ᠰᠢᠯᠣᠭᠤᠨ ᠬᠥᠬᠡ ᠬᠤᠰᠢᠭᠤᠨ ᠤ ᠦᠬᠡᠯᠦᠨ ᠬᠡᠣᠬᠡᠳ ᠤᠨ ᠴᠡᠴᠡᠷᠯᠢᠭ ᠤᠨ ᠣᠯᠠᠮᠵᠢᠯᠠᠯᠳᠣ ᠮᠣᠩᠭᠤᠯ ᠣᠬᠠᠭᠠᠨ ᠤ ᠬᠦᠮᠦᠵᠢᠯ
ᠨᠡᠶᠢᠲᠡᠯᠡᠭᠰᠡᠨ ᠴᠠᠭ᠄
2016/7/28
      ᠮᠣᠩᠭᠤᠯ ᠦᠨᠳᠣᠰᠣᠳᠡᠨ ᠪᠣᠯ  ᠡᠷᠳᠡᠨ ᠲᠡᠭᠡᠳᠣ ᠠᠴᠠ ᠠᠪᠣᠭᠠᠳ ᠭᠡᠷᠡᠯ ᠰᠠᠴᠣᠷᠡᠩᠭᠤᠢ ᠲᠡᠣᠬᠡ  ᠰᠣᠶᠣᠯ  ᠂  ᠢᠷᠠᠭᠤ  ᠰᠠᠶᠢᠬᠠᠨ  ᠣᠯᠠᠮᠵᠢᠯᠠᠯ ᠲᠠᠢ ᠦᠨᠳᠣᠰᠦᠳᠡᠨ ᠶᠣᠮ᠃ ᠦᠨᠢ ᠣᠳᠠᠭᠠᠨ ᠠᠮᠢᠳᠣᠷᠠᠯ ᠤᠨ ᠴᠦᠷᠭᠦᠬᠡᠨ ᠠᠴᠠ ᠦᠪᠡᠷ ᠎ ᠤᠨ ᠬᠡᠰᠡᠨ ᠨᠡᠭᠦᠳᠡᠯ ᠰᠣᠶᠣᠯ ᠤᠨ ᠪᠣᠯᠪᠠᠰᠣᠨ ᠢ ᠡᠬᠦᠳᠦᠨ᠂  ᠡᠷᠳᠡᠨ ᠲᠡᠭᠡᠳᠣ ᠠᠴᠠ ᠪᠠᠨ ᠠᠬᠠᠮᠠᠳ ᠲᠣᠮᠣᠭᠠᠳᠠᠨ ᠢᠶᠠᠨ ᠬᠦᠨᠳᠦᠳᠬᠡᠨ᠂ ᠨᠢᠯᠬᠠᠰ ᠢᠶᠠᠨ ᠬᠠᠶᠢᠷᠠᠯᠠᠵᠣ᠂ ᠡᠭᠡ ᠪᠠᠶᠢᠭᠠᠯᠠᠢ ᠪᠠᠨ ᠰᠢᠳᠦᠨ  ᠂ ᠡᠶ᠎ᠡ ᠨᠠᠶᠢᠷ ᠰᠢᠯᠣᠭᠤᠨ ᠰᠢᠳᠣᠷᠭᠤ ᠶᠢ  ᠡᠷᠬᠢᠮᠯᠡᠨ ᠲᠡᠭᠡᠳᠦᠯᠡᠳᠡᠭ᠃  ᠣᠨᠴᠠᠭᠠᠶᠢᠯᠠᠨ ᠬᠡᠣᠬᠡᠳ ᠲᠡᠭᠡᠨ ᠬᠦᠮᠦᠨ ᠪᠣᠯᠬᠤ ᠶᠢᠨ ᠶᠣᠰᠣ ᠵᠦᠢ ᠶᠢ ᠴᠢᠩᠭ᠎ᠠ ᠨᠢᠮᠪᠠᠢ ᠵᠢᠭᠠᠨ᠂ ᠣᠢ ᠣᠬᠠᠭᠠᠨ ᠬᠤᠷᠴᠠ ᠰᠡᠷᠭᠦᠯᠡᠩ  ᠂ ᠦᠬᠡ  ᠶᠠᠷᠢᠶ᠎ᠠ  ᠲᠣᠳᠣ ᠪᠣᠯᠪᠠᠰᠣᠨ᠂ ᠵᠠᠩ ᠠᠭᠠᠯᠢ ᠲᠦᠪᠯᠡᠬᠦᠨ  ᠂ ᠰᠡᠳᠬᠢᠯ ᠰᠠᠨᠠᠭ᠎ᠠ ᠴᠠᠶᠢᠯᠭᠠᠨ  ᠪᠠᠶᠢᠬᠤ ᠶᠢ ᠰᠠᠨᠠᠭᠠᠴᠢᠯᠠᠨ  ᠰᠣᠷᠭᠠᠳᠠᠭ᠃  ᠡᠨᠡᠬᠦ  ᠡᠳᠦᠷ ᠲᠣᠳᠣᠮ ᠤᠨ ᠳᠣᠳᠣᠮᠳᠠᠯᠭ᠎ᠠ ᠎ ᠨᠢ ᠦᠵᠡᠬᠦ ᠳᠤ ᠬᠠᠮᠤᠭ ᠤᠨ ᠡᠩ ᠤᠨ ᠪᠣᠯᠪᠠᠴᠣ ᠬᠦᠮᠦᠨ ᠨᠡᠶᠢᠬᠡᠮ ᠤᠨ ᠠᠮᠢᠳᠣᠷᠠᠯ ᠤᠨ ᠵᠢᠮ᠎ᠠ ᠬᠠᠣᠯᠢ ᠶᠢᠨ ᠭᠤᠣᠯ ᠴᠢᠮᠦᠭᠡ ᠪᠣᠯᠬᠤ ᠰᠣᠶᠣᠯ ᠪᠣᠯᠣᠨ᠎ᠠ᠃      ᠬᠤᠳᠠᠴᠢᠯᠠᠯᠳᠠ ᠪᠠ ᠭᠦᠭᠵᠢᠯᠳᠠ ᠶᠢᠨ ᠣᠯᠠ ᠮᠦᠷ ᠢ ᠲᠠᠭᠠᠵᠣ᠂ ᠨᠡᠭᠦᠳᠡᠯ ᠮᠠᠯᠵᠢᠯ ᠰᠣᠶᠣᠯ ᠮᠢᠨᠢ ᠣᠯᠠᠮ ᠢᠶᠠᠷ ᠬᠤᠯᠠᠳᠴᠣ ᠪᠠᠶᠢᠭ᠎ᠠ ᠦᠨᠦᠭᠡᠳᠦᠷ  ᠣᠯᠠᠮᠵᠢᠯᠠᠯᠳᠣ ᠮᠣᠩᠭᠤᠯ ᠰᠣᠶᠣᠯ ᠤᠨ ᠢᠶᠠᠨ ᠣᠬᠢ ᠰᠢᠯᠢᠳᠡᠭ ᠵᠦᠢᠯᠰ ᠢ ᠦᠷ᠎ᠠ ᠬᠤᠶᠢᠴᠢᠰ ᠲᠠᠭᠠᠨ  ᠣᠯᠠᠮᠵᠢᠯᠠᠨ ᠦᠪᠯᠡᠭᠦᠯᠵᠣ᠂ ᠲᠡᠯᠡᠬᠡᠢ ᠶᠢᠨ ᠣᠯᠠᠨ ᠲᠠᠪᠰᠢᠭᠰᠠᠨ ᠦᠨᠳᠣᠰᠣᠳᠡᠨ ᠤ ᠰᠣᠶᠣᠯ ᠪᠣᠯᠪᠠᠰᠣᠨ ᠲᠠᠢ ᠮᠦᠷ ᠵᠡᠷᠬᠡᠴᠡᠨ ᠣᠷᠣᠭᠰᠢᠯᠠᠬᠤ  ᠲᠠᠷᠬᠠᠨ ᠡᠭᠦᠷᠭᠡ ᠬᠠᠷᠢᠭᠤᠴᠠᠯᠭ᠎ᠠ ᠪᠢᠳᠡᠨ ᠳᠤ ᠪᠠᠶᠢᠨ᠎ᠠ᠃ ᠲᠡᠶᠢᠨᠬᠦ ᠮᠠᠨ ᠎ ᠤ ᠦᠬᠡᠯᠦᠨ ᠬᠡᠣᠬᠡᠳ ᠤᠨ ᠴᠡᠴᠡᠷᠯᠢᠭ ᠨᠢ  ᠪᠣᠭᠤ᠂ ᠵᠢᠷᠭᠡᠭᠡ  ᠂ ᠮᠣᠩᠭᠤᠯ ᠰᠢᠳᠠᠷ᠎ᠠ  ᠵᠡᠷᠭᠡ ᠮᠣᠩᠭᠤᠯ ᠨᠠᠭᠠᠳᠣᠮ ᠲᠣᠭᠯᠠᠭᠠᠮ  ᠎ ᠤᠨ ᠲᠣᠰᠬᠠᠢ ᠬᠢᠴᠢᠶᠡᠯᠡᠯᠭᠡ ᠶᠢ ᠨᠡᠭᠡᠭᠡᠵᠣ ᠬᠡᠣᠬᠡᠳ ᠲᠤ ᠵᠢᠭᠠᠨ ᠨᠠᠭᠠᠳᠣᠭᠤᠯᠵᠣ  ᠪᠠᠶᠢᠨ᠎ᠠ᠃ ᠵᠦᠢᠷ ᠦᠬᠡ  ᠣᠨᠢᠰᠤᠭ᠎ᠠ  ᠬᠤᠯᠪᠣᠭ᠎ᠠ ᠮᠠᠭᠳᠠᠭᠠᠯ ᠵᠡᠷᠭᠡ ᠬᠡᠯᠡ ᠶᠠᠷᠢᠶᠠᠨ ᠤᠨ ᠪᠣᠯᠪᠠᠰᠣᠷᠠᠯ᠂ ᠴᠡᠭᠡᠷ ᠰᠣᠷᠭᠠᠯ ᠵᠠᠩ ᠵᠠᠩᠰᠢᠯ ᠤᠨ ᠬᠦᠮᠦᠵᠢᠯ ᠪᠠ ᠮᠣᠩᠭᠤᠯ ᠣᠯᠠᠮᠵᠢᠯᠠᠯᠳᠣ ᠠᠮᠢᠳᠣᠷᠠᠯ ᠰᠣᠶᠣᠯ ᠤᠨ ᠲᠣᠬᠠᠢ ᠣᠯᠠᠮᠵᠢᠯᠠᠯᠳᠣ ᠵᠠᠩ ᠦᠢᠯᠠ ᠶᠢᠨ ᠵᠢᠭᠠᠨ ᠰᠣᠷᠭᠠᠯᠳᠠ  ᠎ ᠶᠢ ᠴᠡᠴᠡᠷᠯᠢᠭ ᠤᠨ ᠢᠶᠠᠨ ᠵᠢᠭᠠᠨ ᠰᠣᠷᠭᠠᠯᠳᠠ ᠶᠢᠨ ᠬᠦᠳᠡᠯᠪᠦᠷᠢ ᠲᠣᠮᠳᠠ ᠠᠭᠤᠰᠬᠠᠨ  ᠵᠢᠭᠠᠵᠣ ᠪᠠᠶᠢᠨ᠎ᠠ᠃  2015  ᠣᠨ ᠤ 9 ᠰᠠᠷ᠎ᠠ ᠠᠴᠠ ᠬᠤᠶᠠᠷ ᠶᠡᠭᠡ ᠠᠩᠭᠢ ᠶᠢᠨ ᠬᠡᠣᠬᠡᠳ ᠲᠤ ︽ᠴᠡᠴᠡᠷᠯᠢᠭ᠂ ᠭᠡᠷ ᠪᠦᠯᠢ ᠬᠠᠮᠳᠣᠷᠠᠨ ᠴᠡᠴᠡᠷᠯᠢᠭ ᠤᠨ ᠨᠠᠰᠣᠨ ᠤ  ᠬᠡᠣᠬᠡᠳ ᠲᠤ ᠮᠣᠩᠭᠤᠯ ᠣᠬᠠᠭᠠᠨ ᠤ ᠬᠦᠮᠦᠵᠢᠯ  ︾ ᠬᠢᠬᠦ  ᠬᠤᠰᠢᠭᠤ ᠲᠠᠰ ᠤᠨ ᠰᠣᠳᠣᠯᠭᠠᠨ ᠎ ᠢ ᠬᠢᠵᠣ᠂ ᠬᠤᠶᠠᠷ ᠲᠣᠮᠳᠠ ᠠᠩᠭᠢ ᠪᠠ ᠲᠠᠪᠣᠨ ᠪᠠᠭ᠎ᠠ ᠠᠩᠭᠢ ᠶᠢᠨ ᠬᠡᠣᠬᠡᠳ ᠲᠤ︽ᠴᠡᠴᠡᠷᠯᠢᠭ᠂ ᠭᠡᠷ ᠪᠦᠯᠢ ᠬᠠᠮᠳᠣᠷᠠᠨ ᠴᠡᠴᠡᠷᠯᠢᠭ ᠤᠨ ᠨᠠᠰᠣᠨ ᠤ  ᠬᠡᠣᠬᠡᠳ ᠲᠤ ᠮᠣᠩᠭᠤᠯ ᠣᠬᠠᠭᠠᠨ ᠤ ᠬᠦᠮᠦᠵᠢᠯ︾  ᠬᠢᠬᠦ ᠠᠶᠢᠮᠠᠭ ᠲᠠᠰ ᠤᠨ ᠰᠣᠳᠣᠯᠭᠠᠨ ᠢ ᠡᠬᠢᠯᠡᠨ ᠬᠢᠵᠣ ᠪᠠᠶᠢᠨ᠎ᠠ᠃  ᠪᠢᠳᠠ ᠰᠣᠳᠣᠯᠭᠠᠨ ᠢᠶᠠᠷ ᠲᠠᠮᠵᠢᠨ ᠬᠡᠣᠬᠡᠳ ᠲᠤ ᠣᠯᠠᠮᠵᠢᠯᠠᠯᠳᠣ ᠮᠣᠩᠭᠤᠯ ᠣᠬᠠᠭᠠᠨ ᠤ ᠬᠦᠮᠦᠵᠢᠯ ᠢ ᠣᠯᠭᠤᠨ᠂ ᠭᠡᠭᠡᠭᠳᠡᠵᠣ ᠣᠷᠬᠢᠭᠳᠠᠵᠣ ᠪᠠᠶᠢᠭ᠎ᠠ ᠦᠨᠳᠣᠰᠦᠳᠡᠨ ᠤ ᠪᠠᠨ ᠰᠢᠯᠢᠳᠡᠭ ᠵᠠᠩ ᠦᠢᠯᠡ ᠶᠢ ᠮᠡᠳᠡᠬᠦᠯᠦᠨ ᠂ ᠵᠦᠢᠷ ᠦᠬᠡ  ᠰᠣᠷᠭᠠᠯ ᠦᠬᠡ ᠴᠡᠭᠡᠷ ᠦᠬᠡ ᠶᠢᠨ ᠵᠢᠭᠠᠨ ᠰᠣᠷᠭᠠᠯᠳᠠ  ᠲᠣᠮᠳᠠ ᠠᠴᠠ ᠬᠡᠣᠬᠡᠳ ᠤᠨ ᠬᠡᠯᠡ ᠶᠠᠷᠢᠶᠠᠨ ᠤ ᠪᠣᠯᠪᠠᠰᠣᠷᠠᠯ ᠢ ᠴᠢᠩᠭᠠᠳᠬᠠᠨ᠂ ᠴᠡᠭᠡᠵᠢᠯᠡᠬᠦ ᠴᠢᠳᠠᠪᠣᠷᠢ ᠶᠠᠷᠢᠵᠣ ᠢᠯᠡᠳᠬᠡᠬᠦ ᠴᠢᠳᠠᠪᠣᠷᠢ  ᠎ ᠶᠢ ᠪᠣᠯᠪᠠᠰᠣᠷᠠᠭᠤᠯᠵᠣ  ᠂ ᠬᠡᠷ ᠤᠨ ᠠᠬᠠᠮᠠᠳ ᠲᠠᠢ ᠪᠠᠨ ᠬᠠᠮᠵᠢᠯᠴᠠᠨ  ᠣᠯᠠᠮᠵᠢᠯᠠᠯᠳᠣ ᠭᠡᠷ ᠪᠦᠯᠢ ᠶᠢᠨ ᠰᠣᠷᠭᠠᠨ ᠬᠦᠮᠦᠵᠢᠯ  ᠎ ᠢ  ᠬᠡᠣᠬᠡᠳ ᠲᠡᠭᠡᠨ  ᠣᠯᠭᠤᠬᠤ ᠎ ᠶᠢ ᠵᠣᠷᠢᠵᠣ  ᠮᠣᠩᠭᠤᠯ ᠦᠬᠡ ᠬᠡᠯᠡ  ᠎ ᠲᠠᠢ᠂  ᠮᠣᠩᠭᠤᠯ ᠵᠠᠩ ᠦᠢᠯᠠ ᠲᠠᠢ᠂  ᠮᠣᠩᠭᠤᠯ ᠠᠷᠠᠨᠰᠢᠨ ᠮᠣᠩᠭᠤᠯ ᠰᠡᠳᠬᠢᠬᠦᠢ ᠎ ᠲᠠᠢ  ᠬᠦᠭᠡᠷᠦᠭᠦᠨ ᠴᠣᠪᠣᠭᠤ ᠮᠣᠩᠭᠤᠯ ᠬᠡᠣᠬᠡᠳ ᠢᠶᠠᠨ ᠦᠰᠬᠡᠨ ᠬᠦᠮᠦᠵᠢᠬᠦᠯᠬᠦ ᠪᠠᠷ ᠴᠠᠷᠮᠡᠶᠢᠨ ᠠᠵᠢᠯᠯᠠᠵᠣ ᠪᠠᠶᠢᠨ᠎ᠠ᠃
 
ᠢᠷᠡᠯᠲᠡ᠄ ᠰᠢᠯᠤᠭᠤᠨ ᠬᠥᠬᠡ ᠬᠤᠰᠢᠭᠤᠨ ᠤ ᠵᠠᠰᠠᠭ ᠤᠨ ᠣᠷᠳᠣᠨ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号