ᠰᠢᠯᠣᠭᠤᠨ ᠬᠥᠬᠡ ᠬᠤᠰᠢᠭᠤᠨ ᠤ ᠦᠬᠡᠯᠦᠨ ᠬᠡᠣᠬᠡᠳ ᠤᠨ ᠴᠡᠴᠡᠷᠯᠢᠭ ᠤᠨ ᠣᠯᠠᠮᠵᠢᠯᠠᠯᠳᠣ ᠮᠣᠩᠭᠤᠯ ᠣᠬᠠᠭᠠᠨ ᠤ ᠬᠦᠮᠦᠵᠢᠯ
ᠨᠡᠶᠢᠲᠡᠯᠡᠭᠰᠡᠨ ᠴᠠᠭ᠄
2016/7/28
      ᠮᠣᠩᠭᠤᠯ ᠦᠨᠳᠣᠰᠣᠳᠡᠨ ᠪᠣᠯ  ᠡᠷᠳᠡᠨ ᠲᠡᠭᠡᠳᠣ ᠠᠴᠠ ᠠᠪᠣᠭᠠᠳ ᠭᠡᠷᠡᠯ ᠰᠠᠴᠣᠷᠡᠩᠭᠤᠢ ᠲᠡᠣᠬᠡ  ᠰᠣᠶᠣᠯ  ᠂  ᠢᠷᠠᠭᠤ  ᠰᠠᠶᠢᠬᠠᠨ  ᠣᠯᠠᠮᠵᠢᠯᠠᠯ ᠲᠠᠢ ᠦᠨᠳᠣᠰᠦᠳᠡᠨ ᠶᠣᠮ᠃ ᠦᠨᠢ ᠣᠳᠠᠭᠠᠨ ᠠᠮᠢᠳᠣᠷᠠᠯ ᠤᠨ ᠴᠦᠷᠭᠦᠬᠡᠨ ᠠᠴᠠ ᠦᠪᠡᠷ  ᠤᠨ ᠬᠡᠰᠡᠨ ᠨᠡᠭᠦᠳᠡᠯ ᠰᠣᠶᠣᠯ ᠤᠨ ᠪᠣᠯᠪᠠᠰᠣᠨ ᠢ ᠡᠬᠦᠳᠦᠨ᠂  ᠡᠷᠳᠡᠨ ᠲᠡᠭᠡᠳᠣ ᠠᠴᠠ ᠪᠠᠨ ᠠᠬᠠᠮᠠᠳ ᠲᠣᠮᠣᠭᠠᠳᠠᠨ ᠢᠶᠠᠨ ᠬᠦᠨᠳᠦᠳᠬᠡᠨ᠂ ᠨᠢᠯᠬᠠᠰ ᠢᠶᠠᠨ ᠬᠠᠶᠢᠷᠠᠯᠠᠵᠣ᠂ ᠡᠭᠡ ᠪᠠᠶᠢᠭᠠᠯᠠᠢ ᠪᠠᠨ ᠰᠢᠳᠦᠨ  ᠂ ᠡᠶ᠎ᠡ ᠨᠠᠶᠢᠷ ᠰᠢᠯᠣᠭᠤᠨ ᠰᠢᠳᠣᠷᠭᠤ ᠶᠢ  ᠡᠷᠬᠢᠮᠯᠡᠨ ᠲᠡᠭᠡᠳᠦᠯᠡᠳᠡᠭ᠃  ᠣᠨᠴᠠᠭᠠᠶᠢᠯᠠᠨ ᠬᠡᠣᠬᠡᠳ ᠲᠡᠭᠡᠨ ᠬᠦᠮᠦᠨ ᠪᠣᠯᠬᠤ ᠶᠢᠨ ᠶᠣᠰᠣ ᠵᠦᠢ ᠶᠢ ᠴᠢᠩᠭ᠎ᠠ ᠨᠢᠮᠪᠠᠢ ᠵᠢᠭᠠᠨ᠂ ᠣᠢ ᠣᠬᠠᠭᠠᠨ ᠬᠤᠷᠴᠠ ᠰᠡᠷᠭᠦᠯᠡᠩ  ᠂ ᠦᠬᠡ  ᠶᠠᠷᠢᠶ᠎ᠠ  ᠲᠣᠳᠣ ᠪᠣᠯᠪᠠᠰᠣᠨ᠂ ᠵᠠᠩ ᠠᠭᠠᠯᠢ ᠲᠦᠪᠯᠡᠬᠦᠨ  ᠂ ᠰᠡᠳᠬᠢᠯ ᠰᠠᠨᠠᠭ᠎ᠠ ᠴᠠᠶᠢᠯᠭᠠᠨ  ᠪᠠᠶᠢᠬᠤ ᠶᠢ ᠰᠠᠨᠠᠭᠠᠴᠢᠯᠠᠨ  ᠰᠣᠷᠭᠠᠳᠠᠭ᠃  ᠡᠨᠡᠬᠦ  ᠡᠳᠦᠷ ᠲᠣᠳᠣᠮ ᠤᠨ ᠳᠣᠳᠣᠮᠳᠠᠯᠭ᠎ᠠ  ᠨᠢ ᠦᠵᠡᠬᠦ ᠳᠤ ᠬᠠᠮᠤᠭ ᠤᠨ ᠡᠩ ᠤᠨ ᠪᠣᠯᠪᠠᠴᠣ ᠬᠦᠮᠦᠨ ᠨᠡᠶᠢᠬᠡᠮ ᠤᠨ ᠠᠮᠢᠳᠣᠷᠠᠯ ᠤᠨ ᠵᠢᠮ᠎ᠠ ᠬᠠᠣᠯᠢ ᠶᠢᠨ ᠭᠤᠣᠯ ᠴᠢᠮᠦᠭᠡ ᠪᠣᠯᠬᠤ ᠰᠣᠶᠣᠯ ᠪᠣᠯᠣᠨ᠎ᠠ᠃      ᠬᠤᠳᠠᠴᠢᠯᠠᠯᠳᠠ ᠪᠠ ᠭᠦᠭᠵᠢᠯᠳᠠ ᠶᠢᠨ ᠣᠯᠠ ᠮᠦᠷ ᠢ ᠲᠠᠭᠠᠵᠣ᠂ ᠨᠡᠭᠦᠳᠡᠯ ᠮᠠᠯᠵᠢᠯ ᠰᠣᠶᠣᠯ ᠮᠢᠨᠢ ᠣᠯᠠᠮ ᠢᠶᠠᠷ ᠬᠤᠯᠠᠳᠴᠣ ᠪᠠᠶᠢᠭ᠎ᠠ ᠦᠨᠦᠭᠡᠳᠦᠷ  ᠣᠯᠠᠮᠵᠢᠯᠠᠯᠳᠣ ᠮᠣᠩᠭᠤᠯ ᠰᠣᠶᠣᠯ ᠤᠨ ᠢᠶᠠᠨ ᠣᠬᠢ ᠰᠢᠯᠢᠳᠡᠭ ᠵᠦᠢᠯᠰ ᠢ ᠦᠷ᠎ᠠ ᠬᠤᠶᠢᠴᠢᠰ ᠲᠠᠭᠠᠨ  ᠣᠯᠠᠮᠵᠢᠯᠠᠨ ᠦᠪᠯᠡᠭᠦᠯᠵᠣ᠂ ᠲᠡᠯᠡᠬᠡᠢ ᠶᠢᠨ ᠣᠯᠠᠨ ᠲᠠᠪᠰᠢᠭᠰᠠᠨ ᠦᠨᠳᠣᠰᠣᠳᠡᠨ ᠤ ᠰᠣᠶᠣᠯ ᠪᠣᠯᠪᠠᠰᠣᠨ ᠲᠠᠢ ᠮᠦᠷ ᠵᠡᠷᠬᠡᠴᠡᠨ ᠣᠷᠣᠭᠰᠢᠯᠠᠬᠤ  ᠲᠠᠷᠬᠠᠨ ᠡᠭᠦᠷᠭᠡ ᠬᠠᠷᠢᠭᠤᠴᠠᠯᠭ᠎ᠠ ᠪᠢᠳᠡᠨ ᠳᠤ ᠪᠠᠶᠢᠨ᠎ᠠ᠃ ᠲᠡᠶᠢᠨᠬᠦ ᠮᠠᠨ  ᠤ ᠦᠬᠡᠯᠦᠨ ᠬᠡᠣᠬᠡᠳ ᠤᠨ ᠴᠡᠴᠡᠷᠯᠢᠭ ᠨᠢ  ᠪᠣᠭᠤ᠂ ᠵᠢᠷᠭᠡᠭᠡ  ᠂ ᠮᠣᠩᠭᠤᠯ ᠰᠢᠳᠠᠷ᠎ᠠ  ᠵᠡᠷᠭᠡ ᠮᠣᠩᠭᠤᠯ ᠨᠠᠭᠠᠳᠣᠮ ᠲᠣᠭᠯᠠᠭᠠᠮ   ᠤᠨ ᠲᠣᠰᠬᠠᠢ ᠬᠢᠴᠢᠶᠡᠯᠡᠯᠭᠡ ᠶᠢ ᠨᠡᠭᠡᠭᠡᠵᠣ ᠬᠡᠣᠬᠡᠳ ᠲᠤ ᠵᠢᠭᠠᠨ ᠨᠠᠭᠠᠳᠣᠭᠤᠯᠵᠣ  ᠪᠠᠶᠢᠨ᠎ᠠ᠃ ᠵᠦᠢᠷ ᠦᠬᠡ  ᠣᠨᠢᠰᠤᠭ᠎ᠠ  ᠬᠤᠯᠪᠣᠭ᠎ᠠ ᠮᠠᠭᠳᠠᠭᠠᠯ ᠵᠡᠷᠭᠡ ᠬᠡᠯᠡ ᠶᠠᠷᠢᠶᠠᠨ ᠤᠨ ᠪᠣᠯᠪᠠᠰᠣᠷᠠᠯ᠂ ᠴᠡᠭᠡᠷ ᠰᠣᠷᠭᠠᠯ ᠵᠠᠩ ᠵᠠᠩᠰᠢᠯ ᠤᠨ ᠬᠦᠮᠦᠵᠢᠯ ᠪᠠ ᠮᠣᠩᠭᠤᠯ ᠣᠯᠠᠮᠵᠢᠯᠠᠯᠳᠣ ᠠᠮᠢᠳᠣᠷᠠᠯ ᠰᠣᠶᠣᠯ ᠤᠨ ᠲᠣᠬᠠᠢ ᠣᠯᠠᠮᠵᠢᠯᠠᠯᠳᠣ ᠵᠠᠩ ᠦᠢᠯᠠ ᠶᠢᠨ ᠵᠢᠭᠠᠨ ᠰᠣᠷᠭᠠᠯᠳᠠ   ᠶᠢ ᠴᠡᠴᠡᠷᠯᠢᠭ ᠤᠨ ᠢᠶᠠᠨ ᠵᠢᠭᠠᠨ ᠰᠣᠷᠭᠠᠯᠳᠠ ᠶᠢᠨ ᠬᠦᠳᠡᠯᠪᠦᠷᠢ ᠲᠣᠮᠳᠠ ᠠᠭᠤᠰᠬᠠᠨ  ᠵᠢᠭᠠᠵᠣ ᠪᠠᠶᠢᠨ᠎ᠠ᠃  2015  ᠣᠨ ᠤ 9 ᠰᠠᠷ᠎ᠠ ᠠᠴᠠ ᠬᠤᠶᠠᠷ ᠶᠡᠭᠡ ᠠᠩᠭᠢ ᠶᠢᠨ ᠬᠡᠣᠬᠡᠳ ᠲᠤ ︽ᠴᠡᠴᠡᠷᠯᠢᠭ᠂ ᠭᠡᠷ ᠪᠦᠯᠢ ᠬᠠᠮᠳᠣᠷᠠᠨ ᠴᠡᠴᠡᠷᠯᠢᠭ ᠤᠨ ᠨᠠᠰᠣᠨ ᠤ  ᠬᠡᠣᠬᠡᠳ ᠲᠤ ᠮᠣᠩᠭᠤᠯ ᠣᠬᠠᠭᠠᠨ ᠤ ᠬᠦᠮᠦᠵᠢᠯ  ︾ ᠬᠢᠬᠦ  ᠬᠤᠰᠢᠭᠤ ᠲᠠᠰ ᠤᠨ ᠰᠣᠳᠣᠯᠭᠠᠨ  ᠢ ᠬᠢᠵᠣ᠂ ᠬᠤᠶᠠᠷ ᠲᠣᠮᠳᠠ ᠠᠩᠭᠢ ᠪᠠ ᠲᠠᠪᠣᠨ ᠪᠠᠭ᠎ᠠ ᠠᠩᠭᠢ ᠶᠢᠨ ᠬᠡᠣᠬᠡᠳ ᠲᠤ︽ᠴᠡᠴᠡᠷᠯᠢᠭ᠂ ᠭᠡᠷ ᠪᠦᠯᠢ ᠬᠠᠮᠳᠣᠷᠠᠨ ᠴᠡᠴᠡᠷᠯᠢᠭ ᠤᠨ ᠨᠠᠰᠣᠨ ᠤ  ᠬᠡᠣᠬᠡᠳ ᠲᠤ ᠮᠣᠩᠭᠤᠯ ᠣᠬᠠᠭᠠᠨ ᠤ ᠬᠦᠮᠦᠵᠢᠯ︾  ᠬᠢᠬᠦ ᠠᠶᠢᠮᠠᠭ ᠲᠠᠰ ᠤᠨ ᠰᠣᠳᠣᠯᠭᠠᠨ ᠢ ᠡᠬᠢᠯᠡᠨ ᠬᠢᠵᠣ ᠪᠠᠶᠢᠨ᠎ᠠ᠃  ᠪᠢᠳᠠ ᠰᠣᠳᠣᠯᠭᠠᠨ ᠢᠶᠠᠷ ᠲᠠᠮᠵᠢᠨ ᠬᠡᠣᠬᠡᠳ ᠲᠤ ᠣᠯᠠᠮᠵᠢᠯᠠᠯᠳᠣ ᠮᠣᠩᠭᠤᠯ ᠣᠬᠠᠭᠠᠨ ᠤ ᠬᠦᠮᠦᠵᠢᠯ ᠢ ᠣᠯᠭᠤᠨ᠂ ᠭᠡᠭᠡᠭᠳᠡᠵᠣ ᠣᠷᠬᠢᠭᠳᠠᠵᠣ ᠪᠠᠶᠢᠭ᠎ᠠ ᠦᠨᠳᠣᠰᠦᠳᠡᠨ ᠤ ᠪᠠᠨ ᠰᠢᠯᠢᠳᠡᠭ ᠵᠠᠩ ᠦᠢᠯᠡ ᠶᠢ ᠮᠡᠳᠡᠬᠦᠯᠦᠨ ᠂ ᠵᠦᠢᠷ ᠦᠬᠡ  ᠰᠣᠷᠭᠠᠯ ᠦᠬᠡ ᠴᠡᠭᠡᠷ ᠦᠬᠡ ᠶᠢᠨ ᠵᠢᠭᠠᠨ ᠰᠣᠷᠭᠠᠯᠳᠠ  ᠲᠣᠮᠳᠠ ᠠᠴᠠ ᠬᠡᠣᠬᠡᠳ ᠤᠨ ᠬᠡᠯᠡ ᠶᠠᠷᠢᠶᠠᠨ ᠤ ᠪᠣᠯᠪᠠᠰᠣᠷᠠᠯ ᠢ ᠴᠢᠩᠭᠠᠳᠬᠠᠨ᠂ ᠴᠡᠭᠡᠵᠢᠯᠡᠬᠦ ᠴᠢᠳᠠᠪᠣᠷᠢ ᠶᠠᠷᠢᠵᠣ ᠢᠯᠡᠳᠬᠡᠬᠦ ᠴᠢᠳᠠᠪᠣᠷᠢ   ᠶᠢ ᠪᠣᠯᠪᠠᠰᠣᠷᠠᠭᠤᠯᠵᠣ  ᠂ ᠬᠡᠷ ᠤᠨ ᠠᠬᠠᠮᠠᠳ ᠲᠠᠢ ᠪᠠᠨ ᠬᠠᠮᠵᠢᠯᠴᠠᠨ  ᠣᠯᠠᠮᠵᠢᠯᠠᠯᠳᠣ ᠭᠡᠷ ᠪᠦᠯᠢ ᠶᠢᠨ ᠰᠣᠷᠭᠠᠨ ᠬᠦᠮᠦᠵᠢᠯ   ᠢ  ᠬᠡᠣᠬᠡᠳ ᠲᠡᠭᠡᠨ  ᠣᠯᠭᠤᠬᠤ  ᠶᠢ ᠵᠣᠷᠢᠵᠣ  ᠮᠣᠩᠭᠤᠯ ᠦᠬᠡ ᠬᠡᠯᠡ   ᠲᠠᠢ᠂  ᠮᠣᠩᠭᠤᠯ ᠵᠠᠩ ᠦᠢᠯᠠ ᠲᠠᠢ᠂  ᠮᠣᠩᠭᠤᠯ ᠠᠷᠠᠨᠰᠢᠨ ᠮᠣᠩᠭᠤᠯ ᠰᠡᠳᠬᠢᠬᠦᠢ  ᠲᠠᠢ  ᠬᠦᠭᠡᠷᠦᠭᠦᠨ ᠴᠣᠪᠣᠭᠤ ᠮᠣᠩᠭᠤᠯ ᠬᠡᠣᠬᠡᠳ ᠢᠶᠠᠨ ᠦᠰᠬᠡᠨ ᠬᠦᠮᠦᠵᠢᠬᠦᠯᠬᠦ ᠪᠠᠷ ᠴᠠᠷᠮᠡᠶᠢᠨ ᠠᠵᠢᠯᠯᠠᠵᠣ ᠪᠠᠶᠢᠨ᠎ᠠ᠃
 
ᠢᠷᠡᠯᠲᠡ᠄ ᠰᠢᠯᠤᠭᠤᠨ ᠬᠥᠬᠡ ᠬᠤᠰᠢᠭᠤᠨ ᠤ ᠵᠠᠰᠠᠭ ᠤᠨ ᠣᠷᠳᠣᠨ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号