ᠮᠤᠩᠭᠤᠯ ᠤᠨ ᠶᠤᠸᠠᠨ ᠤᠯᠤᠰ ᠤᠨ ᠦᠶ᠎ᠠ ᠳᠤ᠂ ᠭᠠᠳᠠᠭᠠᠳᠤ ᠬᠠᠷᠢᠴᠠᠭ᠎ᠠ ᠲᠡᠤᠭᠡᠨ ᠳᠤ ᠦᠭᠡᠢ ᠭᠦᠭᠵᠢᠵᠤ | ᠂ ᠶᠤᠸᠠᠨ ᠤᠯᠤᠰ ᠪᠤᠯᠤᠨ ᠠᠽᠢᠶ᠎ᠠ᠂ ᠡᠸᠦ᠋ᠷᠤᠫᠠ ᠶᠢᠨ ᠤᠯᠤᠰ ᠤᠳ ᠤᠨ ᠬᠠᠷᠢᠯᠴᠠᠭ᠎ᠠ ᠡᠳᠤᠷ ᠢᠷᠠᠭᠦᠶ᠎ᠠ | ᠨᠢᠭᠳᠠᠷᠠᠭᠰᠡᠨ ᠶᠤᠮ᠃ ᠭᠠᠳᠠᠭᠠᠳᠤ ᠶᠢᠨ ᠡᠯᠴᠢᠳ᠂ ᠵᠢᠭᠤᠯᠴᠢᠳ᠂ ᠠᠷᠠᠯᠵᠢᠶᠠᠴᠢᠳ᠂ ᠱᠠᠰᠢᠨ ᠲᠡᠯᠬᠡᠷᠡᠭᠦᠯᠤᠭ᠍ᠴᠢ᠂ | ᠦᠷᠭᠦᠯᠵᠢ ᠰᠤᠷᠪᠤᠯᠵᠢᠯᠠᠨ ᠢᠷᠠᠳᠡᠭ᠃ ᠡᠸᠦ᠋ᠷᠤᠫᠠ᠂ ᠭᠠᠤᠯᠢ᠂ ᠫᠧᠷᠰ ᠤᠨ ᠭᠦᠮᠤᠰ ᠬᠠᠮᠤᠭ ᠤᠨ ᠤᠯᠠᠨ ᠢᠷᠠᠳᠡᠭ᠃ | ᠡᠳᠡᠬᠡᠷ ᠵᠤᠴᠢᠳ ᠤᠨ ᠤᠯᠠᠩᠬᠢ ᠨᠢ ᠶᠤᠸᠠᠨ ᠤᠯᠤᠰ ᠤᠨ ᠲᠡᠭᠡᠳᠤ ᠨᠠᠶᠢᠰᠯᠠᠯ — ᠱᠠᠩᠳᠤ ᠬᠤᠳᠠ ᠶᠢ ᠵᠤᠷᠢᠳᠠᠭ | ᠪᠠᠶᠢᠨ᠎ᠠ᠃ | | ᠹᠷᠠᠨᠺ ᠤᠯᠤᠰ ᠤᠨ ᠡᠯᠴᠢᠨ ᠭᠤᠷᠪᠡᠨ ᠵᠢᠯ ᠶᠠᠪᠤᠭᠠᠳ ᠰᠠᠶ᠋ᠢ ᠭᠦᠷᠤᠭ᠍ᠰᠡᠨ ᠨᠢ | | 1260 ᠣᠨ ᠤ 3 ᠰᠠᠷ᠎ᠠ ᠳᠤ᠂ ᠬᠤᠪᠢᠯᠠᠢ ᠬᠠᠭᠠᠨ ᠺᠠᠶᠢᠫᠢᠩ ᠬᠤᠳᠠ ᠳᠤ ︵ᠶᠤᠸᠠᠨ ᠤ ᠲᠡᠬᠡᠳᠤ | ᠨᠡᠶᠢᠰᠯᠠᠯ ᠬᠡᠵᠤ ᠨᠡᠷᠡᠯᠡᠭᠦ ᠠᠴᠠ ᠡᠮᠤᠨᠡᠬᠢ ᠨᠡᠷᠡᠶᠢᠳᠤᠯ︶ ᠮᠤᠩᠭᠤᠯ ᠬᠠᠭᠠᠨᠳᠤ ᠤᠯᠤᠰ ᠤᠨ ᠬᠠᠭᠠᠨ ᠰᠠᠭᠤᠷᠢᠨ ᠳᠤ | ᠰᠠᠭᠤᠵᠡᠢ᠃ ᠲᠠᠷᠠᠭ᠎ᠠ ᠵᠢᠯ ᠨᠢ᠂ ᠹᠷᠠᠨᠺ ᠤᠯᠤᠰ ᠤᠨ ︵ᠠᠩᠭ᠍ᠯᠢ ᠪᠠᠷ Frank᠂ ᠲᠤᠮᠳᠠᠳᠤ ᠵᠠᠭᠤᠨ ᠤ ᠦᠶ᠎ᠠ ᠳᠤ᠂ | ᠫᠧᠷᠰ ᠭᠦᠮᠤᠰ᠂ ᠠᠷᠠᠪᠴᠤᠳ ᠠᠴᠠ ᠡᠸᠦ᠋ᠷᠤᠫᠠ ᠭᠦᠮᠤᠨ ᠢ ᠢᠩᠬᠢᠵᠤ ᠨᠡᠷᠡᠯᠡᠳᠡᠭ ᠪᠠᠶᠢᠵᠡᠢ᠂ ᠰᠡᠭᠦᠯᠡᠷ ᠨᠢ ᠮᠤᠩᠭᠤᠯ | ᠂ ᠬᠢᠳᠡᠳ ᠤᠳ ᠴᠤ ᠢᠩᠬᠢᠵᠤ ᠨᠡᠷᠡᠯᠡᠭᠦ ᠪᠤᠯᠵᠡᠢ︶ ᠡᠯᠴᠢᠨ ᠺᠠᠶᠢᠫᠢᠩ ᠬᠤᠳᠠ ᠳᠤ ᠭᠦᠷᠴᠤ ᠬᠤᠪᠢᠯᠠᠢ ᠬᠠᠭᠠᠨ ᠲᠠᠢ | ᠵᠤᠯᠭᠠᠵᠡᠢ᠃ | ᠸᠠᠩ ᠶᠦᠨ ︽ᠲᠠᠩ ᠤᠨ ᠬᠡᠷᠡᠭ ᠤᠨ ᠲᠡᠮᠳᠡᠭᠯᠡᠯ︾ ᠳᠡᠭᠡᠨ ᠡᠶᠢᠮᠤ ᠨᠢᠬᠡᠨ ᠦᠯᠢᠬᠡᠷ ᠢ ᠪᠢᠴᠢᠵᠡᠢ᠃ ᠨᠢᠬᠡᠨ | ᠵᠢᠯ ᠹᠷᠠᠨᠺ ᠤᠯᠤᠰ ᠤᠨ ᠲᠤᠮᠢᠯᠠᠭᠰᠡᠨ ᠡᠯᠴᠢ ᠨᠢ ᠲᠦᠮᠠᠨ ᠪᠡᠷᠬᠡ ᠮᠢᠩᠭᠠᠨ ᠵᠤᠪᠠᠯᠠᠩ ᠢ ᠲᠤᠭᠤᠯᠤᠨ ᠶᠠᠪᠤᠵᠤ | ᠭᠤᠷᠪᠡᠨ ᠵᠢᠯ ᠤᠨ ᠲᠠᠷᠠᠭ᠎ᠠ ᠰᠠᠶ᠋ᠢ ᠶᠤᠸᠠᠨ ᠤᠯᠤᠰ ᠤᠨ ᠲᠡᠭᠡᠳᠤ ᠨᠠᠶᠢᠰᠯᠠᠯ ᠳᠤ ᠭᠦᠷᠤᠭ᠍ᠰᠡᠨ ᠬᠡᠳᠡᠭ᠃ ᠬᠤᠪᠢᠯᠠᠢ | ᠬᠠᠭᠠᠨ ᠭᠦᠷᠴᠤ ᠢᠷᠡᠭᠰᠡᠨ ᠡᠯᠴᠢᠨ ᠤ ᠠᠶᠠᠨ ᠵᠠᠮ ᠤᠨ ᠬᠢᠨᠢ ᠦᠯᠢᠬᠡᠷ ᠢ ᠰᠤᠨᠤᠰᠴᠤ ᠮᠠᠰᠢ ᠪᠠᠶᠠᠷᠯᠠᠭᠠᠳ᠂ ᠶᠡᠭᠡ | ᠬᠡᠮᠵᠢᠶᠠᠨ ᠤ ᠠᠯᠳᠠ᠂ ᠲᠤᠷᠭ᠎ᠠ ᠲᠤᠷᠳᠤᠩ ᠪᠡᠯᠡᠭᠯᠡᠵᠡᠢ᠃ ᠡᠷᠳᠡᠨ ᠳᠤ᠂ ᠶᠡᠭᠡ ᠮᠤᠩᠭᠤᠯ ᠤᠯᠤᠰ ᠤᠨ ᠦᠶᠠᠰ ᠹᠷᠠᠨᠺ | ᠤᠯᠤᠰ ᠡᠯᠴᠢ ᠲᠤᠮᠢᠯᠠᠵᠤ ᠮᠤᠩᠭᠤᠯ ᠤᠨ ᠶᠡᠭᠡ ᠬᠠᠭᠠᠨ ᠲᠠᠢ ᠵᠤᠯᠭᠠᠭᠤᠯᠳᠠᠭ ᠪᠠᠶᠢᠵᠡᠢ᠃ | ᠤᠬᠠᠭᠠᠨᠳᠤ ᠬᠠᠭᠠᠨ ᠲᠤᠭᠤᠨᠳᠡᠮᠤᠷ ᠤᠨ ᠦᠶ᠎ᠠ ᠳᠤ᠂ ᠹᠷᠠᠨᠺ ᠤᠯᠤᠰ ᠤᠨ ᠡᠯᠴᠢ ᠪᠠᠰᠠ ᠨᠢᠬᠡ ᠤᠳᠠᠭ᠎ᠠ | ᠶᠤᠸᠠᠨ ᠤ ᠲᠡᠭᠡᠳᠤ ᠨᠡᠶᠢᠰᠯᠠᠯ ᠳᠤ ᠢᠷᠠᠵᠡᠢ᠃ ᠰᠡᠭᠦᠯᠡᠷ ᠨᠢ ᠲᠤᠭᠤᠨᠳᠡᠮᠤᠷ ᠬᠠᠭᠠᠨ ᠹᠷᠠᠨᠺ ᠤᠯᠤᠰ ᠤᠨ ᠡᠯᠴᠢ | ᠠᠨᠳ᠋ᠷᠸᠢ ᠶᠢ 15 ᠭᠦᠮᠤᠨ ᠲᠠᠢ ᠬᠠᠮᠳᠤ ᠡᠸᠦ᠋ᠷᠤᠫᠠ ᠳᠤ ᠡᠯᠴᠢᠨ ᠢᠶᠠᠷ ᠲᠤᠮᠢᠯᠠᠵᠤ᠂ ᠷᠤᠮ ᠤᠨ ᠬᠠᠭᠠᠨᠳᠠᠨ ᠳᠤ ᠨᠢᠬᠡ | ᠬᠤᠪᠢ ᠵᠠᠬᠢᠳᠠᠯ ᠲᠠᠮᠵᠢᠭᠤᠯᠵᠡᠢ᠃ ᠷᠤᠮ ᠤᠨ ᠬᠠᠭᠠᠨᠳᠠᠨ ᠵᠠᠬᠢᠳᠠᠯ ᠢ ᠨᠢ ᠦᠵᠡᠭᠡᠳ 10 ᠭᠦᠮᠤᠨ ᠢᠶᠠᠷ | ᠪᠦᠷᠢᠯᠳᠤᠭ᠍ᠰᠡᠨ ᠡᠯᠴᠢᠨ ᠤ ᠪᠦᠯᠭᠦᠮ ᠢ ᠶᠤᠸᠠᠨ ᠤᠯᠤᠰ ᠲᠤ ᠲᠤᠮᠢᠯᠠᠵᠤ ᠬᠠᠷᠢᠭᠤ ᠵᠠᠬᠢᠳᠠᠯ ᠢᠯᠡᠭᠡᠵᠦ᠂ ᠲᠤᠭᠤᠨᠳᠡᠮᠤᠷ | ᠬᠠᠭᠠᠨ ᠳᠤ ᠨᠢᠬᠡ ᠰᠠᠶᠢᠨ ᠠᠭᠳᠠ ᠪᠡᠯᠡᠭᠯᠡᠭᠰᠡᠨ ᠬᠡᠳᠡᠭ᠃ | | ᠮᠡᠷᠺᠤ ᠫᠤᠯᠤ᠋ ᠪᠤᠯᠤᠨ ᠶᠤᠸᠠᠨ ᠤ ᠲᠡᠭᠡᠳᠤ ᠨᠡᠶᠢᠰᠯᠠᠯ | | ᠮᠡᠷᠺᠤ ᠫᠤᠯᠤ᠋ ᠢᠲ᠋ᠠᠯᠢ ᠶᠢᠨ ᠸᠢᠨᠢᠽᠧᠶᠠ ᠬᠤᠳᠠ ᠶᠢᠨ ᠨᠢᠬᠡᠨ ᠠᠷᠠᠯᠵᠢᠶᠠᠴᠢᠨ ᠤ ᠬᠡᠷ ᠪᠦᠯᠢ ᠳᠤ ᠲᠦᠷᠤᠵᠡᠢ᠃ | ᠠᠪᠤ ᠨᠢ ᠨᠢᠺᠤᠯᠤ᠋ ᠫᠤᠯᠤ᠋᠂ ᠠᠪᠠᠭ᠎ᠠ ᠨᠢ ᠮᠠᠲᠲᠸᠤ ᠫᠤᠯᠤ᠋ ᠬᠡᠵᠤ ᠪᠦᠷ ᠠᠷᠠᠯᠵᠢᠶᠠᠴᠢᠨ ᠪᠠᠶᠢᠵᠡᠢ᠃ ᠨᠢᠺᠤᠯᠤ᠋ ᠫᠤᠯᠤ᠋ | ᠬᠤᠶᠠᠳᠡᠬᠢ ᠤᠳᠠᠭ᠎ᠠ ᠶᠤᠸᠠᠨ ᠤᠯᠤᠰ ᠲᠤ ᠢᠷᠠᠭᠦ ᠳᠡᠭᠡᠨ᠂ ᠭᠦᠤ ᠮᠡᠷᠺᠤ ᠫᠤᠯᠤ᠋ ᠪᠠᠨ ᠲᠠᠭᠠᠭᠤᠯᠵᠤ ᠢᠷᠡᠭᠰᠡᠨ ᠪᠠᠶᠢᠨ᠎ᠡ | ᠃ ᠭᠤᠷᠪᠡᠨ ᠵᠢᠯ ᠬᠠᠭᠠᠰ ᠶᠠᠪᠤᠭᠠᠳ ᠨᠢᠬᠡᠨ ᠵᠤᠨ ᠶᠤᠸᠠᠨ ᠤ ᠲᠡᠭᠡᠳᠤ ᠨᠡᠶᠢᠰᠯᠠᠯ ᠳᠤ ᠭᠦᠷᠴᠡᠢ᠃ | ᠨᠢᠺᠤᠯᠤ᠋ ᠫᠤᠯᠤ᠋ ᠶᠢᠨ ᠢᠷᠠᠵᠤ ᠶᠠᠪᠤᠭ᠎ᠠ ᠶᠢ ᠬᠤᠪᠢᠯᠠᠢ ᠬᠠᠭᠠᠨ ᠰᠤᠨᠤᠰᠴᠢᠬᠠᠭᠠᠳ ᠶᠡᠬᠡᠳᠡ ᠪᠠᠶᠠᠷᠯᠠᠨ | ᠢᠷᠠᠭᠦ ᠳᠤ ᠨᠢ ᠲᠤᠰᠬᠠᠢ ᠭᠦᠮᠤᠨ ᠶᠠᠪᠤᠭᠤᠯᠵᠤ ᠶᠤᠸᠠᠨ ᠤ ᠲᠡᠭᠡᠳᠤ ᠨᠡᠶᠢᠰᠯᠠᠯ ᠠᠴᠠ 40 ᠭᠠᠵᠡᠷ ᠤᠨ ᠠᠯᠤᠰ ᠠᠴᠠ | ᠭᠦᠨᠳᠤᠳᠬᠡᠨ ᠤᠭᠳᠤᠵᠡᠢ᠃ ᠮᠡᠷᠺᠤ ᠫᠤᠯᠤ᠋ ᠶᠤᠸᠠᠨ ᠤ ᠲᠡᠭᠡᠳᠤ ᠨᠡᠶᠢᠰᠯᠠᠯ ᠳᠤ ᠢᠷᠡᠭᠰᠡᠨ ᠤ ᠲᠠᠷᠠᠭ᠎ᠠ᠂ ᠤᠯᠠᠨ | ᠶᠠᠭᠤᠮ᠎ᠠ ᠶᠢ ᠰᠤᠨᠢᠭᠤᠴᠢᠯᠠᠨ᠂ ᠴᠡᠴᠡᠨ ᠴᠡᠯᠮᠡᠭ ᠢᠶᠠᠷ ᠰᠤᠷᠴᠤ ᠰᠤᠳᠤᠯᠤᠨ᠂ ᠮᠤᠩᠭᠤᠯ ᠠᠮᠢᠳᠤᠷᠠᠯ ᠲᠠᠢ ᠶᠡᠭᠡ | ᠠᠮᠠᠷᠬᠠᠨ ᠲᠠᠰᠤᠯᠴᠡᠵᠡᠢ᠃ ᠬᠤᠪᠢᠯᠠᠢ ᠬᠠᠭᠠᠨ ᠴᠤ ᠮᠡᠷᠺᠤ ᠫᠤᠯᠤ᠋ ᠢ ᠶᠡᠬᠡᠳᠡ ᠭᠦᠨᠳᠤᠳᠬᠡᠨ᠂ ᠤᠯᠠᠨ ᠭᠠᠵᠡᠷ | ᠲᠤᠭᠤᠷᠢᠭᠤᠯᠤᠨ ᠨᠢᠳᠤ ᠨᠡᠬᠡᠬᠡᠯᠬᠡᠵᠤ᠂ ᠭᠦᠷᠰᠢ ᠤᠯᠤᠰ ᠲᠤ ᠴᠤ ᠶᠠᠪᠤᠭᠤᠯᠵᠤ ᠵᠢᠭᠤᠯᠴᠢᠯᠠᠭᠤᠯᠵᠡᠢ᠃ | ᠮᠡᠷᠺᠤ ᠫᠤᠯᠤ᠋ ᠤᠯᠤᠰ ᠲᠠᠭᠠᠨ ᠪᠤᠴᠠᠭᠰᠡᠨ ᠤ ᠲᠠᠷᠠᠭ᠎ᠠ ︽ᠮᠡᠷᠺᠤ ᠫᠤᠯᠤ᠋ ᠶᠢᠨ ᠵᠢᠭᠤᠯᠴᠢᠯᠠᠯ ᠤᠨ ᠲᠡᠮᠳᠡᠭᠯᠡᠯ︾ | ᠨᠤᠮ ᠢᠶᠠᠨ ᠪᠢᠴᠢᠭᠦ ᠳᠡᠭᠡᠨ ᠲᠤᠰᠬᠠᠢ ︽ᠱᠠᠩᠳᠤ ᠬᠤᠳᠠ︾ ᠶᠢ ᠲᠡᠮᠳᠡᠭᠯᠡᠭᠰᠡᠨ ᠵᠤᠬᠢᠶᠠᠯ ᠢ ᠪᠢᠴᠢᠵᠡᠢ᠃ ᠱᠠᠩᠳᠤ | ᠬᠤᠳᠠ ᠶᠢᠨ ᠦᠵᠡᠮᠵᠢ ᠪᠠᠶᠢᠳᠠᠯ᠂ ᠰᠦᠮ᠎ᠠ ᠲᠤᠭᠠᠩ ᠤᠨ ᠠᠮᠢᠳᠤᠷᠠᠯ᠂ ᠬᠠᠭᠠᠳ ᠤᠨ ᠬᠤᠷᠢᠮ ᠨᠠᠶᠢᠷ ᠢ ᠨᠠᠷᠢᠨ | ᠲᠠᠨᠢᠯᠴᠠᠭᠤᠯᠵᠡᠢ᠃ ᠤᠳᠤ ᠡᠨᠡᠭᠦ ᠲᠠᠮᠳᠡᠭᠯᠡᠯ ᠨᠢ ᠶᠤᠸᠠᠨ ᠤᠯᠤᠰ ᠢ ᠰᠤᠳᠤᠯᠬᠤ ᠭᠤᠤᠯ ᠲᠡᠤᠬᠡᠨ ᠮᠠᠲ᠋ᠧᠷᠢᠶᠠᠯ | ᠪᠤᠯᠤᠭᠠᠳ ᠪᠠᠶᠢᠨ᠎ᠠ᠃ | | ᠬᠠᠮᠤᠭ ᠤᠨ ᠨᠢᠭᠳᠠ ᠬᠠᠷᠢᠯᠴᠠᠭ᠎ᠠ ᠲᠠᠢ ᠪᠠᠶᠢᠭᠰᠡᠨ ᠨᠢ ᠭᠠᠤᠯᠢ ᠤᠯᠤᠰ ᠤᠨ ᠡᠯᠴᠢ | | ᠬᠤᠪᠢᠯᠠᠢ ᠬᠠᠭᠠᠨ ᠭᠠᠤᠯᠢ ᠤᠯᠤᠰ ᠤᠨ ᠡᠯᠴᠢᠨ ᠲᠠᠢ ᠮᠠᠰᠢ ᠵᠤᠵᠠᠭᠠᠨ ᠬᠠᠷᠢᠯᠴᠠᠭ᠎ᠠ ᠶᠠᠪᠤᠯᠴᠠᠭ᠎ᠠ ᠲᠠᠢ ᠪᠠᠶᠢᠵᠡᠢ | ᠃ | ᠡᠷᠳᠡᠨ ᠳᠤ᠂ ᠮᠦᠩᠬᠡ ᠬᠠᠭᠠᠨ ᠤ ᠶᠢᠰᠤᠳᠤᠭᠡᠷ ᠤᠨ ᠤ ︵1259 ᠣᠨ︶ 4 ᠰᠠᠷ᠎ᠠ ᠳᠤ᠂ ᠭᠠᠤᠯᠢ | ᠬᠠᠭᠠᠨ ᠤ ᠭᠦᠪᠡᠭᠦᠨ ᠸᠠᠩ ᠳ᠋ᠢᠶᠠᠨ ᠪᠠᠶ᠎ᠠ ᠪᠠᠷ ᠢᠶᠠᠨ ᠬᠠᠭᠠᠨ ᠡᠴᠢᠬᠡ ᠪᠠᠨ ᠲᠦᠯᠤᠭᠡᠯᠡᠨ ᠮᠦᠩᠬᠡ ᠬᠠᠭᠠᠨ ᠲᠠᠢ | ᠵᠤᠯᠭᠠᠬᠤ ᠪᠠᠷ ᠮᠤᠷᠳᠡᠵᠡᠢ᠃ ᠵᠠᠮ ᠳᠠᠭᠠᠨ ᠮᠦᠩᠬᠡ ᠬᠠᠭᠠᠨ ᠡᠪᠡᠳᠴᠢᠨ ᠢᠶᠠᠷ ᠨᠠᠰᠤᠨ ᠦᠬᠡᠳᠡ ᠪᠤᠯᠤᠭᠰᠡᠨ ᠢ | ᠲᠤᠭᠤᠯᠤᠭᠠᠳ᠂ ᠬᠤᠪᠢᠯᠠᠢ ᠬᠠᠭᠠᠨ ᠲᠠᠢ ᠠᠭᠤᠯᠵᠠᠬᠤ ᠪᠠᠷ ᠵᠢᠯᠤᠭᠤ ᠡᠷᠬᠢᠭᠦᠯᠵᠡᠢ᠃ ᠲᠤᠬᠠᠢ ᠶᠢᠨ ᠦᠶ᠎ᠠ ᠳᠤ | ᠬᠤᠪᠢᠯᠠᠢ ᠬᠠᠭᠠᠨ ᠶᠠᠭ ᠤᠮᠠᠷᠠᠰᠢ ᠪᠤᠴᠠᠵᠤ ᠪᠠᠶᠢᠭᠰᠡᠨ ᠠᠴᠠ ᠤᠳᠤ ᠶᠢᠨ ᠾᠧᠨᠠᠨ ᠮᠤᠵᠢ ᠶᠢᠨ ᠺᠠᠶᠢᠹᠧᠩ ᠳᠤ | ᠠᠭᠤᠯᠵᠡᠵᠠᠢ᠃ ᠬᠤᠪᠢᠯᠠᠢ ᠬᠠᠭᠠᠨ ᠸᠠᠩ ᠳ᠋ᠢᠶᠠᠨ ᠢ ᠲᠠᠭᠠᠭᠤᠯᠤᠨ ᠺᠠᠶᠢᠫᠢᠩ ᠬᠤᠳᠠ ᠳᠤ ᠭᠦᠷᠴᠡᠢ᠃ ᠶᠠᠭ ᠡᠨ᠋ᠨ | ᠦᠶ᠎ᠠ ᠳᠤ ᠬᠤᠪᠢᠯᠠᠢ ᠬᠠᠭᠠᠨ ᠭᠠᠤᠯᠢ ᠤᠯᠤᠰ ᠤᠨ ᠬᠠᠭᠠᠨ ᠢ ᠨᠠᠰᠤᠨ ᠦᠬᠡᠳ᠋ᠨ ᠪᠤᠯᠤᠭᠰᠡᠨ ᠴᠢᠮᠡᠭᠡ ᠶᠢ | ᠲᠤᠭᠤᠯᠤᠭᠠᠳ ᠲᠤᠰᠬᠠᠢ ᠭᠦᠮᠤᠨ ᠲᠤᠮᠢᠯᠠᠨ ᠸᠠᠩ ᠳ᠋ᠢᠶᠠᠨ ᠢ ᠤᠯᠤᠰ ᠲᠤᠨᠢ ᠭᠦᠷᠬᠡᠭᠦᠯᠵᠡᠢ᠃ ᠸᠠᠩ ᠳ᠋ᠢᠶᠠᠨ ᠢ | ᠤᠯᠤᠰ ᠤᠨ ᠰᠢᠨ᠎ᠡ ᠬᠠᠭᠠᠨ ᠪᠤᠯᠬᠤ ᠶᠢ ᠤᠷᠮᠠᠰᠢᠭᠤᠯᠵᠤ ᠪᠠᠶᠢᠵᠡᠢ᠃ ᠸᠠᠩ ᠳ᠋ᠢᠶᠠᠨ ᠤᠯᠤᠰ ᠲᠠᠭᠠᠨ ᠬᠠᠷᠢᠭᠠᠳ | ᠡᠯᠴᠢ ᠲᠤᠮᠢᠯᠠᠵᠤ ᠬᠤᠪᠢᠯᠠᠢ ᠬᠠᠭᠠᠨ ᠳᠤ ᠭᠦᠨᠳᠤᠳᠬᠡᠯ ᠤᠨ ᠪᠡᠯᠡᠭ ᠢᠯᠡᠬᠡᠵᠡᠢ᠃ ᠬᠤᠪᠢᠯᠠᠢ ᠬᠠᠭᠠᠨ ᠲᠡᠭᠦᠨ ᠤ | ᠡᠯᠴᠢ ᠪᠠᠷ ᠨᠢ ᠨᠢᠬᠡ ᠵᠠᠬ᠎ᠠ ᠡᠷᠬᠢᠮᠰᠤᠭ᠌ ᠬᠤᠪᠴᠠᠰᠤ᠂ ᠨᠤᠳᠤᠭ ᠤᠨ ᠲᠤᠷᠠᠰᠬᠠᠯᠳᠤ ᠵᠦᠢᠯ ᠠᠴᠠ ᠢᠯᠡᠬᠡᠵᠡᠢ᠃ | ᠸᠠᠩ ᠳ᠋ᠢᠶᠠᠨ ᠤ ᠭᠦᠤ ᠸᠠᠩ ᠴᠧᠨ ᠢᠶᠠᠨ ᠲᠠᠭᠠᠭᠤᠯᠵᠤ ᠱᠠᠩᠳᠤ ᠬᠤᠳᠠᠨ ᠳᠤ ᠢᠷᠠᠵᠡᠢ᠃ ᠬᠤᠶᠠᠷ ᠤᠯᠤᠰ ᠤᠨ | ᠬᠠᠷᠢᠯᠴᠠᠭ᠎ᠠ ᠶᠠᠪᠤᠯᠴᠠᠭ᠎ᠠ ᠶᠡᠭᠡ ᠲᠤᠳᠤᠨᠤᠰᠤᠭ ᠪᠠᠶᠢᠭᠰᠡᠨ᠃ ᠰᠡᠭᠦᠯᠡᠷ ᠨᠢ ᠸᠠᠩ ᠴᠧᠨ ᠬᠠᠭᠠᠨ ᠪᠤᠯᠤᠭᠰᠡᠨ ᠤ | ᠲᠠᠷᠠᠭ᠎ᠠ᠂ ᠱᠠᠩᠳᠤ ᠬᠤᠳᠠᠨ ᠳᠤ ᠭᠦᠷᠴᠤ ᠬᠤᠪᠢᠯᠠᠢ ᠬᠠᠭᠠᠨ ᠲᠠᠢ ᠵᠤᠯᠭᠠᠬᠤ ᠳᠠᠭᠠᠨ ᠶᠠᠫᠤᠨ ᠢ ᠡᠷᠬᠡᠰᠢᠶᠠᠭᠦ | ᠪᠤᠳᠤᠯᠭ᠎ᠠ ᠪᠠᠨ ᠲᠡᠪᠰᠢᠭᠦᠯᠵᠡᠢ᠃ ᠬᠤᠪᠢᠯᠠᠢ ᠬᠠᠭᠠᠨ ᠵᠦᠪᠰᠢᠶᠠᠷᠡᠭᠰᠡᠨ ᠤ ᠲᠠᠷᠠᠭ᠎ᠠ᠂ ᠶᠠᠫᠤᠨ ᠢ ᠡᠷᠬᠡᠰᠢᠶᠠᠭᠦ ᠪᠠᠷ | ᠪᠤᠯᠵᠡᠢ᠃ ᠭᠠᠤᠯᠢ ᠤᠯᠤᠰ 20 ᠲᠦᠮᠠᠨ ᠪᠤᠳᠤᠩ ᠠᠮᠤ ᠭᠦᠨᠡᠰᠤ ᠪᠡᠯᠡᠳᠬᠡᠨ ᠲᠤᠰᠠᠯᠡᠵᠡᠢ᠃ ᠬᠤᠵᠢᠮ ᠨᠢ | ᠴᠡᠷᠢᠭ ᠤᠨ ᠠᠮᠤ ᠭᠦᠨᠡᠰᠤ ᠶᠢ ᠨᠢ ᠬᠠᠩᠭᠠᠵᠤ ᠲᠡᠶᠢᠯᠭᠦ ᠦᠭᠡᠢ ᠪᠤᠯᠤᠭᠠᠳ᠂ ᠬᠤᠪᠢᠯᠠᠢ ᠬᠠᠭᠠᠨ ᠴᠤ ᠶᠠᠫᠤᠨ ᠢ | ᠡᠷᠬᠡᠰᠢᠶᠠᠭᠦ ᠪᠤᠳᠤᠯᠭ᠎ᠠ ᠪᠠᠨ ᠵᠤᠭᠰᠤᠭᠠᠵᠡᠢ᠃ | ᠬᠤᠪᠢᠯᠠᠢ ᠬᠠᠭᠠᠨ ᠡᠪᠡᠳᠴᠢᠨ ᠢᠶᠠᠷ ᠨᠠᠰᠤᠨ ᠦᠬᠡᠳᠡ ᠪᠤᠯᠬᠤ ᠳᠤ᠂ ᠸᠠᠩ ᠴᠧᠨ ᠬᠠᠭᠠᠨ ᠬᠠᠳᠤᠨ ᠲᠠᠢ ᠪᠠᠨ | ᠢᠷᠠᠵᠤ ᠲᠠᠬᠢᠯᠭ᠎ᠠ ᠲᠠᠯᠪᠢᠵᠡᠢ᠃ ᠲᠤᠬᠠᠢ ᠶᠢᠨ ᠵᠢᠯ ᠤᠨ 4 ᠰᠠᠷ᠎ᠠ ᠳᠤ ᠲᠡᠮᠤᠷ ᠬᠠᠭᠠᠨ ᠤ ᠲᠠᠬᠢᠯᠭ᠎ᠠ ᠶᠢᠨ | ᠶᠤᠰᠤᠯᠠᠯ ᠳᠤ ᠴᠤ ᠤᠷᠤᠯᠴᠠᠵᠡᠢ᠃ ᠸᠠᠩ ᠴᠧᠨ ᠬᠠᠭᠠᠨ ᠠᠯᠳᠠᠨ ᠯᠤᠩᠬᠤ᠂ ᠢᠷᠪᠢᠰ ᠤᠨ ᠠᠷᠠᠰᠤ᠂ ᠤᠰᠤᠨ ᠤ | ᠠᠮᠢᠳᠠᠨ ᠤ ᠠᠷᠠᠰᠤ ᠶᠢ ᠪᠡᠯᠡᠭ ᠪᠤᠯᠭᠠᠨ ᠠᠪᠴᠢᠷᠠᠵᠡᠢ᠃ ᠲᠡᠮᠤᠷ ᠬᠠᠭᠠᠨ ᠬᠠᠷᠢᠭᠤ ᠳᠤᠨᠢ 3 ᠲᠦᠮᠠᠨ ᠯᠠᠩ ᠴᠠᠭᠠᠨ | ᠮᠦᠩᠭᠦ ᠪᠡᠯᠡᠭᠯᠡᠵᠡᠢ᠃ ᠰᠡᠭᠦᠯᠡᠷ ᠨᠢ ᠸᠠᠩ ᠴᠧᠨ ᠬᠠᠭᠠᠨ ᠱᠠᠩᠳᠣ ᠬᠤᠳᠠᠨ ᠳᠤ ᠢᠷᠠᠭᠦ ᠳᠡᠭᠡᠨ ᠬᠠᠭᠠᠨ ᠬᠠᠳᠤᠨ ᠳᠤ | ᠶᠤᠰᠤᠯᠠᠯ ᠤᠨ᠂ ᠪᠦᠵᠢᠭ ᠤᠨ ᠬᠤᠪᠴᠠᠰᠤ ᠠᠪᠴᠢᠷᠠᠵᠤ ᠦᠭᠭᠦᠬᠡᠳ ᠮᠠᠰᠢ ᠲᠠᠭᠠᠰᠢᠶᠠᠭᠳᠠᠵᠡᠢ᠃ | | | ᠭᠠᠤᠯᠢ ᠬᠥᠮᠥᠨ ᠤ ᠵᠢᠷᠤᠭ | | | ᠫᠧᠷᠰ᠂ ᠪᠢᠷᠮᠨ᠂ ᠡᠨᠡᠳᠬᠡᠭ᠂ ᠨᠧᠫᠠᠯ ᠤᠨ ᠡᠯᠴᠢᠳ | | ᠶᠤᠸᠠᠨ ᠤ ᠲᠡᠭᠡᠳᠤ ᠨᠡᠶᠢᠰᠯᠠᠯ ᠳᠤ ᠶᠤᠸᠠᠨ ᠤᠯᠤᠰ ᠤᠨ ᠲᠡᠭᠡᠳᠤ ᠨᠠᠶᠢᠰᠯᠠᠯ ᠳᠤ ᠢᠷᠡᠭᠰᠡᠨ ᠤᠯᠠᠨ | ᠡᠯᠴᠢᠳ ᠤᠨ ᠲᠤᠳᠤᠷ᠎ᠠ ᠠᠴᠠ ᠵᠠᠪᠠᠯ ᠲᠤᠷᠠᠳᠬᠤ ᠶᠣᠰᠣᠲᠠᠢ ᠨᠢᠬᠡᠨ ᠡᠯᠴᠢ ᠪᠤᠯ ᠫᠧᠷᠰ ᠤᠯᠤᠰ ᠤᠨ ᠤᠳᠤᠨ | ᠤᠷᠤᠨ ᠤ ᠰᠤᠳᠤᠯᠭᠠᠳᠠᠨ ᠵᠠᠮᠠᠯ ᠠᠯ ᠳ᠋ᠢᠨ ᠶᠤᠮ᠃ ᠲᠡᠷᠨ ᠦᠪᠡᠷ ᠤᠨ ᠪᠢᠴᠢᠭᠰᠡᠨ ︽ᠴᠠᠭ ᠲᠤᠭᠠᠯᠠᠯ ᠤᠨ ᠪᠢᠴᠢᠭ︾ | ᠢᠶᠠᠨ ᠬᠤᠪᠢᠯᠠᠢ ᠬᠠᠭᠠᠨ ᠳᠤ ᠡᠷᠭᠦᠭᠰᠡᠨ ᠠᠴᠠ ᠠᠽᠢᠶ᠎ᠠ ᠲᠢᠪ ᠲᠤ ᠶᠡᠬᠡᠪᠡᠷ ᠤᠯᠠᠮᠵᠢᠯᠠᠭᠳᠠᠵᠡᠢ᠃ ᠬᠤᠪᠢᠯᠠᠢ | ᠬᠠᠭᠠᠨ ᠤ ᠵᠠᠷᠯᠢᠭ ᠵᠢᠭᠠᠪᠤᠷᠢ ᠪᠠᠷ ᠵᠠᠮᠠᠯ ᠠᠯ ᠳ᠋ᠢᠨ 7 ᠵᠦᠢᠯ ᠤᠨ ᠠᠷᠠᠪ ᠮᠠᠶ᠋ᠢᠭ ᠤᠨ ᠰᠠᠨᠰᠠᠷ ᠤᠨ ᠰᠤᠳᠤᠯᠭᠠᠨ ᠤ | ᠪᠠᠭᠠᠵᠢ ᠶᠢ ᠡᠭᠦᠳᠤᠨ ᠪᠦᠳᠤᠬᠡᠵᠡᠢ᠃ | 1271 ᠣᠨ ᠳᠤ᠂ ᠬᠤᠪᠢᠯᠠᠢ ᠬᠠᠭᠠᠨ ᠤ ᠱᠠᠩᠳᠤ ᠬᠤᠳᠠᠨ ᠳᠤ ᠶᠤᠸᠠᠨ ᠤᠯᠤᠰ ᠤᠨ ᠤᠳᠤᠨ ᠤᠷᠤᠨ ᠤ | ᠰᠤᠳᠤᠯᠭᠠᠨ ᠤ ᠭᠠᠵᠡᠷ ᠢ ᠪᠠᠶᠢᠭᠤᠯᠵᠤ᠂ ᠵᠠᠮᠠᠯ ᠠᠯ ᠳ᠋ᠢᠨ ᠢᠶᠠᠷ ᠬᠠᠮᠢᠶᠠᠷᠤᠭᠤᠯᠵᠡᠢ᠃ ᠵᠠᠮᠠᠯ ᠠᠯ ᠳ᠋ᠢᠨ ᠰᠠᠨᠰᠠᠷ ᠤᠨ | ᠰᠤᠳᠤᠯᠭᠠᠨ ᠤ ᠪᠠᠭᠠᠵᠢ ᠪᠠᠨ ᠠᠳᠡ ᠬᠡᠷᠡᠭᠯᠡᠵᠤ ᠡᠬᠢᠯᠡᠵᠡᠢ᠃ | 1300 ᠤᠨ ᠤ ᠵᠣᠨ᠂ ᠨᠧᠫᠠᠯ ᠤᠯᠤᠰ ᠤᠨ 90 ᠭᠠᠷᠤᠢ ᠡᠯᠴᠢᠳ ᠢ ᠭᠦᠯᠢᠶᠠᠨ ᠠᠪᠴᠡᠢ᠃ ᠡᠨᠡᠳᠬᠡᠭ | ᠤᠯᠤᠰ ᠲᠠᠢ ᠴᠤ ᠮᠠᠰᠢ ᠨᠢᠭᠳᠠ ᠬᠠᠷᠢᠯᠴᠠᠭ᠎ᠠ ᠲᠠᠢ ᠪᠠᠶᠢᠵᠡᠢ᠃ ︽ᠶᠤᠸᠠᠨ ᠤᠯᠤᠰ ᠤᠨ ᠲᠡᠤᠬᠡ︾ ᠬᠡᠰᠡᠨ ᠨᠤᠮ ᠳᠤ | ᠂ ᠡᠨᠡᠳᠬᠡᠭ᠂ ᠶᠤᠸᠠᠨ ᠬᠤᠶᠠᠷ ᠤᠯᠤᠰ ᠠᠷᠪᠠᠭᠠᠳ ᠤᠳᠠᠭ᠎ᠠ ᠬᠠᠷᠢᠯᠴᠠᠨ ᠡᠯᠴᠢ ᠲᠤᠮᠢᠯᠠᠵᠡᠢ ᠬᠡᠵᠤ ᠲᠡᠮᠳᠡᠭᠯᠡᠵᠡᠢ᠃ | ᠨᠧᠫᠠᠯ ᠤᠯᠤᠰ ᠤᠨ ᠤᠷᠠᠴᠢᠨ ᠠᠨᠢᠺᠠ ᠶᠤᠸᠠᠨ ᠤᠯᠤᠰ ᠤᠨ ᠡᠬᠢᠨ ᠦᠶ᠎ᠠ ᠪᠠᠷ ᠱᠠᠩᠳᠤ ᠬᠤᠳᠠ ᠳᠤ ᠢᠷᠠᠵᠤ᠂ | ᠵᠢᠷᠤᠭ᠂ ᠪᠠᠷᠢᠮᠠᠯ ᠱᠤᠭᠤᠮᠠᠯ᠂ ᠨᠠᠷᠢᠯᠢᠭ ᠭᠠᠷ ᠤᠷᠠᠯᠠᠯ ᠤᠨ ᠵᠦᠢᠯ᠂ ᠪᠠᠷᠢᠯᠭ᠎ᠠ ᠶᠢ ᠭᠤᠶᠢᠳᠠ ᠰᠠᠶᠢᠬᠠᠨ ᠤᠷᠠᠯᠠᠨ | ᠪᠦᠳᠤᠬᠡᠵᠤ ᠪᠠᠶᠢᠵᠡᠢ᠃ | | ᠵᠠᠮᠠᠯ ᠠᠯ ᠳ᠋ᠢᠨ ᠤ ᠱᠤᠭᠤᠮᠠᠯ | | ᠠᠨᠢᠺᠠ ᠶᠢᠨ ᠱᠤᠭᠤᠮᠠᠯ | ︵2008 ᠤᠨ ᠤ 10 ᠳ᠋ᠤᠭᠠᠷ ︽ᠭᠦᠮᠤᠨ ᠰᠤᠶᠤᠯ ᠭᠠᠵᠡᠷ ᠵᠦᠢ︾ ᠰᠡᠳᠭᠦᠯ ᠠᠴᠠ ᠡ᠊ · ᠤᠷᠬᠢᠯ | ᠤᠷᠴᠢᠭᠤᠯᠪᠡ︶ |