ᠰᠢᠷᠡᠭᠡᠲᠦ ᠭᠡᠭᠡᠨ ᠤ ᠰᠤᠤᠨᠨᠠᠮ
ᠨᠡᠶᠢᠲᠡᠯᠡᠭᠰᠡᠨ ᠴᠠᠭ᠄
2016/7/29
      ᠤᠲᠤ ᠠᠴᠠ ᠵᠠᠭᠤ ᠠᠷᠪᠠᠨ ᠵᠢᠯ ᠤᠨ ᠲᠡᠷᠲᠡᠭᠡ ᠤᠰᠤᠨ ︵ᠬᠠᠷᠠᠭᠴᠢᠨ︶ ᠲᠠᠤᠯᠠᠢ ᠵᠢᠯ ︵1903 ᠤᠡ︶ ᠪᠠᠲᠠᠷᠠᠭᠤᠯᠲᠦ ᠲᠦᠷᠤ ᠶᠢᠨ ᠬᠤᠷᠢ ᠶᠢᠰᠦᠲᠦᠭᠡᠷ ᠤᠡ ᠤ ᠵᠢᠷᠭᠤᠭᠠᠨ ᠰᠠᠷ᠎ᠡ ᠳᠤ ᠬᠤᠶᠢᠨ ᠭᠤᠤᠯ ︵黑问河 ᠬᠤᠵᠢᠮ ᠨᠢ ᠲᠡᠤᠬᠡ ᠰᠤᠲᠤᠷ ᠲᠤ ᠬᠡᠶᠢᠪᠤᠡᠭ ᠭᠤᠤᠯ ᠭᠡᠵᠦ ᠲᠡᠮᠲᠡᠭᠯᠡᠭᠲᠡᠬᠦ ᠪᠤᠯᠵᠠᠢ︶᠎ ᠤᠨ ᠪᠠᠷᠠᠭᠤᠨ ᠲᠡᠨᠵᠢ — ᠬᠠᠯᠢᠭᠤᠲᠦ᠂ ᠠᠯᠲᠠᠨ ᠰᠢᠷᠡᠭᠡᠲᠦ ᠶᠢᠨ ᠰᠢᠷ᠎ᠠ ᠲᠠᠯ᠎ᠠ ᠲᠡᠭᠡᠷ᠎ᠡ ᠮᠬᠠᠵᠦ ᠴᠢᠩ ᠤᠯᠤᠰ ᠤᠨ ᠲᠦᠷᠤ ᠶᠢᠨ ᠲᠦᠷᠪᠡᠨ ᠲᠤᠮᠤ ᠬᠤᠲᠤᠠᠨᠲᠦ ᠲᠠᠯᠠᠢ ᠯᠠᠮᠠ᠂ ᠪᠠᠨᠴᠢᠠᠡᠷᠳᠡᠨᠢ᠂ ᠪᠤᠭᠲᠠ ᠵᠢᠪᠽᠦᠨᠲᠠᠮᠪᠠ᠂ ᠵᠠᠩᠭᠢᠶ᠎ᠠ ᠭᠡᠭᠡᠨ ᠷᠤᠯᠪᠢᠲᠤᠷᠵᠢ ᠨᠠᠷ ᠤᠨ ᠨᠢᠭᠡᠨ᠂ ᠤᠯᠤᠰ ᠤᠨ ᠶᠡᠭᠡ ᠪᠠᠭᠰᠢ ᠵᠠᠩᠭᠢᠶ᠎ᠠ ᠭᠡᠭᠡᠨ ᠤ ᠠᠷᠪᠠ ᠶᠢᠰᠦᠲᠦᠭᠡᠷ ᠲᠦᠷᠡᠢ ᠵᠠᠩᠭᠢᠶ᠎ᠠ ᠬᠤᠲᠤᠠᠨᠲᠦ ᠯᠤᠪᠰᠠᠩᠪᠠᠯᠲᠠᠨᠲᠠᠮᠪᠢᠵᠦᠩᠨᠠᠢ ︵1891 — 1958︶᠎ ᠶᠢᠨ ᠠᠷᠪᠠᠨ ᠭᠤᠷᠪᠠᠨ ᠨᠠᠰᠦᠨ ᠰᠡᠭᠦᠲᠡᠷ ᠵᠤᠭᠤᠠᠨᠯᠠᠵᠦ ᠠᠪᠢᠰᠢᠭ ᠲᠠᠯᠪᠢᠠᠨᠰᠠᠨ ᠳ᠋ᠡᠩᠰᠢᠭ᠋ ᠶᠡᠭᠡ ᠨᠠᠶᠢᠷ ᠢ ᠲᠤᠯᠤᠨ ᠨᠠᠭᠤᠷ ᠤᠨ ᠰᠢᠷ᠎ᠠ ᠰᠦᠮ᠎ᠡ ᠬᠡᠶᠢᠳ ᠤᠨ ᠵᠠᠩᠭᠢᠶ᠎ᠠ ᠭᠡᠭᠡᠨ ᠰᠠᠩ ᠠᠴᠠ ᠦᠪᠡᠳᠡᠭᠰᠢ ᠶᠡᠭᠡ ᠪᠠᠷ ᠬᠢᠭᠰᠡᠨ ᠪᠠᠶᠢᠨ᠎ᠠ᠃ ᠲᠤᠰ ᠨᠠᠶᠢᠷ ᠲᠤ ᠠᠷᠤ ᠲᠠᠪᠢᠨ ᠲᠤᠯᠤᠭ᠎ᠠ᠂ ᠦᠪᠦᠷ ᠲᠦᠴᠢ ᠶᠢᠰᠦ᠂ ᠴᠠᠬᠠᠷ ᠨᠠᠢᠮᠠᠨ ᠬᠤᠰᠢᠭᠤ᠂ ᠰᠦᠷᠦᠭ ᠲᠤᠯᠤᠭᠠᠨ ᠮᠠᠯ᠂ ᠲᠤᠯᠤᠨ ᠨᠠᠭᠤᠷ ᠤᠨ ᠠᠷᠪᠠᠨ ᠭᠤᠷᠪᠠᠨ ᠱᠠᠪᠢᠨᠠᠷ ᠤᠨ ᠠᠯᠲᠠᠷ ᠴᠤᠤᠲᠦ ᠪᠦᠬᠡᠴᠤᠤᠯ᠂ ᠠᠵᠢᠨᠠᠢ ᠬᠤᠷᠲᠤᠨ ᠬᠦᠯᠦᠭ ᠤᠳ ᠬᠤᠷᠠᠨ ᠴᠤᠠᠭᠯᠠᠷᠬᠠᠰᠠᠨ ᠮᠬᠠᠵᠦ ᠴᠢᠩ ᠭᠦᠷᠦᠨ ᠤ ᠦᠶ᠎ᠡ ᠳᠤ ᠦᠪᠦᠷᠯᠡᠭᠴᠢᠳ ᠤᠨ ᠲᠡᠤᠬᠡᠨ ᠳᠤ 1024 ᠪᠦᠬᠡ ᠪᠠᠷᠢᠯᠲᠤᠭᠤᠯᠤᠭᠰᠠᠨ ᠲᠤᠭᠠᠲᠠᠢ ᠲᠦᠷᠪᠡᠬᠡᠨ ᠲᠤᠮᠦ ᠨᠠᠶᠢᠷ ᠤᠨ ᠤᠳᠬᠠᠨ ᠨᠠᠶᠢᠷ ᠪᠤᠯᠤᠨ᠎ᠠ᠃     ᠡᠨᠡ ᠨᠠᠶᠢᠷ ᠤᠨ ᠲᠠᠭᠠᠭᠠᠮᠠᠯ ᠢᠶᠠᠷ ᠵᠠᠩᠭᠢᠶ᠎ᠠ ᠭᠡᠭᠡᠨ ᠰᠠᠩ ᠤᠨ ᠶᠡᠷᠦᠩᠬᠡᠢ ᠬᠠᠮᠢᠶᠠᠷᠤᠭᠴᠢ ᠴᠢᠷᠢᠨᠵᠠᠮᠰᠦ᠂ ᠶᠡᠭᠡ ᠨᠢᠷᠪᠠ ᠭᠤᠨᠴᠤᠠᠨᠰᠤᠷᠥᠩ ᠨᠠᠷ ᠠᠵᠢᠯᠯᠬᠠᠰᠠᠨ ᠪᠠᠶᠢᠨ᠎ᠠ᠃ ᠳ᠋ᠡᠩᠰᠢᠭ᠋ ᠨᠠᠶᠢᠷ ᠤᠨ ᠪᠡᠯᠡᠳᠭᠡᠯ ᠢᠶᠠᠨ ᠬᠡᠲᠦᠨ ᠵᠢᠯ ᠤᠨ ᠡᠮᠦᠨ᠎ᠡ ᠠᠴᠠ ᠬᠢᠵᠠᠢ᠃ ᠵᠦᠪᠬᠡᠨ ᠨᠠᠶᠢᠷ ᠤᠨ ᠵᠠᠷ ᠲᠠᠷᠬᠠᠭᠠᠬᠤ ᠳᠤ ᠵᠢᠯ ᠭᠠᠷᠤᠢ ᠶᠢᠨ ᠴᠠᠭ ᠬᠡᠷᠡᠭᠰᠡᠭᠰᠡᠨ ᠭᠡᠳᠡᠭ ᠪᠢᠯᠡ᠃ ᠪᠠᠲᠢᠷ ᠤᠨ ᠯᠠᠮᠠ ᠨᠠᠷ ᠡᠭᠦᠷᠭᠡ ᠡᠭᠦᠷᠴᠤ ᠵᠠᠷ ᠮᠡᠲᠡᠭᠡ ᠲᠠᠯᠪᠢᠠᠨᠰᠠᠨ ᠭᠡᠲᠡᠭ ᠶᠤᠮ᠃ ᠳ᠋ᠡᠩᠰᠢᠭ᠋ ᠨᠠᠶᠢᠷ ᠲᠤ ᠭᠠᠵᠠᠷ ᠪᠤᠯᠭᠠᠨ ᠤ ᠤᠯᠠᠨ ᠮᠢᠩᠭᠠᠨ ᠮᠦᠷᠭᠦᠯᠴᠢᠨ ᠬᠤᠷᠠᠨ ᠴᠤᠭᠯᠠᠷᠠᠠᠭᠰᠠᠨ ᠢ ︽ᠬᠡᠶᠢᠪᠦᠩ ᠤᠨ ᠨᠠᠶᠢᠷ ᠲᠤ ᠴᠤᠭᠯᠠᠷᠠᠠᠭᠰᠠᠨ ᠤᠯᠠᠨ ᠤ ᠤᠨᠤᠭ᠎ᠠ ᠮᠤᠷᠢᠳ ᠬᠡᠶᠢᠪᠦᠩ ᠭᠤᠤᠯ ᠤᠨ ᠤᠰᠤ ᠶᠢ ᠰᠢᠷᠭᠢᠭᠡᠪᠡ︾ ᠬᠡᠰᠡᠨ ᠤᠯᠠᠮᠵᠢᠯᠠᠯ ᠶᠠᠷᠢᠶᠠᠨ ᠠᠴᠠ ᠤᠶᠢᠯᠭᠠᠵᠦ ᠪᠤᠯᠤᠨ᠎ᠠ᠃ ᠪᠡᠭᠡᠵᠢᠩ ᠤᠨ ᠲᠤᠮᠤ ᠲᠤᠮᠤ ᠮᠠᠶᠢᠮᠠᠶᠢᠴᠢᠳ ᠬᠤᠶᠢᠨ᠎ᠠ ᠬᠤᠶᠢᠨ᠎ᠠ ᠠᠴᠠ ᠪᠠᠨ ᠦᠷᠢᠰᠦᠯᠳᠦᠨ ᠢᠷᠡᠵᠡᠭᠡᠵᠦ ᠠᠯᠲᠠᠨ ᠰᠢᠷᠡᠭᠡᠲᠦ ᠶᠢᠨ ᠴᠠᠭᠠᠨ ᠡᠯᠡᠰᠦ ᠶᠢ ᠲᠤᠭᠤᠷᠢᠨ ᠪᠠᠭᠤᠲᠠᠯᠯᠠᠵᠠᠭᠠᠨᠰᠠᠨ ᠢᠶᠠᠷ ᠲᠡᠷᠡ ᠴᠠᠭᠠᠨ ᠮᠠᠩᠬ᠎ᠠ ᠶᠢ ︽ᠪᠡᠭᠡᠵᠢᠩ ᠴᠠᠭᠠᠨ︾ ᠬᠡᠮᠡᠨ ᠨᠡᠷᠡᠯᠡᠭᠰᠡᠨ ᠪᠠᠶᠢᠵᠠᠢ᠃ ᠲᠤᠯᠤᠨ ᠨᠠᠭᠤᠷ ᠤᠨ ᠰᠢᠷ᠎ᠠ ᠰᠦᠮ᠎ᠡ ᠶᠢᠨ ᠵᠠᠩᠭᠢᠶ᠎ᠠ ᠭᠡᠭᠡᠨ ᠰᠠᠩ ᠠᠴᠠ ᠮᠡᠩᠵᠠ ᠪᠡᠯᠡᠳᠭᠡᠨ ᠵᠢᠷᠠᠨ ᠪᠦᠬᠡ ᠰᠤᠩᠭᠤᠨ ᠬᠤᠶᠠᠷ ᠰᠠᠷ᠎ᠠ ᠰᠤᠷᠢᠶ᠎ᠠ ᠬᠢᠵᠠᠢ᠃ ᠰᠤᠷᠢᠶᠠᠨ ᠤ ᠪᠦᠬᠡᠴᠤᠳ ᠴᠦᠮ ᠢᠶᠠᠷ ᠢᠶᠠᠨ ᠲᠤᠯᠤᠨ ᠨᠠᠭᠤᠷ ᠤᠨ ᠠᠷᠪᠠᠨ ᠭᠤᠷᠪᠠᠨ ᠱᠠᠪᠢᠨᠠᠷ᠂ ᠰᠢᠷ᠎ᠠ ᠰᠦᠮ᠎ᠡ᠂ ᠬᠦᠬᠡ ᠰᠦᠮ᠎ᠡ ᠶᠢᠨ ᠯᠠᠮᠠ ᠨᠠᠷ ᠪᠤᠯᠤᠨ᠎ᠠ᠃ ᠰᠤᠤᠨᠨᠠᠮ ᠪᠤᠯ ᠴᠠᠬᠠᠷ ᠲᠤᠯᠤᠨ ᠨᠠᠭᠤᠷ ᠤᠨ ᠠᠷᠪᠠᠨ ᠭᠤᠷᠪᠠᠨ ᠱᠠᠪᠢᠨᠠᠷ ᠤᠨ ᠰᠢᠷᠡᠭᠡᠲᠦ ᠭᠡᠭᠡᠨ ᠱᠠᠪᠢᠨᠠᠷ ᠬᠦᠮᠦᠨ᠃ ᠪᠡᠶ᠎ᠡ ᠪᠢᠯᠲᠠᠷ ᠬᠦᠲᠡᠷ ᠲᠤᠮᠤ᠂ ᠪᠷᠢᠯᠲᠤᠭ᠎ᠠ ᠰᠠᠶᠢᠲᠠᠢ ᠪᠤᠯᠬᠤᠷ ᠰᠢᠷᠡᠭᠡᠲᠦ ᠭᠡᠭᠡᠨ ᠤ ᠪᠦᠬᠡ ᠪᠤᠯᠵᠠᠢ᠃ ᠲᠤᠯᠤᠨ ᠨᠠᠭᠤᠷ ᠤᠨ ᠠᠷᠪᠠᠨ ᠭᠤᠷᠪᠠᠨ ᠱᠠᠪᠢᠨᠠᠷ ᠲᠤ ᠪᠠᠨ ︽ᠰᠤᠤᠨᠨᠠᠮ ᠤᠨ ᠤᠠᠨᠰᠠᠷᠠᠭ᠎ᠠ ᠲᠤᠯᠤᠭᠠᠨ ᠮᠡᠭᠡ︾ ᠭᠡᠵᠦ ᠠᠯᠲᠠᠷᠰᠢᠠᠨᠰᠠᠨ ᠪᠠᠶᠢᠵᠠᠢ᠃ ᠬᠡᠶᠢᠪᠦᠩ ᠤᠨ ᠰᠡᠭᠦᠯᠴᠢ ᠶᠢᠨ ᠡᠨᠡ ᠨᠠᠶᠢᠷ ᠲᠤ 1024 ᠪᠦᠬᠡ ᠪᠠᠷᠢᠯᠲᠤᠭᠤᠯᠤᠭᠰᠠᠨ ᠪᠦᠭᠡᠳ ᠪᠦᠬᠡ ᠶᠢᠨ ᠤᠨᠤᠭ᠎ᠠ ᠶᠢ ᠬᠤᠷᠯᠤ ᠵᠠᠶᠢᠰᠠᠩ ᠲᠠᠭᠠᠭᠠᠵᠦ ᠲᠤᠯᠤᠭᠠᠶᠢᠯᠠᠨ ᠭᠦᠢᠴᠳᠭᠡᠭᠰᠡᠨ ᠪᠠᠶᠢᠨ᠎ᠠ᠃     ᠰᠢᠷᠡᠭᠡᠲᠦ ᠭᠡᠭᠡᠨ ᠤ ᠪᠦᠬᠡ ᠰᠤᠤᠨᠨᠠᠮ ᠳ᠋ᠡᠩᠰᠢᠭ᠋ ᠨᠠᠶᠢᠷ ᠲᠤ ᠵᠠᠩᠭᠢᠶ᠎ᠠ ᠭᠡᠭᠡᠨ ᠯᠤᠪᠰᠠᠩᠪᠠᠯᠲᠠᠨᠲᠠᠮᠪᠢᠵᠦᠩᠨᠠᠢ ᠶᠢᠨ ᠨᠡᠷ᠎ᠡ ᠲᠡᠭᠡᠷ᠎ᠡ ᠪᠤᠰᠴᠤ ᠮᠤᠩᠭᠤᠯ ᠤᠨ ᠤᠯᠠᠨ ᠬᠤᠰᠢᠭᠤᠳ ᠠᠴᠠ ᠰᠢᠯᠭᠠᠷᠠᠨ ᠢᠷᠡᠵᠡᠭᠡᠵᠦ ᠳ᠋ᠡᠩᠰᠢᠭ᠋ ᠶᠡᠭᠡ ᠨᠠᠶᠢᠷ ᠤᠨ ᠲᠡᠷᠢᠭᠦᠨ ᠢ ᠠᠪᠤᠨ᠎ᠠ ᠭᠡᠮᠡᠨ ᠲᠡᠮᠡᠴᠡᠯᠲᠦᠭᠰᠡᠨ ᠠᠯᠲᠠᠷᠲᠤ ᠪᠦᠭᠡᠴᠤᠳ ᠢ ᠲᠠᠷᠠᠭ᠎ᠠ ᠲᠠᠷᠠᠭ᠎ᠠ ᠪᠠᠷ ᠡᠪᠦᠳᠦᠭ ᠰᠢᠷᠤᠶᠢᠲᠤᠭᠤᠯᠤᠨ ᠠᠷᠪᠠ ᠶᠢ ᠲᠠᠪᠠᠭᠠᠳ ᠲᠡᠷᠢᠭᠦᠯᠡᠨ ᠳ᠋ᠡᠩᠰᠢᠭ᠋ ᠨᠠᠶᠢᠷ ᠤᠨ ᠠᠷᠰᠯᠠᠨ ᠤ ᠪᠤᠯᠵᠤᠯ ᠬᠠᠩᠭᠠᠠᠰᠠᠨᠨ᠎ᠠ ᠵᠠᠩᠭᠢᠶ᠎ᠠ ᠭᠡᠭᠡᠨᠲᠡᠨ ︽ᠪᠦᠬᠡ ᠶᠢᠨ ᠬᠡᠶᠢᠮᠤᠷᠢ ᠰᠤᠶᠤᠷᠬ᠎ᠠ︕︾ ᠬᠡᠮᠡᠨ ᠬᠤᠷᠤᠶᠢᠯᠠᠨ ᠵᠦᠩᠨᠡᠵᠦ ᠲᠡᠭᠦᠨ ᠳᠤ ︽ᠱᠠᠵᠢᠠᠭᠡᠷᠡᠯ︾ ᠭᠡᠮᠡᠬᠦ ᠨᠡᠷ᠎ᠡ ᠬᠠᠶᠢᠷᠯᠠᠵᠦ᠂ ᠶᠢᠰᠦ ᠶᠢᠰᠦ ᠶᠢᠨ ᠨᠠᠶᠠᠨ ᠨᠢᠭᠡ ᠶᠢᠨ ᠲᠤᠮᠤ ᠬᠡᠰᠢᠭ ᠱᠠᠩ ᠬᠦᠷᠲᠡᠭᠡᠭᠰᠡᠨ ᠪᠠᠶᠢᠨᠠᠮ᠃ ᠠᠯᠲᠠᠷᠲᠦ ᠪᠦᠬᠡ ᠷᠠᠬᠤ᠂ ᠭᠡᠭᠡᠨ ᠰᠠᠩ ᠤᠨ ᠬᠦᠩᠭᠦᠭᠡᠷ ᠲᠠᠮᠷᠢᠨ᠂ ᠵᠠᠩᠭᠢᠶ᠎ᠠ ᠭᠡᠭᠡᠨ ᠱᠠᠪᠢᠨᠠᠷ ᠤᠨ ᠠᠰᠢᠠᠨᠲᠦ ᠱᠠᠳᠪᠠ᠂ ᠡᠮᠰᠢᠭᠡᠷ ᠵᠠᠮᠰᠦ᠋ᠷᠦᠩ ᠨᠠᠷ ᠰᠢᠯᠭᠠᠬᠤ ᠨᠠᠢᠮᠠ᠂ ᠲᠡᠭᠡᠲᠦ ᠲᠦᠷᠪᠡ ᠳᠤ ᠲᠡᠪᠢᠵᠡᠭᠡᠭᠰᠡᠨ ᠪᠠᠶᠢᠨ᠎ᠠ᠃ ᠡᠨᠡ ᠨᠠᠶᠢᠷ ᠲᠤ ᠲᠠᠶᠢᠫᠤᠰᠧ ᠵᠡᠭᠦᠨ ᠭᠠᠷ ᠤᠨ ᠬᠤᠰᠢᠭᠤᠨ ᠤ ᠮᠤᠲᠤᠨ ᠰᠦᠮ᠎ᠡ ᠶᠢᠨ ᠴᠠᠭᠳᠠᠷᠭᠤᠮᠪᠤ ᠶᠢᠨ ᠬᠦᠷᠡᠩ ᠮᠤᠷᠢ ᠲᠦᠷᠦᠭᠦᠯᠦᠭᠰᠡᠨ ᠪᠠᠶᠢᠨᠠᠮ᠃           ᠬᠠᠲᠠᠬᠢᠨ ᠷᠠᠰᠢᠴᠢᠷᠢᠨ ᠪᠠᠲᠦᠪᠢᠯᠢᠭ ᠤᠨ ᠨᠠᠶᠢᠷᠠᠭᠤᠯᠤᠨ ᠵᠤᠬᠢᠶᠠᠭᠰᠠᠨ ︽ᠪᠦᠬᠡ ᠡᠷᠲᠡᠨᠢ︾ ᠭᠡᠬᠦ ᠨᠤᠮ ᠠᠴᠠ ᠰᠡᠶᠢᠷᠡᠭᠦᠯᠪᠡ᠃
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号