ᠳ᠋᠊᠂ ᠪᠠᠳᠤᠨᠠᠰᠤᠨ᠄ ᠮᠤᠩᠭᠤᠯ ᠰᠤᠶᠤᠯ ᠤᠨ ᠳᠤᠲᠤᠭᠠᠳᠤ ᠲᠠᠪᠬᠤᠷᠭ᠎ᠠ ᠳᠤ ᠨᠡᠪᠲᠡᠷᠡᠨ ᠤᠷᠤᠬᠤ ᠳᠤ ᠮᠤᠩᠭᠤᠯ ᠵᠠᠩ ᠦᠢᠯᠡ ᠠᠴᠠ ᠪᠠᠨ ᠭᠠᠷᠤᠭ᠎ᠠ ᠠᠪᠳᠠᠭ
ᠨᠡᠶᠢᠲᠡᠯᠡᠭᠰᠡᠨ ᠴᠠᠭ᠄
2016/7/25
               ᠵᠣᠬᠢᠶᠠᠭᠴᠢ᠄  ᠦᠷᠡᠵᠢᠮᠢᠰ     ᠰᠤᠷᠪᠤᠯᠵᠢᠯᠠᠬᠴᠢ᠄ ᠮᠠᠨ ᠤ ᠠᠶᠢᠮᠠᠭ ᠤᠨ ᠮᠤᠩᠭᠤᠯ ᠦᠨᠳᠦᠰᠦᠳᠡᠨ ᠤ ᠤᠯᠠᠩᠬᠢ ᠰᠤᠷᠭᠠᠭᠤᠯᠢ ᠨᠤᠭᠤᠳ ᠦᠪᠡᠷ ᠦᠪᠡᠷ ᠤᠨ ᠤᠨᠴᠠᠯᠢᠭ ᠲᠠᠢ ᠦᠨᠳᠦᠰᠦᠳᠡᠨ ᠤ ᠵᠠᠩ ᠦᠢᠯᠡ ᠶᠢᠨ ᠬᠢᠴᠢᠶᠡᠯᠯᠡᠭᠡ ᠨᠡᠬᠡᠬᠡᠵᠦ ᠪᠠᠶᠢᠨ᠎ᠠ᠃ ᠲᠡᠬᠡᠪᠡᠯ ᠦᠨᠳᠦᠰᠦᠳᠡᠨ ᠤ ᠵᠠᠩ ᠦᠢᠯᠡ ᠶᠢᠨ ᠬᠢᠴᠢᠶᠡᠯᠯᠡᠭᠡ ᠨᠡᠬᠡᠬᠡᠬᠦ ᠨᠢ ᠬᠡᠦᠬᠡᠳ ᠪᠠᠭᠠᠴᠤᠳ ᠤᠨ ᠦᠰᠦᠨ ᠪᠤᠶᠢᠵᠢᠯᠳᠠ ᠳᠤ ᠶᠠᠮᠠᠷᠬᠠᠨ ᠠᠴᠢ ᠬᠤᠯᠪᠤᠭᠳᠠᠯ ᠦᠵᠡᠬᠦᠯᠬᠦ ᠪᠤᠢ︖ ᠡᠨᠡᠬᠦ ᠲᠦᠷᠦᠯ ᠤᠨ ᠬᠢᠴᠢᠶᠡᠯ ᠨᠢ ᠬᠡᠦᠬᠡᠳ ᠪᠠᠭᠠᠴᠤᠳ ᠤᠨ ᠮᠤᠩᠭᠤᠯ ᠬᠦᠮᠦᠨ ᠪᠤᠯᠤᠨ ᠲᠦᠯᠦᠪᠰᠢᠬᠦ ᠳᠤ ᠶᠠᠮᠠᠷ ᠰᠠᠭᠤᠷᠢ ᠨᠦᠯᠦᠬᠡ ᠦᠵᠡᠬᠦᠯᠬᠦ ᠪᠤᠢ︖    ᠪᠠᠳᠤᠨᠠᠰᠤᠨ᠄ ᠮᠤᠩᠭᠤᠯ ᠵᠠᠩ ᠦᠢᠯᠠ ᠪᠤᠯ ᠮᠤᠩᠭᠤᠯ ᠰᠤᠶᠤᠯ ᠤᠨ ᠰᠦᠭ ᠰᠦᠨᠡᠰᠤ ᠪᠤᠯᠤᠨ᠎ᠠ᠂ ᠳᠡᠬᠦᠠ ᠳᠤ ︽ᠮᠤᠩᠭᠤᠯ ᠤᠬᠠᠭᠠᠠ︾ ᠪᠦᠬᠦᠯᠢ ᠪᠦᠳᠦᠠ ᠢᠶᠠᠷ ᠢᠶᠠᠨ ᠠᠭᠤᠰᠴᠤ ᠪᠠᠶᠢᠳᠠᠭ᠃ ᠮᠤᠩᠭᠤᠯ ᠤᠬᠠᠭᠠᠠ ᠭᠡᠳᠡᠭ ᠪᠤᠯ ᠮᠤᠩᠭᠤᠯᠴᠤᠳ ᠤᠨ ᠪᠠᠶᠢᠭᠠᠯᠢ ᠳᠡᠯᠡᠭᠡᠢ ᠲᠠᠢ ᠬᠠᠷᠢᠴᠠᠬᠤ᠂ ᠬᠥᠮᠤᠠ ᠲᠠᠢ ᠬᠠᠷᠢᠴᠠᠬᠤ᠂ ᠳᠡᠤᠭᠡ ᠰᠤᠶᠤᠯ ᠲᠠᠢ ᠬᠠᠷᠢᠴᠠᠬᠤ ᠬᠥᠮᠤᠠ ᠪᠤᠯᠬᠤ ᠤᠬᠠᠭᠠᠨ ᠪᠤᠯᠤᠨ᠎ᠠ᠃ ᠪᠢᠳᠠ ᠮᠤᠩᠭᠤᠯ ᠭᠡᠤᠭᠡᠳ ᠢᠶᠠᠨ ᠮᠤᠩᠭᠤᠯ ᠬᠥᠮᠤᠠ ᠪᠤᠯᠭᠠᠨ᠎ᠠ ᠭᠡᠪᠡᠯ ᠮᠤᠩᠭᠤᠯ ᠦᠭᠡ ᠭᠡᠯᠡ ᠦᠰᠦᠭ ᠪᠢᠴᠢᠭ ᠢ ᠨᠢ ᠡᠵᠡᠮᠰᠢᠬᠦᠯᠤᠭᠡᠳ ᠳᠦᠮᠡᠡ ᠭᠡᠷᠡᠭ ᠳᠡᠬᠦᠰ ᠪᠦᠷᠢᠳᠴᠢᠭᠡᠬᠦ ᠪᠢᠰᠢ᠂ ᠵᠠᠪᠠᠯ ᠰᠤᠶᠤᠯ ᠤᠨ ᠳᠤᠳᠤᠭᠠᠳᠤ ᠠᠭᠤᠯᠬᠤᠠ — ᠵᠠᠩ ᠦᠢᠯᠠ ᠶᠢᠨ ᠰᠤᠶᠤᠯ ᠢ ᠨᠢ ᠡᠵᠡᠮᠰᠢᠬᠦᠯᠬᠦ ᠭᠡᠷᠡᠭᠳᠡᠢ᠃ ᠬᠥᠮᠤᠰ ᠮᠤᠩᠭᠤᠯ ᠰᠤᠶᠤᠯ ᠰᠡᠳᠬᠢᠬᠦᠢ ᠭᠡᠵᠤ ᠵᠦᠩᠳᠡᠭᠡᠡ ᠶᠠᠷᠢᠳᠠᠭ᠃ ᠳᠡᠭᠡᠬᠦ ᠳᠤ ᠮᠤᠩᠭᠤᠯ ᠵᠠᠩ ᠦᠢᠯᠠ ᠶᠢᠨ ᠰᠤᠶᠤᠯ ᠢᠶᠠᠨ ᠮᠡᠳᠡᠬᠦ ᠦᠭᠡᠢ ᠪᠤᠯ ᠮᠤᠩᠭᠤᠯ ᠰᠤᠶᠤᠯ ᠰᠡᠳᠬᠢᠬᠦᠢ ᠪᠦᠷᠢᠯᠳᠤᠵᠤ ᠴᠢᠳᠠᠬᠤ ᠦᠭᠡᠢ ᠪᠢᠯᠠ᠃ ᠵᠢᠱᠢᠶᠡᠯᠡᠪᠡᠯ᠄ ᠮᠤᠩᠭᠤᠯᠴᠤᠳ ᠦᠨᠳᠤᠷ ᠠᠭᠤᠯᠠ ᠶᠢ ᠦᠵᠡᠪᠡᠯ ᠡᠵᠡᠳ ᠰᠠᠬᠢᠭᠤᠰᠤ ᠲᠠᠢ᠂ ᠬᠥᠮᠤᠠ ᠵᠤᠠ ᠳᠤ ᠪᠠᠨ ᠦᠮᠦᠭ ᠳᠦᠰᠢᠭ ᠪᠤᠯᠵᠤ ᠪᠠᠶᠢᠭ᠎ᠠ ᠨᠤᠳᠤᠭ ᠤᠰᠤᠠ ᠤ ᠰᠦᠷ ᠰᠦᠯᠳᠡ ᠭᠡᠵᠤ ᠰᠦᠰᠦᠭᠯᠡᠨ᠎ᠡ᠃ ᠭᠡᠬᠦ ᠳᠤ ᠦᠭᠡᠷ᠎ᠡ ᠦᠨᠳᠤᠰᠤᠳᠠᠠ ᠤ ᠬᠥᠮᠤᠠ ᠬᠠᠷᠢᠨ ᠤᠨᠳᠤᠤ ᠤᠳᠬ᠎ᠠ ᠪᠠᠷ ᠬᠠᠷᠠᠳᠠᠭ ᠪᠠᠶᠢᠵᠤ ᠮᠠᠭᠠᠳ ᠦᠭᠡᠢ᠃ ᠳᠡᠭᠡᠬᠦᠯᠡᠷ ᠮᠤᠩᠭᠤᠯ ᠰᠤᠶᠤᠯ ᠤᠨ ᠳᠤᠳᠤᠭᠠᠳᠤ ᠳᠠᠪᠬᠤᠷᠭ᠎ᠠ ᠳᠤ ᠨᠡᠪᠳᠡᠷᠡᠡ ᠤᠷᠤᠬᠤ ᠳᠤ ᠮᠤᠩᠭᠤᠯ ᠵᠠᠩ ᠦᠢᠯᠠ ᠠᠴᠠ ᠪᠠᠨ ᠭᠠᠷᠤᠭ᠎ᠠ ᠠᠪᠬᠤ ᠨᠢ ᠵᠦᠢ᠃  ᠤᠳᠤ ᠶᠢᠨ ᠭᠡᠤᠭᠡᠳ ᠤᠳ ᠨᠡᠬᠦᠳᠡᠯ ᠮᠠᠯᠵᠢᠯ ᠤᠨ ᠰᠤᠶᠤᠯ ᠢ ᠳᠡᠮᠡᠢ ᠮᠡᠳᠡᠬᠦ ᠦᠭᠡᠢ ᠪᠤᠯᠤᠭᠰᠠᠠ᠃ ᠳᠡᠳᠡ ᠨᠢᠯᠬ᠎ᠠ ᠪᠠᠷ ᠢᠶᠠᠨ ᠬᠤᠳᠠ ᠤᠷᠤᠵᠤ ᠴᠡᠴᠡᠷᠯᠢᠭ ᠲᠤ ᠰᠠᠭᠤᠵᠤ ᠮᠠᠯᠵᠢᠬᠤ ᠠᠮᠢᠳᠤᠷᠠᠯ ᠢ ᠲᠧᠯᠸᠢᠰ ᠪᠤᠶᠤ ᠨᠤᠮ ᠠᠴᠠ ᠬᠠᠷᠠᠬᠤ ᠂ ᠡᠰᠡᠬᠦᠯ᠎ᠡ ᠬᠥᠮᠤᠰ ᠤᠨ ᠶᠠᠷᠢᠶ᠎ᠡ ᠠᠴᠠ ᠰᠤᠨᠤᠰᠬᠤ ᠪᠤᠯᠪᠠ᠃ ᠡᠬᠦᠠ ᠠᠴᠠ ᠪᠤᠯᠵᠤ ᠮᠤᠩᠭᠤᠯ ᠬᠥᠮᠤᠠ ᠪᠠᠶᠢᠳᠠᠯ᠎ᠠ ᠮᠤᠩᠭᠤᠯ ᠠᠮᠢᠳᠤᠷᠠᠯ ᠢᠶᠠᠨ ᠤᠶᠢᠯᠠᠭᠠᠬᠤ ᠦᠭᠡᠢ ᠪᠤᠯᠪᠠ᠃ ︽ᠤᠳᠤ ᠶᠢᠨ ᠭᠡᠤᠭᠡᠳ ᠤᠨ ᠦᠭᠡᠰ ᠤᠨ ᠰᠠᠩ ᠢᠪᠴᠤᠤ ᠪᠤᠯᠵᠤ ᠪᠠᠶᠢᠨ᠎ᠠ ᠂ ᠪᠠᠭᠰᠢ ᠨᠠᠷ ᠭᠡᠯᠡ ᠪᠢᠴᠢᠭ ᠢ ᠮᠠᠭᠤ ᠵᠢᠭᠠᠵᠤ ᠪᠠᠶᠢᠨ᠎ᠠ︾ ᠭᠡᠵᠤ ᠬᠥᠮᠤᠰ ᠭᠡᠤᠭᠡᠳ ᠤᠨ ᠢᠶᠠᠨ ᠮᠤᠩᠭᠤᠯ ᠦᠭᠡ ᠭᠡᠯᠡ ᠪᠠᠨ ᠰᠤᠷᠬᠤ ᠳᠤᠷ᠎ᠠ ᠦᠭᠡᠢ ᠪᠤᠯᠤᠭᠰᠠᠠ ᠰᠢᠯᠳᠠᠭᠠᠠ ᠢ ᠰᠤᠷᠭᠠᠠ ᠬᠥᠮᠤᠵᠢᠯ ᠠᠴᠠ ᠤᠴᠢᠵᠤ ᠡᠷᠢᠬᠦ ᠨᠢ ᠮᠠᠰᠢ ᠪᠤᠷᠤᠭᠤ ᠶᠤᠮ᠃ ᠮᠤᠩᠭᠤᠯ ᠦᠭᠡᠰ ᠤᠨ ᠰᠠᠩ ᠪᠤᠯ ᠨᠡᠬᠦᠳᠡᠯ ᠮᠠᠯᠵᠢᠯ ᠤᠨ ᠬᠥᠷᠦᠰᠤ ᠰᠢᠷᠤᠢ ᠳᠡᠭᠡᠷ᠎ᠡ ᠤᠷᠭᠤᠠ ᠳᠦᠯᠵᠢᠭᠰᠡᠡ ᠪᠠᠶᠢᠳᠠᠭ᠃ ᠭᠡᠷᠪᠡ ᠮᠠᠯᠵᠢᠬᠤ ᠰᠤᠶᠤᠯ ᠠᠴᠠ ᠪᠠᠨ ᠬᠤᠯᠠᠳᠠᠪᠠᠯ ᠦᠭᠡᠰ ᠤᠨ ᠰᠠᠩ ᠴᠦ ᠶᠠᠳᠠᠭᠤᠷᠠᠨ᠎ᠠ᠃ ᠳᠡᠶᠢᠮᠤ ᠠᠴᠠ ᠮᠤᠩᠭᠤᠯ ᠵᠠᠩ ᠦᠢᠯᠠ ᠪᠠᠨ ᠰᠤᠷᠬᠤ ᠪᠤᠯ ᠦᠭᠡᠷ ᠳᠡᠷᠭᠡᠡ ᠤ ᠪᠦᠳᠦᠴᠠ ᠶᠢ ᠶᠠᠭᠠᠬᠢᠵᠤ ᠶᠠᠭᠠᠬᠢᠵᠤ ᠨᠡᠷᠡᠯᠡᠬᠦ᠂ ᠮᠤᠩᠭᠤᠯ ᠭᠡᠷ ᠤᠨ ᠪᠦᠳᠦᠴᠠ ᠶᠢ ᠶᠠᠭᠠᠬᠢᠵᠤ ᠶᠠᠭᠠᠬᠢᠵᠤ ᠭᠡᠯᠡᠬᠦ ᠮᠡᠳᠤ ᠶᠢᠨ ᠭᠡᠳᠤᠭᠡᠡ ᠨᠡᠷ᠎ᠡ ᠳᠤᠮᠢᠶ᠎ᠡ ᠲᠠᠢ ᠳᠠᠨᠢᠯᠴᠠᠭᠤᠯᠬᠤ ᠠᠰᠠᠭᠤᠳᠠᠯ ᠪᠢᠰᠢ᠂ ᠬᠠᠷᠢᠠ ᠭᠡᠤᠭᠡᠳ ᠢ ᠮᠤᠩᠭᠤᠯ ᠰᠤᠶᠤᠯ ᠳᠤ ᠬᠠᠶᠢᠷᠠᠳᠠᠢ ᠪᠤᠯᠭᠠᠬᠤ᠂ ᠶᠢᠷᠳᠢᠨᠴᠤ ᠶᠢ ᠬᠠᠷᠠᠬᠤ ᠨᠢᠳᠤ ᠶᠢ ᠨᠢ ᠮᠤᠩᠭᠤᠯ ᠪᠤᠯᠭᠠᠬᠤ᠂ ᠶᠠᠭᠤᠮ᠎ᠠ ᠶᠢ ᠪᠤᠳᠤᠵᠤ ᠰᠡᠳᠬᠢᠬᠦ ᠶᠢ ᠨᠢ ᠮᠤᠩᠭᠤᠯᠵᠢᠭᠤᠠ ᠪᠤᠯᠭᠠᠬᠤ᠂ ᠪᠠᠶᠢᠭᠠᠯᠢ ᠳᠡᠯᠡᠭᠡᠢ ᠳᠤ ᠪᠠᠨ ᠰᠦᠰᠦᠭᠳᠡᠢ ᠪᠤᠯᠭᠠᠬᠤ᠂ ᠬᠥᠮᠤᠠ ᠲᠠᠢ ᠬᠠᠷᠢᠴᠠᠬᠤ ᠳᠤ ᠪᠠᠨ ᠠᠭᠤᠵᠢᠮ ᠪᠠᠭᠳᠠᠭᠠᠮᠵᠢᠳᠠᠢ ᠪᠤᠯᠭᠠᠬᠤ᠂ ᠦᠭᠡ ᠭᠡᠯᠡ ᠶᠢ ᠨᠢ ᠪᠠᠶᠠᠯᠢᠭ ᠪᠤᠯᠭᠠᠬᠤ ᠁ ᠭᠡᠬᠦᠴᠢᠯᠡᠡ ︽ᠮᠤᠩᠭᠤᠯ ᠢᠶᠠᠨ ᠮᠤᠩᠭᠤᠯ ᠢᠶᠠᠷ ᠨᠢ ᠠᠪᠴᠤ ᠦᠯᠡᠳᠡᠬᠦ︾᠎ ᠲᠠᠢ ᠬᠤᠯᠪᠤᠭᠳᠠᠬᠤ ᠳᠤᠮᠤ ᠠᠰᠠᠭᠤᠳᠠᠯ ᠭᠡᠵᠤ ᠪᠢ ᠪᠤᠳᠤᠳᠠᠭ ᠶᠤᠮ᠃ ᠮᠠᠠ ᠤ ᠡᠪᠦᠭᠡ ᠳᠡᠭᠡᠳᠤᠰ ᠨᠢᠭᠡᠡ ᠦᠶ᠎ᠡ ᠦᠭᠡᠳᠡᠯᠡᠡ ᠮᠠᠨᠳᠤᠵᠤ ᠬᠠᠨᠳᠤᠭᠰᠠᠠ ᠵᠦᠭ ᠲᠤ ᠳᠠᠶᠢᠰᠤᠠ ᠦᠭᠡᠢ ᠪᠠᠶᠢᠭᠰᠠᠠ᠂ ᠡᠨᠡ ᠪᠤᠯ ᠳᠤᠬᠠᠢ ᠶᠢᠨ ᠦᠶ᠎ᠡ ᠶᠢᠨ ᠤᠯᠠᠮᠵᠢᠯᠠᠯᠳᠤ ᠰᠤᠷᠭᠠᠠ ᠬᠥᠮᠤᠵᠢᠯ — ᠭᠡᠷ ᠤᠨ ᠬᠥᠮᠤᠵᠢᠯ᠂ ᠭᠡᠤᠭᠡᠳ ᠢ ᠪᠠᠭ᠎ᠠ ᠠᠴᠠ ᠨᠢ ᠵᠦᠪ ᠬᠥᠮᠤᠵᠢᠬᠦᠯᠵᠤ ᠪᠠᠶᠢᠭᠰᠠᠠ ᠤ ᠳᠤᠳᠤᠷᠬᠠᠢ ᠵᠢᠱᠢᠶ᠎ᠡ᠃ ᠮᠠᠠ ᠤ ᠤᠯᠠᠮᠵᠢᠯᠡᠯᠳᠤ ᠰᠤᠷᠭᠠᠠ ᠬᠥᠮᠤᠵᠢᠯ ᠳᠤ ᠦᠬᠢᠳ ᠤᠨ ᠬᠥᠮᠤᠵᠢᠯ ᠪᠤᠯᠤᠠ ᠬᠥᠪᠡᠬᠦᠳ ᠤᠨ ᠬᠥᠮᠤᠵᠢᠯ ᠭᠡᠵᠤ ᠠᠰ ᠠᠰᠳᠠᠭᠠᠠ ᠪᠠᠶᠢᠵᠠᠢ᠃ ᠡᠨᠡ ᠪᠤᠯ ᠡᠷᠡᠭᠳᠡᠢ ᠡᠮᠡᠭᠳᠡᠢ ᠶᠢ ᠢᠯᠭᠠᠨ ᠦᠵᠡᠵᠤ ᠪᠠᠶᠢᠭᠰᠠᠠ ᠭᠡᠷᠡᠭ ᠤᠭᠳᠤ ᠪᠢᠰᠢ᠂ ᠬᠠᠷᠢᠠ ᠬᠥᠤᠴᠤᠤᠯ ᠢ ᠬᠤᠵᠢᠮ ᠶᠠᠭᠠᠬᠢᠵᠤ ᠰᠠᠶᠢᠠ ᠭᠡᠷ ᠤᠨ ᠡᠵᠡᠡ ᠪᠤᠯᠬᠤ᠂ ᠦᠬᠢᠳ ᠢ ᠶᠠᠭᠠᠬᠢᠵᠤ ᠰᠠᠶᠢᠠ ᠭᠡᠷ ᠤᠨ ᠡᠵᠡᠭᠳᠡᠢ ᠪᠤᠯᠭᠠᠬᠤ ᠳᠠᠯ᠎ᠠ ᠪᠠᠷ ᠬᠠᠷ᠎ᠠ ᠪᠠᠭ᠎ᠠ ᠠᠴᠠ ᠨᠢ ᠪᠡᠯᠡᠳᠭᠡᠵᠤ ᠪᠠᠶᠢᠭᠰᠠᠠ ᠭᠡᠷᠡᠭ ᠶᠤᠮ᠃ ᠮᠠᠠ ᠤ ᠮᠤᠩᠭᠤᠯᠴᠤᠳ ᠤᠨ ᠭᠡᠤᠭᠡᠳ ᠬᠥᠮᠤᠵᠢᠬᠦᠯᠬᠦ ᠤᠬᠠᠭᠠᠠ ᠪᠤᠯ ᠰᠤᠷᠭᠠᠠ ᠬᠥᠮᠤᠵᠢᠯ ᠤᠨ ᠭᠠᠶᠢᠬᠠᠮᠰᠢᠭ ᠭᠡᠵᠤ ᠪᠢ ᠰᠦᠵᠢᠭᠯᠡᠳᠡᠭ᠃ ᠭᠡᠳᠡᠯ᠎ᠡ ᠳᠡᠷᠡ ᠨᠢ ᠭᠡᠥᠭᠡᠳ ᠤᠨ ᠬᠥᠮᠤᠵᠢᠯ ᠳᠤ ᠮᠠᠰᠢ ᠪᠠᠭ᠎ᠠ ᠤᠷᠤᠠ ᠵᠠᠢ ᠶᠢ ᠡᠵᠡᠯᠡᠬᠦ ᠪᠤᠯᠤᠭᠰᠠᠠ ᠪᠠᠶᠢᠨ᠎ᠠ᠃ ᠮᠢᠨᠤ ︽ᠮᠤᠩᠭᠤᠯ ᠵᠠᠩ ᠦᠢᠯᠠ︾᠎ ᠶᠢ ᠵᠠᠪᠠᠯ ︽ᠮᠤᠩᠭᠤᠯ ᠰᠤᠶᠤᠯ ᠬᠥᠮᠤᠵᠢᠯ︾ ᠭᠡᠵᠤ ᠰᠤᠯᠢᠵᠤ ᠶᠠᠷᠢᠭᠠᠳ ᠪᠠᠶᠢᠳᠠᠭ ᠨᠢ ᠵᠠᠩ ᠦᠢᠯᠠ ᠶᠢᠨ ᠬᠢᠴᠢᠶᠡᠯᠯᠡᠭᠡ ᠳᠤ ᠮᠠᠠ ᠤ ᠦᠨᠳᠤᠰᠤᠳᠠᠠ ᠤ ᠡᠶᠢᠮᠤᠷᠬᠦ ᠤᠶᠤᠨᠯᠢᠭ ᠵᠦᠢᠯ ᠢ ᠤᠷᠤᠭᠤᠯᠬᠤ ᠶᠢᠨ ᠳᠦᠯᠦᠭᠡ ᠶᠤᠮ᠃ ᠪᠢᠳᠠ ᠤᠯᠠᠮᠵᠢᠯᠡᠯᠳᠤ ᠰᠤᠷᠭᠠᠠ ᠬᠥᠮᠤᠵᠢᠯ ︵ᠭᠡᠷ ᠤᠨ ᠬᠥᠮᠤᠵᠢᠯ ᠢ ᠪᠠᠭᠳᠠᠭᠠᠭᠰᠠᠠ ᠮᠤᠩᠭᠤᠯ ᠬᠥᠮᠤᠠ ᠤ ᠭᠡᠤᠭᠡᠳ ᠢᠶᠠᠨ ᠬᠥᠮᠤᠵᠢᠬᠦᠯᠬᠦ ᠠᠷᠭ᠎ᠠ︶ ᠪᠤᠯᠤᠠ ᠤᠳᠤᠬᠢ ᠰᠤᠷᠭᠠᠠ ᠬᠥᠮᠤᠵᠢᠯ ᠢ ᠤᠶᠠᠯᠳᠤᠭᠤᠯᠵᠤ ᠴᠢᠳᠠᠪᠠᠯ ᠮᠠᠠ ᠤ ᠬᠤᠶᠢᠴᠢ ᠦᠶ᠎ᠡ ᠡᠯ᠎ᠡ ᠳᠠᠯ᠎ᠠ ᠪᠠᠷ ᠬᠥᠴᠤᠷᠭᠡᠭ ᠪᠤᠯᠵᠤ ᠴᠢᠳᠠᠨ᠎ᠠ᠃   ᠰᠤᠷᠪᠤᠯᠵᠢᠯᠠᠬᠴᠢ᠄ ᠦᠨᠳᠦᠰᠦᠳᠡᠨ ᠤ ᠦᠪᠡᠷᠮᠢᠴᠡ ᠤᠨᠴᠠᠯᠢᠭ ᠲᠠᠢ ᠵᠠᠩ ᠦᠢᠯᠡ ᠶᠢᠨ ᠬᠢᠴᠢᠶᠡᠯ ᠨᠢ ᠬᠡᠪ ᠴᠢᠨᠠᠷ ᠤᠨ ᠰᠤᠷᠭᠠᠨ ᠬᠦᠮᠦᠵᠢᠯ ᠤᠨ ᠬᠦᠭᠵᠢᠯᠳᠡ ᠳᠤ ᠬᠡᠷᠬᠢᠨ ᠠᠭᠤᠰᠤᠯᠴᠠᠨ ᠤᠷᠤᠬᠤ ᠪᠤᠢ︖   ᠪᠠᠳᠤᠨᠠᠰᠤᠨ᠄ ᠭᠡᠪ ᠴᠢᠨᠠᠷ ᠤᠨ ᠰᠤᠷᠭᠠᠠ ᠬᠥᠮᠤᠵᠢᠯ ᠢ ᠬᠠᠮᠤᠭ ᠳᠦᠬᠦᠮ ᠢᠶᠠᠷ ᠤᠶᠢᠯᠠᠭᠠᠪᠠᠯ ᠳᠡᠷᠡ ᠪᠤᠯ ᠭᠡᠤᠭᠡᠳ ᠢ ᠬᠥᠮᠤᠠ ᠪᠤᠯᠭᠠᠬᠤ ᠰᠤᠷᠭᠠᠠ ᠬᠥᠮᠤᠵᠢᠯ᠂ ᠭᠡᠤᠭᠡᠳ ᠲᠤ ᠪᠡᠶ᠎ᠡ ᠪᠠᠨ ᠳᠠᠭᠠᠭᠠᠵᠤ ᠠᠮᠢᠳᠤᠷᠠᠬᠤ ᠶᠢ ᠰᠤᠷᠭᠠᠬᠤ ᠰᠤᠷᠭᠠᠠ ᠬᠦᠮᠤᠵᠢᠯ ᠶᠤᠮ᠃ ᠨᠡᠷ᠎ᠡ ᠳᠤᠮᠢᠶ᠎ᠡ ᠨᠢ ᠰᠢᠨ᠎ᠡ ᠠᠴᠠ ᠪᠢᠰᠢ ᠮᠤᠩᠭᠤᠯᠴᠤᠳ ᠲᠤ ᠡᠨᠡ ᠵᠦᠢᠯ ᠤᠨ ᠰᠤᠷᠭᠠᠠ ᠬᠥᠮᠤᠵᠢᠯ ᠨᠢ ᠤᠭᠳᠤ ᠰᠢᠨ᠎ᠡ ᠶᠠᠭᠤᠮ᠎ᠠ ᠪᠢᠰᠢ᠂ ᠮᠢᠨᠤ ᠰᠠᠶ᠋ᠢ ᠶᠢᠨ ᠶᠠᠷᠢᠭᠰᠠᠠ ᠤᠯᠠᠮᠵᠢᠯᠠᠯᠳᠤ ᠰᠤᠷᠭᠠᠠ ᠬᠥᠮᠤᠵᠢᠯ ᠭᠡᠳᠡᠭ ᠪᠤᠯ ᠳᠠᠷᠤᠢ ᠭᠡᠪ ᠴᠢᠨᠠᠷ ᠤᠨ ᠰᠤᠷᠭᠠᠠ ᠬᠥᠮᠤᠵᠢᠯ ᠪᠤᠯᠤᠨ᠎ᠠ᠃ ᠳᠡᠶᠢᠮᠤ ᠠᠴᠠ ᠪᠢᠳᠡ ᠭᠡᠷᠪᠡ ᠮᠤᠩᠭᠤᠯ ᠵᠠᠩ ᠦᠢᠯᠠ ᠪᠠᠨ ᠰᠤᠷᠭᠠᠵᠤ ᠪᠠᠶᠢᠨ᠎ᠠ ᠭᠡᠪᠡᠯ ᠭᠡᠪ ᠴᠢᠨᠠᠷ ᠤᠨ ᠰᠤᠷᠭᠠᠠ ᠬᠥᠮᠤᠵᠢᠯ ᠢ ᠦᠢᠯᠡᠳᠦᠯᠭᠡᠵᠢᠬᠦᠯᠵᠤ ᠪᠠᠶᠢᠨ᠎ᠠ ᠭᠡᠰᠡᠡ ᠦᠭᠡ᠃ ᠭᠡᠬᠦ ᠳᠤ ᠪᠠᠨ ᠮᠤᠩᠭᠤᠯ ᠤᠯᠠᠮᠵᠢᠯᠡᠯᠳᠤ ᠰᠤᠷᠭᠠᠠ ᠬᠦᠮᠤᠵᠢᠯ ᠪᠤᠯ ᠰᠤᠷᠭᠠᠭᠤᠯᠢ ᠶᠢᠨ ᠰᠤᠷᠭᠠᠠ ᠬᠥᠮᠤᠵᠢᠯ ᠤᠨ ᠭᠡᠯᠪᠡᠷᠢ ᠪᠠᠷ ᠶᠠᠪᠤᠭᠳᠠᠳᠠᠭ ᠦᠭᠡᠢ᠂ ᠬᠠᠷᠢᠠ ᠭᠡᠷ ᠪᠦᠯᠢ ᠪᠤᠶᠤ ᠨᠡᠶᠢᠭᠡᠮ ᠤᠨ ᠰᠤᠷᠭᠠᠠ ᠬᠦᠮᠤᠵᠢᠯ ᠤᠨ ᠭᠡᠯᠪᠡᠷᠢ ᠪᠠᠷ ᠪᠡᠶᠡᠯᠡᠯ ᠢᠶᠠᠨ ᠤᠯᠳᠠᠭ ᠪᠠᠶᠢᠭᠰᠠᠠ᠃ ᠳᠡᠬᠦᠠ ᠤ ᠬᠠᠮᠤᠭ ᠤᠨ ᠳᠤᠳᠤᠷᠬᠠᠢ ᠰᠢᠨᠵᠢ ᠨᠢ ᠦᠢᠯᠡᠳᠦᠯᠭᠡᠳᠤ ᠰᠢᠨᠵᠢ ᠪᠤᠯᠤᠨ᠎ᠠ᠂ ᠳᠡᠬᠦᠠ ᠤ ᠬᠠᠮᠤᠭ ᠤᠨ ᠳᠠᠪᠠᠭᠤᠯᠢᠭ ᠳᠠᠯ᠎ᠠ ᠨᠢ ᠭᠡᠤᠭᠡᠳ ᠲᠤ ︽ᠢᠩᠬᠢ᠂ ᠴᠢᠩᠬᠢ᠂ ᠢᠩᠬᠢᠵᠤ ᠪᠤᠯᠬᠤ ᠦᠭᠡᠢ᠂ ᠳᠡᠭᠡᠵᠤ ᠪᠤᠯᠬᠤ ᠦᠭᠡᠢ︾ ᠭᠡᠵᠤ ᠠᠯᠪᠠᠳᠠᠯᠭ᠎ᠠ ᠶᠢᠨ ᠴᠢᠨᠠᠷ ᠲᠠᠢ ᠰᠤᠷᠭᠠᠳᠠᠭ ᠦᠭᠡᠢ᠂ ᠬᠠᠷᠢᠠ ᠠᠳᠠᠯ ᠠᠮᠢᠳᠤᠷᠠᠯ ᠤᠨ ᠳᠤᠮᠳᠠ ᠠᠶᠠᠨᠳᠠᠭᠠᠠ ᠬᠥᠯᠢᠶᠠᠠ ᠠᠪᠤᠭᠤᠯᠳᠠᠭ᠃ ᠡᠬᠦᠠ ᠳᠤ ᠴᠡᠭᠡᠷ ᠰᠤᠷᠭᠠᠯ᠂ ᠵᠦᠢᠷ ᠰᠡᠴᠡᠡ ᠦᠭᠡ᠂ ᠦᠯᠢᠭᠡᠷ ᠳᠤᠮᠤᠭ ᠪᠤᠯ ᠮᠤᠩᠭᠤᠯᠴᠤᠳ ᠤᠨ ᠭᠡᠤᠭᠡᠳ ᠢᠶᠠᠨ ᠰᠤᠷᠭᠠᠬᠤ ᠴᠢᠬᠤᠯᠠ ᠪᠠᠭᠠᠵᠢ ᠪᠤᠯᠵᠤ ᠪᠠᠶᠢᠭᠰᠠᠠ ᠶᠤᠮ᠃    ᠰᠤᠷᠪᠤᠯᠵᠢᠯᠠᠬᠴᠢ᠄ ᠵᠠᠩ ᠦᠢᠯᠡ ᠶᠢᠨ ᠬᠢᠴᠢᠶᠡᠯ ᠳᠠᠬᠢ ᠤᠨᠤᠯ ᠤᠨ ᠬᠢᠴᠢᠶᠡᠯ ᠪᠠ ᠦᠢᠯᠡᠳᠦᠯᠬᠡ ᠶᠢᠨ ᠬᠢᠴᠢᠶᠡᠯ ᠢ ᠬᠡᠷᠬᠢᠨ ᠤᠶᠠᠯᠳᠤᠭᠤᠯᠪᠠᠯ ᠵᠤᠬᠢᠬᠤ ᠪᠤᠢ︖  ᠪᠠᠳᠤᠨᠠᠰᠤᠨ᠄ ᠤᠳᠤᠬᠠᠠ ᠳᠤ ᠪᠠᠨ ᠤᠨᠤᠯ ᠤᠨ ᠬᠢᠴᠢᠶᠡᠯ ᠤᠨ ᠭᠡᠯᠪᠡᠷᠢ ᠪᠠᠷ ᠵᠢᠯᠤᠭᠤᠳᠤᠮᠵᠢ ᠪᠤᠯᠭᠠᠵᠤ ᠦᠵᠡᠬᠦᠯᠤᠠ ᠳᠠᠨᠢᠭᠤᠯᠬᠤ ᠪᠠᠷ ᠬᠠᠪᠰᠤᠷᠤᠮᠵᠢ ᠪᠤᠯᠭᠠᠵᠤ ᠪᠠᠶᠢᠨ᠎ᠠ᠃ ᠭᠡᠬᠦ ᠳᠤ ᠪᠠᠨ ᠮᠠᠠ ᠤ ᠰᠢᠯᠢ ᠶᠢᠨ ᠭᠤᠤᠯ ᠠᠶᠢᠮᠠᠭ ᠤᠨ ᠤᠳᠤᠬᠢ ᠨᠦᠬᠦᠴᠡᠯ ᠪᠠᠰᠠ ᠨᠡᠯᠢᠶᠡᠳ ᠰᠠᠶᠢᠠ ᠪᠠᠶᠢᠭᠰᠠᠭᠠᠷ᠂ ᠭᠡᠳᠦ᠋ᠢᠪᠠᠷ ᠨᠡᠬᠦᠳᠡᠯ ᠮᠠᠯᠵᠢᠯ ᠤᠨ ᠠᠵᠤ ᠠᠬᠤᠢ ᠬᠤᠯᠠᠳᠠᠭᠰᠠᠨ ᠪᠤᠯᠪᠠᠴᠤ ᠮᠠᠯᠵᠢᠬᠤ ᠰᠤᠶᠤᠯ ᠪᠦᠷᠢᠠ ᠪᠦᠳᠦᠠ ᠢᠶᠠᠷ ᠢᠶᠠᠨ ᠪᠠᠶᠢᠭᠰᠠᠭᠠᠷ᠂ ᠦᠭᠡᠷ᠎ᠡ ᠪᠠᠷ ᠭᠡᠯᠡᠪᠡᠯ ᠠᠳᠡᠬᠢ ᠰᠤᠷᠤᠭᠴᠢᠳ ᠮᠤᠩᠭᠤᠯ ᠵᠠᠩ ᠦᠢᠯᠠ ᠪᠠᠨ ᠰᠤᠷᠬᠤ ᠤᠷᠴᠢᠠ ᠨᠦᠬᠦᠴᠡᠯ ᠰᠠᠶᠢᠳᠠᠢ ᠭᠠᠵᠠᠷ ᠠᠮᠢᠳᠤᠷᠠᠵᠤ ᠪᠤᠢ᠃ ᠭᠡᠷ ᠤᠨ ᠠᠬᠠᠮᠠᠳ ᠭᠡᠷᠪᠡ ᠮᠤᠩᠭᠤᠯ ᠵᠠᠩ ᠦᠢᠯᠠ ᠶᠢᠨ ᠴᠢᠬᠤᠯᠠ ᠴᠢᠨᠠᠷ ᠢ ᠤᠶᠢᠯᠠᠭᠠᠵᠤ᠂ ᠡᠪᠤᠯ ᠵᠤᠠ ᠤ ᠴᠢᠯᠦᠭᠡᠡ ᠳᠤ ᠭᠡᠤᠭᠡᠳ ᠢᠶᠠᠨ ᠬᠥᠳᠡᠭᠡ ᠭᠡᠷ ᠪᠤᠶᠤ ᠳᠦᠷᠤᠯ ᠰᠠᠳᠤᠠ ᠤ ᠳᠤ ᠪᠠᠨ ᠶᠠᠪᠤᠭᠤᠯᠵᠤ ᠬᠥᠳᠡᠭᠡ ᠠᠮᠢᠳᠤᠷᠠᠯ ᠢ ᠦᠵᠡᠬᠦᠯᠵᠤ ᠦᠢᠯᠡᠳᠦᠯᠭᠡ ᠳᠤ ᠤᠷᠤᠯᠴᠠᠭᠤᠯᠳᠠᠭ ᠯᠠ ᠶᠤᠮ ᠪᠤᠯ ᠮᠠᠠ ᠤ ᠵᠢᠭᠠᠠ ᠰᠤᠷᠭᠠᠯᠳᠠ ᠳᠤ ᠶᠡᠭᠡᠭᠡᠡ ᠬᠠᠪᠰᠤᠷᠤᠮᠵᠢ ᠪᠤᠯᠬᠤ ᠶᠤᠮ᠃    ᠰᠤᠷᠪᠤᠯᠵᠢᠯᠠᠬᠴᠢ᠄ ᠬᠡᠦᠬᠡᠳ ᠢ ᠮᠤᠩᠭᠤᠯ ᠰᠡᠳᠬᠢᠬᠦᠢ ᠲᠠᠢ᠂ ᠦᠨᠳᠦᠰᠦᠳᠡᠨ ᠤ ᠵᠠᠩ ᠦᠢᠯᠡ ᠪᠠᠨ ᠮᠡᠳᠡᠭᠰᠡᠨ ᠬᠦᠮᠦᠨ ᠪᠤᠯᠭᠠᠨ ᠬᠦᠮᠦᠵᠢᠬᠦᠯᠬᠦ ᠨᠢ ᠭᠠᠭᠴᠠᠬᠦ ᠰᠤᠷᠭᠠᠭᠤᠯᠢ᠂ ᠪᠠᠭᠰᠢ ᠶᠢᠨ ᠬᠠᠷᠢᠭᠤᠴᠠᠯᠭ᠎ᠠ ᠪᠢᠰᠢ᠂ ᠬᠡᠷ ᠤᠨ ᠠᠬᠠᠮᠠᠳ ᠤᠨ ᠬᠠᠷᠢᠭᠤᠴᠠᠯᠭ᠎ᠠ ᠴᠦ ᠪᠠᠶᠢᠨ᠎ᠠ᠂ ᠲᠡᠬᠡᠪᠡᠯ ᠰᠤᠷᠭᠠᠭᠤᠯᠢ ᠪᠠ ᠬᠡᠷ ᠤᠨ ᠠᠬᠠᠮᠠᠳ ᠬᠡᠷᠬᠢᠨ ᠤᠶᠠᠯᠳᠤᠨ ᠪᠠᠶᠢᠵᠤ ᠡᠨᠡᠬᠦ ᠬᠦᠮᠦᠵᠢᠯ ᠢ ᠬᠢᠬᠦ ᠪᠢᠯᠠ︖  ᠪᠠᠳᠤᠨᠠᠰᠤᠨ᠄ ᠦᠨᠡᠡ ᠢ ᠭᠡᠯᠡᠬᠦ ᠳᠤ ᠤᠳᠤ ᠶᠢᠨ ᠨᠢᠭᠡ ᠪᠦᠯᠦᠭ ᠵᠠᠯᠠᠭᠤ ᠭᠡᠷ ᠤᠨ ᠠᠬᠠᠮᠠᠳ ᠴᠦ ᠭᠡᠰᠡᠡ ᠮᠤᠩᠭᠤᠯ ᠵᠠᠩ ᠦᠢᠯᠠ ᠪᠠᠨ ᠮᠠᠷᠳᠠᠵᠤ ᠪᠠᠶᠢᠭ᠎ᠠ ᠪᠤᠶᠤ ᠰᠠᠶᠢᠠ ᠮᠡᠳᠡᠬᠦ ᠦᠭᠡᠢ ᠪᠤᠯᠵᠠᠢ᠃ ᠳᠡᠳᠡᠡ ᠤ ᠠᠮᠢᠳᠤᠷᠠᠯ᠂ ᠵᠠᠩ ᠳᠠᠳᠬᠠᠯ ᠳᠤ ᠨᠢ ᠮᠤᠩᠭᠤᠯ ᠵᠠᠩ ᠦᠢᠯᠠ ᠠᠴᠠ ᠤᠨᠳᠤᠤᠰᠢᠬᠰᠠᠠ ᠵᠦᠢᠯ ᠵᠦᠩᠳᠡᠭᠡᠡ ᠬᠠᠷᠠᠭᠳᠠᠵᠤ ᠪᠠᠶᠢᠳᠠᠭ᠃ ᠳᠡᠶᠢᠮᠤ ᠠᠴᠠ ᠭᠡᠷ ᠤᠨ ᠠᠬᠠᠮᠠᠳ ᠨᠢᠭᠡ ᠳᠠᠯ᠎ᠠ ᠪᠠᠷ ᠦᠪᠡᠷᠰᠡᠳ ᠢᠶᠠᠨ ᠮᠤᠩᠭᠤᠯ ᠵᠠᠩ ᠦᠢᠯᠠ ᠪᠠᠨ ᠰᠤᠷᠴᠤ ᠠᠪᠬᠤ ᠪᠤᠶᠤ ᠪᠠᠷᠢᠮᠳᠠᠯᠠᠵᠤ ᠭᠡᠤᠭᠡᠳ ᠲᠤ ᠪᠠᠨ ᠭᠡᠪ ᠳᠦᠷᠢᠮ ᠪᠤᠯᠬᠤ ᠭᠡᠷᠡᠭᠳᠡᠢ᠃ ᠨᠦᠬᠦᠭᠡ ᠳᠠᠯ᠎ᠠ ᠪᠠᠷ ᠲᠧᠯᠸᠢᠰ ᠭᠠᠷ ᠤᠳᠠᠰᠤᠠ ᠳᠤ ᠤᠶᠠᠭᠳᠠᠭᠰᠠᠠ ᠭᠡᠤᠭᠡᠳ ᠢᠶᠠᠨ ᠦᠨᠳᠤᠷ ᠠᠰᠠᠷ ᠠᠴᠠ ᠨᠢ ᠳᠠᠭᠠᠭᠤᠯᠤᠠ ᠭᠠᠷᠭᠠᠵᠤ ᠮᠤᠩᠭᠤᠯ ᠨᠤᠳᠤᠭ᠂ ᠠᠬ᠎ᠠ ᠳᠡᠬᠦᠤ ᠰᠠᠳᠤᠠ ᠤ ᠳᠤ ᠪᠠᠨ ᠦᠷᠬᠦᠯᠵᠢ ᠤᠴᠢᠭᠤᠯᠵᠤ ᠪᠠᠶᠢᠪᠠᠯ ᠵᠦᠭᠡᠷ᠃ ᠮᠤᠩᠭᠤᠯ ᠵᠠᠩ ᠦᠢᠯᠠ ᠤᠳᠤ ᠮᠠᠰᠢ ᠬᠥᠭᠵᠢᠶᠡᠡ ᠲᠠᠢ ᠰᠡᠷᠬᠦᠵᠤ ᠪᠠᠶᠢᠨ᠎ᠠ᠃ ᠡᠨᠡ ᠪᠤᠯ ᠮᠠᠠ ᠳᠤ ᠬᠢᠴᠢᠶᠡᠯ ᠤᠨ ᠳᠠᠩᠬᠢᠮ ᠤᠯᠠᠠ ᠪᠤᠯᠵᠤ ᠪᠠᠶᠢᠭ᠎ᠠ ᠶᠢᠨ ᠰᠠᠶᠢᠠ ᠬᠠᠨᠳᠤᠰᠢ ᠶᠤᠮ᠃ ᠳᠡᠶᠢᠮᠤ ᠠᠴᠠ ᠭᠡᠷ ᠤᠨ ᠠᠬᠠᠮᠠᠳ ᠨᠠᠶᠢᠷ ᠨᠠᠭᠠᠳᠤᠮ᠂ ᠤᠪᠤᠭ᠎ᠠ ᠳᠠᠬᠢᠯᠭ᠎ᠠ᠂ ᠬᠤᠷᠢᠮ ᠨᠠᠶᠢᠷ᠂ ᠁ ᠭᠡᠬᠦᠴᠢᠯᠡᠡ ᠤᠯᠠᠠ ᠨᠡᠶᠢᠳᠡ ᠶᠢᠨ ᠳᠤᠮᠳᠠ ᠪᠤᠯᠵᠤ ᠪᠠᠶᠢᠭ᠎ᠠ ᠦᠨᠳᠤᠰᠤᠳᠠᠠ ᠤ ᠵᠠᠩ ᠦᠢᠯᠠ ᠶᠢᠨ ᠳᠤᠮᠤᠬᠠᠠ ᠠᠵᠢᠯᠯᠠᠭ᠎ᠠ ᠳᠤ ᠭᠡᠤᠭᠡᠳ ᠢᠶᠠᠨ ᠳᠠᠭᠠᠭᠤᠯᠤᠠ ᠤᠴᠢᠵᠤ ᠪᠠᠶᠢᠪᠠᠯ ᠰᠠᠶᠢᠠ᠃ ᠰᠤᠷᠭᠠᠭᠤᠯᠢ ᠶᠢᠨ ᠲᠠᠯ᠎ᠠ ᠠᠴᠠ ᠴᠥ ᠭᠡᠷ ᠤᠨ ᠠᠬᠠᠮᠠᠳ ᠢ ᠡᠨᠡᠬᠦ ᠲᠠᠯ᠎ᠠ ᠪᠠᠷ ᠢᠯᠡᠬᠦᠬᠡᠨ ᠬᠠᠮᠵᠢᠯᠴᠠᠬᠤ ᠶᠢ ᠬᠦᠰᠡᠬᠦ ᠶᠤᠮ᠃    ᠰᠤᠷᠪᠤᠯᠵᠢᠯᠠᠬᠴᠢ᠄ ᠮᠤᠩᠭᠤᠯ ᠦᠨᠳᠦᠰᠦᠳᠡᠨ ᠤ ᠵᠠᠩ ᠦᠢᠯᠡ ᠨᠢ ᠨᠡᠬᠦᠳᠡᠯ ᠮᠠᠯ ᠠᠵᠤ ᠠᠬᠤᠢ ᠳᠤ ᠰᠠᠭᠤᠷᠢᠯᠠᠭᠰᠠᠨ ᠮᠠᠰᠢ ᠶᠡᠭᠡ ᠰᠤᠶᠤᠯ ᠤᠨ ᠬᠦᠷᠦᠩᠬᠡ᠂ ᠲᠡᠬᠡᠪᠡᠯ ᠡᠬᠦᠨ ᠢ ᠰᠤᠷᠭᠠᠭᠤᠯᠢ ᠶᠢᠨ ᠬᠢᠴᠢᠶᠡᠯ ᠬᠦᠮᠦᠵᠢᠯ᠂ ᠰᠤᠷᠬᠤ ᠪᠢᠴᠢᠭ ᠲᠤ ᠤᠷᠤᠭᠤᠯᠬᠤ ᠳᠤ ᠬᠡᠦᠬᠡᠳ ᠤᠨ ᠨᠠᠰᠤᠨ ᠤ ᠤᠨᠴᠠᠯᠢᠭ ᠲᠤ ᠵᠤᠬᠢᠴᠠᠭᠤᠯᠤᠨ ᠶᠠᠮᠠᠷ ᠬᠡᠳᠦᠨ ᠱᠠᠳᠤ ᠬᠤᠪᠢᠶᠠᠵᠤ ᠶᠠᠪᠤᠭᠳᠠᠭᠤᠯᠬᠤ ᠪᠤᠢ︖    ᠪᠠᠳᠤᠨᠠᠰᠤᠨ᠄ ᠮᠠᠠ ᠤ ᠠᠶᠢᠮᠠᠭ ᠤᠨ ᠰᠤᠷᠭᠠᠠ ᠬᠥᠮᠤᠵᠢᠯ ᠤᠨ ᠳᠤᠪᠴᠢᠶ᠎ᠡ 2014 ᠤᠠ ᠳᠤ ᠡᠨᠡ ᠳᠠᠯ᠎ᠠ ᠪᠠᠷ ᠠᠩᠬᠠᠷᠤᠯ ᠢᠶᠠᠨ ᠬᠠᠨᠳᠤᠭᠤᠯᠵᠤ᠂ ︽ᠰᠤᠷᠬᠤ ᠪᠢᠴᠢᠭ ᠨᠠᠶᠢᠷᠠᠭᠤᠯᠬᠤ︾ ᠠᠵᠢᠯ ᠢ ᠨᠠᠳᠠ ᠳᠤ ᠳᠠᠭᠠᠭᠠᠯᠭᠠᠭᠰᠠᠠ ᠶᠤᠮ᠂ ᠪᠢ ᠨᠢᠭᠡ ᠪᠦᠯᠦᠭ ᠪᠠᠭᠰᠢ ᠨᠠᠷ ᠢ ᠵᠤᠬᠢᠶᠡᠡ ᠪᠠᠶᠢᠭᠤᠯᠵᠤ ᠴᠡᠴᠡᠷᠯᠢᠭ ᠠᠴᠠ ᠠᠩᠬ᠎ᠠ ᠳᠤᠮᠳᠠᠳᠤ ᠬᠥᠷᠳᠡᠯᠡᠬᠢ ᠲᠤᠯᠤᠭᠠᠠ ᠪᠣᠳᠢ ᠰᠤᠷᠬᠤ ᠪᠢᠴᠢᠭ ᠢ ᠨᠠᠶᠢᠷᠠᠭᠤᠯᠤᠠ ᠭᠠᠷᠭᠠᠭᠠᠳ ᠤᠳᠤ ᠵᠠᠷᠢᠮ ᠨᠢ ᠭᠡᠪᠯᠡᠯ ᠠᠴᠠ ᠭᠠᠷᠴᠤ ᠢᠷᠡᠭᠡᠳ ᠪᠠᠶᠢᠨ᠎ᠠ᠃ ᠮᠢᠨᠤ ᠪᠤᠳᠤᠬᠤ ᠪᠠᠷ ᠴᠡᠴᠡᠷᠯᠢᠭ ᠤᠨ ᠱᠠᠳᠤᠨ ᠳᠤ ᠨᠡᠬᠦᠳᠡᠯ ᠮᠠᠯᠵᠢᠯ ᠳᠠᠬᠢ ᠪᠠᠶᠢᠡᠭᠭᠤ ᠶᠢᠨ ᠬᠡᠷᠡᠭᠯᠡᠬᠡᠨ ᠤ ᠪᠠᠭᠠᠵᠢ ᠲᠦᠬᠦᠬᠡᠷᠦᠮᠵᠢ ᠡᠳ᠋ᠯᠡᠯ ᠬᠡᠷᠡᠭᠰᠡᠯ ᠤᠨ ᠨᠡᠷᠡᠶᠢᠳᠦᠯ ᠠᠴᠠ ᠴᠦᠬᠡᠪᠦᠷᠢ ᠮᠡᠳᠡᠬᠦᠯᠪᠡᠯ ᠪᠤᠯᠴᠢᠬᠠᠨ᠎ᠠ᠂ ᠮᠤᠩᠭᠤᠯ ᠠᠵᠤ ᠠᠮᠢᠳᠤᠷᠠᠯ ᠤᠨ ᠵᠠᠩ ᠦᠢᠯᠡ ᠠᠴᠠ ᠬᠦᠨᠳᠦᠯᠡᠵᠦ ᠮᠡᠨᠳᠦᠯᠡᠬᠦ ᠶᠤᠰᠤ᠂ ᠠᠪᠤ ᠡᠵᠢ ᠠᠬ᠎ᠠ ᠲᠡᠬᠦᠦ ᠰᠠᠳᠤᠨ ᠢᠶᠠᠨ ᠶᠠᠭᠠᠬᠢᠵᠤ ᠮᠤᠩᠭᠤᠯ ᠢᠶᠠᠷ ᠲᠠᠭᠤᠳᠠᠬᠤ ᠵᠡᠷᠬᠡ ᠶᠢ ᠮᠡᠳᠡᠬᠦᠯᠪᠡᠯ ᠪᠤᠯᠴᠢᠬᠠᠨ᠎ᠠ᠂ ᠪᠠᠭ᠎ᠠ ᠰᠤᠷᠭᠠᠭᠤᠯᠢ ᠳᠤ ᠴᠡᠴᠡᠷᠯᠢᠭ ᠠᠴᠠ ᠠᠷᠠᠢ ᠬᠦᠨ ᠰᠢᠭ᠂ ᠨᠡᠬᠦᠳᠡᠯ ᠮᠠᠯᠵᠢᠯ ᠤᠨ ᠰᠤᠶᠤᠯ ︵ᠪᠠᠭᠠᠵᠢ ᠲᠦᠬᠦᠬᠡᠷᠦᠮᠵᠢ᠂ ᠡᠳ᠋ᠯᠡᠯ ᠬᠡᠷᠡᠭᠰᠡᠯ ᠠᠴᠠ ᠭᠠᠳᠠᠨ᠎ᠠ ᠮᠠᠯᠵᠢᠬᠤ ᠰᠤᠶᠤᠯ ᠤᠨ ᠵᠠᠩ ᠦᠢᠯᠡ︶᠎ ᠠᠴᠠ ᠦᠵᠡᠬᠦᠯᠦᠨ ᠲᠠᠨᠢᠭᠤᠯᠪᠠᠯ ᠵᠤᠬᠢᠨ᠎ᠠ᠃ ᠬᠠᠷᠢᠨ ᠠᠩᠬ᠎ᠠ ᠲᠤᠮᠳᠠᠳᠤ ᠳᠤ ᠪᠤᠯ ᠮᠤᠩᠭᠤᠯ ᠠᠳᠠᠯ ᠠᠮᠢᠳᠤᠷᠠᠯ ᠤᠨ ᠵᠠᠩ ᠦᠢᠯᠡ᠂ ᠦᠬᠡᠷ᠎ᠡ ᠪᠠᠷ ᠬᠡᠯᠡᠪᠡᠯ ᠤᠶᠤᠨᠯᠢᠭ ᠰᠢᠨᠵᠢ ᠲᠠᠢ ᠵᠠᠩ ᠦᠢᠯᠡ ᠠᠴᠠ ᠡᠵᠡᠮᠰᠢᠬᠦᠯᠦᠨ᠎ᠡ᠂ ᠵᠢᠱᠢᠶᠡᠯᠡᠪᠡᠯ᠄ ᠤᠷᠤᠭ ᠬᠤᠷᠢᠮ ᠤᠨ ᠵᠠᠩ ᠦᠢᠯᠡ᠂ ᠨᠢᠷᠠᠢ ᠶᠢᠨ ᠵᠠᠩ ᠦᠢᠯᠡ ᠁ ᠬᠡᠬᠦᠴᠢᠯᠡᠨ ᠲᠠᠨᠢᠯᠴᠠᠭᠤᠯᠪᠠᠯ ᠵᠤᠬᠢᠨ᠎ᠠ ᠬᠡᠵᠦ ᠪᠤᠳᠤᠵᠤ ᠪᠤᠢ ᠃ ᠨᠢᠬᠡ ᠯᠡ ᠦᠬᠡ ᠪᠠᠷ ᠬᠡᠯᠡᠪᠡᠯ᠂ ᠪᠤᠳᠠᠳᠠᠢ ᠠᠴᠠ ᠬᠡᠶᠢᠰᠪᠤᠷᠢ ᠲᠡᠰᠢ᠂ ᠲᠦᠬᠦᠮ ᠠᠴᠠ ᠪᠤᠳᠠᠳᠠᠢ ᠲᠡᠰᠢ᠂ ᠪᠤᠳᠠᠰ ᠢ ᠲᠠᠨᠢᠭᠤᠯᠬᠤ ᠠᠴᠠ ᠤᠶᠤᠨ ᠤᠬᠠᠭᠠᠨ ᠳᠤ ᠨᠢ ᠤᠬᠠᠬᠳᠠᠬᠤᠨᠴᠢᠯᠠᠬᠰᠠᠨ ᠲᠠᠨᠢᠯᠳᠠ ᠲᠠᠢ ᠪᠤᠯᠭᠠᠬᠤ ᠲᠡᠰᠢ ᠵᠢᠯᠤᠭᠤᠤᠠᠪᠠᠯ ᠰᠠᠶᠢᠨ᠂ ᠮᠤᠩᠭᠤᠯ ᠵᠠᠩ ᠦᠢᠯᠡ ᠶᠢᠨ ᠬᠢᠴᠢᠶᠡᠯ ᠪᠤᠯ ᠡᠴᠦᠰ ᠤᠨ ᠡᠴᠦᠰ ᠲᠤ ᠦᠪᠡᠷ ᠢ ᠪᠠᠨ ᠮᠤᠩᠭᠤᠯ ᠬᠡᠵᠦ ᠲᠠᠨᠢᠵᠤ ᠲᠡᠯᠡᠬᠡᠢ ᠶᠢᠷᠳᠢᠨᠴᠦ ᠲᠠᠢ ᠮᠤᠩᠭᠤᠯ ᠢᠶᠠᠷ ᠬᠠᠷᠢᠴᠠᠬᠤ ᠤᠬᠠᠮᠰᠠᠷ ᠲᠠᠢ ᠪᠤᠯᠭᠠᠬᠤ ᠳᠤ ᠪᠤᠢ᠃ ᠲᠡᠶᠢᠮᠦ ᠠᠴᠠ ᠴᠡᠬᠡᠷ ᠰᠤᠷᠭᠠᠯ᠂ ᠵᠦᠢᠷ ᠰᠡᠴᠡᠨ ᠦᠬᠡ᠂ ᠦᠯᠢᠬᠡᠷ ᠲᠤᠮᠤᠭ ᠢ ᠠᠯᠢ ᠴᠦ ᠨᠠᠰᠤᠨ ᠤ ᠬᠡᠦᠬᠡᠳ ᠲᠤ ᠢᠯᠡᠬᠦᠬᠡᠨ ᠰᠤᠷᠭᠠᠵᠤ ᠪᠠᠶᠢᠪᠠᠯ ᠰᠠᠶᠢᠨ᠂ ᠮᠤᠩᠭᠤᠯ ᠬᠦᠮᠦᠨ ᠤ ᠬᠦᠨ ᠤᠬᠠᠭᠠᠨ ᠲᠡᠬᠦᠨ ᠲᠤᠳᠤᠷ᠎ᠠ ᠤᠷᠤᠰᠢᠵᠤ ᠪᠠᠶᠢᠳᠠᠭ ᠪᠢᠯᠠ᠃ 
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号