠯ ᠢ ᠴᠤ | ᠨᠦᠯᠦᠭᠡᠯᠡᠳᠡᠭ ᠦᠭᠡ ᠭᠦᠦᠷ ᠢ ᠡᠰᠠ ᠰᠣᠨᠣᠰᠬᠤ ᠪᠣᠶᠣ ᠰᠠᠨᠠᠭᠠᠨ ᠳᠠᠭᠠᠨ ᠠᠪᠬᠤ ᠦᠭᠡᠢ ᠪᠠᠶᠢᠬᠤ ᠭᠡᠷᠡᠭᠳᠡᠢ᠃ | 3. ᠰᠣᠶᠣᠯᠵᠢᠭᠰᠠᠨ ᠠᠮᠢᠳᠣᠷᠠᠯ ᠢ ᠡᠷᠭᠡᠮᠯᠡᠭᠦ ᠭᠡᠷᠡᠭᠳᠡᠢ᠃ ᠣᠯᠣᠰ ᠤᠨ ᠠᠯᠪᠠ ᠬᠠᠭᠠᠭᠴᠢ ᠠᠴᠠ ᠠᠪᠣᠭᠠᠳ | ᠭᠦᠳᠡᠭᠡ ᠶᠢᠨ ᠮᠠᠯᠴᠢᠨ ᠲᠡᠷᠢᠶᠠᠴᠢᠨ ᠭᠦᠷᠳᠡᠯ᠎ᠡ ᠪᠣᠷ ᠣᠯᠣᠰ ᠤᠨ ᠬᠠᠣᠯᠢ ᠶᠢ ᠰᠠᠭᠢᠵᠥ ᠲᠦᠷᠢᠮ ᠢ ᠵᠢᠷᠣᠮᠯᠠᠬᠤ ᠦᠵᠡᠯ | ᠣᠬᠠᠮᠰᠠᠷ ᠲᠠᠢ ᠪᠠᠶᠢᠵᠥ᠂ ᠶᠣᠰᠣ ᠰᠣᠷᠳᠠᠬᠤᠨ ᠤ ᠲᠡᠯ᠎ᠡ ᠪᠠᠷ ᠪᠣᠯᠪᠠᠰᠣᠨ ᠮᠣᠷᠡᠯ ᠲᠠᠢ ᠶᠠᠪᠣᠵᠥ᠂ ᠭᠡᠨ ᠭᠦᠮᠦᠨ ᠠᠵᠢᠯ | ᠠᠬᠤᠢ ᠳᠠᠭᠠᠨ ᠲᠡᠭᠠᠯᠳᠣᠳᠠᠢ᠂ ᠠᠮᠢᠳᠣᠷᠠᠯ ᠳᠠᠭᠠᠨ ᠠᠷᠭ᠎ᠠ ᠰᠦᠪᠡᠭ ᠪᠠᠶᠢᠪᠠᠯ ᠣᠷᠰᠢᠭ ᠶᠠᠷᠰᠢᠭ ᠲᠠᠢ ᠶᠠᠪᠣᠳᠠᠯ ᠳᠤ ᠭᠦᠯ ᠨᠢ | ᠣᠷᠢᠶᠠᠭᠳᠠᠬᠤ ᠦᠭᠡᠢ ᠪᠤᠯᠳᠠᠭ᠃ ᠮᠠᠨ ᠤ ᠮᠣᠩᠭᠤᠯ ᠳᠤ ︽ᠮᠠᠷᠭᠡᠨ ᠠᠬᠠᠳᠠᠪᠠᠯ ᠲᠡᠨᠡᠭ ᠤᠨ ᠲᠦᠢᠯ︾ ᠭᠡᠳᠡᠭ ᠦᠭᠡ | ᠪᠠᠶᠢᠳᠠᠭ᠃ ᠲᠡᠨᠦᠭᠰᠠᠨ ᠲᠦᠷᠦᠭᠰᠠᠨ ᠭᠦᠮᠦᠨ ᠢ ᠪᠦᠳᠦᠷᠡᠭᠰᠠᠨ ᠲᠡᠭᠡᠷ᠎ᠡ ᠨᠢ ᠨᠢᠳᠣᠷᠡᠮᠳᠡᠵᠥ ᠲᠡᠭᠦᠨ ᠳᠤ ᠲᠡᠭᠡᠷᠡᠯᠭᠡᠵᠥ ᠪᠣᠯᠬᠤ | ᠦᠭᠡᠢ᠂ ᠠᠳᠬᠠᠭ ᠰᠠᠳᠭᠡᠯ ᠡᠪᠣᠷᠢᠯᠡᠵᠥ ᠪᠣᠰᠣᠳ ᠢ ᠬᠠᠷᠰᠢᠯᠠᠵᠥ ᠬᠠᠷᠠᠯᠠᠭᠤᠯᠵᠥ ᠨᠡᠩ ᠴᠤ ᠪᠣᠯᠬᠤ ᠦᠭᠡᠢ᠂ ᠪᠣᠰᠣᠳ ᠤᠨ | ᠦᠭᠡᠳᠡᠯᠡᠭᠰᠠᠨ ᠠᠴᠠ ᠦᠯᠢᠭᠡᠷ ᠰᠦᠪᠡᠭᠴᠢ ᠠᠪᠴᠦ᠂ ᠣᠷᠣᠭᠤᠳᠣᠭᠰᠠᠨ ᠠᠴᠠ ᠰᠠᠭ ᠰᠠᠷᠠᠮᠵᠢ ᠰᠣᠷᠭᠠᠮᠵᠢ ᠰᠠᠷᠡᠮᠵᠢ ᠠᠪᠴᠦ | ᠂ ᠠᠮᠢᠳᠣᠷᠠᠯ ᠤᠨ ᠵᠢᠷᠣᠮ ᠢ ᠪᠠᠳᠤ ᠰᠠᠭᠢᠬᠤ ᠭᠡᠷᠡᠭᠳᠡᠢ᠃ | 4. ᠪᠣᠭᠳᠠ ᠴᠢᠩᠭᠢᠰ ᠤᠨ ᠰᠣᠷᠭᠠᠯ ᠢ ᠲᠡᠷᠰᠯᠡᠭᠦ ᠦᠭᠡᠢ ᠪᠠᠶᠢᠬᠤ ᠭᠡᠷᠡᠭᠳᠡᠢ᠃ ᠴᠢᠩᠭᠢᠰ ᠤᠨ ᠰᠣᠷᠭᠠᠯ ᠳᠤ᠄ ︽ | ᠦᠪᠡᠷ ᠢ ᠪᠠᠨ ᠮᠠᠳᠠᠵᠥ ᠪᠠᠶᠢᠵᠥ ᠪᠣᠰᠣᠳ ᠢ ᠮᠡᠳᠡᠨ᠎ᠡ︾ ︽ᠴᠢᠩ ᠰᠠᠳᠭᠡᠯ ᠤᠨ ᠦᠭᠡ ᠭᠦᠮᠦᠨ ᠢ ᠭᠦᠳᠡᠯᠭᠡᠨ᠎ᠡ᠂ | ᠬᠠᠭᠤᠷᠮᠠᠭ ᠦᠭᠡ ᠭᠦᠴᠦ ᠦᠭᠡᠢ︾᠂ ︽ᠠᠮᠵᠢᠯᠳᠠ ᠭᠠᠷᠭᠠᠬᠤ ᠶᠢᠨ ᠲᠣᠯᠠᠳᠠ ᠲᠣᠳᠣᠷᠬᠠᠢ ᠨᠠᠷᠢᠨ ᠲᠦᠯᠦᠪᠯᠡᠵᠥ ᠰᠣᠷ︾ ᠁ | ᠭᠡᠭᠦ ᠮᠡᠳᠤ ᠰᠣᠷᠭᠠᠯ ᠦᠭᠡ ᠪᠠᠶᠢᠳᠠᠭ᠃ ᠡᠨ᠋ᠨ ᠨᠢ ᠦᠪᠡᠷ ᠤᠨ ᠢᠶᠠᠨ ᠭᠡᠮ ᠢ ᠲᠡᠨᠢᠵᠥ᠂ ᠪᠠᠶ᠎ᠠ ᠪᠠᠨ ᠭᠡᠴᠢᠶᠠᠭᠰᠠᠨ ᠭᠦᠮᠦᠨ | ᠰᠠᠶ᠋ᠢ ᠪᠣᠰᠣᠳ ᠢ ᠲᠠᠭᠠᠭᠤᠯᠵᠥ ᠴᠢᠳᠠᠨ᠎ᠠ᠂ ᠬᠤᠳᠠᠯ ᠬᠠᠭᠤᠷᠮᠠᠭ ᠶᠠᠪᠣᠬᠤ ᠨᠢ ᠬᠠᠮᠣᠬᠠᠢ ᠦᠠᠳᠦᠰᠦ ᠰᠢᠭ ᠰᠠᠯᠭᠢᠨ ᠳᠤ | ᠭᠢᠢᠰᠴᠦ ᠦᠪᠡᠷ ᠤᠨ ᠣᠷᠣᠨ ᠵᠠᠢ ᠪᠠᠨ ᠲᠣᠭᠳᠠᠭᠠᠵᠥ ᠴᠢᠳᠠᠬᠤ ᠦᠭᠡᠢ ᠶᠠᠪᠣᠨ᠎ᠠ ᠭᠡᠵᠥ ᠰᠠᠨᠠᠭᠤᠯᠣᠭᠰᠠᠨ ᠨᠢ ᠯᠠᠪ ᠲᠠᠢ ᠶᠣᠮ | ᠃ ᠡᠴᠢᠭᠡ ᠪᠣᠯᠣᠭᠰᠠᠳ᠂ ᠪᠣᠭᠳᠠ ᠴᠢᠩᠭᠢᠰ ᠤᠨ ᠰᠣᠷᠭᠠᠯ ᠢ ᠭᠦᠷᠳᠡᠵᠥ᠂ ᠪᠣᠯᠪᠠᠰᠣᠨ ᠦᠢᠯᠨ ᠠᠵᠢᠯᠯᠠᠭ᠎ᠠ ᠪᠠᠷ ᠢᠶᠠᠨ ᠦᠷ᠎ᠡ | ᠭᠡᠣᠭᠡᠳ ᠲᠡᠭᠡᠨ ᠦᠯᠢᠭᠡᠷ ᠲᠠᠭᠤᠷᠢᠶᠠᠯ ᠦᠵᠡᠭᠦᠯᠭᠦ ᠭᠡᠷᠡᠭᠳᠡᠢ᠃ | 5. ᠦᠷ᠎ᠡ ᠭᠡᠣᠭᠡᠳ ᠢᠶᠠᠨ ᠬᠠᠷᠢᠶᠠᠬᠤ ᠦᠭᠡᠢ᠃ ᠡᠴᠢᠭᠡ ᠭᠦᠮᠦᠨ ᠤ ᠦᠭᠡ ᠠᠯᠢᠬᠠᠳᠠᠭᠰᠠᠨ ᠠᠴᠠ ᠴᠣ᠋ ᠭᠦᠴᠦᠳᠠᠢ | ᠭᠡᠳᠡᠭ᠃ ᠣᠯᠢᠭ ᠦᠭᠡᠢ ᠣᠯᠠᠨ ᠶᠠᠭᠤᠮ᠎ᠠ ᠭᠡᠯᠡᠵᠥ ᠦᠨ᠎ᠡ ᠪᠠᠨ ᠪᠠᠷᠠᠬᠤ ᠶᠢᠨ ᠣᠷᠣᠨ ᠳᠤ ᠣᠨᠣᠪᠴᠢᠳᠠᠢ ᠦᠭᠡ ᠪᠠᠷ | ᠵᠢᠩᠭᠢᠨᠢ ᠣᠴᠢᠷ ᠢ ᠲᠠᠨᠢᠭᠤᠯᠬᠤ ᠨᠢ ᠡᠴᠢᠭᠡ ᠭᠦᠮᠦᠨ ᠤ ᠬᠠᠳᠠᠭᠤ ᠬᠠᠶᠢᠷ᠎ᠠ ᠶᠢᠨ ᠢᠯᠡᠷᠡᠯ ᠪᠤᠯᠬᠤ ᠶᠤᠮ᠃ ᠠᠯᠪᠢᠯᠠᠵᠥ | ᠨᠠᠭᠠᠳᠬᠤ ᠨᠢ ᠭᠡᠣᠭᠡᠳ ᠤᠨ ᠲᠦᠷᠦᠯᠭᠢ ᠵᠡᠩ᠂ ᠪᠠᠭ᠎ᠠ ᠰᠠᠭ᠎ᠠ ᠠᠯᠳᠠᠭ᠎ᠠ ᠭᠠᠷᠭᠠᠬᠤ ᠨᠢ ᠴᠤ ᠡᠩ ᠤᠨ ᠭᠡᠷᠡᠭ᠂ ᠭᠡᠪᠡᠴᠤ | ᠡᠴᠢᠭᠡ ᠪᠤᠯᠤᠭᠰᠠᠳ ᠭᠡᠣᠭᠡᠳ ᠤᠨ ᠢᠶᠠᠨ ᠠᠯᠳᠠᠭ᠎ᠠ ᠶᠢ ᠠᠳᠬᠤᠵᠥ ᠨᠡᠭᠡᠯᠳᠣᠨ ᠭᠦᠭᠡᠴᠢᠯᠳᠡᠵᠥ ᠪᠣᠯᠬᠤ ᠦᠭᠡᠢ᠂ ᠪᠠᠭ᠎ᠠ | ᠲᠡᠭᠡᠷ᠎ᠡ ᠨᠢ ᠰᠢᠢᠳᠪᠦᠷᠢᠯᠡᠭᠦ ᠡᠭᠦᠳᠠᠨ ᠠᠴᠠ ᠠᠯᠳᠠᠭᠠᠨ ᠤ ᠠᠷᠣᠳᠠᠭᠢ ᠦᠷ᠎ᠡ ᠳ᠋ᠦᠩ ᠶᠡᠮᠡᠷ ᠪᠤᠯᠬᠤ ᠶᠢ ᠭᠡᠯᠡᠵᠥ᠂ ᠶᠣᠰᠣ ᠶᠢ | ᠲᠠᠨᠢᠭᠤᠯᠵᠥ᠂ ᠲᠡᠭᠢᠨ ᠴᠡᠭᠡᠷᠯᠡᠯ ᠪᠣᠯᠭᠠᠬᠤ ᠶᠢ ᠭᠡᠯᠡᠵᠥ ᠮᠠᠳᠠᠭᠦᠯᠪᠠᠯ ᠪᠣᠯᠴᠢᠬᠠᠨ᠎ᠠ᠂ ᠬᠠᠷᠢᠨ ᠬᠠᠷᠢᠶᠠᠵᠥ ᠪᠣᠯᠬᠤ ᠦᠭᠡᠢ᠃ ︽ | ᠵᠦᠪ ᠦᠭᠡ ᠰᠣᠨᠣᠰᠪᠠᠯ ᠮᠠᠯᠠᠭᠠᠢ ᠲᠠᠢ ᠲᠣᠯᠣᠭᠠᠢ ᠴᠡᠴᠡᠷᠡᠨ᠎ᠡ᠂ ᠵᠦᠭᠡᠯᠡᠨ ᠭᠠᠵᠠᠷ ᠦᠵᠡᠪᠡᠯ ᠡᠮᠡᠭᠡᠯ ᠲᠠᠢ ᠮᠣᠷᠢ | ᠭᠦᠯᠪᠡᠭᠡᠳᠣᠨᠠ︾ ᠭᠡᠳᠡᠭ ᠦᠭᠡ ᠪᠠᠶᠢᠳᠠᠭ ᠰᠢᠣ᠃ | 6. ᠦᠨᠡᠡᠴᠢ ᠬᠠᠨᠢ ᠪᠠᠨ ᠭᠤᠮᠣᠳᠠᠭᠠᠬᠤ ᠦᠭᠡᠢ ᠪᠠᠶᠢᠬᠤ ᠭᠡᠷᠡᠭᠳᠡᠢ᠃ ᠮᠣᠩᠭᠤᠯ ᠤᠨ ᠰᠣᠷᠭᠠᠯ ᠶᠣᠰᠣᠨ ᠳᠤ ︽ | ᠠᠳᠣᠭᠤ ᠪᠠᠨ ᠮᠢᠩᠭ᠎ᠠ ᠭᠦᠷᠭᠡᠭᠦ ᠪᠠᠷ ᠠᠠᠳᠠ ᠪᠠᠨ ᠮᠢᠩᠭ᠎ᠠ ᠭᠦᠷᠭᠡ︾ ︽ᠵᠠᠭᠤᠨ ᠲᠦᠭᠦᠷᠢᠭ ᠲᠠᠢ ᠶᠠᠪᠣᠬᠤ ᠪᠠᠷ ᠵᠠᠭᠤᠨ | ᠨᠦᠭᠦᠷ ᠲᠠᠢ ᠶᠠᠪᠣᠭᠰᠠᠨ ᠲᠡᠭᠡᠷ᠎ᠡ︾ ᠭᠡᠵᠥ ᠣᠯᠠᠨ ᠨᠦᠭᠦᠳ ᠲᠠᠢ ᠡᠭᠦᠷᠢᠯᠡᠵᠥ ᠶᠠᠪᠣᠬᠤ ᠶᠢ ᠰᠠᠨᠠᠭᠤᠯᠣᠭᠠᠳ ︽ᠲᠠᠰᠣᠷᠠᠰᠢ | ᠦᠭᠡᠢ ᠲᠠᠩᠭᠠᠷᠠᠭ ᠲᠤ ᠮᠠᠷᠳᠠᠭᠳᠠᠰᠢ ᠦᠭᠡᠢ ᠦᠭᠡ ᠪᠢᠳᠦᠭᠡᠢ ᠭᠡᠯᠨ︾ ᠭᠡᠵᠥ ᠣᠯᠠᠨ ᠲᠠᠢ ᠰᠠᠶᠢᠬᠠᠨ ᠭᠠᠷᠣᠯᠴᠠᠨ | ᠶᠠᠪᠣᠯᠴᠠᠬᠤ ᠪᠠ ᠢᠳᠡᠭᠡᠯᠳᠡᠢ ᠨᠠᠶᠢᠵᠨ ᠨᠦᠭᠦᠷ ᠲᠡᠭᠡᠨ ᠪᠣᠯᠪᠠᠰᠣᠨ ᠦᠭᠡ ᠭᠡᠯᠡᠵᠥ ᠭᠤᠮᠣᠳᠠᠭᠠᠵᠥ ᠭᠤᠳᠣᠭᠠᠯ ᠦᠭᠡᠢ | ᠶᠠᠪᠣᠬᠤ ᠭᠦᠮᠦᠡᠯᠢᠭ ᠶᠣᠰᠣ ᠶᠢ ᠵᠢᠭᠠᠵᠠᠢ᠃ ᠪᠣᠰᠣᠳ ᠲᠠᠢ ᠰᠠᠶᠢᠨ ᠰᠠᠶᠢᠬᠠᠨ ᠭᠠᠷᠣᠯᠴᠠᠵᠥ᠂ ᠡᠪ ᠣᠶᠣ ᠲᠠᠢ ᠡᠯᠢᠭᠡᠰᠡᠭ | ᠲᠣᠳᠣᠨᠣ ᠪᠠᠶᠢᠬᠤ ᠭᠡᠷᠡᠭᠳᠡᠢ᠂ ᠠᠰᠢᠭ ᠢ ᠦᠵᠡᠭᠡᠳ ᠵᠢᠷᠣᠮ ᠢ ᠲᠡᠷᠰᠯᠠᠵᠥ ᠪᠣᠯᠬᠤ ᠦᠭᠡᠢ᠂ ᠨᠢᠭᠡ ᠴᠠᠭ ᠤᠨ ᠣᠯᠵᠨ ᠪᠠᠷ | ᠡᠭᠦᠷ ᠬᠠᠨᠢ ᠳᠤ ᠪᠠᠨ ᠢᠳᠡᠭᠡᠯ ᠢᠶᠠᠨ ᠪᠠᠷᠠᠵᠥ ᠪᠣᠯᠬᠤ ᠦᠭᠡᠢ᠃ ᠢᠯᠡᠩᠭᠤᠶᠢᠶᠡ ᠡᠷᠦᠭᠡ ᠭᠡᠷ ᠢ ᠲᠡᠨ ᠦᠡᠳᠡᠯᠭᠡᠵᠥ᠂ ᠭᠠᠯ | ᠭᠤᠯᠣᠮᠳᠠ ᠶᠢ ᠲᠠᠨ ᠰᠠᠷᠭᠦᠭᠡᠵᠥ ᠶᠠᠪᠣᠬᠤ ᠨᠠᠰᠣᠨ ᠤ ᠬᠠᠨᠢ ᠳᠤ ᠪᠠᠨ ᠦᠷᠢ ᠵᠦᠭᠡᠯᠡᠨ ᠠᠭᠤᠵᠢᠮ ᠲᠣᠭᠳᠠᠭᠤᠨ ᠢᠶᠠᠷ | ᠬᠠᠨᠳᠣᠵᠥ᠂ ᠢᠳᠡᠭᠡᠯ ᠵᠢᠷᠣᠮ ᠲᠠᠢ ᠶᠠᠪᠣᠬᠤ ᠭᠡᠷᠡᠭᠳᠡᠢ᠃ | 7. ᠦᠢᠯᠨ ᠶᠢᠨ ᠭᠡᠴᠢᠭᠦᠦ ᠠᠴᠠ ᠰᠢᠠᠳᠠᠷᠠᠬᠤ ᠱᠠᠠᠳᠣᠷᠠᠵᠥ ᠪᠣᠯᠬᠤ ᠦᠭᠡᠢ᠃ ᠠᠮᠢᠳᠣᠷᠠᠯ ᠤᠨ ᠰᠠᠶᠢᠬᠠᠨ | ᠭᠦᠳᠡᠯᠮᠣᠷᠢᠯᠠᠭᠦ ᠳᠤ ᠪᠠᠶᠢᠨ᠎ᠠ᠃ ᠠᠯᠠᠭ ᠬᠤᠷᠸ᠎ᠠ ᠳᠤ ᠠᠮᠨ ᠪᠠᠷ ᠣᠷᠣᠬᠤ ᠪᠠᠯᠠᠨ ᠪᠣᠳᠠᠭᠠᠨ ᠭᠡᠵᠥ ᠪᠠᠶᠢᠬᠤ ᠦᠭᠡᠢ ᠶᠣᠮ᠃ | ᠬᠠᠯᠳᠠᠢ ᠭᠦᠳᠡᠯᠮᠣᠷᠢ ᠬᠠᠳᠠᠭᠤ ᠠᠮᠢᠳᠣᠷᠠᠯ ᠤᠨ ᠡᠮᠣᠨ᠎ᠠ ᠬᠤᠶᠢᠰᠢ ᠴᠣᠬᠤᠷᠠᠬᠤ ᠢ᠂ ᠦᠪᠡᠷ ᠤᠨ ᠪᠡᠶ᠎ᠡ ᠪᠠᠨ ᠭᠤᠯᠢᠵᠥ ᠠᠷᠭ᠎ᠠ | ᠠᠯᠳᠠᠷᠠᠬᠤ ᠪᠠᠶᠢᠳᠠᠯ ᠲᠠᠢ ᠪᠠᠶᠢᠵᠥ ᠪᠣᠯᠬᠤ ᠦᠭᠡᠢ᠃ ᠨᠢᠭᠡ ᠭᠡᠷ ᠤᠨ ᠡᠵᠡᠨ ᠤ ᠬᠤᠪᠢ ᠪᠠᠷ ᠡᠭᠦᠷᠭᠡ ᠲᠠᠭᠠᠭᠠᠯᠳᠠ ᠭᠡᠭᠦ ᠶᠢ | ᠮᠠᠰᠢ ᠦᠠᠳᠦᠷ ᠲᠦᠪᠰᠢᠨ ᠳᠤ ᠣᠶᠢᠯᠭᠠᠵᠥ ᠮᠡᠳᠡᠪᠡᠯ ᠬᠤᠷᠸ᠎ᠠ ᠶᠢᠨ ᠬᠠᠳᠠᠭᠤ ᠭᠦᠳᠡᠭᠦᠦ ᠶᠢ ᠲᠠᠭᠠᠭᠠᠵᠥ ᠦᠩᠭᠡᠷᠡᠭᠦᠯᠦᠭᠡᠳ | ᠣᠬᠠᠭᠠᠨ ᠲᠠᠢ ᠠᠮᠢᠳᠣᠷᠠᠵᠥ ᠴᠢᠳᠠᠬᠤ ᠶᠣᠮ᠃ ᠠᠶᠣᠯ ᠨᠦᠮᠦᠷᠦᠭᠰᠠᠨ ᠣᠷᠴᠢᠯᠡᠩ ᠤᠨ ᠠᠯᠠᠭᠠᠨ ᠲᠡᠭᠡᠷ᠎ᠡ᠂ ᠪᠡᠶ᠎ᠡ | ᠪᠦᠳᠦᠷᠡᠪᠡᠴᠤ ᠪᠢᠯᠢᠭ ᠪᠦᠳᠦᠷᠡᠯ ᠦᠭᠡᠢ᠂ ᠭᠦᠯ ᠨᠣᠭᠤᠷᠠᠪᠠᠴᠤ ᠭᠦᠰᠠᠯᠠᠩ ᠨᠣᠭᠤᠷᠠᠯ ᠦᠭᠡᠢ᠂ ᠬᠠᠯᠰᠢᠷᠠᠯ ᠦᠭᠡᠢ | ᠴᠢᠷᠮᠡᠶᠢᠬᠤ ᠬᠠᠳᠠᠭᠤ ᠵᠣᠷᠢᠭ ᠲᠠᠢ ᠪᠠᠶᠢᠵᠥ᠂ ᠠᠵᠢᠯᠴᠢ ᠬᠤᠶᠠᠷ ᠭᠠᠷ ᠢᠶᠠᠷ ᠢᠶᠠᠨ ᠠᠮᠵᠢᠨ ᠰᠠᠶᠢᠨ ᠠᠵᠢᠯᠯᠠᠪᠠᠯ | ᠠᠮᠢᠳᠣᠷᠠᠯ ᠤᠨ ᠲᠡᠭᠡᠳᠤ ᠵᠢᠷᠭᠠᠯ ᠢ ᠡᠳᠡᠯᠡᠵᠥ᠂ ︽ᠭᠦᠳᠡᠯᠮᠣᠷᠢ ᠭᠦᠮᠦᠨ ᠢ ᠭᠤᠮᠣᠳᠠᠭᠠᠳᠠᠭ ᠦᠭᠡᠢ᠂ ᠭᠦᠯᠦᠰᠤ ᠭᠦᠮᠦᠨ ᠢ | ᠭᠤᠩᠰᠣᠷᠠᠭᠤᠯᠳᠠᠭ ᠦᠭᠡᠢ︾ ᠭᠡᠳᠡᠭ ᠶᠣᠰᠣ ᠶᠢ ᠣᠶᠢᠯᠭᠠᠵᠥ ᠴᠢᠳᠠᠨ᠎ᠠ᠃ | 8. ᠦᠩᠭᠡᠨ ᠳᠤ ᠠᠪᠳᠠᠬᠤ ᠦᠭᠡᠢ ᠪᠠᠶᠢᠬᠤ ᠭᠡᠷᠡᠭᠳᠡᠢ᠃ ᠮᠠᠨ ᠤ ᠠᠮᠢᠳᠣᠷᠠᠯ ᠤᠨ ᠲᠣᠮᠳᠠ ᠦᠩᠭᠡ ᠳᠤ ᠣᠨᠠᠵᠥ᠂ | ᠦᠭᠡᠳᠠ ᠦᠭᠡᠢ ᠠᠮᠢᠳᠣᠷᠠᠵᠥ ᠪᠠᠶᠢᠬᠤ ᠭᠦᠮᠦᠰ ᠴᠤ ᠪᠠᠶᠢᠨ᠎ᠠ᠃ ᠪᠠᠶᠠᠨ ᠡᠷᠭᠢᠮ ᠳᠤ ᠰᠢᠨᠣᠬᠠᠶᠢᠷᠠᠯ ᠦᠭᠡᠢ᠂ ᠶᠠᠳᠠᠭᠤ | ᠲᠣᠣᠷᠡᠳᠣᠰ ᠢ ᠲᠠᠵᠢᠷᠠᠯ ᠦᠭᠡᠢ᠂ ᠦᠪᠡᠷ ᠤᠨ ᠭᠡᠰᠠᠨ ᠪᠣᠷᠣᠭᠵᠢᠭᠤᠨ ᠠᠮᠢᠳᠣᠷᠠᠯ ᠢᠶᠠᠨ ᠪᠣᠯᠪᠠᠰᠣᠨ ᠦᠩᠭᠡᠷᠡᠭᠦᠯᠭᠦ ᠭᠡᠷᠡᠭᠳᠡᠢ | ︔ ᠠᠯᠳᠠᠨ ᠮᠦᠩᠭᠦ ᠠᠪᠳᠠᠷ ᠢᠶᠠᠷ ᠲᠦᠭᠦᠷᠡᠩ ᠪᠠᠶᠢᠬᠤ ᠦᠭᠡᠢ ᠴᠤ ᠠᠮᠢᠳᠣᠷᠠᠯ ᠳᠠᠭᠠᠨ ᠢᠳᠡᠪᠭᠡᠳᠡᠢ ᠣᠪᠣᠷ ᠲᠠᠢ ᠪᠠᠶᠢᠵᠥ᠂ | ᠭᠡᠭᠦ ᠵᠦᠪ ᠲᠠᠢ ᠠᠵᠢᠯ ᠠᠬᠤᠢ ᠪᠠᠨ ᠰᠠᠶᠢᠨᠠᠷ ᠭᠡᠵᠥ ᠡᠪ ᠵᠢᠷᠣᠮ ᠲᠠᠢ ᠪᠠᠶᠢᠬᠤ ᠭᠡᠷᠡᠭᠳᠡᠢ᠃ |