| | ● ᠤᠷᠢᠶᠠᠩᠬᠠᠨ ᠤ · ᠶᠤᠨᠳᠤᠨ | ᠠᠭᠤᠯᠭ᠎ᠠ ᠶᠢᠨ ᠲᠤᠪᠴᠢ᠄ ᠲᠠᠯ᠎ᠠ ᠨᠤᠲᠤᠭ ᠤᠨ ᠨᠡᠭᠦᠳᠡᠯ ᠮᠠᠯᠵᠢᠯ ᠤᠨ ᠰᠤᠶᠤᠯ ᠪᠤᠯ ᠲᠡᠷᠤᠢ ᠠᠮᠢ ᠠᠬᠤᠢ ᠶᠢᠨ ᠰᠤᠶᠤᠯ | ᠮᠦᠨ᠃ ᠲᠡᠭᠦᠨ ᠤ ᠲᠤᠲᠤᠷᠠᠬᠢ ᠮᠤᠩᠭᠤᠯ ᠭᠡᠷ ᠤᠨ ᠰᠤᠶᠤᠯ ᠪᠤᠯ ᠰᠢᠯᠢᠳᠡᠭ ᠤᠯᠠᠮᠵᠢᠯᠠᠯᠳᠤ ᠭᠡᠷ ᠪᠦᠯᠢ ᠶᠢᠨ ᠬᠦᠮᠦᠵᠢᠯ | ᠮᠦᠷᠳᠡᠬᠡᠨ ᠬᠦᠮᠦᠨ ᠬᠦᠮᠦᠵᠢᠭᠦᠯᠬᠦ ᠤᠬᠠᠭᠠᠨ ᠶᠤᠮ᠃ ᠲᠡᠷᠡ ᠨᠢ ᠬᠡᠤᠬᠡᠳ ᠪᠠᠭᠠᠴᠦᠳ ᠢ ᠨᠦᠯᠦᠭᠡᠯᠡᠬᠦ ᠮᠠᠰᠢ ᠤᠯᠠᠨ | ᠡᠯᠪᠡᠭ ᠪᠠᠶᠠᠯᠢᠭ ᠲᠡᠭᠡᠳᠦ ᠲᠡᠰ ᠤᠨ ᠡᠯᠧᠮᠧᠨ᠋ᠲ ᠤᠳ ᠢ ᠠᠴᠢᠶᠠᠯᠠᠵᠦ᠂ ᠨᠡᠭᠦᠳᠡᠯ ᠮᠠᠯᠵᠢᠯ ᠤᠨ ᠲᠡᠤᠬᠡᠨ ᠲᠡᠭᠡᠷ᠎ᠡ ᠯᠤᠳᠤ ᠶᠡᠭᠡ | ᠦᠢᠯᠡᠳᠦᠯ ᠢᠶᠠᠨ ᠦᠵᠡᠭᠦᠯᠦᠭᠰᠡᠭᠡᠷ ᠢᠷᠡᠭᠰᠡᠨ ᠭᠡᠵᠦ ᠦᠵᠡᠭᠰᠡᠨ ᠪᠦᠭᠡᠳ ︽ᠦᠯᠵᠡᠶᠢᠳᠦ ᠨᠡᠭᠦᠳᠡᠯ ᠤᠨ ᠦᠵᠦᠮᠦᠴᠢᠨ︾᠂ | ︽ᠬᠡᠤᠬᠡᠳ ᠬᠦᠮᠦᠵᠢᠭᠦᠯᠬᠦ ᠮᠤᠩᠭᠤᠯ ᠤᠬᠠᠭᠠᠨ︾᠂ ︽ᠲᠤᠤᠯᠢ ᠶᠢᠨ ᠲᠠᠩᠰᠤᠭ ᠦᠵᠦᠮᠦᠴᠢᠨ︾ ᠭᠡᠬᠦ ᠭᠤᠷᠪᠠᠨ ᠪᠦᠯᠦᠭ | ᠬᠤᠪᠢᠶᠠᠵᠦ᠂ ᠮᠤᠩᠭᠤᠯ ᠭᠡᠷ ᠤᠨ ᠬᠦᠮᠦᠵᠢᠯ ᠤᠨ ᠬᠦᠮᠦᠨ ᠬᠦᠮᠦᠵᠢᠭᠦᠯᠬᠦ ᠠᠷᠭ᠎ᠠ ᠬᠡᠯᠪᠡᠷᠢ ᠶᠢ ᠪᠤᠳᠠᠳᠠᠢ ᠵᠠᠳᠠᠯᠤᠨ | ᠲᠠᠶᠢᠯᠪᠤᠷᠢᠯᠠᠵᠦ ᠤᠯᠠᠨ ᠲᠠᠯ᠎ᠠ ᠶᠢᠨ ᠠᠭᠤᠯᠭ᠎ᠠ ᠪᠠᠷ ᠢᠯᠡᠷᠡᠭᠦᠯᠦᠭᠰᠡᠨ ᠪᠠᠶᠢᠨ᠎ᠠ᠃ ᠡᠭᠦᠨ ᠢᠶᠠᠷ ᠲᠠᠮᠵᠢᠭᠤᠯᠵᠦ᠂ ᠤᠳᠤᠬᠠᠨ ᠤ | ᠨᠡᠭᠦᠳᠡᠯ ᠮᠠᠯᠵᠢᠯ ᠤᠨ ᠰᠤᠶᠤᠯ ᠢ ᠲᠦᠷᠭᠡᠨ ᠤᠰᠠᠳᠤᠯ ᠠᠴᠠ ᠠᠪᠤᠷᠠᠬᠤ ᠳᠤ ᠰᠤᠷᠭᠠᠨ ᠬᠦᠮᠦᠵᠢᠯ ᠳᠤ ᠦᠭᠡᠷᠡᠴᠢᠯᠡᠯᠳᠡ ᠬᠢᠵᠦ | ᠂ ᠭᠠᠵᠠᠷ ᠤᠷᠤᠨ ᠤ ᠰᠤᠶᠤᠯ ᠢ ᠬᠢᠴᠢᠶᠡᠯ ᠤᠨ ᠲᠢᠩᠬᠢᠮ ᠳᠤ ᠤᠷᠤᠭᠤᠯᠪᠠᠯ ᠰᠠᠶ᠋ᠢ ᠬᠤᠷᠢᠭᠯᠠᠯᠳᠠ ᠶᠢᠨ ᠴᠢᠨᠠᠷ ᠲᠠᠢ | ᠦᠢᠯᠡᠳᠦᠯ ᠭᠠᠷᠭᠠᠵᠦ ᠴᠢᠳᠠᠨ᠎ᠠ ᠭᠡᠵᠦ ᠦᠵᠡᠭᠰᠡᠨ ᠪᠠᠶᠢᠨ᠎ᠠ᠃ | ᠵᠠᠩᠬᠢᠯᠭ᠎ᠠ ᠶᠢᠨ ᠦᠭᠡ᠄ ᠮᠤᠩᠭᠤᠯ ᠭᠡᠷ ᠤᠨ ᠰᠤᠶᠤᠯ᠂ ᠰᠤᠶᠤᠯ ᠤᠨ ᠴᠢᠳᠠᠮᠵᠢ᠂ ᠬᠢᠴᠢᠶᠡᠯ ᠤᠨ ᠲᠢᠩᠬᠢᠮ | ᠡᠬᠡ ᠤᠯᠤᠰ ᠤᠨ ᠤᠮᠠᠷᠠᠳᠤ ᠬᠢᠯᠢ ᠳᠤ ᠪᠠᠶᠢᠷᠢᠯᠠᠵᠦ ᠪᠠᠶᠢᠭ᠎ᠠ ᠦᠪᠦᠷ ᠮᠤᠩᠭᠤᠯ ᠤᠨ ᠵᠡᠭᠦᠨ ᠦᠵᠦᠮᠦᠴᠢᠨ ᠬᠤᠰᠢᠭᠤ | ᠪᠤᠯ 1956 ᠤᠨ ᠳᠤ ᠪᠠᠶᠢᠭᠤᠯᠤᠭᠳᠠᠭᠰᠠᠨ ᠲᠤᠯᠤᠭᠠᠨ ᠲᠦᠮᠨ ᠭᠠᠷᠤᠢ ᠬᠦᠮᠦᠨ ᠠᠮᠠ ᠲᠠᠢ᠂ 4.7 ᠲᠦᠮᠡᠨ ᠲᠡᠭᠰᠢ | ᠲᠦᠷᠪᠡᠯᠵᠢᠨ ᠺᠢᠯᠤᠮᠧᠲᠷ ᠨᠤᠲᠤᠭ ᠲᠡᠪᠢᠰᠭᠡᠷ ᠲᠠᠢ᠂ ᠲᠤᠮᠳᠠᠳᠤ ᠮᠤᠩᠭᠤᠯ ᠬᠤᠶᠠᠷ ᠤᠯᠤᠰ ᠤᠨ ᠵᠠᠭᠠᠭ ᠭᠡᠴᠡ ᠪᠤᠯᠬᠤ | ᠮᠢᠩᠭᠠᠨ ᠭᠠᠵᠠᠷ ᠤᠨ ᠤᠷᠳᠤ ᠬᠢᠯᠢ ᠶᠢᠨ ᠱᠤᠭᠤᠮ ᠲᠠᠢ᠂ ᠪᠠᠶᠢᠭᠠᠯᠢ ᠶᠢᠨ ᠪᠡᠯᠴᠢᠭᠡᠷ ᠢᠶᠠᠨ ᠠᠰᠢᠭᠯᠠᠭᠰᠠᠨ ᠲᠠᠪᠤᠨ ᠬᠤᠰᠢᠭᠤ | ᠮᠠᠯ ᠤᠨ ᠦᠢᠯᠡᠳᠪᠦᠷᠢᠯᠡᠯ ᠡᠵᠡᠩᠨᠡᠯᠳᠡ ᠲᠠᠢ᠂ ᠦᠵᠦᠮᠦᠴᠢᠨ ᠮᠤᠩᠭᠤᠯ ᠠᠶᠢᠮᠠᠭ ᠤᠭᠰᠠᠭᠠᠳᠠᠨ ᠢᠶᠠᠷ ᠭᠤᠤᠯᠯᠠᠭᠰᠠᠨ ᠴᠤᠯ | ᠮᠠᠯᠵᠢᠬᠤ ᠬᠢᠯᠢ ᠶᠢᠨ ᠬᠤᠰᠢᠭᠤ ᠪᠤᠯᠤᠨ᠎ᠠ᠃ ᠦᠵᠦᠮᠦᠴᠢᠨ ᠮᠤᠩᠭᠤᠯᠴᠦᠳ ᠬᠡᠳᠦᠨ ᠮᠢᠩᠭᠠᠨ ᠵᠢᠯ ᠤᠨ ᠲᠤᠷᠰᠢ᠂ ᠤᠯᠠᠨ | ᠦᠶ᠎ᠡ ᠵᠠᠯᠭᠠᠮᠵᠢ ᠶᠢ ᠦᠩᠭᠡᠷᠡᠭᠡᠬᠦ ᠶᠠᠪᠤᠴᠠ ᠳᠠᠭᠠᠨ ᠠᠩ ᠠᠩᠨᠠᠯ ᠠᠴᠠ ᠮᠠᠯᠵᠢᠯ ᠢ ᠬᠦᠯᠢᠶᠡᠵᠦ᠂ ᠰᠠᠭᠤᠷᠢᠰᠢᠯ ᠮᠠᠯᠵᠢᠯ ᠠᠴᠠ | ᠲᠠᠪᠰᠢᠭᠰᠠᠨ ᠨᠡᠭᠦᠳᠡᠯ ᠮᠠᠯᠵᠢᠯ ᠢ ᠴᠤᠭᠴᠠᠯᠠᠨ ᠪᠠᠶᠢᠭᠤᠯᠵᠦ᠂ ᠤᠯᠠᠨ ᠦᠶ᠎ᠡ ᠶᠢᠨ ᠬᠦᠮᠦᠰ ᠤᠨ ᠲᠡᠤᠬᠡᠨ ᠲᠤᠷᠰᠢᠯᠭ᠎ᠠ ᠪᠠᠷ | ᠠᠮᠢ ᠠᠬᠤᠢ ᠶᠢᠨ ᠨᠡᠭᠦᠳᠡᠯ ᠮᠠᠯᠵᠢᠯ ᠤᠨ ᠰᠤᠶᠤᠯ ᠢ ᠡᠭᠦᠳᠦᠨ ᠪᠦᠳᠦᠭᠡᠭᠰᠡᠨ ᠶᠤᠮ᠂ ᠦᠵᠦᠮᠦᠴᠢᠨᠴᠦᠳ ᠨᠡᠭᠦᠳᠡᠯ | ᠮᠠᠯᠵᠢᠯ ᠤᠨ ᠤᠯᠠᠮᠵᠢᠯᠠᠯᠳᠤ ᠰᠤᠶᠤᠯ ᠢᠶᠠᠨ ᠬᠠᠮᠤᠭ ᠤᠨ ᠪᠦᠷᠢᠨ ᠪᠦᠳᠦᠨ ᠬᠠᠳᠠᠭᠠᠯᠠᠭᠰᠠᠭᠠᠷ ᠢᠷᠡᠭᠰᠡᠨ ᠡᠴᠦᠰ ᠤᠨ ᠨᠢᠭᠡᠨ | ᠨᠡᠭᠦᠳᠡᠯ ᠤᠨ ᠴᠤᠪᠤᠭ᠎ᠠ ᠦᠷᠳᠡᠭᠡ ᠪᠠᠶᠢᠭᠰᠠᠨ ᠢᠶᠠᠨ 1983 ᠤᠨ ᠬᠦᠷᠦᠭᠡᠳ ᠪᠦᠬᠦ ᠲᠠᠯ᠎ᠠ ᠪᠠᠷ ᠰᠠᠭᠤᠷᠢᠰᠢᠯ ᠮᠠᠯᠵᠢᠯ | ᠵᠦᠭ ᠰᠢᠯᠵᠢᠭᠰᠡᠨ ᠪᠠᠶᠢᠨ᠎ᠠ᠃ ᠨᠡᠭᠦᠳᠡᠯ ᠮᠠᠯᠵᠢᠯ ᠤᠨ ᠰᠤᠶᠤᠯ ᠨᠢ ᠤᠳᠤᠬᠠᠨ ᠤ ᠬᠡᠳᠦ ᠲᠦᠷᠭᠡᠨ ᠬᠦᠭᠵᠢᠯᠳᠡ ᠶᠢᠨ ᠲᠤᠮᠳᠠ | ᠮᠠᠰᠢ ᠲᠦᠷᠭᠡᠨ ᠬᠤᠷᠳᠤᠴᠠ ᠪᠠᠷ ᠵᠠᠮᠬᠠᠷᠠᠨ ᠤᠰᠠᠳᠴᠤ ᠪᠠᠶᠢᠭ᠎ᠠ ᠳᠤ ᠰᠠᠨᠠᠭᠠᠰᠢᠷᠠᠵᠦ᠂ ᠤᠳᠤᠬᠢ ᠲᠡᠯᠡᠬᠡᠢ ᠶᠢᠷᠳᠢᠨᠴᠦ ᠨᠢ | ᠠᠮᠢ ᠠᠬᠤᠢ ᠶᠢᠨ ᠴᠦᠯᠪᠡᠳ᠋ᠨᠯ ᠪᠠ ᠶᠤᠰᠤ ᠰᠤᠷᠳᠠᠬᠤᠨ ᠤ ᠲᠤᠷᠤᠶᠢᠳᠠᠯ ᠳᠤ ᠤᠴᠠᠷᠠᠵᠦ ᠪᠠᠶᠢᠭ᠎ᠠ ᠪᠠᠴᠢᠮ ᠦᠶ᠎ᠡ ᠳᠤ᠂ | ᠲᠦᠴᠢᠨ ᠵᠢᠯ ᠨᠡᠭᠦᠳᠡᠯ ᠮᠠᠯᠵᠢᠯ ᠤᠨ ᠠᠮᠢᠳᠤᠷᠠᠯ ᠢ ᠬᠢᠵᠦ ᠢᠷᠡᠭᠰᠡᠨ ᠠᠬᠠᠮᠠᠳ ᠲᠤᠮᠤᠭᠠᠳᠠᠨ ᠤ ᠬᠤᠪᠢ ᠪᠠᠷ᠂ ᠡᠨᠡ ᠬᠦ | ᠦᠷᠭᠡᠨ ᠶᠡᠭᠡ ᠲᠠᠯᠠᠢ ᠰᠤᠶᠤᠯ ᠤᠨ ᠵᠠᠬ᠎ᠠ ᠵᠤᠬ᠎ᠠ ᠠᠴᠠ ᠮᠡᠳᠡᠬᠦ ᠪᠤᠯᠬᠤᠷ ᠨᠡᠭᠦᠳᠡᠯ ᠮᠠᠯᠵᠢᠯ ᠤᠨ ᠰᠤᠶᠤᠯ ᠪᠤᠯ ᠪᠠᠶᠢᠭᠠᠯᠢ ᠠᠮᠢ | ᠠᠬᠤᠢ ᠪᠠᠨ ᠠᠰᠢᠭᠯᠠᠬᠤ ᠪᠠ ᠬᠠᠮᠠᠭᠠᠯᠠᠬᠤ ᠳᠤ ᠬᠠᠮᠤᠭ ᠤᠨ ᠪᠦᠳᠦᠮᠵᠢᠳᠡᠢ ᠬᠦᠮᠦᠨ ᠲᠦᠷᠦᠯᠬᠢᠳᠡᠨ ᠤ ᠰᠤᠩᠭᠤᠳᠠᠭ | ᠦᠢᠯᠡᠳᠪᠦᠷᠢᠯᠡᠯ ᠤᠨ ᠠᠷᠭ᠎ᠠ ᠬᠡᠯᠪᠡᠷᠢ ᠮᠦᠨ᠂ ᠨᠡᠭᠦᠳᠡᠯ ᠮᠠᠯᠵᠢᠯ ᠤᠨ ᠰᠤᠶᠤᠯ ᠪᠤᠯ ᠲᠡᠷᠡ ᠴᠢᠭ ᠢᠶᠠᠷ ᠢᠶᠠᠨ ᠠᠮᠢ | ᠠᠬᠤᠢ ᠶᠢᠨ ᠪᠤᠯᠪᠠᠰᠤᠨ ᠰᠤᠶᠤᠯ ᠮᠦᠷᠳᠡᠭᠡᠨ ᠨᠡᠭᠦᠳᠡᠯᠴᠢᠳ ᠤᠨ ᠬᠦᠮᠦᠨ ᠬᠦᠮᠦᠵᠢᠭᠦᠯᠬᠦ ᠤᠬᠠᠭᠠᠨ ᠪᠠᠶᠢᠭ᠎ᠠ ᠶᠤᠮ᠂ | ᠤᠴᠢᠷ ᠨᠢ ᠨᠡᠭᠦᠳᠡᠯ ᠮᠠᠯᠵᠢᠯ ᠤᠨ ᠦᠢᠯᠡᠳᠪᠦᠷᠢᠯᠡᠯ ᠠᠮᠢᠳᠤᠷᠠᠯ ᠨᠢ ᠮᠠᠰᠢ ᠤᠯᠠᠨ ᠡᠯᠪᠡᠭ ᠪᠠᠶᠠᠯᠢᠭ ᠬᠦᠮᠦᠨ ᠬᠦᠮᠦᠵᠢᠭᠦᠯᠬᠦ | ᠲᠡᠭᠡᠳᠦ ᠲᠠᠰ ᠤᠨ ᠡᠯᠧᠮᠧᠨ᠋ᠲ ᠤᠳ ᠠᠭᠤᠯᠠᠭᠳᠠᠵᠦ ᠪᠠᠶᠢᠬᠤ ᠲᠤᠬᠠᠢ ᠦᠵᠡᠯᠳᠡ ᠪᠠᠨ ᠶᠠᠷᠢᠰᠤᠭᠠᠢ᠄ ᠨᠡᠭᠦᠳᠡᠯ ᠮᠠᠯᠵᠢᠯ ᠤᠨ | ᠰᠤᠶᠤᠯ ᠨᠢ ᠲᠡᠩᠳᠡᠭᠦᠤ ᠠᠭᠤᠤ ᠲᠡᠯᠭᠡᠷ ᠪᠤᠯᠬᠤᠷ ᠠᠳᠡ ᠪᠢ ᠵᠦᠪᠬᠡᠨ ᠮᠤᠩᠭᠤᠯ ᠭᠡᠷ ᠤᠨ ᠰᠤᠶᠤᠯ ᠤᠨ ᠲᠤᠳᠤᠷᠠᠬᠢ ᠭᠡᠷ | ᠪᠦᠯᠢ ᠶᠢᠨ ᠬᠦᠮᠦᠵᠢᠯ ᠤᠨ ᠲᠠᠯ᠎ᠠ ᠪᠠᠷ ᠲᠡᠯᠭᠡᠵᠦ᠂ ᠬᠡᠤᠬᠡᠳ ᠢ ᠬᠠᠷᠠᠬᠠᠨ ᠪᠠᠭ᠎ᠠ ᠠᠴᠠ ᠨᠢ ᠬᠡᠷᠬᠢᠨ ᠬᠦᠮᠦᠵᠢᠭᠦᠯᠳᠡᠭ | ᠠᠶᠠᠨᠳᠠᠭᠠᠨ ᠤ ᠤᠯᠠᠮᠵᠢᠯᠠᠯᠳᠤ ᠠᠷᠭ᠎ᠠ ᠬᠡᠯᠪᠡᠷᠢ ᠠᠴᠠ ᠲᠤᠭᠠᠴᠠᠵᠦ᠂ ᠤᠳᠤᠬᠢ ᠰᠤᠷᠭᠠᠨ ᠬᠦᠮᠦᠵᠢᠯ ᠤᠨ ᠬᠦᠷᠦᠯᠴᠡᠬᠦ ᠦᠭᠡᠢ | ᠲᠠᠯ᠎ᠠ ᠶᠢ ᠨᠦᠭᠦᠪᠦᠷᠢᠯᠡᠨ ᠰᠠᠶᠢᠵᠢᠷᠠᠭᠤᠯᠵᠦ᠂ ᠠᠮᠢᠳᠤᠷᠠᠯ ᠳᠤ ᠬᠠᠮᠤᠭ ᠠᠴᠠ ᠤᠶᠢᠷᠬᠠᠨ ᠭᠠᠵᠠᠷ ᠤᠷᠤᠨ ᠤ ᠰᠤᠶᠤᠯ ᠤᠨ | ᠠᠭᠤᠯᠭ᠎ᠠ ᠢᠶᠠᠷ ᠰᠤᠷᠭᠠᠨ ᠬᠦᠮᠦᠵᠢᠯ ᠢ ᠤᠯᠠᠮ ᠪᠠᠶᠠᠯᠢᠭᠵᠢᠭᠤᠯᠪᠠᠯ ᠵᠤᠬᠢᠨ᠎ᠡ ᠭᠡᠵᠦ ᠦᠵᠡᠨ᠎ᠡ᠃ ᠲᠡᠭᠡᠪᠡᠯ ᠮᠤᠩᠭᠤᠯ ᠭᠡᠷ ᠤᠨ | ᠬᠦᠮᠦᠵᠢᠯ ᠭᠡᠵᠦ ᠶᠠᠭᠤ ᠪᠤᠢ︖ ᠭᠡᠪᠡᠯ ᠮᠠᠯᠴᠢᠳ ᠤᠨ ᠭᠡᠷ ᠪᠦᠯᠢ ᠪᠠᠷ ᠢᠶᠠᠨ ᠠᠵᠦ ᠲᠦᠷᠦᠨ ᠤᠷᠤᠨᠰᠢᠨ ᠲᠤᠭᠳᠠᠨᠢᠵᠦ᠂ | ᠬᠦᠮᠦᠵᠢᠨ ᠪᠤᠶᠢᠵᠢᠳᠠᠭ ᠪᠦᠬᠦᠢ ᠠᠮᠢᠳᠤᠷᠠᠯ ᠤᠨ ᠵᠢᠵᠢᠭ ᠤᠷᠴᠢᠨ ᠲᠤᠭᠤᠷᠢᠨ ᠳᠤ ᠶᠠᠪᠤᠭᠳᠠᠬᠤ ᠦᠢᠯᠡ ᠬᠦᠳᠡᠯᠭᠡᠭᠡᠨ ᠢ | ᠬᠡᠯᠡᠨ᠎ᠡ᠃ | ᠨᠢᠭᠡ᠂ ᠦᠯᠵᠡᠶᠢᠳᠦ ᠨᠡᠭᠦᠳᠡᠯ ᠤᠨ ᠦᠵᠦᠮᠦᠴᠢᠨ | ⒈ ᠦᠵᠦᠮᠦᠴᠢᠨ ᠨᠡᠭᠦᠳᠡᠯ ᠤᠨ ᠲᠤᠮᠤᠭ᠄ ᠡᠷᠳᠡ ᠴᠠᠭ ᠲᠤ ᠨᠢᠭᠡ ᠮᠤᠩᠭᠤᠯ ᠠᠶᠢᠯ ᠬᠡᠵᠢᠶᠡᠳᠡ ᠨᠡᠭᠦᠳᠡᠭ ᠪᠠᠶᠢᠵᠦ | ᠭᠡᠨ᠎ᠡ᠃ ᠨᠢᠭᠡᠨ ᠤᠳᠠᠭ᠎ᠠ ᠲᠦᠩᠭᠡᠵᠢ ᠪᠠᠭᠤᠭᠠᠳ ᠭᠡᠷ ᠢᠶᠠᠨ ᠪᠠᠷᠢᠵᠦ ᠪᠠᠶᠢᠬᠤᠢ ᠳᠤ ᠪᠢᠴᠢᠬᠠᠨ ᠬᠦᠤ ᠨᠢ ᠭᠦᠶᠦᠵᠦ | ᠢᠷᠡᠭᠡᠳ ᠡᠵᠢ ᠠᠴᠠ ᠪᠠᠨ᠄ ︽ᠮᠠᠨ ᠤ ᠬᠢᠨ ᠶᠠᠭᠠᠬᠢᠬᠤ ᠳᠠᠭᠠᠨ ᠦᠷᠭᠦᠯᠵᠢ ᠨᠡᠬᠦᠵᠦ ᠰᠢᠯᠵᠢᠭᠡᠳ ᠪᠠᠶᠢᠳᠠᠭ ᠪᠤᠢ︖︾ | ᠭᠡᠵᠦ ᠠᠰᠠᠭᠤᠭᠰᠠᠨ ᠳᠤ᠄ ︽ᠪᠢᠳᠡ ᠨᠢᠭᠡ ᠯᠡ ᠤᠷᠤᠨ ᠳᠤ ᠰᠠᠭᠤᠷᠢᠰᠢᠭᠠᠳ ᠨᠡᠬᠦᠬᠦ ᠦᠭᠡᠢ ᠪᠤᠯ ᠭᠠᠵᠠᠷ ᠡᠵᠢ ᠶᠢᠨ ᠪᠡᠶ᠎ᠡ | ᠰᠢᠷᠬᠠᠯᠠᠨ ᠡᠪᠡᠳᠦᠨ᠎ᠡ᠂ ᠪᠢᠳᠡ ᠦᠷᠭᠦᠯᠵᠢ ᠨᠡᠭᠦᠵᠦ ᠪᠠᠭᠤᠭᠠᠳ ᠪᠠᠶᠢᠪᠠᠯ ᠭᠠᠵᠠᠷ ᠡᠬᠡ ᠶᠢᠨ ᠴᠢᠰᠦᠨ ᠰᠤᠳᠠᠯ ᠨᠢ | ᠨᠡᠪᠳᠡᠷᠡᠵᠦ᠂ ᠬᠡᠵᠢᠶᠡᠳᠡ ᠵᠠᠯᠠᠭᠤ ᠭᠤᠶᠤᠮᠰᠤᠭ ᠢᠶᠠᠷ ᠢᠶᠠᠨ ᠪᠠᠶᠢᠳᠠᠭ ᠰᠢᠤ ᠬᠦᠤ ᠮᠢᠨᠢ᠂ ᠴᠢ ᠡᠵᠢ ᠶᠢᠨ ᠢᠶᠠᠨ ᠨᠢᠷᠤᠭᠤ | ᠵᠤ ᠶᠢ ᠢᠯᠢᠵᠦ ᠨᠤᠬᠤᠯᠤᠭᠠᠳ ᠦᠭᠭᠦᠪᠡᠯ ᠡᠵᠢ ᠶᠢᠨ ᠬᠢᠨᠢ ᠪᠡᠶ᠎ᠡ ᠠᠶᠠᠳᠠᠢ ᠪᠤᠯᠵᠦ ᠠᠮᠤᠷᠵᠢᠳᠠᠭ ᠲᠠᠢ ᠠᠳᠠᠯᠢ ᠰᠢᠳᠠ᠂ | ᠬᠡᠷᠪᠡ ᠴᠢ ᠨᠢᠭᠡ ᠯᠡ ᠭᠠᠵᠠᠷ ᠰᠢᠭᠠᠵᠦ ᠨᠤᠳᠤᠷᠠᠭᠠᠳ ᠪᠠᠶᠢᠪᠠᠯ ᠡᠵᠢ ᠶᠢᠨ ᠬᠢᠨᠢ ᠪᠡᠶ᠎ᠡ ᠲᠠᠭᠠᠳᠠᠢ ᠪᠠᠶᠢᠵᠦ ᠴᠢᠳᠠᠨ᠎ᠠ ᠤᠤ︕ | ︾ ᠭᠡᠰᠡᠨ ᠳᠤ ᠪᠢᠴᠢᠬᠠᠨ ᠬᠦᠤ ᠴᠤ ᠨᠢᠳᠦ ᠲᠤᠷᠮᠤᠯᠵᠠᠭᠤᠯᠤᠨ ᠲᠤᠯᠤᠭᠠᠢ ᠲᠤᠬᠢᠨ ᠤᠬᠠᠮᠰᠠᠷᠯᠠᠭᠰᠠᠨ ᠪᠠᠶᠢᠵᠠᠢ᠃ ᠪᠠᠰᠠ | ᠨᠢᠭᠡᠨ ᠤᠳᠠᠭ᠎ᠠ᠂ ᠠᠪᠤ ᠨᠢ ᠨᠡᠭᠦᠬᠦ ᠪᠠᠷ ᠪᠡᠯᠡᠳᠭᠡᠵᠦ ᠲᠡᠷᠭᠡ ᠪᠠᠨ ᠰᠡᠯᠪᠢᠳᠡᠭ ᠶᠤᠮ ᠪᠠᠶᠢᠨ᠎ᠠ᠂ ᠪᠢᠴᠢᠬᠠᠨ ᠬᠦᠤ ᠮᠦᠨ | ᠭᠦᠶᠦᠵᠦ ᠢᠷᠡᠭᠡᠳ ᠠᠪᠤ ᠠᠴᠠ ᠪᠠᠨ᠄ ︽ᠠᠪᠤ ᠶᠠᠭᠠᠬᠢᠬᠤ ᠳᠠᠭᠠᠨ ᠦᠷᠭᠦᠯᠵᠢ ᠲᠡᠷᠭᠡ ᠪᠠᠨ ᠱᠠᠭᠠᠨᠴᠠᠭᠯᠠᠭᠠᠳ ᠪᠠᠶᠢᠳᠠᠭ ᠪᠤᠢ | ︖︾ ᠭᠡᠬᠦ ᠳᠤ᠄ ︽ᠪᠢᠳᠡ ᠦᠷᠭᠦᠯᠵᠢ ᠲᠡᠷᠭᠡ ᠪᠠᠨ ᠵᠠᠰᠠᠬᠤ ᠦᠭᠡᠢ ᠪᠤᠯ ᠶᠠᠭᠠᠬᠢᠵᠦ ᠨᠡᠭᠦᠬᠦ ᠶᠤᠮ ᠳ᠋ᠠ︖ ᠨᠡᠭᠦᠬᠦ | ᠦᠭᠡᠢ ᠪᠤᠯ ᠭᠠᠵᠠᠷ ᠡᠬᠡ ᠶᠢᠨ ᠨᠤᠭᠤᠭᠠᠨ ᠲᠤᠷᠭᠠᠨ ᠲᠡᠪᠡᠯ ᠨᠢ ᠤᠷᠠᠭᠳᠠᠴᠢᠬᠠᠨᠠ ᠰᠢᠤ᠂ ᠡᠵᠢ ᠴᠢᠨᠢ ᠡᠮᠦᠰᠬᠦ ᠬᠤᠪᠴᠠᠰᠤ | ᠦᠭᠡᠢ ᠱᠠᠯᠳᠠᠩ ᠨᠢᠴᠦᠬᠦᠨ ᠶᠠᠪᠤᠪᠠᠯ ᠬᠦᠮᠦᠰ ᠶᠠᠭᠤ ᠭᠡᠵᠦ ᠡᠯᠡᠭᠯᠡᠬᠦ ᠪᠢᠯᠡ︖ ᠡᠶᠢᠮᠦ ᠠᠴᠠ ᠡᠪᠦᠭᠡ ᠲᠡᠭᠡᠳᠦᠰ ᠠᠴᠠ ︿ | ᠰᠠᠭᠤᠵᠦ ᠨᠤᠲᠤᠭ ᠢᠶᠠᠨ ᠤᠯᠠᠶᠢᠯᠭᠠᠬᠤ ᠪᠠᠷ ᠨᠡᠭᠦᠵᠦ ᠵᠠᠮ ᠢᠶᠠᠨ ᠤᠯᠠᠶᠢᠯᠭᠠ﹀ ᠭᠡᠵᠦ ᠠᠯᠳᠠᠨ ᠰᠤᠷᠭᠠᠯ ᠬᠠᠶᠢᠷᠠᠯᠠᠭᠰᠠᠨ | ᠶᠤᠮ᠂ ᠬᠦᠤ ᠮᠢᠨᠤ ᠬᠡᠵᠢᠶᠡᠳᠡ ᠲᠡᠷᠭᠡ ᠪᠠᠨ ᠰᠡᠯᠪᠢᠨ ᠵᠠᠰᠠᠵᠦ ᠢᠮᠠᠭᠳᠠ ᠨᠡᠭᠦᠵᠦ ᠭᠠᠵᠠᠷ ᠡᠵᠢ ᠪᠠᠨ ᠬᠠᠶᠢᠷᠠᠯᠠᠵᠦ ᠶᠠᠪᠤᠬᠤ | ᠶᠤᠮ ᠰᠢᠤ︕ ᠢᠩᠭᠢᠪᠡᠯ ᠲᠡᠭᠷᠢ ᠭᠠᠵᠠᠷ ᠲᠠᠨᠠᠷ ᠢ ᠭᠡᠵᠢᠶᠡᠳᠡ ᠢᠪᠡᠭᠡᠨ ᠲᠡᠳᠬᠦᠬᠦ ᠶᠤᠮ ᠡ︕︾ ᠭᠡᠰᠡᠨ ᠪᠠᠶᠢᠪᠠ᠃ | ⒉ ᠪᠠᠳᠮᠠᠳᠤ ᠲᠤᠭᠤᠨᠤ ᠶᠢᠨ ᠭᠡᠯᠬᠢᠶ᠎ᠡ ᠨᠡᠭᠦᠳᠡᠯᠴᠢᠨ ᠠᠶᠢᠯ ᠳᠤ ᠲᠡᠭᠦᠨ ᠳᠡᠭᠡᠨ ᠲᠤᠬᠢᠷᠠᠭᠰᠠᠨ ᠭᠡᠷ ᠤᠷᠤᠨ | ᠰᠠᠭᠤᠴᠠ᠂ ᠤᠨᠤᠯᠭ᠎ᠠ ᠬᠦᠯᠪᠦᠷᠢ᠂ ᠲᠠᠪᠤᠨ ᠬᠤᠰᠢᠭᠤ ᠮᠠᠯ᠂ ᠲᠦᠷᠪᠡᠨ ᠤᠯᠠᠷᠢᠯ ᠤᠨ ᠪᠡᠯᠴᠢᠭᠡᠷ ᠤᠰᠤᠨ ᠪᠤᠯ ᠦᠨᠳᠦᠰᠦᠨ | ᠨᠦᠬᠦᠴᠡᠯ ᠪᠤᠯᠵᠦ ᠪᠠᠶᠢᠳᠠᠭ᠃ ᠮᠤᠩᠭᠤᠯ ᠭᠡᠷ ᠪᠤᠯ ᠮᠤᠳᠤ᠂ ᠢᠰᠡᠭᠡᠢ ᠪᠠᠷ ᠭᠤᠤᠯ ᠪᠦᠳᠦᠴᠡ ᠪᠤᠯᠭᠠᠭᠰᠠᠨ ᠲᠦᠭᠦᠷᠢᠭ | ᠬᠡᠯᠪᠡᠷᠢᠳᠡᠢ᠂ ᠠᠴᠢᠵᠦ ᠲᠡᠭᠡᠬᠦ ᠳᠤ ᠬᠦᠩᠭᠡᠨ᠂ ᠪᠠᠷᠢᠵᠦ ᠪᠤᠰᠬᠠᠬᠤ ᠳᠤ ᠠᠮᠠᠷᠬᠠᠨ ᠪᠠᠶᠢᠳᠠᠭ ᠢᠶᠠᠷ ᠤᠨᠴᠠᠯᠢᠭ ᠲᠠᠢ᠂ ᠭᠡᠷ ᠤᠨ | ᠮᠤᠳᠤᠨ ᠪᠦᠳᠦᠴᠠ ᠳᠤ ᠲᠤᠭᠤᠨᠤ᠂ ᠤᠨᠢ᠂ ᠬᠠᠨ᠎ᠠ᠂ ᠬᠠᠭᠠᠯᠭ᠎ᠠ ᠪᠠᠶᠢᠵᠦ᠂ ᠢᠰᠡᠭᠡᠢ ᠪᠦᠷᠢᠶᠠᠰᠦ ᠪᠠ ᠤᠭᠤᠰᠤᠷ ᠲᠤ | ᠴᠠᠷᠪᠠᠭ᠂ ᠲᠤᠭᠤᠷᠭ᠎ᠠ᠂ ᠲᠡᠭᠡᠪᠦᠷ᠂ ᠭᠦᠯᠳᠦᠷᠭᠡ᠂ ᠡᠷᠦᠬᠡ᠂ ᠠᠮᠢ ᠤᠯᠤᠩ᠂ ᠭᠠᠳᠠᠷ ᠤᠯᠤᠩ ᠵᠡᠷᠭᠡ ᠪᠠᠷ ᠪᠦᠷᠢᠯᠳᠦᠨ᠎ᠡ᠃ | ᠲᠤᠭᠤᠨᠤ ᠪᠠᠷ ᠨᠢ ᠠᠯᠳᠠᠨ ᠨᠠᠷᠠᠨ ᠤ ᠲᠤᠶᠠᠭ᠎ᠠ ᠭᠡᠶᠢᠭᠦᠯᠵᠦ ᠭᠡᠷ ᠲᠤᠲᠤᠷ᠎ᠠ ᠰᠠᠷᠠᠭᠤᠯᠬᠠᠨ ᠬᠠᠷᠠᠭᠳᠠᠨ᠎ᠠ᠂ ᠭᠡᠷ ᠲᠤᠲᠤᠷᠠᠬᠢ | ᠲᠡᠪᠢᠰᠭᠡᠷ ᠡᠳ᠋ᠯᠡᠯ ᠳᠤ ᠲᠤᠭᠤᠷᠢᠭᠤᠯᠭ᠎ᠠ᠂ ᠦᠩᠭᠡ ᠰᠢᠷᠳᠡᠭ᠂ ᠭᠡᠪᠢᠰ᠂ ᠬᠠᠶᠠᠭ᠎ᠠ ᠰᠢᠷᠳᠡᠭ᠂ ᠠᠮᠠ ᠰᠢᠷᠳᠡᠭ ᠢ ᠲᠡᠪᠢᠰᠴᠦ᠂ | ᠬᠤᠨᠤᠵᠦ ᠰᠠᠭᠤᠬᠤ ᠳᠤ ᠨᠡᠩ ᠲᠠᠭᠠᠭᠯᠠᠮᠵᠢᠳᠠᠢ ᠪᠤᠯᠭᠠᠨ᠎ᠠ᠃ ᠰᠢᠳᠦᠭᠡᠨ ᠤ ᠵᠦᠢᠯᠡᠰ ᠲᠤ᠂ ᠦᠷᠦᠭᠡᠨ ᠤ ᠬᠤᠶᠢᠮᠤᠷ ᠳᠤ | ᠠᠮᠠ ᠠᠪᠳᠠᠷ᠎ᠠ ᠲᠠᠯᠪᠢᠵᠦ ᠲᠡᠭᠡᠷ᠎ᠡ ᠨᠢ ᠪᠤᠷᠬᠠᠨ ᠢᠶᠠᠨ ᠵᠠᠯᠠᠨ᠎ᠠ᠂ ᠪᠤᠷᠬᠠᠨ ᠰᠢᠷᠡᠭᠡᠨ ᠤ ᠪᠠᠷᠠᠭᠤᠨ ᠲᠠᠯ᠎ᠠ ᠳᠤ ᠰᠢᠷᠡᠭᠡ | ᠲᠠᠯᠪᠢᠵᠦ ᠤᠩᠭᠤᠨ ᠲᠤᠯᠭ᠎ᠠ ᠪᠠᠨ ᠲᠠᠯᠪᠢᠨ᠎ᠠ᠂ ᠭᠠᠯ ᠲᠤᠭᠤᠭᠠᠨ ᠤ ᠬᠡᠷᠡᠭᠰᠡᠯ ᠤᠨ ᠬᠤᠷᠭᠤ ᠶᠢ ᠭᠡᠷ ᠲᠤᠲᠤᠷ᠎ᠠ ᠵᠡᠭᠦᠨ | ᠲᠠᠯ᠎ᠠ ᠳᠤ ᠪᠠᠶᠢᠷᠢᠯᠠᠭᠤᠯᠳᠠᠭ᠂ ᠡᠭᠦᠨ ᠳᠤ ᠡᠷᠭᠦᠯᠭᠡ᠂ ᠲᠠᠮᠵᠢᠭᠤᠷᠭᠠ᠂ ᠠᠶᠠᠭᠠᠨ ᠬᠤᠷᠭᠤ ᠵᠡᠷᠭᠡ ᠪᠤᠢ᠂ ᠡᠷᠭᠦᠯᠭᠡ ᠲᠡᠭᠡᠷ᠎ᠡ | ᠲᠤᠭᠤᠭ᠎ᠠ᠂ ᠰᠠᠪᠠ ᠰᠠᠭᠤᠯᠭ᠎ᠠ ᠵᠡᠷᠭᠡ ᠶᠢ ᠦᠷᠦᠵᠦ᠂ ᠲᠠᠮᠵᠢᠭᠤᠷᠭᠠ ᠲᠡᠭᠡᠷ᠎ᠡ ᠨᠤᠴᠤᠭᠠᠯᠭ᠎ᠠ ᠶᠢᠨ ᠵᠦᠢᠯᠳᠡ᠂ ᠠᠶᠠᠭᠠᠨ ᠤ | ᠠᠯᠴᠢᠭᠤᠷ ᠵᠡᠷᠭᠡ ᠭᠠᠷ ᠲᠤᠤᠷ᠎ᠠ ᠵᠠᠷᠤᠬᠤ ᠶᠠᠭᠤᠮᠠᠰ ᠢ ᠲᠠᠯᠪᠢᠵᠦ᠂ ᠠᠶᠠᠭᠠᠨ ᠬᠤᠷᠭᠤ ᠳᠤ ᠠᠶᠠᠭ᠎ᠠ ᠰᠠᠪᠠᠬ᠎ᠠ ᠪᠠᠨ ᠬᠢᠨ᠎ᠡ᠃ | ᠡᠷᠡᠭᠳᠡᠶᠢᠴᠦᠳ ᠨᠢ ᠮᠠᠯ ᠰᠦᠷᠦᠭ ᠬᠠᠷᠢᠭᠤᠯᠬᠤ ᠠᠴᠠ ᠭᠡᠷ ᠤᠨ ᠭᠠᠳᠠᠨᠠᠬᠢ ᠠᠵᠢᠯ ᠶᠠᠪᠤᠳᠠᠯ ᠢ ᠭᠦᠢᠴᠳᠭᠡᠨ᠎ᠡ᠂ | ᠡᠮᠡᠭᠳᠡᠶᠢᠴᠦᠳ ᠨᠢ ᠰᠦ ᠰᠠᠭᠠᠯᠢ ᠠᠴᠠ ᠡᠬᠢᠯᠡᠭᠡᠳ ᠭᠡᠷ ᠲᠤᠲᠤᠷᠠᠬᠢ ᠠᠵᠦ ᠦᠢᠯᠡ ᠶᠢ ᠠᠮᠵᠢᠭᠤᠯᠤᠨ᠎ᠠ᠃ ᠠᠷᠭᠠᠯ ᠲᠡᠭᠦᠬᠦ | ᠪᠤᠯ ᠠᠮᠢᠳᠤᠷᠠᠯ ᠤᠨ ᠲᠤᠳᠠᠭᠳᠠᠵᠦ ᠪᠤᠯᠤᠰᠢ ᠬᠢᠳᠡᠯ᠂ ᠨᠢᠭᠡ ᠤᠳᠠᠭ᠎ᠠ ᠪᠢ᠂ ᠠᠷᠤᠭ ᠢᠶᠠᠨ ᠡᠭᠦᠷᠴᠦ ᠠᠷᠭᠠᠯ ᠢᠶᠠᠨ ᠲᠡᠭᠦᠵᠦ | ᠲᠦᠭᠦᠷᠭᠡᠭᠰᠡᠨ ᠡᠵᠢ ᠪᠠᠨ ᠦᠵᠡᠭᠡᠳ ᠲᠤᠰᠴᠤ ᠬᠦᠷᠬᠦ ᠳᠤ᠂ ︽ᠰᠡᠭᠡᠮᠡᠬᠡᠢ ᠪᠠᠨ ᠡᠭᠦᠷᠴᠦ ᠰᠡᠷᠳᠡᠩ ᠢᠶᠠᠨ ᠲᠠᠭᠠᠭᠤᠯᠤᠭᠠᠳ | ᠲᠠᠯ᠎ᠠ ᠶᠢᠨ ᠠᠳᠤᠭᠤ ᠶᠢ ᠲᠠᠰᠤ ᠬᠤᠷᠢᠶᠠᠨ᠎ᠠ᠂ ᠲᠡᠷᠡ ᠶᠠᠭᠤ ᠪᠤᠢ︖︾ ᠭᠡᠵᠦ ᠦᠪᠡᠷ ᠤᠨ ᠬᠢᠵᠦ ᠪᠠᠶᠢᠭ᠎ᠠ ᠪᠠᠨ | ᠤᠨᠢᠰᠤᠭᠴᠢᠯᠠᠨ ᠠᠰᠠᠭᠤᠬᠤ ᠳᠤ ᠪᠢ ᠰᠢᠭᠤᠳ᠄ ︽ᠠᠷᠭᠠᠯ ᠲᠡᠭᠦᠬᠦ ᠰᠢᠳᠡ︕︾ ᠭᠡᠵᠦ ᠬᠠᠷᠢᠭᠤᠯᠬᠤ ᠳᠤ᠄ ︽ᠬᠦ᠋᠂ | ᠮᠢᠨᠤ ᠬᠦᠤ ᠴᠢᠨᠢ ᠴᠡᠭᠡᠵᠢ ᠲᠠᠢ ᠪᠠᠶᠢᠨ᠎ᠠ ᠰᠢᠤ︕︾ ᠭᠡᠵᠦ ᠵᠤᠷᠢᠭᠵᠢᠭᠤᠯᠬᠤ ᠳᠤ ᠪᠢ ᠴᠤ ᠮᠠᠭᠳᠠᠭᠠᠯ ᠤᠯᠤᠭᠰᠠᠨ ᠳᠠᠭᠠᠨ | ᠪᠠᠶᠠᠰᠤᠨᠡ᠃ ᠠᠷᠭᠠᠯ ᠤᠨ ᠴᠡᠩᠭᠡᠷ ᠤᠳᠤᠭ᠎ᠠ ᠲᠤᠭᠤᠨᠤ ᠪᠠᠷ ᠪᠤᠷᠭᠢᠯᠠᠬᠤ ᠳᠤ ᠡᠵᠢ ᠮᠢᠨᠢ ᠬᠤᠭᠤᠯᠠ ᠴᠠᠢ ᠪᠠᠨ ᠬᠢᠬᠦ᠂ | ᠬᠡᠤᠬᠡᠳ ᠰᠢᠤᠬᠠᠳ ᠤᠨ ᠢᠶᠠᠨ ᠭᠦᠢᠳᠡᠨ ᠨᠤᠶᠢᠳᠡᠨ ᠢ ᠲᠤᠯᠠᠭᠠᠯᠠᠨ᠎ᠠ᠂ ᠦᠨᠡᠰᠦ ᠬᠤᠭ ᠢᠶᠠᠨ ᠬᠠᠶᠠᠵᠦ ᠭᠡᠷ ᠲᠡᠷᠬᠡ ᠪᠠᠨ | ᠴᠡᠪᠡᠷᠯᠡᠵᠦ ᠵᠠᠪᠳᠤᠭᠤᠯᠤᠨᠠ᠃ ᠵᠤᠰᠠᠯᠠᠩ ᠤᠨ ᠲᠡᠨᠵᠢᠨ ᠳᠤ ᠪᠠᠭᠤᠭᠰᠠᠭᠠᠷ ᠤᠰᠤ ᠲᠡᠭᠡᠭᠡᠬᠦ ᠶᠠᠪᠤᠳᠠᠯ ᠦᠨᠵᠢᠭᠦᠳᠡ | ᠬᠤᠨᠤᠭᠤᠳᠠ ᠳᠤ ᠶᠠᠪᠤᠭᠳᠠᠨ᠎ᠠ᠂ ᠡᠬᠡᠴᠢ ᠨᠠᠷ ᠠᠴᠠ ᠨᠤᠮᠤᠬᠠᠨ ᠲᠠᠷᠯᠠᠨ ᠪᠤᠶᠤ ᠬᠠᠷ᠎ᠠ ᠦᠬᠡᠷ ᠤᠳ ᠢᠶᠠᠨ ᠬᠦᠯᠦᠭᠡᠳ ᠡᠷᠳᠡᠨᠢ | ᠭᠤᠤᠯ ᠠᠴᠠ ᠤᠰᠤ ᠲᠡᠭᠡᠭᠡᠬᠦ ᠪᠠᠷ ᠶᠠᠪᠤᠬᠤ ᠳᠤ ᠪᠠᠮᠪᠠᠷ ᠭᠡᠭᠴᠢ ᠬᠠᠯᠳᠠᠷ ᠨᠤᠬᠠᠢ ᠪᠠ ᠵᠢᠷᠬᠢᠭᠡ ᠭᠡᠭᠴᠢ ᠰᠢᠷ᠎ᠠ ᠬᠢᠴᠢᠢ ᠨᠢ | ᠰᠡᠭᠦᠯ ᠴᠠᠭᠠᠷᠢᠭᠯᠠᠭᠤᠯᠤᠭᠰᠠᠨ ᠲᠠᠭᠠᠯᠳᠤᠵᠦ ᠡᠭᠦᠨ ᠢ ᠨᠢ ᠦᠨᠦᠷᠯᠡᠨ ᠲᠡᠭᠦᠨ ᠢ ᠨᠢ ᠰᠢᠩᠰᠢᠯᠡᠨ ᠭᠦᠶᠦᠯᠳᠦᠨ ᠪᠠᠶᠢᠳᠠᠭ᠃ | ᠴᠡᠩᠭᠡᠷ ᠶᠠᠭᠠᠨ ᠠᠯᠴᠢᠭᠤᠷ ᠢᠶᠠᠨ ᠬᠡᠶᠢᠰᠭᠡᠭᠰᠡᠨ ᠬᠡᠤᠬᠡᠨᠴᠦᠳ ︽ᠦᠷ ᠤᠨ ᠴᠤᠯᠮᠤᠨ ᠨᠢ ᠵᠡᠭᠦᠨ ᠲᠡᠭᠡᠷ᠎ᠡ ᠪᠠᠨ ᠭᠢᠯᠠᠯᠵᠠᠨ᠎ᠠ | ᠭᠦ᠋ ᠁︾ ᠭᠡᠵᠦ ᠬᠠᠩᠭᠢᠨᠠᠳᠠᠯ᠎ᠠ ᠲᠠᠭᠤᠯᠠᠬᠤ ᠳᠤ ᠨᠤᠮᠤᠬᠠᠨ ᠱᠠᠷ ᠤᠨ ᠠᠯᠬᠤᠭ᠎ᠠ ᠭᠠᠩ ᠲᠠᠢ ᠤᠰᠤᠨ ᠤ ᠴᠠᠯᠭᠢᠶᠡ ᠬᠦᠭ | ᠨᠡᠶᠢᠯᠡᠨ ᠠᠶᠢᠵᠠᠮᠳᠠᠨᠠ᠃ ᠭᠡᠷ ᠲᠤ ᠤᠷᠤᠪᠠᠯ ᠤᠶᠤᠳᠠᠯ ᠪᠠᠷᠢᠴᠢᠭᠰᠠᠨ ᠭᠠᠷ ᠤᠨ ᠤᠷᠠᠨ ᠢᠶᠠᠨ ᠭᠠᠶᠢᠬᠠᠭᠤᠯᠤᠨ᠎ᠠ᠃ ᠭᠡᠷ | ᠲᠤᠲᠤᠷ᠎ᠠ ᠪᠡᠷᠠᠭᠤᠨ ᠡᠮᠦᠨ᠎ᠡ ᠬᠦᠭᠰᠢᠨ ᠡᠵᠢ ᠮᠦᠩᠭᠦᠨ ᠪᠤᠭᠤᠷᠤᠯ ᠦᠰᠦ ᠪᠠᠨ ᠢᠯᠪᠢᠭᠰᠡᠨ ᠢᠶᠠᠨ ᠪᠠᠰᠠ ᠡᠭᠡᠷᠦᠯ ᠪᠠᠷᠢᠭᠰᠠᠨ | ᠲᠡᠮᠡᠭᠡᠨ ᠤᠩᠭᠠᠰᠤ ᠡᠭᠡᠷᠡᠨ ᠰᠠᠭᠤᠨ᠎ᠠ᠄ ︽ᠬᠢᠯᠭᠠᠰᠤ ᠤᠷᠠᠬᠤ ᠠᠵᠢᠯ ᠢ ᠬᠡᠤᠬᠡᠳ ᠤᠳ ᠢᠶᠠᠷ ᠬᠢᠯᠬᠢ᠂ ᠮᠠᠷᠭᠠᠰᠢ ᠠᠴᠠ ᠪᠢ | ᠬᠠᠨ᠎ᠠ ᠶᠢᠨ ᠤᠶᠠᠭ᠎ᠠ᠂ ᠤᠨᠢᠨ ᠤ ᠰᠡᠭᠡᠯᠳᠡᠷᠭᠡ ᠪᠠᠰᠠ ᠬᠡᠳᠦᠨ ᠲᠤᠭᠤᠯ ᠤᠨ ᠭᠦᠵᠦᠭᠦᠪᠴᠢ ᠲᠠᠮᠤᠶᠠ ᠳ᠋ᠠ︾ ᠭᠡᠵᠦ ᠪᠠᠷᠢ | ᠵᠦᠭ ᠢᠶᠠᠨ ᠬᠡᠯᠡᠨ᠎ᠡ᠂ ᠪᠠᠷᠢ᠄ ︽ᠵᠠ ᠲᠡᠭᠡ ᠡ᠂ ᠮᠠᠨ ᠤ ᠡᠵᠢ ᠵᠦᠭᠡᠷ ᠰᠠᠭᠤᠬᠤ ᠦᠭᠡᠢ ᠶᠤᠮ ᠡ︾ ᠭᠡᠵᠦ ᠭᠡᠷ ᠤᠨ | ᠵᠡᠭᠦᠨ ᠬᠤᠶᠢᠨ᠎ᠡ ᠠᠭᠠᠷᠴᠠ ᠪᠠᠷᠢᠨ ᠰᠢᠮᠳᠠᠨ᠎ᠠ᠃ ᠭᠡᠷ ᠤᠨ ᠪᠠᠷᠠᠭᠤᠨ ᠲᠠᠯ᠎ᠠ ᠪᠠᠷ ᠨᠠᠶᠢᠷᠠᠭᠰᠠᠨ ᠲᠡᠷᠭᠡᠨ ᠠᠴᠠ ᠠᠵᠢᠷᠭ᠎ᠠ | ᠮᠤᠳᠤ ᠬᠦᠯᠢᠭᠰᠡᠨ ᠡᠪᠦᠬᠡᠨ ᠠᠪᠤ ᠪᠢᠴᠢᠬᠠᠨ ᠠᠴᠢ ᠳᠠᠭᠠᠨ ᠤᠷᠭ᠎ᠠ ᠵᠠᠯᠠᠵᠦ ᠲᠡᠭᠰᠢᠯᠡᠨ᠎ᠡ᠃ ᠦᠵᠦᠮᠦᠴᠢᠨ ᠠᠶᠢᠯ ᠡᠷᠦᠬᠡ | ᠶᠡᠷᠦ ᠠᠴᠠ ᠰᠠᠭᠤᠬᠤ ᠠᠴᠠ ᠭᠡᠷ ᠤᠷᠤᠨ ᠰᠠᠭᠤᠴᠠ ᠲᠠᠢ᠂ ᠬᠠᠷᠢᠭᠤᠯᠬᠤ ᠠᠴᠠ ᠦᠪᠡᠷ ᠭᠡᠰᠡᠨ ᠮᠠᠯ ᠰᠦᠷᠤᠭ᠌ ᠲᠠᠢ᠂ | ᠨᠡᠭᠦᠬᠦ ᠠᠴᠠ ᠠᠴᠢᠯᠭ᠎ᠠ ᠬᠦᠰᠭᠡ ᠲᠠᠢ ᠪᠡᠶ᠎ᠡ ᠪᠠᠨ ᠲᠠᠭᠠᠭᠠᠭᠰᠠᠨ ᠠᠮᠢᠳᠤᠷᠠᠯᠭ᠎ᠠ ᠲᠠᠢ ᠲᠠᠯ᠎ᠠ ᠨᠤᠲᠤᠭ ᠲᠠᠭᠠᠨ | ᠲᠡᠪᠡ ᠢᠶᠠᠷ ᠢᠶᠠᠨ ᠵᠢᠷᠭᠠᠬᠤ ᠲᠠᠪᠢᠯᠠᠩ ᠲᠠᠢ ᠬᠦᠮᠦᠰ ᠡ᠂ ᠮᠠᠯ ᠲᠠᠢ ᠠᠶᠢᠯ ᠠᠮᠢᠳᠤᠷᠠᠯ ᠪᠠᠶᠠᠨ᠂ ᠮᠠᠯᠴᠢᠨ ᠬᠦᠮᠦᠨ ᠰᠡᠳᠭᠢᠯ | ᠪᠠᠶᠠᠨ ᠭᠡᠳᠡᠭ ᠦᠨᠡᠨ ᠦᠭᠡ ᠡ᠃ | ⒊ ᠲᠠᠪᠤᠨ ᠡᠷᠳᠡᠨᠢ ᠶᠢᠨ ᠦᠯᠵᠡᠶᠢᠳᠦ ᠨᠡᠭᠦᠳᠡᠯ ᠨᠠᠮᠠᠶᠢ ᠶᠢᠰᠦ ᠠᠷᠪᠠᠳᠠᠢ ᠪᠠᠶᠢᠬᠤ ᠳᠤ ᠤᠯᠠᠮᠵᠢᠯᠠᠯᠳᠤ ᠨᠡᠭᠦᠳᠡᠯ | ᠮᠠᠯᠵᠢᠯ ᠤᠨ ᠠᠷᠭ᠎ᠠ ᠬᠡᠯᠪᠡᠷᠢ ᠪᠠᠨ ᠪᠦᠷᠢᠨ ᠬᠠᠳᠠᠭᠠᠯᠠᠵᠦ ᠪᠠᠶᠢᠭᠰᠠᠨ ᠶᠤᠮ᠂ ᠬᠠᠮ᠂ ᠠᠪᠳᠠᠷ᠎ᠠ᠂ ᠢᠳᠡᠭᠡᠨ ᠤ ᠠᠪᠳᠠᠷ᠎ᠠ᠂ | ᠠᠴᠢᠶ᠎ᠠ ᠲᠡᠷᠭᠡ᠂ ᠠᠷᠭᠠᠯ ᠤᠨ ᠬᠠᠰᠢᠶ᠎ᠠ ᠲᠡᠷᠭᠡ᠂ ᠤᠰᠤᠨ ᠤ ᠭᠠᠩ ᠲᠡᠷᠭᠡ᠂ ᠬᠠᠨᠠᠨ ᠲᠡᠷᠭᠡ᠂ ᠲᠤᠭᠤᠨᠤᠨ ᠲᠡᠷᠭᠡ ᠭᠡᠳ | ᠭᠡᠷ ᠪᠦᠯᠢ ᠶᠢᠨ ᠵᠦᠭᠡᠭᠡᠪᠦᠷᠢ ᠶᠢᠨ ᠬᠡᠷᠡᠭᠰᠡᠯ ᠢᠶᠠᠨ ᠡᠳ᠋ᠯᠡᠵᠦ᠂ ᠬᠡᠵᠢᠶᠡᠳᠡ ᠪᠡᠯᠴᠢᠭᠡᠷ ᠰᠢᠯᠢᠨ ᠨᠡᠭᠦᠳᠡᠯᠯᠡᠵᠦ᠂ ᠬᠤᠨᠢ ᠪᠠᠨ | ᠬᠤᠳᠠᠯᠠᠵᠦ᠂ ᠦᠬᠡᠷ ᠢᠶᠠᠨ ᠬᠤᠷᠢᠶᠠᠨ᠂ ᠦᠨᠢᠶ᠎ᠡ ᠪᠠᠨ ᠰᠠᠭᠠᠵᠦ᠂ ᠠᠵᠦ ᠲᠦᠷᠦᠨ ᠠᠮᠢᠳᠤᠷᠠᠵᠦ ᠪᠠᠶᠢᠯ᠎ᠠ᠃ ᠪᠠᠶᠢᠩᠭᠤ | ᠨᠤᠲᠤᠭ ᠰᠢᠯᠵᠢᠵᠦ ᠨᠡᠭᠦᠭᠦ ᠪᠤᠯ ᠨᠡᠭᠦᠳᠡᠯᠴᠢᠳ ᠤᠨ ᠬᠡᠳᠦᠨ ᠮᠢᠩᠭᠠᠨ ᠵᠢᠯ ᠤᠨ ᠤᠯᠠᠮᠵᠢᠯᠠᠵᠦ ᠢᠷᠡᠭᠰᠡᠨ | ᠦᠢᠯᠡᠳᠪᠦᠷᠢᠯᠡᠯ ᠤᠨ ᠬᠠᠮᠤᠭ ᠲᠤᠬᠢᠮᠵᠢᠳᠡᠢ ᠰᠤᠩᠭᠤᠳᠠᠭ ᠮᠠᠯᠵᠢᠯ ᠤᠨ ᠠᠷᠭ᠎ᠠ ᠬᠡᠯᠪᠡᠷᠢ᠂ ᠨᠡᠭᠦᠳᠡᠯ ᠮᠠᠯᠵᠢᠯ ᠤᠨ | ᠦᠨᠳᠦᠰᠦᠨ ᠰᠠᠭᠤᠷᠢ ᠪᠤᠯ ᠲᠠᠯ᠎ᠠ ᠶᠢᠨ ᠲᠠᠪᠤᠨ ᠡᠷᠳᠡᠨᠢ ᠬᠡᠮᠡᠭᠳᠡᠭᠰᠡᠨ ᠠᠳᠤᠭᠤ᠂ ᠦᠬᠡᠷ᠂ ᠬᠤᠨᠢ ᠢᠮᠠᠭ᠎ᠠ᠂ ᠲᠡᠮᠡᠭᠡ ᠵᠡᠷᠭᠡ | ᠲᠠᠪᠤᠨ ᠬᠤᠰᠢᠭᠤ ᠮᠠᠯ ᠪᠤᠯᠤᠨ᠎ᠠ᠃ ᠲᠠᠪᠤᠨ ᠬᠤᠰᠢᠭᠤ ᠮᠠᠯ ᠨᠢ ᠬᠠᠷᠢᠯᠴᠠᠨ ᠦᠢᠯᠡᠳᠪᠦᠷᠢᠯᠡᠯ ᠤᠨ ᠲᠤᠬᠢᠷᠡᠯᠴᠠᠬᠤ | ᠨᠦᠬᠦᠴᠡᠯ ᠢ ᠪᠦᠷᠢᠯᠳᠦᠭᠦᠯᠦᠭᠰᠡᠨ ᠶᠤᠮ᠂ ᠮᠤᠷᠢ ᠪᠤᠯᠤᠨ ᠲᠡᠮᠡᠭᠡ ᠨᠢ ᠰᠦᠷᠦᠭ ᠬᠠᠷᠢᠭᠤᠯᠬᠤ ᠭᠤᠤᠯ ᠬᠦᠴᠦᠨ᠂ ᠴᠢᠮᠡᠭᠡ | ᠬᠤᠯᠪᠤᠭᠠᠨ ᠤ ᠪᠠᠭᠠᠵᠢ ᠪᠤᠯᠳᠠᠭ᠃ ᠦᠬᠡᠷ ᠨᠢ ᠴᠦᠷᠭᠦᠯᠡᠭᠡ ᠨᠡᠭᠦᠳᠡᠯ ᠤᠨ ᠭᠤᠤᠯ ᠬᠦᠴᠦᠨ ᠪᠤᠯᠵᠦ᠂ ᠲᠤᠰ ᠭᠤᠷᠪᠠᠨ | ᠪᠤᠳᠠ ᠮᠠᠯ ᠤᠨ ᠡᠬᠡ ᠮᠠᠯ ᠨᠢ ᠰᠦ ᠰᠠᠭᠠᠯᠢ ᠶᠢᠨ ᠬᠦᠨᠡᠰᠦᠨ ᠲᠡᠵᠢᠭᠡᠯ ᠢ ᠬᠠᠩᠭᠠᠨ᠎ᠠ᠂ ᠬᠤᠨᠢ ᠢᠮᠠᠭ᠎ᠠ ᠪᠤᠯ ᠭᠠᠷ | ᠲᠤᠤᠷ᠎ᠠ ᠪᠠᠨ ᠵᠠᠷᠤᠬᠤ ᠤᠯᠠᠭᠠᠨ ᠴᠠᠭᠠᠨ ᠬᠦᠨᠡᠰᠦᠨ ᠤ ᠪᠡᠯᠡᠨ ᠢᠷᠡᠯᠳᠡ ᠮᠦᠷᠳᠡᠭᠡᠨ ᠬᠤᠪᠴᠠᠰᠤ ᠬᠤᠨᠠᠷ ᠤᠨ ᠲᠦᠭᠦᠬᠡᠢ | ᠮᠠᠲ᠋ᠧᠷᠢᠶᠠᠯ ᠪᠤᠯᠳᠠᠭ᠃ ᠦᠵᠦᠮᠦᠴᠢᠨ ᠤ ᠬᠠᠭᠤᠴᠢ ᠦᠭᠡᠨ ᠳᠤ ᠨᠡᠭᠦᠬᠦ ᠠᠴᠠ ᠡᠮᠦᠨ᠎ᠡ ᠨᠤᠲᠤᠭ ᠢᠶᠠᠨ ᠰᠤᠩᠭᠤ᠂ | ᠪᠠᠭᠤᠬᠤ ᠠᠴᠠ ᠡᠮᠦᠨ᠎ᠡ ᠪᠡᠯᠴᠢᠭᠡᠷ ᠢᠶᠠᠨ ᠰᠢᠨᠵᠢ ᠭᠡᠬᠦ ᠪᠠ ᠨᠡᠬᠦᠬᠦ ᠠᠴᠠ ᠭᠡᠷ ᠲᠠᠢ ᠨᠤᠲᠤᠭᠯᠠᠬᠤ ᠠᠴᠠ ᠭᠠᠵᠠᠷ ᠲᠠᠢ | ᠭᠡᠯᠴᠡᠳᠡᠭ᠃ ᠨᠡᠭᠦᠵᠦ ᠪᠠᠭᠤᠳᠠᠯᠯᠠᠬᠤ ᠳᠠᠭᠠᠨ ᠦᠷ ᠢᠶᠠᠷ ᠬᠦᠳᠡᠯᠵᠦ ᠨᠠᠷᠠᠨ ᠢᠶᠠᠷ ᠪᠠᠭᠤᠬᠤ ᠶᠢ ᠡᠷᠬᠢᠮᠯᠡᠨ᠎ᠡ᠂ ᠡᠪᠦᠯ ᠤᠨ | ᠲᠡᠰᠬᠢᠮ᠎ᠡ ᠭᠦᠢᠳᠡᠨ ᠳᠤ ᠴᠤ ᠲᠡᠷᠡ᠂ ᠭᠡᠷ ᠢᠶᠠᠨ ᠠᠴᠢᠶᠠᠯᠠᠵᠦ ᠦᠬᠡᠷ ᠢᠶᠠᠨ ᠪᠠᠷᠢᠭᠠᠳ᠂ ᠨᠢᠯᠬ᠎ᠠ ᠬᠡᠤᠬᠡᠳ ᠰᠢᠤᠬᠠᠳ ᠢᠶᠠᠨ | ᠬᠠᠮ ᠲᠡᠷᠭᠡᠨ ᠳᠤ ᠢᠮᠠᠭᠠᠨ ᠠᠷᠠᠰᠤᠨ ᠬᠦᠨᠵᠢᠯᠡ ᠳᠤ ᠬᠤᠴᠠᠵᠦ᠂ ᠴᠤᠯᠮᠤᠨ ᠤᠳᠤᠨ ᠲᠠᠢ ᠵᠡᠷᠭᠡᠴᠡᠨ ᠬᠦᠳᠡᠯᠵᠦ ᠴᠠᠰᠤᠨ ᠤ | ᠲᠤᠮᠳᠠᠭᠤᠷ ᠵᠡᠷᠳᠡ ᠬᠢᠬᠤᠨᠠᠭᠤᠯᠤᠨ ᠨᠡᠭᠦᠨ᠎ᠡ᠂ ᠠᠷᠪᠠ ᠭᠠᠷᠤᠭᠰᠠᠨ ᠬᠦᠤᠴᠦᠳ ᠪᠤᠯ ᠨᠡᠭᠦᠳᠡᠯ ᠢᠶᠠᠨ ᠲᠠᠭᠠᠭᠤᠯᠤᠨ ᠦᠬᠡᠷ | ᠰᠦᠷᠦᠭ ᠢᠶᠠᠨ ᠬᠦᠭᠡᠭᠡᠵᠦ ᠪᠢᠷᠠᠭᠤ ᠰᠢᠳᠦᠯᠡᠩ ᠢ ᠪᠠᠷᠢᠵᠦ ᠲᠤᠩᠭᠤᠴᠠᠭᠤᠯᠤᠨ ᠤᠨᠤᠵᠦ ᠶᠠᠪᠤᠬᠤ ᠪᠠ ᠨᠤᠮᠤᠬᠠᠨ | ᠦᠨᠢᠶᠡᠳ ᠤᠨ ᠨᠢᠷᠤᠭᠤᠨ ᠲᠡᠭᠡᠷ᠎ᠡ ᠲᠤᠭᠯᠠᠩᠬᠠᠨ ᠶᠠᠪᠤᠵᠦ ᠪᠠᠶᠢᠳᠠᠭ᠃ ᠡᠪᠦᠭᠡᠳ ᠬᠤᠨᠢᠳ ᠢᠶᠠᠨ ᠠᠭᠠᠵᠢᠭᠤᠬᠠᠨ | ᠪᠡᠯᠴᠢᠭᠡᠵᠦ ᠶᠠᠪᠤᠬᠤ ᠳᠤ᠂ ᠭᠡᠷ ᠤᠨ ᠡᠵᠡᠳ ᠤᠷᠢᠳᠴᠢᠯᠠᠨ ᠨᠤᠲᠤᠭ ᠦᠵᠡᠬᠦ ᠪᠠᠷ ᠲᠠᠪᠢᠬᠢᠭᠤᠯᠤᠨᠠ᠂ ᠪᠡᠷᠢᠶᠡᠳ | ᠨᠡᠭᠦᠳᠡᠯ ᠢᠶᠠᠨ ᠭᠠᠷᠯᠠᠨ ᠡᠮᠡᠭᠡᠳ ᠠᠴᠢᠶᠠᠨ ᠤ ᠰᠡᠭᠦᠯ ᠳᠤ ᠬᠤᠶᠠᠷ ᠭᠤᠷᠪᠠᠨ ᠲᠡᠷᠭᠡᠨ ᠤ ᠴᠦᠷᠭᠦᠯᠡᠭᠡ ᠲᠠᠢ ᠶᠡᠭᠡ | ᠨᠡᠭᠦᠳᠡᠯ ᠢᠶᠠᠨ ᠬᠠᠷᠠᠵᠦ ᠶᠠᠪᠤᠨ᠎ᠠ᠃ ᠬᠦᠭᠰᠢᠨ ᠨᠤᠬᠠᠳ ᠠᠴᠢᠶ᠎ᠠ ᠲᠠᠭᠠᠨ ᠲᠤᠩᠰᠢᠬᠤ ᠳᠤ ᠵᠠᠯᠠᠭᠤ ᠨᠤᠬᠠᠳ ᠭᠡᠷ ᠤᠨ | ᠡᠵᠡᠨ ᠢ ᠪᠤᠷᠪᠢᠳᠤᠨ ᠶᠠᠮᠠᠷ ᠨᠢᠭᠡᠨ ᠠᠮᠢᠳᠠᠨ ᠬᠦᠷᠦᠭᠡᠰᠦ ᠲᠠᠭᠠᠷᠠᠬᠤᠢ ᠭᠡᠵᠦ ᠮᠦᠷ ᠰᠢᠩᠰᠢᠯᠠᠬᠦ ᠪᠤᠶᠤ ᠬᠠᠶᠠ ᠠᠯᠤᠰ ᠢ | ᠰᠤᠨᠤᠷᠳᠠᠨ᠎ᠠ᠃ ᠨᠠᠷᠠᠨ ᠤ ᠡᠷᠳᠡ ᠪᠠᠷ ᠪᠠᠭᠤᠭᠰᠠᠨ ᠠᠶᠢᠯ ᠤᠨ ᠠᠷᠭᠠᠯ ᠤᠨ ᠤᠳᠤᠭ᠎ᠠ ᠰᠤᠭᠤᠨᠤᠭᠯᠠᠩᠬᠠᠨ ᠪᠠᠶᠢᠵᠦ ᠬᠡᠵᠢᠶ᠎ᠡ | ᠪᠠᠭᠤᠭᠰᠠᠨ ᠶᠤᠮ ᠭᠡᠮᠡᠷ ᠪᠠᠶᠢᠳᠠᠭ᠂ ᠤᠨᠢᠨ ᠲᠤᠯᠤᠭᠠᠢ ᠳᠤ ᠨᠠᠷᠠ ᠲᠤᠰᠬᠤ ᠳᠤ ᠪᠠᠭᠤᠭᠰᠠᠨ ᠠᠶᠢᠯ ᠤᠨ ᠡᠳᠦᠷ ᠤᠨ ᠠᠵᠢᠯ | ᠠᠮᠵᠢᠭᠤᠷᠳᠠᠢ᠂ ᠠᠷᠭᠠᠯ ᠲᠦᠯᠡᠰᠢ ᠤᠪᠤᠭᠠᠯᠠᠬᠤ᠂ ᠬᠤᠳᠠ ᠬᠤᠷᠤᠭ᠎ᠠ ᠪᠠᠨ ᠮᠠᠯᠳᠠᠵᠦ ᠪᠠᠷᠢᠬᠤ ᠠᠵᠢᠯ ᠢᠶᠠᠨ ᠡᠷᠳᠡ | ᠲᠠᠭᠤᠰᠬᠠᠳᠠᠭ ᠠᠵᠠᠢ᠃ ᠨᠡᠭᠦᠳᠡᠯ ᠶᠡᠭᠡ ᠬᠢᠳᠡᠭ ᠪᠠᠶᠠᠯᠢᠭ ᠠᠶᠢᠯ ᠤᠳ ᠦᠬᠡᠷ ᠰᠦᠷᠦᠭ ᠢᠶᠠᠨ ᠦᠰᠭᠡᠬᠦ ᠶᠢ ᠠᠩᠬᠠᠷᠬᠤ | ᠮᠦᠷᠳᠡᠭᠡᠨ ᠠᠷᠠᠯ ᠤᠨ ᠱᠠᠷ ᠰᠤᠷᠭᠠᠬᠤ ᠶᠢ ᠴᠢᠬᠤᠯᠠᠴᠢᠯᠠᠨ᠎ᠡ᠂ ᠰᠤᠷᠭᠠᠨ ᠤ ᠭᠤᠨ᠎ᠠ ᠲᠠᠢ ᠪᠠᠨ ᠬᠤᠷᠢᠭᠠᠳ ᠬᠦᠯᠪᠦᠷᠢ ᠶᠢᠨ | ᠱᠠᠷ ᠶᠢ ᠡᠵᠡᠮᠰᠢᠵᠦ᠂ ᠨᠡᠭᠦᠳᠡᠯᠯᠡᠬᠦ ᠳᠤ ᠲᠤᠩ ᠠᠰᠢᠭᠳᠠᠢ ᠠᠯᠤᠰ ᠤᠨ ᠨᠡᠭᠦᠳᠡᠯ ᠬᠢᠬᠦ ᠳᠤ ᠴᠤ ᠲᠦᠭᠦᠮ ᠪᠠᠶᠢᠳᠠᠭ᠃ | ᠦᠬᠡᠷ ᠢ ᠰᠢᠳᠦᠯᠡᠩ ᠬᠢᠵᠠᠯᠠᠩ ᠳᠤᠨᠢ ᠤᠶᠠᠵᠤ᠂ ᠬᠦᠯᠦᠵᠦ ᠰᠤᠷᠭᠠᠳᠠᠭ᠂ ᠦᠬᠡᠷ ᠢ ᠬᠦᠯᠦᠵᠦ ᠰᠣᠷᠭᠠᠬᠤ ᠳᠠᠭᠠᠨ ᠪᠠᠷᠢᠵᠦ | ᠤᠶᠠᠬᠤ᠂ ᠳᠠᠭᠤ ᠪᠠᠨ ᠳᠠᠨᠢᠭᠤᠯᠬᠤ᠂ ᠠᠷᠭᠠᠳᠠᠵᠤ ᠵᠦᠭᠡᠯᠡᠯᠡᠬᠦ᠂ ᠭᠦᠲᠦᠯᠵᠦ ᠰᠣᠷᠭᠠᠬᠤ᠂ ᠬᠠᠩᠭᠠᠢ ᠲᠡᠷᠭᠡ ᠴᠢᠷᠦᠭᠦᠯᠬᠦ᠂ | ᠬᠦᠩᠭᠡᠨ ᠠᠴᠢᠶᠠᠨ ᠳᠤ ᠬᠦᠯᠦᠬᠦ ᠵᠡᠷᠭᠡ ᠦᠢᠯᠡ ᠬᠦᠳᠡᠯᠭᠡᠭᠡᠨ ᠤ ᠳᠠᠷᠠᠭᠠᠯᠠᠯ ᠢᠶᠠᠷ ᠬᠦᠯᠦᠵᠦ ᠰᠣᠷᠭᠠᠨ᠂ ᠡᠳ᠋ᠯᠡᠭᠡᠨ ᠳᠤ | ᠤᠷᠤᠭᠤᠯᠳᠠᠭ᠃ ᠡᠭᠦᠨ ᠳᠤ ᠤᠶᠠᠵᠤ ᠬᠦᠩᠭᠡᠷᠡᠭᠦᠯᠬᠦ ᠪᠠᠷ ᠭᠤᠤᠯ ᠪᠤᠯᠭᠠᠳᠠᠭ ᠪᠦᠭᠡᠳ ᠤᠯᠠᠩᠬᠢ ᠳᠠᠭᠠᠨ ᠬᠠᠪᠤᠷ ᠨᠠᠮᠤᠷ ᠤᠨ | ᠤᠯᠠᠷᠢᠯ ᠤᠨ ᠰᠠᠶᠢᠬᠠᠨ ᠳᠤ ᠰᠤᠷᠭᠠᠳᠠᠭ᠃ | ᠬᠤᠶᠠᠷ᠂ ᠬᠡᠤᠬᠡᠳ ᠬᠦᠮᠦᠵᠢᠭᠦᠯᠬᠦ ᠮᠤᠩᠭᠤᠯ ᠤᠬᠠᠭᠠᠨ | ⑴ ᠬᠤᠷᠸ᠎ᠠ ᠤᠶᠠᠷᠠᠭᠠᠬᠤ ᠪᠦᠤᠪᠡᠢ ᠶᠢᠨ ᠲᠠᠭᠤᠨ ᠦᠵᠦᠮᠦᠴᠢᠨᠴᠤᠳ᠂ ᠦᠷ᠎ᠡ ᠬᠤᠶᠢᠴᠢᠰ ᠢᠶᠠᠨ ᠬᠠᠷᠠᠬᠠᠨ | ᠪᠠᠭ᠎ᠠ ᠠᠴᠠ ᠨᠢ ᠭᠡᠷ ᠤᠨ ᠬᠦᠮᠦᠵᠢᠯ᠂ ᠨᠡᠶᠢᠭᠡᠮ ᠨᠡᠶᠢᠳᠡ ᠶᠢᠨ ᠵᠢᠷᠤᠮᠵᠢᠭᠤᠯᠬᠤ ᠶᠤᠰᠤ ᠴᠡᠭᠡᠷ ᠢᠶᠠᠷ ᠬᠦᠮᠦᠵᠢᠭᠦᠯᠦᠨ | ᠠᠩᠬᠠᠷᠤᠭᠤᠯᠬᠤ ᠰᠠᠶᠢᠬᠠᠨ ᠤᠯᠠᠮᠵᠢᠯᠠᠯ ᠲᠠᠢ᠃ ᠡᠴᠢᠭᠡ ᠡᠬᠡ ᠪᠤᠯᠤᠭᠰᠠᠳ ︽ᠬᠦᠮᠦᠨ ᠪᠤᠯᠬᠤ ᠪᠠᠭ᠎ᠠ ᠠᠴᠠ ᠪᠠᠨ᠂ ᠬᠦᠯᠦᠭ | ᠪᠤᠯᠬᠤ ᠤᠨᠠᠭ᠎ᠠ ᠠᠴᠠ ᠪᠠᠨ︾ ᠭᠡᠵᠦ ᠤᠷᠢᠳ ᠢᠶᠠᠷ ᠭᠡᠷ ᠪᠦᠯᠢ ᠶᠢᠨ ᠬᠡᠪ ᠲᠠᠭᠤᠷᠢᠶᠠᠯ ᠢ ᠪᠤᠢ ᠪᠤᠯᠭᠠᠵᠦ᠂ ᠬᠡᠤᠬᠡᠳ ᠢ | ᠤᠯᠠᠭᠠᠨ ᠨᠢᠯᠬ᠎ᠠ ᠠᠴᠠ ᠨᠢ ︽ᠪᠦᠤᠪᠠᠢ ᠶᠢᠨ ᠲᠠᠭᠤᠤ︾ ᠶᠢᠨ ᠤᠶᠠᠷᠠᠭᠤᠨ ᠠᠶᠠᠯᠠᠭᠤ ᠪᠠᠷ ᠠᠷᠭᠠᠳᠠᠨ᠂ ᠵᠦᠭᠡᠯᠡᠨ | ᠬᠦᠳᠡᠯᠭᠡᠭᠡᠨ ᠢᠶᠠᠷ ᠰᠠᠭᠠᠳᠠᠭᠤᠯᠵᠦ᠂ ᠬᠡᠤᠬᠡᠳ ᠲᠤ ᠠᠮᠤᠷ ᠵᠢᠷᠭᠠᠯᠠᠩ ᠲᠠᠢ ᠪᠠᠶᠢᠬᠤ ᠨᠦᠯᠦᠭᠡ ᠶᠢ ᠦᠭᠭᠦᠭᠰᠡᠭᠡᠷ ᠰᠠᠨᠠᠭ᠎ᠠ | ᠠᠮᠤᠷ ᠤᠨᠳᠠᠭᠤᠯᠳᠠᠭ᠃ ᠬᠡᠤᠬᠡᠳ ᠢ ᠤᠬᠠᠭ᠎ᠠ ᠤᠷᠤᠬᠤ ᠠᠴᠠ ᠡᠬᠢᠯᠡᠵᠦ᠂ ᠭᠡᠷ ᠤᠨ ᠲᠤᠮᠤᠴᠤᠳ ᠨᠢ ᠬᠡᠤᠬᠡᠳ ᠤᠨ | ᠲᠡᠷᠬᠡᠳᠡ ᠵᠦᠭᠡᠯᠡᠨ ᠲᠠᠭᠤᠨ ᠢᠶᠠᠷ ᠶᠠᠷᠢᠯᠴᠠᠬᠤ ᠠᠴᠠ ᠪᠢᠰᠢ ᠦᠨᠳᠦᠷ ᠲᠠᠭᠤᠨ ᠢᠶᠠᠷ ᠬᠡᠷᠡᠯᠳᠦᠬᠦ᠂ ᠬᠠᠷᠢᠶᠠᠯᠴᠠᠬᠤ᠂ | ᠵᠤᠳᠤᠯᠳᠤᠬᠤ ᠶᠢ ᠴᠢᠩᠭ᠎ᠠ ᠴᠡᠭᠡᠷᠯᠡᠵᠦ᠂ ᠲᠡᠶᠢᠮᠦ ᠬᠠᠷᠭᠢᠰ ᠲᠤᠭᠰᠢᠨ ᠲᠦᠷᠢ ᠶᠢ ᠦᠵᠡᠭᠦᠯᠬᠦ ᠦᠭᠡᠢ ᠵᠠᠩᠰᠢᠯ ᠲᠠᠢ᠃ ᠨᠡᠩ | ᠨᠠᠰᠤᠳᠠᠨ ᠪᠤᠭᠤᠷᠤᠯ ᠲᠠᠢ ᠠᠶᠢᠯ ᠡᠷᠦᠬᠡ ᠶᠢᠨ ᠭᠡᠷ ᠤᠨ ᠰᠤᠷᠭᠠᠯ ᠴᠢᠩᠭ᠎ᠠ ᠪᠠᠶᠢᠳᠠᠭ᠃ ᠬᠡᠤᠬᠡᠳ ᠢ ᠬᠠᠶᠢᠷᠠᠯᠠᠨ ᠦᠰᠭᠡᠬᠦ | ᠪᠤᠯᠪᠠᠴᠤ ᠡᠷᠬᠡᠯᠡᠭᠦᠯᠦᠨ ᠲᠤᠷ᠎ᠠ ᠪᠠᠷ ᠨᠢ ᠲᠠᠯᠪᠢᠳᠠᠭ ᠦᠭᠡᠢ᠂ ᠬᠡᠤᠬᠡᠳ ᠲᠡᠩᠳᠡᠭᠦᠤ ᠡᠷᠬᠡᠯᠡᠨ ᠠᠭᠠᠰᠢᠯᠠᠬᠤ ᠭᠡᠪᠡᠯ ᠪᠦᠳᠦᠭᠦᠨ | ᠲᠠᠭᠤᠨ ᠢᠶᠠᠷ ᠵᠠᠩᠨᠠᠵᠦ ᠲᠡᠭᠡᠵᠦ ᠪᠤᠯᠬᠤ ᠦᠭᠡᠢ ᠪᠠᠨ ᠮᠡᠳᠡᠭᠳᠡᠬᠦ ᠳᠤ ᠬᠡᠤᠬᠡᠳ ᠲᠡᠷᠡ ᠶᠡᠭᠡ ᠲᠠᠭᠤᠨ ᠢ ᠰᠤᠨᠤᠰᠤᠭᠰᠠᠨ | ᠦᠭᠡᠢ ᠤᠴᠢᠷ ᠶᠡᠭᠡ ᠪᠠᠷ ᠠᠶᠤᠵᠦ ᠠᠭᠠᠰᠢᠯᠠᠬᠤ ᠪᠠᠨ ᠪᠤᠯᠢᠳᠠᠭ᠂ ᠦᠵᠦᠮᠦᠴᠢᠨᠴᠤᠳ ᠶᠡᠷᠦ ᠨᠢ ᠠᠭᠤᠷ ᠬᠦᠷᠪᠡᠴᠤ | ᠵᠤᠳᠤᠯᠳ᠋ᠨᠬᠤ ᠵᠤᠷᠢᠭ ᠦᠭᠡᠢ᠃ ︽ᠬᠠᠮᠪᠠᠷᠤᠮ︾ ᠠᠴᠠ ᠤᠨᠳᠤᠤ ᠬᠠᠷᠢᠶᠠᠯ ᠮᠡᠳᠡᠬᠦ ᠦᠭᠡᠢ ᠪᠠᠶᠢᠳᠠᠭ ᠨᠢ ᠲᠡᠷᠡ ᠪᠢᠯᠡ᠃ | ᠪᠤᠭᠤᠷᠤᠯ ᠨᠠᠰᠤᠳᠠᠳ ᠠᠴᠠ ᠤᠷᠤᠢ ᠪᠤᠯᠬᠤ ᠳᠤ ᠬᠡᠤᠬᠡᠳ ᠠᠴᠢ ᠨᠠᠷ ᠲᠠᠭᠠᠨ ᠬᠤᠨᠤᠴᠢ ᠬᠡᠤᠬᠡᠳ ᠲᠤ ︽ᠮᠠᠩᠭᠤᠰ ᠢ | ᠲᠠᠷᠤᠭᠰᠠᠨ ᠪᠠᠭᠠᠳᠤᠷ ᠤᠨ ᠦᠯᠢᠭᠡᠷ︾ ᠢ ᠭᠤᠤᠯᠳᠠᠭᠤ ᠶᠠᠷᠢᠵᠦ᠂ ᠳᠡᠳᠡᠨ ᠳᠤ ᠪᠠᠭᠠᠳᠤᠷᠯᠢᠭ ᠰᠦᠰᠦ ᠵᠤᠷᠢᠭ ᠲᠠᠢ ᠪᠤᠯᠬᠤ | ᠪᠠ ᠰᠠᠶᠢᠨ ᠮᠠᠭᠤ᠂ ᠰᠠᠶᠢᠬᠠᠨ ᠮᠠᠭᠤᠬᠠᠢ ᠶᠢ ᠢᠯᠭᠠᠬᠤ ᠴᠢᠳᠠᠪᠤᠷᠢ ᠲᠠᠢ ᠪᠤᠯᠬᠤ ᠶᠢ ᠵᠤᠷᠢᠳᠠᠭ᠃ ᠪᠠᠰᠠ ᠬᠤᠨᠤᠴᠢ ᠬᠦᠮᠦᠨ | ᠬᠤᠶᠠᠷ ᠦᠯᠢᠭᠡᠷ ᠬᠤᠷᠢᠨ ᠤᠨᠢᠰᠤᠭ᠎ᠠ ᠬᠡᠯᠡᠭᠦᠯᠬᠦ ᠭᠡᠵᠦ ᠵᠢᠳᠭᠦᠬᠦᠯᠦᠨ᠂ ᠦᠪᠡᠷᠳᠡᠭᠡᠨ ᠤᠨᠢᠰᠤᠭ᠎ᠠ ᠠᠰᠠᠭᠤᠬᠤ ᠪᠤᠶᠤ | ᠬᠡᠤᠬᠡᠳ ᠢᠶᠠᠷ ᠤᠨᠢᠰᠤᠭ᠎ᠠ ᠬᠡᠯᠡᠭᠦᠯᠵᠦ᠂ ᠬᠠᠷᠢᠯᠴᠠᠨ ᠲᠠᠭᠠᠯᠴᠠᠨ᠂ ᠬᠡᠤᠬᠡᠳ ᠤᠨ ᠤᠶᠤᠨ ᠪᠢᠯᠢᠭ ᠢ ᠬᠤᠷᠴᠠᠯᠠᠬᠤ ᠶᠢ | ᠠᠬᠢᠭᠤᠯᠳᠠᠭ ᠰᠠᠶᠢᠬᠠᠨ ᠵᠢᠷᠤᠮᠵᠢᠯ ᠲᠠᠢ ᠶᠤᠮ᠃ ᠦᠷ᠎ᠡ ᠬᠡᠤᠬᠡᠳ ᠢᠶᠠᠨ ᠡᠬᠡ ᠬᠡᠯᠡ ᠪᠠᠷ ᠨᠢ ᠰᠤᠷᠭᠠᠵᠦ᠂ ᠲᠦᠷᠰᠦᠯᠡᠯ ᠢᠶᠠᠷ | ᠦᠭᠡ ᠴᠡᠭᠡᠵᠢᠯᠡᠭᠦᠯᠵᠦ ᠡᠬᠢᠯᠡᠳᠡᠭ᠃ ᠵᠢᠱᠢᠶᠡᠯᠡᠬᠦ ᠳᠤ ᠡᠴᠢᠭᠡ ᠡᠬᠡ ᠪᠤᠶᠤ ᠠᠬ᠎ᠠ ᠡᠭᠡᠴᠢ ᠶᠢ ᠨᠢ ᠵᠢᠭᠠᠭᠰᠠᠨ ᠢᠶᠠᠨ ᠠᠪᠤ᠂ | ᠡᠵᠢ᠂ ᠠᠬ᠎ᠠ᠂ ᠡᠭᠡᠴᠢ ᠭᠡᠬᠦ ᠪᠤᠶᠤ ᠦᠪᠡᠷ ᠤᠨ ᠨᠢᠭᠤᠷ ᠤᠨ ᠡᠷᠬᠡᠳᠡᠨ ᠢᠶᠠᠨ ᠪᠠᠷᠢᠵᠦ ᠬᠠᠮᠠᠷ᠂ ᠨᠢᠳᠦ᠂ ᠴᠢᠬᠢ᠂ ᠠᠮᠠ ᠭᠡᠬᠦ | ᠮᠡᠳᠦ ᠪᠠᠷ ᠦᠷᠭᠦᠯᠵᠢ ᠬᠡᠷᠡᠭᠯᠡᠳᠡᠭ ᠲᠠᠭᠤᠳᠠᠯᠭ᠎ᠠ ᠪᠠᠷ ᠲᠠᠭᠠᠭᠤᠯᠤᠨ ᠬᠡᠯᠡᠭᠦᠯᠬᠦ ᠪᠤᠶᠤ ᠬᠡᠯᠡᠬᠦ ᠶᠢ ᠨᠢ ᠲᠠᠭᠠᠭᠤᠯᠵᠦ ᠪᠠᠷᠢᠵᠦ | ᠴᠡᠭᠡᠵᠢᠯᠡᠭᠦᠯᠳᠡᠭ᠃ 3 — 4 ᠨᠠᠰᠤ ᠬᠦᠷᠪᠡᠯ ᠶᠠᠮᠠᠷ ᠨᠢᠭᠡᠨ ᠲᠦᠷᠰᠦ ᠶᠢ ᠵᠢᠭᠠᠵᠦ᠂ ᠭᠠᠯ᠂ ᠤᠰᠤ᠂ ᠲᠤᠭᠤᠭ᠎ᠠ᠂ ᠭᠡᠷ᠂ | ᠨᠠᠷᠠ᠂ ᠰᠠᠷ᠎ᠠ᠂ ᠤᠳᠤ ᠭᠡᠬᠦ ᠵᠡᠷᠭᠡ ᠶᠢ ᠲᠠᠨᠢᠭᠤᠯᠤᠨ᠂ ᠲᠠᠪᠤᠨ ᠬᠤᠰᠢᠭᠤ ᠮᠠᠯ ᠢ ᠲᠠᠨᠢᠭᠤᠯᠬᠤ ᠳᠠᠭᠠᠨ ᠬᠤᠨᠢ ᠶᠢ | ᠡᠬᠢᠯᠡᠭᠡᠳ ᠮᠠᠶᠢᠯᠠᠬᠤ ᠲᠠᠭᠤᠨ ᠢ ᠨᠢ ᠲᠠᠭᠤᠷᠢᠶᠠᠵᠦ ︽ᠮᠠᠢ᠂ ᠮᠠᠢ︾᠂ ᠦᠬᠡᠷ ᠤᠨ ᠲᠠᠭᠤᠨ ᠢ ᠲᠠᠭᠤᠷᠢᠶᠠᠵᠦ ︽ᠦᠮᠪᠤᠤ︾ | ᠂ ᠢᠮᠠᠭ᠎ᠠ ᠶᠢ ︽ᠴᠢᠶᠧ᠂ ᠴᠢᠶᠧ︾ ᠭᠡᠵᠦ ᠲᠤᠰ ᠪᠦᠷᠢ ᠲᠠᠭᠤ ᠪᠠᠷ ᠨᠢ ᠲᠦᠷᠰᠦᠯᠡᠨ ᠲᠠᠨᠢᠭᠤᠯᠵᠦ᠂ ᠲᠠᠷᠠᠭ᠎ᠠ ᠨᠢ ᠠᠳᠤᠭᠤ | ᠂ ᠦᠬᠡᠷ᠂ ᠬᠤᠨᠢ᠂ ᠢᠮᠠᠭ᠎ᠠ᠂ ᠲᠡᠮᠡᠭᠡ ᠶᠢ ᠪᠦᠬᠦᠯᠢ ᠪᠠᠷ ᠨᠢ ᠶᠠᠷᠢᠭᠤᠯᠵᠦ ᠰᠤᠷᠭᠠᠳᠠᠭ᠃ ᠡᠨᠡ ᠮᠡᠳᠦ ᠪᠠᠷ ᠬᠡᠤᠬᠡᠳ ᠲᠤ | ᠤᠶᠢᠷᠠᠳᠤᠭᠰᠠᠨ ᠪᠤᠳᠠᠰ ᠶᠠᠭᠤᠮ᠎ᠠ ᠪᠤᠶᠤ ᠬᠤᠪᠴᠠᠰᠦ ᠡᠮᠦᠰᠬᠦ ᠵᠡᠷᠭᠡ ᠦᠢᠯᠡ ᠬᠦᠳᠡᠯᠭᠡᠭᠡᠨ ᠢᠶᠠᠷ ᠨᠢ ᠪᠤᠳᠠᠳᠤ | ᠤᠷᠤᠰᠢᠬᠤᠢ ᠪᠠᠷ ᠲᠦᠷᠰᠦᠯᠡᠭᠦᠯᠦᠨ ᠪᠠᠶᠢᠩᠭᠤ ᠬᠡᠯᠡᠵᠦ ᠵᠢᠭᠠᠳᠠᠭ ᠢᠶᠠᠷ ᠠᠮᠠᠷᠬᠠᠨ ᠴᠡᠭᠡᠵᠢᠯᠡᠨ ᠴᠠᠭᠠᠷᠠᠩᠭᠤᠢ ᠬᠡᠯᠡᠵᠦ | ᠰᠤᠷᠴᠢᠬᠠᠳᠠᠭ ᠶᠤᠮ᠃ 5 — 6 ᠨᠠᠰᠤ ᠬᠦᠷᠪᠡᠯ ᠵᠦᠭ ᠴᠢᠭ ᠮᠡᠳᠡᠭᠦᠯᠬᠦ᠂ ᠠᠷᠪᠠᠨ ᠬᠤᠶᠠᠷ ᠵᠢᠯ ᠢ ᠲᠠᠨᠢᠭᠤᠯᠬᠤ᠂ | ᠲᠤᠭ᠎ᠠ ᠲᠤᠭᠠᠯᠠᠵᠦ ᠰᠤᠷᠭᠠᠬᠤ᠂ ᠦᠩᠭᠡ ᠢᠯᠭᠠᠵᠦ ᠰᠤᠷᠭᠠᠬᠤ᠂ ᠴᠠᠭᠠᠨ ᠲᠤᠯᠤᠭᠠᠢ ᠶᠢᠨ ᠡᠭᠡᠰᠢᠭ ᠲᠤᠯᠤᠭ᠎ᠠ ᠶᠢ | ᠪᠢᠴᠢᠭᠦᠯᠬᠦ ᠵᠡᠷᠭᠡ ᠦᠨᠳᠦᠰᠦᠨ ᠮᠡᠳᠡᠯᠭᠡ ᠶᠢ ᠡᠵᠡᠮᠰᠢᠭᠦᠯᠳᠡᠭ ᠶᠤᠮ᠃ ᠲᠡᠭᠡᠳᠦᠯᠡᠬᠦ ᠶᠢᠨ ᠡᠷᠬᠢᠮ ᠬᠦᠨᠳᠦᠯᠡᠯ ᠠᠪᠤ ᠡᠵᠢ᠂ | ᠠᠬ᠎ᠠ ᠡᠭᠡᠴᠢ ᠪᠠᠨ ᠬᠦᠨᠳᠦᠯᠡᠨ ᠶᠠᠪᠤᠬᠤ ᠪᠤᠯ ᠶᠤᠰᠤ ᠰᠤᠷᠳᠠᠬᠤᠨ ᠢ ᠡᠵᠡᠮᠰᠢᠬᠦ ᠬᠠᠮᠤᠭ ᠠᠩᠬᠠᠨ ᠤ ᠡᠬᠢᠯᠡᠯ ᠪᠤᠯᠤᠨ᠎ᠠ᠃ | ᠡᠴᠢᠭᠡ ᠡᠬᠡ ᠪᠤᠯᠤᠭᠰᠠᠳ ︽ᠬᠦᠮᠦᠨ ᠳᠤ ᠠᠬ᠎ᠠ ᠲᠠᠢ᠂ ᠲᠡᠪᠡᠯ ᠳᠤ ᠵᠠᠭᠠᠮ᠎ᠠ ᠲᠠᠢ︾᠂ ︽ᠭᠠᠭᠴᠠᠭᠠᠷ ᠶᠠᠪᠤᠪᠠᠯ | ᠮᠠᠯᠠᠭᠠᠢ ᠨᠢ ᠠᠬ᠎ᠠ᠂ ᠬᠤᠶᠠᠭᠤᠯᠠ ᠶᠠᠪᠤᠪᠠᠯ ᠨᠢᠭᠡ ᠨᠢ ᠠᠬ᠎ᠠ︾ ᠭᠡᠵᠦ ᠬᠦᠨᠳᠦᠯᠡᠯ ᠤᠨ ᠶᠤᠰᠤ ᠤᠴᠢᠷ ᠢ ᠬᠡᠤᠬᠡᠳ ᠲᠡᠭᠡᠨ | ᠬᠡᠯᠡᠵᠦ ᠰᠤᠷᠭᠠᠳᠠᠭ ᠮᠦᠷᠳᠡᠭᠡᠨ ᠠᠬᠠᠰ ᠵᠠᠬᠠᠰ ᠢ ᠨᠡᠷ᠎ᠡ ᠪᠠᠷ ᠨᠢ ᠲᠠᠭᠤᠳᠠᠭᠤᠯᠬᠤ ᠦᠭᠡᠢ᠂ ᠲᠤᠰᠬᠠᠢ ᠡᠷᠭᠦᠮᠵᠢ ᠶᠢᠨ ᠨᠡᠷ᠎ᠡ | ᠦᠭᠴᠤ ᠬᠦᠨᠳᠦᠯᠡᠭᠦᠯᠦᠨ ᠨᠡᠷᠡᠯᠡᠭᠦᠯᠬᠦ ᠵᠢᠷᠤᠮ ᠲᠠᠢ ᠪᠠᠶᠢᠳᠠᠭ ᠶᠤᠮ᠃ ᠵᠢᠱᠢᠶᠡᠯᠡᠪᠡᠯ ᠡᠪᠦᠭᠡ ᠡᠮᠡᠭᠡ ᠶᠢ ︽ᠠᠪᠤ︾ ᠪᠤᠶᠤ ︽ | ᠡᠵᠢ︾ ᠭᠡᠵᠦ᠂ ᠡᠴᠢᠭᠡ ᠡᠬᠡ ᠶᠢ ᠨᠢ ︽ᠠᠵᠠ︾ ᠪᠤᠶᠤ ︽ᠠᠨᠢᠶ᠎ᠠ᠂ ᠠᠭ᠎ᠠ︾ ᠭᠡᠬᠦ ᠮᠡᠳᠦ ᠪᠠᠷ ᠲᠠᠭᠤᠳᠠᠭᠤᠯᠬᠤ ᠪᠦᠭᠡᠳ | ᠠᠪᠤ ᠡᠵᠢ ᠨᠢ ᠡᠩᠬᠡ ᠮᠡᠨᠳᠦ ᠪᠠᠶᠢᠬᠤ ᠵᠠᠯᠠᠭᠤ ᠡᠴᠢᠭᠡ ᠡᠬᠡ ᠶᠢ ᠬᠡᠤᠬᠡᠳ ᠢᠶᠠᠷ ᠨᠢ ︽ᠠᠪᠤ︾ ᠪᠤᠶᠤ ︽ᠡᠵᠢ︾ ᠭᠡᠵᠦ | ᠰᠢᠭᠤᠳ ᠡᠷᠭᠦᠮᠵᠢᠯᠡᠭᠦᠯᠳᠡᠭ ᠦᠭᠡᠢ ᠤᠴᠢᠷ ᠲᠠᠢ᠃ ᠠᠬ᠎ᠠ ᠡᠭᠡᠴᠢ ᠪᠤᠯᠤᠭᠰᠠᠳ ᠢ ᠡᠷᠭᠦᠮᠵᠢ ᠶᠢᠨ ᠨᠠᠷᠠ ᠦᠭᠴᠤ | ᠤᠯᠠᠩᠬᠢ ᠳᠠᠭᠠᠨ ︽ᠠᠪᠤᠭᠠᠢ︾᠂ ︽ᠠᠮᠪᠠ︾᠂ ︽ᠠᠨᠵᠢᠶ᠎ᠠ︾᠂ ︽ᠠᠶ᠎ᠠ︾᠂ ︽ᠠᠭᠦ᠋︾ ᠭᠡᠬᠦ ᠵᠡᠷᠭᠡ ᠪᠠᠷ | ᠲᠠᠭᠤᠳᠠᠭᠤᠯᠤᠨ ᠰᠤᠷᠠᠭᠠᠳᠠᠭ ᠶᠤᠮ᠃ ᠡᠨᠡ ᠮᠡᠳᠦ ᠪᠠᠷ ᠠᠶᠢᠯ ᠠᠶᠢᠮᠠᠭ ᠤᠨ ᠦᠳᠡᠭᠦᠰ ᠠᠬᠠᠮᠠᠳ ᠢ ᠴᠤ ᠡᠷᠭᠦᠮᠵᠢ ᠶᠢᠨ | ᠨᠡᠷ᠎ᠡ ᠦᠭᠴᠤ ᠲᠠᠭᠤᠳᠠᠭᠤᠯᠤᠨᠠ᠃ ᠬᠡᠤᠬᠡᠳ ᠭᠡᠷ ᠵᠠᠭᠤᠷ᠎ᠠ ᠶᠢᠨ ᠠᠵᠢᠯ ᠶᠠᠪᠤᠳᠠᠯ ᠢ ᠬᠢᠵᠦ ᠴᠢᠳᠠᠬᠤ ᠪᠤᠯᠬᠤ ᠪᠠᠷ ᠨᠢ | ᠦᠷᠯᠦᠭᠡ ᠡᠷᠳᠡ ᠪᠤᠰᠬᠠᠬᠤ᠂ ᠠᠷᠭᠠᠯ ᠲᠦᠯᠡᠰᠢ ᠤᠶᠢᠷᠠᠳᠤᠭᠤᠯᠬᠤ᠂ ᠦᠨᠡᠰᠦ ᠬᠤᠭ ᠬᠠᠶᠠᠨ ᠭᠠᠯ ᠨᠤᠴᠤᠭᠠᠬᠤ᠂ ᠤᠰᠤ | ᠤᠷᠤᠭᠤᠯᠤᠨ ᠴᠠᠢ ᠪᠡᠯᠡᠳᠬᠦ᠂ ᠬᠤᠭᠤᠯᠠ ᠴᠠᠢ ᠪᠠᠨ ᠨᠠᠰᠤᠨ ᠤ ᠠᠬᠠᠮᠠᠳ ᠠᠴᠠ ᠡᠬᠢᠯᠡᠨ ᠠᠶᠠᠭᠠᠯᠠᠨ ᠦᠭᠬᠦ᠂ ᠦᠳᠡᠭᠦᠰ ᠤᠨ | ᠬᠤᠪᠴᠠᠰᠤ ᠬᠤᠨᠠᠷ ᠢ ᠡᠮᠦᠰᠭᠡᠵᠦ ᠦᠭᠬᠦ᠂ ᠬᠦᠨᠵᠢᠯᠡ ᠲᠡᠪᠢᠰᠭᠡᠷ ᠢ ᠬᠤᠷᠢᠶᠠᠬᠤ᠂ ᠭᠡᠷ ᠴᠡᠪᠡᠷᠯᠡᠬᠦ ᠵᠡᠷᠭᠡ ᠠᠷᠰᠠᠷ ᠠᠵᠢᠯ | ᠬᠢᠳᠡᠯ ᠢ ᠪᠠᠭ᠎ᠠ ᠠᠴᠠ ᠨᠢ ᠬᠢᠯᠭᠡᠵᠦ ᠰᠤᠷᠭᠠᠨᠡ᠃ ᠠᠶᠢᠯ ᠠᠶᠢᠮᠠᠭ ᠤᠨ ᠨᠠᠰᠤᠳᠠᠨ ᠨᠢ ᠠᠶᠢᠯᠴᠢᠯᠠᠬᠤ ᠪᠠᠷ ᠢᠷᠡᠪᠡᠯ ᠬᠡᠤᠬᠡᠳ | ᠪᠡᠷᠢᠶᠡᠳ ᠨᠢ ᠲᠤᠰᠤᠨ ᠭᠠᠷᠴᠤ ᠤᠨᠤᠭ᠎ᠠ ᠬᠦᠯᠦᠪᠦᠷᠢ ᠶᠢ ᠨᠢ ᠲᠤᠰᠤᠨ ᠠᠪᠴᠤ᠂ ᠠᠮᠤᠷ ᠮᠡᠨᠳᠦ ᠶᠢ ᠨᠢ ᠠᠰᠠᠭᠤᠬᠤ ᠶᠢᠨ | ᠲᠠᠭᠠᠤ ᠲᠦᠰᠢᠨ ᠪᠠᠭᠤᠯᠭᠠᠵᠦ᠂ ᠡᠭᠦᠳᠡ ᠪᠠᠨ ᠰᠡᠭᠦᠨ ᠦᠭᠴᠤ ᠭᠡᠷ ᠲᠤ ᠵᠠᠯᠠᠵᠦ ᠤᠷᠤᠭᠤᠯᠳᠠᠭ᠃ ᠲᠡᠭᠦᠮᠡᠳ ᠬᠦᠮᠦᠨ | ᠪᠦᠬᠦᠨ ᠢᠶᠠᠷ ᠢᠶᠠᠨ ᠭᠠᠷᠴᠤ ᠤᠭᠳᠤᠳᠠᠭ ᠶᠤᠮ᠂ ᠨᠠᠰᠤᠳᠠᠨ ᠢ ᠬᠤᠶᠢᠮᠤᠷ ᠰᠠᠭᠤᠯᠭᠠᠭᠰᠠᠨ ᠢᠶᠠᠨ ᠬᠦᠭᠦᠷ ᠰᠤᠯᠢᠯᠴᠠᠨ ᠮᠡᠨᠳᠦ | ᠤᠰᠤᠨ ᠢᠶᠠᠨ ᠠᠰᠠᠭᠤᠯᠴᠠᠨ᠂ ᠰᠢᠨ᠎ᠡ ᠴᠠᠢ ᠪᠡᠯᠡᠳᠦᠨ ᠠᠶᠠᠭᠠᠯᠠᠵᠦ ᠦᠭᠬᠦ ᠳᠡᠭᠡᠨ ᠬᠤᠶᠠᠷ ᠭᠠᠷ ᠢᠶᠠᠷ ᠪᠠᠷᠢᠳᠠᠭ᠃ | ᠲᠤᠮᠤᠴᠤᠳ ᠢ ᠶᠠᠷᠢᠯᠴᠠᠬᠤ ᠲᠤᠮᠳᠠ ᠬᠡᠤᠬᠡᠳ ᠤᠳ ᠦᠢᠮᠡᠵᠦ ᠱᠤᠤᠬᠢᠬᠤ ᠪᠠ ᠬᠤᠩᠰᠢᠶᠠᠷ ᠲᠦᠷᠢᠵᠦ ᠪᠤᠯᠳᠠᠭ ᠦᠭᠡᠢ᠂ | ᠲᠡᠭᠡᠪᠡᠯ ᠶᠤᠰᠤ ᠮᠤᠷᠠᠯ ᠦᠭᠡᠢ ᠭᠡᠬᠦ ᠪᠠ ᠶᠡᠭᠡ ᠶᠢᠨ ᠴᠡᠭᠡᠵᠢ ᠲᠠᠢ ᠭᠡᠵᠦ ᠵᠠᠩᠨᠠᠳᠠᠭ᠃ ᠵᠠᠯᠠᠭᠤ ᠪᠠᠭᠠᠴᠤᠳ ᠠᠶᠢᠯ ᠳᠤ | ᠪᠠᠭᠤᠬᠤ ᠳᠠᠭᠠᠨ ᠨᠠᠰᠤᠳᠠᠨ ᠤ ᠠᠮᠤᠷ ᠢ ᠡᠷᠢᠬᠦ᠂ ᠠᠬᠠᠮᠠᠳ ᠤᠨ ᠲᠤᠤᠷ᠎ᠠ ᠲᠠᠯ᠎ᠠ ᠪᠠᠷ ᠰᠠᠭᠤᠬᠤ᠂ ᠴᠤᠨᠴᠤᠶᠢᠵᠦ ᠰᠠᠭᠤᠬᠤ | ᠶᠤᠰᠤᠳᠠᠢ ᠪᠠᠶᠢᠳᠠᠭ᠃ ᠶᠡᠷᠦ ᠨᠢ ᠶᠠᠪᠠᠭᠠᠨ ᠰᠠᠭᠤᠬᠤ᠂ ᠠᠷᠭᠠᠯ ᠤᠨ ᠠᠪᠳᠠᠷ᠎ᠠ ᠳᠡᠭᠡᠷ᠎ᠡ ᠰᠠᠨᠳᠠᠶᠢᠯᠠᠨ ᠰᠠᠭᠤᠬᠤ᠂ ᠪᠤᠱᠤᠭᠠᠨ | ᠳᠡᠭᠡᠷ᠎ᠡ ᠰᠠᠭᠤᠬᠤ ᠪᠤᠶᠤ ᠬᠢᠰᠭᠢᠬᠦ᠂ ᠬᠠᠭᠠᠯᠭ᠎ᠠ ᠠᠯᠳᠠᠯᠠᠬᠤ᠂ ᠡᠭᠦᠳᠡᠨ ᠤ ᠪᠤᠷᠤᠭᠤ ᠲᠠᠯ᠎ᠠ ᠠᠴᠠ ᠤᠷᠤᠵᠦ ᠭᠠᠷᠴᠤ ᠪᠤᠯᠳᠠᠭ | ᠦᠭᠡᠢ ᠵᠠᠩᠰᠢᠯ ᠲᠠᠢ ᠪᠤᠯᠤᠨ ᠬᠦᠮᠦᠵᠢᠨ᠎ᠡ᠃ | ⑵ ᠡᠬᠡ ᠪᠠᠶᠢᠭᠠᠯᠢ ᠪᠠᠨ ᠬᠠᠶᠢᠷᠠᠯᠠᠬᠤ ᠰᠤᠷᠭᠠᠯ ᠡᠬᠡ ᠪᠠᠶᠢᠭᠠᠯᠢ ᠪᠠᠨ ᠬᠠᠶᠢᠷᠠᠯᠠᠭᠤᠯᠬᠤ ᠳᠤ᠂ ᠬᠡᠤᠬᠡᠳ | ᠪᠠᠭᠠᠴᠤᠳ ᠲᠤ ᠤᠪᠤᠭ᠎ᠠ ᠰᠢᠳᠦᠭᠡᠨ ᠢᠶᠠᠨ ᠳᠠᠬᠢᠬᠤ ᠪᠠᠷ ᠲᠠᠮᠵᠢᠭᠤᠯᠤᠨ ᠪᠠᠶᠢᠭᠠᠯᠢ ᠪᠡᠯᠴᠢᠭᠡᠷ ᠤᠨ ᠰᠢᠮ᠎ᠡ ᠳᠡᠭᠡᠵᠢ ᠠᠴᠠ | ᠠᠮᠢᠳᠤᠷᠠᠯ ᠤᠨ ᠠᠰᠢᠭ ᠬᠦᠷᠳᠡᠵᠦ ᠪᠠᠶᠢᠬᠤ ᠶᠢ ᠤᠶᠢᠯᠠᠭᠠᠭᠤᠯᠵᠦ᠂ ᠪᠠᠶᠢᠭᠠᠯᠢ ᠪᠠᠨ ᠬᠠᠶᠢᠷᠠᠯᠠᠬᠤ ᠤᠬᠠᠮᠰᠠᠷ ᠢ ᠪᠤᠢ ᠪᠤᠯᠭᠠᠳᠠᠭ | ᠃ ᠡᠭᠦᠨ ᠳᠤ᠄ ᠨᠢᠯᠬ᠎ᠠ ᠨᠤᠭᠤᠭ᠎ᠠ ᠶᠢ ᠲᠠᠰᠤᠯᠵᠦ ᠪᠤᠯᠬᠤ ᠦᠭᠡᠢ᠂ ᠨᠢᠭᠡ ᠨᠤᠲᠤᠭ ᠳᠡᠭᠡᠷ᠎ᠡ ᠤᠳᠠᠭᠠᠨ ᠰᠠᠭᠤᠵᠦ ᠪᠡᠯᠴᠢᠭᠡᠷ | ᠲᠠᠵᠢᠷᠰᠢᠬᠤ ᠶᠢ ᠰᠡᠷᠭᠡᠶᠢᠯᠡᠵᠦ ᠪᠠᠶᠢᠩᠭᠤ ᠨᠡᠭᠦᠨ ᠰᠢᠯᠵᠢᠵᠦ᠂ ᠨᠡᠭᠦᠬᠦ ᠳᠡᠭᠡᠨ ᠦᠨᠡᠰᠦᠨ ᠨᠦᠬᠡ᠂ ᠤᠳᠤᠭᠠᠷᠢ ᠶᠢᠨ ᠨᠦᠭᠡ᠂ | ᠭᠠᠳᠠᠰᠤᠨ ᠨᠦᠬᠡ ᠵᠡᠷᠭᠡ ᠭᠠᠵᠠᠷ ᠤᠨ ᠬᠦᠷᠦᠰᠦ ᠡᠪᠳᠡᠭᠰᠡᠨ ᠨᠦᠬᠡ ᠭᠤᠤ ᠪᠠᠨ ᠪᠦᠭᠯᠡᠵᠦ ᠳᠠᠯᠪᠢᠭᠰᠠᠨ ᠢᠶᠠᠨ ᠨᠤᠲᠤᠭ | ᠪᠠᠭᠤᠴᠡ ᠪᠠᠨ ᠴᠡᠪᠡᠷᠯᠡᠨ ᠤᠷᠬᠢᠳᠠᠭ᠃ ᠶᠡᠭᠡ ᠠᠭᠤᠯᠠ ᠪᠠ ᠲᠠᠬᠢᠯᠭᠠᠳᠤ ᠤᠪᠤᠭᠠᠨ ᠤ ᠨᠡᠷ᠎ᠡ ᠶᠢ ᠰᠢᠭᠤᠳ ᠨᠡᠷᠡᠯᠡᠭᠦᠯᠬᠦ | ᠦᠭᠡᠢ ︽ᠶᠡᠭᠡ ᠬᠠᠶᠢᠷᠬᠠᠨ︾᠂ ︽ᠰᠢᠳᠦᠭᠡᠨ ᠤ ᠭᠠᠵᠠᠷ︾ ᠭᠡᠬᠦ ᠮᠡᠳᠦ ᠪᠠᠷ ᠲᠠᠭᠤᠳᠠᠨ᠎ᠠ᠃ ᠠᠭᠤᠯᠠᠨ ᠤᠷᠤᠨ ᠢᠶᠠᠷ | ᠲᠦᠯᠡᠰᠢ ᠠᠪᠬᠤ ᠳᠠᠭᠠᠨ ᠬᠤᠪᠠᠭ᠋ᠠᠢ ᠪᠤᠶᠤ ᠦᠵᠢᠷᠡᠭᠰᠡᠨ ᠮᠤᠳᠤᠨ ᠤ ᠮᠦᠴᠢᠷ ᠰᠠᠯᠠᠭ᠎ᠠ ᠶᠢ ᠠᠪᠬᠤ ᠠᠴᠠ ᠪᠢᠰᠢ ᠤᠷᠭᠤᠵᠦ | ᠪᠠᠶᠢᠭ᠎ᠠ ᠮᠤᠳᠤᠨ ᠤ ᠰᠠᠯᠠᠭ᠎ᠠ ᠨᠠᠮᠠᠭ᠎ᠠ ᠶᠢ ᠬᠤᠭᠤᠴᠠᠨ ᠠᠪᠳᠠᠭ ᠦᠭᠡᠢ᠂ ᠨᠡᠩ ᠭᠠᠭᠴᠠ ᠬᠤᠶᠠᠷ ᠮᠤᠳᠤᠨ ᠢ ᠬᠦᠨᠳᠡᠳᠡᠭ | ᠦᠭᠡᠢ ᠤᠴᠢᠷ ᠲᠠᠢ᠃ ᠨᠡᠭᠦᠵᠦ ᠰᠠᠭᠤᠬᠤ ᠳᠠᠭᠠᠨ ᠪᠠᠭᠤᠴᠠᠨ ᠤ ᠭᠠᠯ ᠤᠨ ᠴᠤᠭ ᠢᠶᠠᠨ ᠯᠠᠪᠳᠠᠭᠤᠨ ᠤᠨᠳᠠᠷᠠᠭᠠᠵᠦ ᠲᠠᠯᠪᠢᠨ᠂ | ᠪᠡᠯᠴᠢᠭᠡᠷ ᠤᠨ ᠲᠦᠢᠮᠡᠷ ᠭᠠᠷᠬᠤ ᠶᠢ ᠰᠡᠷᠭᠡᠶᠢᠯᠡᠳᠡᠭ᠃ ᠪᠤᠯᠠᠭ ᠱᠠᠩᠳᠠ ᠭᠤᠤᠯ ᠤᠷᠤᠰᠬᠠᠯ ᠵᠡᠷᠭᠡ ᠤᠰᠤᠨ ᠤ ᠠᠷᠢᠭᠤᠨ | ᠴᠡᠪᠡᠷ ᠪᠠᠶᠢᠬᠤ ᠶᠢ ᠡᠷᠬᠢᠮᠯᠠᠵᠦ᠂ ᠭᠤᠤᠯ ᠪᠤᠯᠠᠭ ᠲᠤ ᠲᠤᠲᠤᠷ᠎ᠠ ᠬᠤᠪᠴᠠᠰᠤ ᠬᠤᠨᠠᠷ ᠢᠶᠠᠨ ᠤᠬᠢᠶᠠᠳᠠᠭ ᠦᠭᠡᠢ ᠪᠦᠭᠡᠳ | ᠪᠤᠵᠠᠷ ᠪᠤᠷᠳᠠᠭ ᠶᠠᠭᠤᠮ᠎ᠠ ᠬᠢᠬᠦ ᠶᠢ ᠬᠢᠴᠢᠶᠡᠳᠡᠭ᠂ ᠢᠩᠬᠢᠵᠦ ᠬᠢᠪᠡᠯ ︽ᠯᠤᠤᠰ ᠲᠤᠭᠰᠢᠷᠠᠨᠠ︾ ᠭᠡᠳᠡᠭ᠃ ᠡᠶᠢᠮᠦ ᠠᠴᠠ | ᠲᠤᠰᠬᠠᠢ ᠰᠠᠪᠠᠨ ᠳᠤ ᠬᠢᠵᠦ ᠤᠬᠢᠶᠠᠨ᠂ ᠤᠬᠢᠶᠠᠳᠠᠰᠤ ᠪᠠᠨ ᠭᠤᠤᠯ ᠪᠤᠯᠠᠭ ᠠᠴᠠ ᠵᠠᠶᠢᠳᠠᠭᠤ ᠬᠠᠭᠤᠷᠠᠢ ᠬᠦᠪᠡᠭᠡᠨ ᠵᠦᠭ | ᠴᠢᠳᠬᠤᠳᠠᠭ᠃ ᠵᠡᠷᠯᠢᠭ ᠠᠷᠢᠶᠠᠳᠠᠨ ᠵᠢᠭᠦᠷᠳᠡᠨ ᠢ ᠬᠠᠮᠠᠭᠠᠯᠠᠨ᠂ ᠠᠩ ᠭᠦᠷᠦᠭᠡ ᠬᠢᠬᠦ ᠳᠡᠭᠡᠨ ᠦᠷᠡᠵᠢᠯ ᠲᠦᠯᠵᠢᠯ ᠢ ᠨᠢ | ᠠᠩᠬᠠᠷᠴᠤ᠂ ᠵᠡᠭᠡᠷ᠎ᠡ ᠲᠠᠷᠪᠠᠭ᠎ᠠ ᠵᠡᠷᠭᠡ ᠠᠮᠢᠳᠠᠨ ᠬᠦᠬᠦᠳᠡᠨ ᠢ ᠠᠩᠬᠠᠷᠴᠤ᠂ ᠡᠷ᠎ᠡ ᠰᠤᠪᠠᠢ ᠨᠠᠰᠤ ᠭᠦᠢᠴᠡᠭᠰᠡᠨ ᠢ ᠨᠢ | ᠠᠩᠨᠠᠬᠤ ᠠᠴᠠ ᠪᠢᠰᠢ ᠢᠨᠵᠠᠭ᠎ᠠ ᠪᠤᠶᠤ ᠮᠦᠨᠳᠡᠢ ᠵᠡᠷᠭᠡ ᠵᠤᠯᠵᠠᠭ᠎ᠠ ᠠᠮᠢᠳᠠᠨ ᠢ ᠳᠠᠯᠪᠢᠳᠠᠭ ᠶᠤᠮ᠃ ᠵᠢᠭᠦᠷᠳᠡᠨ ᠰᠢᠪᠡᠭᠤᠳ ᠢ | ᠠᠯᠠᠳᠠᠭ ᠦᠭᠡᠢ ᠪᠦᠭᠡᠳ ᠪᠤᠯᠵᠤᠮᠤᠷ ᠤᠨ ᠦᠨᠳᠡᠭᠡ ᠳᠡᠭᠡᠷ᠎ᠡ ᠰᠡᠭᠦᠳᠡᠷ ᠢᠶᠠᠨ ᠴᠤ ᠲᠤᠰᠬᠠᠵᠦ ᠪᠤᠯᠳᠠᠭ ᠦᠭᠡᠢ ᠵᠠᠩᠰᠢᠯ ᠲᠠᠢ | ᠂ ︽ᠰᠡᠭᠦᠳᠡᠷ ᠢᠶᠠᠨ ᠲᠤᠰᠬᠠᠴᠢᠪᠠᠯ ᠦᠨᠳᠡᠭᠡ ᠦᠬᠦᠴᠢᠭᠡᠨᠡ᠂ ᠲᠡᠭᠡᠪᠡᠯ ᠨᠢᠭᠦᠯ ᠪᠤᠯᠤᠨ᠎ᠠ︾ ᠭᠡᠵᠦ ᠬᠡᠤᠬᠡᠳ | ᠪᠠᠭᠠᠴᠤᠳ ᠲᠤ ᠠᠩᠬᠠᠷᠤᠭᠤᠯᠳᠠᠭ ᠶᠤᠮ᠃ ᠡᠯᠢᠶ᠎ᠡ ᠲᠤᠭᠤᠷᠤᠤ ᠪᠤᠶᠤ ᠲᠡᠭᠦᠨ ᠤ ᠦᠨᠳᠡᠭᠡ ᠵᠤᠯᠵᠠᠭ᠎ᠠ ᠶᠢ ᠨᠢ ᠠᠯᠠᠪᠠᠯ | ᠬᠠᠷᠢᠶᠠᠯ ᠬᠦᠷᠦᠨ᠎ᠡ ᠭᠡᠵᠦ ᠴᠢᠩᠭ᠎ᠠ ᠴᠡᠭᠡᠷᠯᠡᠭᠦᠯᠳᠡᠭ᠂ ᠨᠡᠩ ᠪᠤᠭᠤ ᠰᠤᠭᠤ ᠶᠢ ᠨᠠᠮᠨᠠᠬᠤ ᠦᠭᠡᠢ᠂ ᠪᠤᠭᠤ ᠪᠤᠯ ᠮᠢᠩᠭᠠᠨ | ᠨᠠᠰᠤ ᠲᠠᠢ ᠠᠮᠢᠳᠠᠨ᠂ ᠨᠠᠰᠤᠨ ᠬᠤᠳᠤᠭ ᠪᠤᠭᠤᠨᠢᠰᠤᠨ᠎ᠠ ᠭᠡᠳᠡᠭ᠃ | ⒊ ᠬᠦᠮᠦᠨ ᠪᠤᠯᠬᠤ ᠶᠢᠨ ᠦᠨᠳᠦᠰᠦᠨ ᠦᠵᠦᠮᠦᠴᠢᠨᠴᠤᠳ ᠶᠡᠷᠦ ᠨᠢ ᠬᠡᠤᠬᠡᠳ ᠢ ᠬᠠᠷᠠᠬᠠᠨ ᠪᠠᠭ᠎ᠠ ᠠᠴᠠ ᠨᠢ | ᠮᠤᠷᠢ ᠤᠨᠤᠭᠠᠨ ᠳᠤ ᠲᠠᠰᠬᠠᠬᠤ᠂ ᠬᠠᠷᠪᠤᠵᠦ ᠨᠠᠮᠨᠠᠬᠤ ᠶᠢ ᠮᠡᠳᠡᠭᠦᠯᠬᠦ᠂ ᠪᠦᠭᠡ ᠪᠠᠷᠢᠯᠳᠤᠭᠤᠯᠵᠦ ᠰᠤᠷᠭᠠᠬᠤ᠂ ᠭᠡᠷ ᠤᠨ ᠠᠳᠠᠯ | ᠬᠢᠳᠡᠯ ᠢ ᠬᠢᠵᠦ ᠰᠤᠷᠭᠠᠬᠤ ᠵᠡᠷᠭᠡ ᠶᠠᠪᠤᠳᠠᠯ ᠢ ᠴᠢᠩᠳᠠᠯᠠᠨ ᠠᠩᠬᠠᠷᠴᠤ᠂ ᠬᠤᠶᠢᠴᠢᠰ ᠢᠶᠠᠨ ᠰᠦᠰᠦ ᠵᠤᠷᠢᠭ ᠲᠠᠢ᠂ ᠤᠢ | ᠤᠬᠠᠭᠠᠨ ᠰᠠᠶᠢᠨ᠂ ᠠᠵᠢᠯᠴᠢ ᠬᠦᠳᠡᠯᠮᠦᠷᠢᠴᠢ ᠬᠦᠮᠦᠨ ᠪᠤᠯᠭᠠᠨ ᠬᠦᠮᠦᠵᠢᠭᠦᠯᠬᠦ ᠶᠢ ᠡᠷᠬᠢᠮᠯᠡᠨ᠎ᠡ᠃ ᠲᠦᠷᠪᠡ ᠲᠠᠪᠤ | ᠨᠠᠰᠤᠯᠠᠮᠠᠭᠴᠠ ᠬᠦᠤ ᠪᠢᠴᠢᠬᠠᠨ ︵ᠬᠡᠤᠬᠡᠨ︶ ᠭᠡᠰᠡᠡ ᠦᠭᠡᠢ ᠨᠤᠮᠤᠬᠠᠨ ᠮᠤᠷᠢᠨ ᠳᠡᠭᠡᠷ᠎ᠡ ᠲᠡᠪᠡᠷᠢᠵᠦ ᠲᠠᠯᠪᠢᠭᠠᠳ | ᠡᠮᠡᠭᠡᠯ ᠤᠨ ᠪᠦᠭᠦᠷᠭᠡ ᠠᠴᠠ ᠨᠢ ᠪᠠᠷᠢᠭᠤᠯᠵᠦ᠂ ᠦᠪᠡᠷᠰᠡᠳ ᠢᠶᠠᠨ ᠬᠦᠳᠦᠯᠦᠨ ᠠᠭᠠᠵᠢᠮ ᠶᠠᠪᠤᠭᠤᠯᠵᠦ ᠲᠠᠰᠬᠠᠭᠰᠠᠨ ᠢᠶᠠᠨ | ᠶᠠᠪᠤᠭᠠᠨ ᠳᠠᠭᠠᠨ ᠴᠤᠯᠪᠤᠭᠤᠷ ᠢ ᠨᠢ ᠬᠡᠤᠬᠡᠳ ᠲᠡᠭᠡᠨ ᠦᠭᠴᠤ ᠪᠡᠶ᠎ᠡ ᠠᠴᠠ ᠪᠠᠨ ᠵᠠᠶᠢᠳᠠᠭᠤᠯᠵᠦ ᠠᠯᠬᠤᠭᠤᠯᠵᠦ ᠰᠤᠷᠭᠠᠳᠠᠭ᠃ | ᠦᠷᠯᠦᠭᠡ ᠤᠷᠤᠢ ᠳᠠᠭᠠᠨ ᠮᠤᠷᠢ ᠪᠠᠨ ᠪᠠᠷᠢᠬᠤ ᠪᠤᠶᠤ ᠠᠷᠭᠠᠮᠵᠢᠵᠦ ᠲᠠᠯᠪᠢᠬᠤ ᠳᠠᠭᠠᠨ ᠬᠡᠤᠬᠡᠳ ᠢᠶᠠᠨ ᠮᠤᠷᠢᠨ ᠳᠡᠭᠡᠷ᠎ᠡ | ᠵᠠᠶᠢᠳᠠᠩ ᠤᠨᠤᠭᠤᠯᠵᠦ ᠮᠤᠨᠳᠠᠭ᠎ᠠ ᠠᠴᠠ ᠨᠢ ᠪᠠᠷᠢᠭᠤᠯᠵᠦ ᠲᠠᠭᠠᠭᠤᠯᠤᠨ ᠭᠦᠳᠦᠯᠵᠦ ᠶᠠᠪᠤᠳᠠᠭ᠃ ᠡᠨᠡ ᠮᠡᠳᠦ ᠪᠠᠷ ᠤᠯᠠᠨ | ᠲᠠᠪᠳᠠᠬᠤ ᠳᠤ ᠬᠡᠤᠬᠡᠳ ᠮᠤᠷᠢᠨ ᠳᠠᠭᠠᠨ ᠲᠠᠰᠴᠤ᠂ ᠤᠨᠤᠬᠤ ᠤᠷᠮ᠎ᠠ ᠲᠠᠢ ᠪᠤᠯᠳᠠᠭ᠃ ᠡᠨᠡ ᠬᠤᠭᠤᠴᠠᠭᠠᠨ ᠳᠤ ᠮᠤᠷᠢ ᠪᠠᠨ | ᠲᠦᠷᠦᠭᠡᠯᠡᠵᠦ ᠰᠤᠷᠭᠠᠬᠤ᠂ ᠲᠠᠪᠢᠷᠴᠤ ᠶᠠᠪᠤᠭᠤᠯᠵᠦ ᠰᠤᠷᠭᠠᠬᠤ᠂ ᠵᠢᠯᠤᠭᠤ ᠪᠠᠨ ᠳᠠᠳᠠᠵᠦ ᠵᠤᠭᠰᠤᠭᠠᠬᠤ ᠵᠡᠷᠭᠡ ᠶᠢ ᠵᠢᠭᠠᠨ᠎ᠡ᠃ | ᠵᠢᠷᠭᠤᠭ᠎ᠠ ᠲᠤᠯᠤᠭᠠᠨ ᠨᠠᠰᠤᠨ ᠳᠤ ᠬᠦᠷᠴᠤ ᠵᠤᠷᠢᠭ ᠨᠢ ᠴᠢᠩᠭᠠᠷᠠᠨ ᠵᠢᠷᠦᠬᠡ ᠨᠢ ᠪᠦᠳᠦᠭᠦᠷᠡᠵᠦ ᠢᠷᠡᠬᠦ ᠳᠤ ᠠᠰᠳᠠᠭᠠᠨ | ᠮᠤᠷᠢ ᠤᠨᠤᠭᠤᠯᠵᠦ᠂ ᠬᠤᠨᠢ ᠮᠠᠯ ᠪᠤᠶᠤ ᠰᠠᠳᠤᠨ ᠲᠦᠷᠦᠯ ᠳᠤᠨᠢ ᠬᠦᠷᠬᠦ ᠪᠠᠷ ᠲᠠᠭᠠᠭᠤᠯᠵᠦ ᠶᠠᠪᠤᠳᠠᠭ᠃ ᠡᠨᠡ ᠦᠶ᠎ᠡ ᠳᠤ | ᠦᠪᠡᠷᠳᠡᠭᠡᠨ ᠮᠤᠷᠳᠡᠵᠦ ᠰᠤᠷᠭᠠᠬᠤ᠂ ᠲᠤᠩᠰᠢᠭᠤᠯᠵᠦ ᠰᠤᠷᠭᠠᠬᠤ᠂ ᠴᠢᠨᠠᠭᠰᠢᠯᠠᠪᠠᠯ ᠴᠤᠭᠬᠢᠭᠤᠯᠵᠦ ᠲᠠᠪᠬᠢᠭᠤᠯᠵᠦ ᠰᠤᠷᠭᠠᠨᠡ | ᠂ ᠢᠩᠭᠢᠪᠡᠯ ᠮᠤᠷᠢᠨ ᠳᠤ ᠨᠡᠯᠢᠶᠡᠳ ᠪᠤᠯᠪᠠᠰᠤᠷᠠᠩᠭᠤᠢ ᠪᠤᠯᠴᠢᠬᠠᠳᠠᠭ᠃ ᠨᠠᠢᠮᠨ ᠶᠢᠰᠦ ᠬᠦᠷᠦᠭᠰᠡᠭᠡᠷ ᠡᠮᠡᠭᠡᠯ ᠲᠠᠢ ᠮᠤᠷᠢ | ᠤᠨᠤᠬᠤ ᠳᠤ ᠴᠢᠳᠠᠮᠠᠭᠠᠢ ᠪᠤᠯᠵᠦ ᠭᠠᠭᠴᠠᠭᠠᠷ ᠢᠶᠠᠨ ᠮᠤᠷᠳᠡᠵᠦ ᠪᠠᠭᠤᠬᠤ᠂ ᠮᠤᠷᠢ ᠪᠠᠨ ᠤᠶᠠᠭᠠᠳ ᠰᠤᠷᠴᠢᠬᠠᠳᠠᠭ ᠪᠦᠭᠡᠳ | ᠮᠤᠷᠢ ᠡᠵᠡᠮᠰᠢᠬᠦ ᠴᠢᠳᠠᠯ ᠲᠠᠢ ᠪᠤᠯᠳᠠᠭ ᠮᠦᠷᠳᠡᠭᠡᠨ ᠰᠤᠷᠢᠭᠠᠨ ᠤ ᠮᠤᠷᠢ ᠤᠨᠤᠵᠦ ᠤᠷᠤᠯᠳᠤᠭᠠᠨ ᠳᠤ ᠤᠷᠤᠯᠴᠠᠬᠤ ᠪᠠᠷ | ᠪᠤᠯᠴᠢᠬᠠᠳᠠᠭ᠃ ᠡᠨᠡ ᠦᠶ᠎ᠡ ᠪᠤᠯᠪᠠᠯ ᠬᠡᠤᠬᠡᠳ ᠢ ᠬᠤᠨᠢ ᠬᠦᠳᠡᠯᠭᠡᠬᠦ᠂ ᠬᠤᠨᠢ ᠡᠷᠭᠢᠬᠦᠯᠬᠦ᠂ ᠲᠤᠭᠤᠯ ᠲᠠᠢ ᠦᠨᠢᠶ᠎ᠡ | ᠬᠤᠷᠢᠶᠡᠬᠤ ᠵᠡᠷᠭᠡ ᠤᠶᠢᠷ᠎ᠠ ᠵᠠᠭᠤᠷ᠎ᠠ ᠶᠢᠨ ᠠᠵᠢᠯ ᠳᠤ ᠵᠠᠷᠤᠵᠦ ᠰᠤᠷᠭᠠᠨ᠎ᠠ᠃ ᠬᠡᠤᠬᠡᠳ ᠢ ᠮᠤᠷᠢ ᠤᠨᠤᠭ᠎ᠠ᠂ ᠠᠵᠢᠯ | ᠬᠢᠳᠡᠯ ᠳᠤ ᠵᠠᠷᠤᠬᠤ ᠳᠠᠭᠠᠨ ᠠᠬᠠᠰ ᠵᠠᠬᠠᠰ ᠨᠢ ᠢᠮᠠᠭᠳᠠ ︽ᠢᠩᠬᠢᠵᠦ ᠬᠢ᠂ ᠴᠢᠩᠬᠢᠵᠦ ᠶᠠᠪᠤ︾᠂ ︽ᠡᠭᠦᠨ ᠢ ᠨᠢ ᠬᠢᠴᠢᠶᠡ | ᠂ ᠲᠡᠭᠦᠨ ᠢ ᠨᠢ ᠠᠩᠬᠠᠷ︾ ᠭᠡᠵᠦ ᠦᠢᠯᠡ ᠶᠠᠪᠤᠳᠠᠯ ᠢ ᠰᠤᠷᠭᠠᠬᠤ ᠠᠳᠠᠯ᠎ᠠ ᠪᠠᠨ ᠪᠠᠰᠠ ᠵᠢᠮ᠎ᠡ ᠭᠤᠷᠢᠮ ᠢ ᠨᠢ ᠦᠷᠭᠦᠯᠵᠢ | ᠵᠢᠭᠠᠵᠦ ᠡᠵᠡᠮᠰᠢᠭᠦᠯᠤᠨ᠎ᠠ᠃ ᠮᠠᠯᠴᠢᠨ ᠬᠡᠤᠬᠡᠳ ᠲᠤᠮᠤᠷᠠᠬᠤ ᠲᠤᠰᠤᠮ ᠢᠶᠠᠨ ᠮᠤᠷᠢᠨ ᠤ ᠶᠠᠪᠤᠳᠠᠯ ᠢ ᠡᠵᠡᠮᠰᠢᠬᠦ ᠪᠤᠯᠵᠦ᠂ | ᠮᠤᠷᠢᠨ ᠤ ᠦᠢᠯᠡ ᠶᠢ ᠡᠵᠡᠮᠰᠢᠬᠦ ᠲᠤᠰᠤᠮ ᠢᠶᠠᠨ ᠮᠠᠯᠵᠢᠬᠤ ᠦᠢᠯᠡ ᠶᠠᠪᠤᠳᠠᠯ ᠢ ᠲᠡᠳᠦᠢ ᠬᠢᠵᠦ ᠮᠡᠳᠡᠬᠦ ᠪᠤᠯᠵᠦ | ᠪᠤᠯᠪᠠᠰᠤᠷᠠᠳᠠᠭ᠃ ᠮᠡᠯᠴᠢᠨ ᠬᠡᠤᠬᠡᠳ ᠠᠷᠪᠠ ᠭᠠᠷᠪᠠᠯ ᠪᠠᠷᠤᠭᠳᠠᠢ ᠨᠤᠮᠤᠬᠠᠨ ᠮᠤᠷᠢᠳ ᠢ ᠤᠨᠤᠵᠦ ᠡᠳ᠋ᠯᠡᠬᠦ ᠪᠠᠷ ᠪᠤᠯᠴᠢᠬᠠᠳᠠᠭ | ᠪᠤᠯᠬᠤᠷ ᠨᠤᠭᠳᠤ ᠬᠠᠵᠠᠭᠠᠷ ᠵᠠᠩᠭᠢᠳᠴᠤ ᠡᠮᠡᠭᠡᠯ ᠵᠢᠮᠰᠡᠭ ᠵᠠᠰᠠᠵᠦ ᠦᠭᠬᠦ᠂ ᠮᠤᠷᠢ ᠪᠠᠷᠢᠵᠦ ᠦᠭᠭᠦᠨ ᠲᠤᠰᠠᠭᠠᠷ ᠨᠢ | ᠡᠵᠡᠮᠰᠢᠭᠦᠯᠵᠦ᠂ ᠮᠤᠷᠢ ᠪᠠᠨ ᠦᠷᠯᠦᠭᠡ ᠦᠳᠡᠰᠢ ᠪᠠᠷᠢᠵᠦ ᠳᠠᠯᠪᠢᠬᠤ᠂ ᠡᠮᠡᠭᠡᠯ ᠢᠶᠠᠨ ᠲᠤᠬᠤᠵᠦ ᠤᠯᠤᠩ ᠴᠢᠪᠢᠯᠠᠭᠤᠷ ᠢᠶᠠᠨ | ᠴᠢᠩᠭᠠᠯᠠᠵᠦ ᠴᠢᠳᠠᠬᠤ ᠪᠠᠷ ᠪᠤᠯᠴᠢᠬᠠᠨ᠎ᠠ᠃ ᠡᠭᠦᠨ ᠠᠴᠠ ᠡᠬᠢᠯᠡᠵᠦ᠂ ᠬᠤᠨᠢᠨ ᠳᠤ ᠶᠠᠪᠤᠬᠤ᠂ ᠦᠬᠡᠷ ᠬᠤᠷᠢᠶᠠᠬᠤ ᠵᠡᠷᠭᠡ | ᠮᠠᠯᠵᠢᠬᠤ ᠦᠢᠯᠡᠳᠪᠤᠷᠢᠯᠡᠯ ᠤᠨ ᠠᠵᠢᠯ ᠳᠤ ᠤᠷᠤᠯᠴᠠᠨ᠂ ᠮᠠᠯᠵᠢᠯᠭ᠎ᠠ ᠶᠢᠨ ᠮᠡᠳᠡᠯᠭᠡ ᠶᠢ ᠪᠠᠭ᠎ᠠ ᠠᠴᠠ ᠪᠠᠨ ᠡᠵᠡᠮᠰᠢᠵᠦ | ᠡᠬᠢᠯᠡᠨ᠎ᠡ᠃ ᠬᠦᠤᠴᠤᠤᠯ ᠪᠤᠯ ᠴᠢᠳᠠᠯ ᠬᠦᠴᠦᠨ ᠨᠡᠮᠡᠭᠳᠡᠬᠦ ᠲᠤᠳᠤᠮ ᠡᠮᠨᠢᠭ ᠲᠤᠭᠰᠢᠨ ᠲᠠᠢ ᠨᠤᠴᠤᠯᠳᠤᠨ ᠡᠷ᠎ᠡ | ᠴᠢᠳᠠᠯ ᠢᠶᠠᠷ ᠢᠶᠠᠨ ᠰᠤᠷᠭᠠᠬᠤ ᠪᠤᠶᠤ ᠴᠢᠨᠠᠭᠰᠢᠯᠠᠪᠠᠯ ᠮᠤᠷᠢ ᠲᠠᠪᠬᠢᠭᠤᠯᠤᠨ ᠮᠤᠷᠢ ᠤᠷᠭᠠᠯᠠᠵᠦ ᠰᠤᠷᠳᠠᠭ ᠢᠶᠠᠷ ᠤᠨᠤᠬᠤ ᠮᠤᠷᠢ | ᠂ ᠤᠷᠭᠠᠨ ᠮᠤᠷᠢ ᠲᠠᠢ ᠪᠤᠯᠵᠦ᠂ ᠠᠳᠤᠭᠤ ᠮᠠᠯ ᠢ ᠪᠡᠶ᠎ᠡ ᠪᠠᠨ ᠲᠠᠭᠠᠭᠠᠵᠦ ᠰᠠᠨᠠᠭᠠᠨ ᠲᠡᠪᠡ ᠢᠶᠠᠷ ᠢᠶᠠᠨ ᠡᠵᠡᠮᠳᠡᠵᠦ ᠴᠢᠳᠠᠬᠤ | ᠪᠤᠯᠳᠠᠭ᠃ ᠬᠡᠤᠬᠡᠳ ᠢ ᠪᠠᠭ᠎ᠠ ᠠᠴᠠ ᠨᠢ ᠠᠵᠢᠯ ᠬᠦᠳᠡᠯᠮᠦᠷᠢ ᠳᠤ ᠤᠷᠤᠯᠴᠠᠭᠤᠯᠤᠨ ᠰᠤᠷᠭᠠᠳᠠᠭ᠂ ᠤᠩᠭᠠᠰᠤ ᠲᠡᠭᠦᠯᠭᠡᠬᠦ᠂ | ᠬᠦᠯᠳᠡᠭᠦᠰᠦ ᠤᠪᠤᠭᠠᠯᠠᠬᠤ᠂ ᠬᠤᠨᠢ ᠵᠤᠯᠭᠤᠭᠠᠬᠤ ᠢᠮᠠᠭ᠎ᠠ ᠰᠠᠮᠨᠠᠭᠤᠯᠬᠤ᠂ ᠤᠶᠢᠷᠠᠯᠴᠠᠭ᠎ᠠ ᠬᠤᠨᠢᠨ ᠳᠤ ᠭᠦᠶᠦᠯᠭᠡᠬᠦ᠂ | ᠲᠤᠭᠤᠯ ᠬᠠᠷᠢᠭᠤᠯᠵᠦ ᠤᠰᠤᠯᠠᠬᠤ᠂ ᠦᠨᠢᠶ᠎ᠡ ᠬᠤᠷᠢᠶᠡᠵᠦ ᠢᠷᠡᠭᠦᠯᠬᠦ᠂ ᠮᠤᠷᠢ ᠪᠠᠷᠢᠭᠤᠯᠬᠤ᠂ ᠮᠠᠯ ᠵᠢᠰᠦᠯᠡᠭᠦᠯᠬᠦ᠂ ᠨᠡᠩ | ᠡᠮᠡᠭᠳᠡᠢ ᠬᠡᠤᠬᠡᠳ ᠪᠤᠯ ᠬᠤᠨᠢ ᠢᠮᠠᠭ᠎ᠠ ᠲᠠᠳᠠᠬᠤ᠂ ᠦᠨᠢᠶ᠎ᠡ ᠲᠤᠭᠤᠯ ᠢᠪᠢᠯᠭᠡᠵᠦ ᠰᠠᠭᠠᠬᠤ᠂ ᠬᠤᠷᠠᠭ᠎ᠠ ᠢᠰᠢᠭᠡ | ᠤᠭᠵᠢᠳᠠᠬᠤ᠂ ᠦᠢᠯᠡ ᠤᠶᠤᠳᠠᠯ ᠰᠤᠷᠭᠠᠬᠤ ᠵᠡᠷᠭᠡ ᠦᠢᠯᠡᠳᠪᠦᠷᠢᠯᠡᠯ ᠠᠮᠢᠳᠤᠷᠠᠯ ᠤᠨ ᠠᠵᠢᠯᠯᠠᠭᠠᠨ ᠳᠤ ᠤᠷᠤᠯᠴᠠᠬᠤ ᠪᠠᠷ | ᠳᠠᠮᠵᠢᠨ ᠭᠡᠷ ᠤᠨ ᠬᠦᠮᠦᠰ ᠤᠨ ᠬᠦᠮᠦᠵᠢᠯ ᠢᠶᠠᠷ ᠰᠤᠷᠴᠤ ᠡᠬᠢᠯᠡᠨ ᠡᠵᠡᠮᠰᠢᠳᠡᠭ᠃ ᠡᠭᠦᠨ ᠢᠶᠠᠷ ᠪᠠᠷᠠᠬᠤ ᠦᠭᠡᠢ | ᠬᠦᠤᠴᠤᠤᠯ ᠢ ᠪᠠᠭ᠎ᠠ ᠠᠴᠠ ᠨᠢ ᠪᠦᠬᠡ ᠪᠠᠷᠢᠯᠳᠤᠨ ᠴᠢᠳᠠᠯ ᠬᠦᠴᠦᠨ ᠢᠶᠠᠨ ᠮᠦᠷᠦᠶᠢᠴᠡᠬᠦ ᠶᠢ ᠰᠤᠷᠭᠠᠵᠦ᠂ ᠬᠤᠭᠤᠷᠤᠨᠳᠤ ᠨᠢ | ᠪᠠᠷᠢᠯᠳᠤᠭᠤᠯᠬᠤ᠂ ᠬᠤᠨᠢ ᠮᠠᠯ ᠳᠤ ᠶᠠᠪᠤᠬᠤ ᠳᠠᠭᠠᠨ ᠪᠠᠷᠢᠯᠳᠤᠵᠦ ᠪᠤᠯᠪᠠᠰᠤᠷᠠᠬᠤ᠂ ᠶᠡᠬᠡᠰ ᠠᠴᠠ ᠲᠦᠬᠦᠮ ᠠᠷᠭ᠎ᠠ ᠮᠡᠷᠭᠡᠵᠢᠯ | ᠵᠢᠭᠠᠵᠦ ᠦᠭᠬᠦ᠂ ᠴᠢᠨᠠᠭᠰᠢᠯᠠᠪᠠᠯ ᠪᠦᠬᠡ ᠶᠢᠨ ᠪᠤᠯᠪᠠᠰᠤᠷᠠᠯ ᠳᠤ ᠶᠠᠪᠤᠭᠤᠯᠵᠦ ᠨᠠᠶᠢᠷ ᠲᠤ ᠤᠷᠤᠭᠤᠯᠤᠨ ᠤᠶᠤᠨ ᠤᠬᠠᠭᠠᠨ | ᠴᠢᠳᠠᠯ ᠬᠦᠴᠦᠨ ᠲᠠᠢ ᠪᠤᠯᠭᠠᠨ ᠬᠦᠮᠦᠵᠢᠭᠦᠯᠳᠡᠭ ᠤᠴᠢᠷ ᠲᠠᠢ᠃ ᠨᠡᠭᠦᠳᠡᠯ ᠮᠠᠯᠵᠢᠯ ᠤᠨ ᠤᠨᠴᠠᠭᠠᠢ ᠦᠢᠯᠡ | ᠠᠵᠢᠯᠯᠠᠭᠠᠨ ᠠᠴᠠ ᠪᠤᠯᠵᠦ᠂ ᠡᠷᠡᠭᠳᠡᠢ ᠡᠮᠡᠭᠳᠡᠢ ᠶᠢᠨ ᠠᠵᠢᠯ ᠤᠨ ᠬᠤᠪᠢᠶᠠᠷᠢ ᠠᠳᠠᠯᠢ ᠦᠭᠡᠢ ᠪᠠᠶᠢᠳᠠᠭ᠃ ᠤᠯᠠᠩᠬᠢ ᠳᠠᠭᠠᠨ | ᠬᠦᠤᠴᠤᠤᠯ ᠢ ᠭᠡᠷ ᠤᠨ ᠭᠠᠳᠠᠨᠠᠬᠢ ᠠᠵᠢᠯ ᠳᠤ ᠭᠤᠤᠯᠳᠠᠭᠤᠯᠵᠦ᠂ ᠮᠠᠯ ᠬᠠᠷᠢᠭᠤᠯᠬᠤ᠂ ᠡᠮᠨᠢᠭ ᠲᠤᠭᠰᠢᠨ ᠰᠤᠷᠭᠠᠬᠤ᠂ ᠰᠤᠷ | ᠡᠯᠳᠡᠬᠦ᠂ ᠮᠤᠷᠢᠨ ᠤ ᠡᠳ᠋ᠯᠡᠯ ᠬᠢᠬᠦ᠂ ᠠᠯᠠᠵᠦ ᠨᠢᠳᠤᠯᠠᠬᠤ᠂ ᠠᠶᠠᠨ ᠲᠠᠷᠠᠨ ᠳᠤ ᠶᠠᠪᠤᠬᠤ ᠵᠡᠷᠭᠡ ᠴᠢᠳᠠᠯ ᠬᠦᠴᠦ ᠬᠡᠷᠡᠭᠰᠡᠬᠦ | ᠠᠵᠢᠯ ᠳᠤ ᠤᠷᠤᠯᠴᠠᠭᠤᠯᠤᠨ᠂ ᠬᠡᠤᠬᠡᠨᠴᠤᠤᠯ ᠢ ᠭᠡᠷ ᠲᠤᠲᠤᠷᠠᠬᠢ ᠠᠵᠢᠯ ᠳᠤ ᠭᠤᠤᠯᠳᠠᠭᠤᠯᠵᠦ᠂ ᠦᠢᠯᠡ ᠤᠶᠤᠳᠠᠯ | ᠰᠤᠷᠭᠠᠬᠤ᠂ ᠭᠡᠷ ᠴᠡᠪᠡᠷᠯᠡᠬᠦ᠂ ᠬᠤᠭᠤᠯᠠ ᠴᠠᠢ ᠪᠡᠯᠡᠳᠦᠬᠦ᠂ ᠠᠷᠭᠠᠯ ᠤᠰᠤ ᠤᠷᠤᠭᠤᠯᠬᠤ᠂ ᠦᠨᠢᠶ᠎ᠡ ᠰᠠᠭᠠᠬᠤ᠂ ᠴᠠᠭᠠᠨ | ᠢᠳᠡᠭᠡᠨ ᠪᠤᠯᠪᠠᠰᠤᠷᠠᠭᠤᠯᠬᠤ ᠵᠡᠷᠭᠡ ᠬᠦᠴᠦ ᠬᠦᠩᠭᠡᠨ ᠭᠡᠷ ᠤᠨ ᠲᠤᠳᠤᠭᠠᠳᠤ ᠠᠵᠢᠯ ᠳᠤ ᠲᠠᠰᠬᠠᠳᠠᠭ᠃ | ᠭᠤᠷᠪᠠ᠂ ᠲᠤᠤᠯᠢ ᠶᠢᠨ ᠲᠠᠩᠰᠤᠭ ᠦᠵᠦᠮᠦᠴᠢᠨ | ⒈ ᠠᠬᠠᠮᠠᠳ ᠤᠨ ᠠᠯᠳᠠᠨ ᠰᠤᠷᠭᠠᠯ ᠪᠠᠭ᠎ᠠ ᠪᠠᠶᠢᠬᠤ ᠳᠤ ᠪᠢ ᠡᠪᠦᠭᠡᠳ ᠪᠤᠭᠤᠷᠤᠯ ᠠᠴᠠ ᠦᠯᠢᠭᠡᠷ ᠲᠤᠮᠤᠭ᠂ | ᠤᠨᠢᠰᠤᠭ᠎ᠠ ᠲᠠᠭᠠᠪᠤᠷᠢ᠂ ᠦᠤᠬᠡ ᠲᠡᠤᠬᠡ ᠰᠤᠨᠤᠰᠬᠤ ᠲᠤᠷᠠᠳᠠᠢ᠂ ᠵᠤᠨ ᠨᠠᠮᠤᠷ ᠤᠨ ᠴᠠᠭ ᠲᠤ᠂ ᠴᠡᠴᠡᠭ ᠤᠨ ᠲᠤᠮᠳᠠ | ᠡᠷᠪᠡᠭᠡᠢ ᠬᠦᠭᠡᠴᠡᠯᠳᠤᠨ ᠴᠠᠷᠴᠠᠬᠠᠢ ᠲᠤᠭᠤᠬᠤ ᠪᠠᠷ ᠵᠤᠭ᠎ᠠ ᠪᠤᠯᠭᠠᠵᠦ ᠨᠠᠭᠠᠳᠤᠳᠠᠭ ᠪᠠᠶᠢᠭᠰᠠᠨ ᠳ᠋ᠠ᠃ ᠡᠭᠦᠨ ᠳᠤ ᠠᠬᠠᠮᠠᠳ | ᠨᠠᠷ ᠠᠴᠠ᠄ ︽ᠲᠠᠨᠠᠷ᠂ ᠬᠠᠷᠢᠨ ᠬᠡᠬᠡᠷ᠎ᠡ ᠶᠠᠪᠤᠬᠤ ᠳᠠᠭᠠᠨ ᠰᠢᠪᠠᠭᠤ ᠶᠢᠨ ᠦᠨᠳᠡᠭᠡ ᠶᠢ ᠬᠠᠭᠠᠯᠵᠦ ᠪᠤᠯᠬᠤ ᠦᠭᠡᠢ ᠮᠦᠷᠳᠡᠭᠡᠨ | ᠰᠡᠭᠦᠳᠡᠷ ᠢᠶᠠᠨ ᠴᠤ ᠲᠤᠰᠬᠠᠵᠦ ᠪᠤᠯᠬᠤ ᠦᠭᠡᠢ᠂ ᠲᠤᠰᠬᠠᠪᠠᠯ ᠦᠨᠳᠡᠭᠡ ᠦᠭᠦᠴᠢᠭᠡᠨᠡ᠂ ᠨᠢᠭᠦᠯ ᠪᠤᠯᠤᠨ᠎ᠠ ᠰᠢᠤ᠂ | ᠲᠤᠭᠤᠷᠤᠤ ᠶᠢᠨ ᠦᠨᠳᠡᠭᠡ ᠶᠢ ᠬᠠᠭᠠᠯᠪᠠᠯ ᠬᠠᠷᠢᠶᠠᠯ ᠢᠷᠡᠨ᠎ᠡ᠂ ᠡᠯᠢᠶ᠎ᠡ ᠶᠢᠨ ᠦᠨᠳᠡᠭᠡ ᠶᠢ ᠬᠠᠭᠠᠯᠪᠠᠯ ᠪᠤᠵᠠᠷ ᠢᠷᠡᠨ᠎ᠡ︾ ᠭᠡᠬᠦ | ᠮᠡᠳᠦ ᠪᠠᠷ ᠠᠶᠤᠯᠭᠠᠳᠠᠭ ᠢᠶᠠᠷ ᠪᠢᠳᠡ ᠲᠤᠩ ᠬᠢᠴᠢᠶᠡᠵᠦ᠂ ᠪᠢᠯᠵᠤᠤᠬᠠᠢ ᠶᠢᠨ ᠦᠨᠳᠡᠭᠡ ᠶᠢ ᠨᠠᠷᠠᠨ ᠲᠠᠯ᠎ᠠ ᠠᠴᠠ ᠨᠢ ᠢᠷᠡᠵᠦ | ᠰᠤᠨᠢᠷᠬᠠᠳᠠᠭ ᠶᠤᠮᠰᠠᠨ᠃ ᠬᠦᠳᠡᠭᠡ ᠶᠢᠨ ᠠᠶᠢᠯ ᠶᠡᠷᠦ ᠨᠢ ᠬᠡᠤᠬᠡᠳ ᠪᠠᠭᠠᠴᠦᠳ ᠲᠠᠭᠠᠨ ᠦᠯᠢᠭᠡᠷ ᠬᠡᠯᠡᠵᠦ ᠦᠭᠬᠦ ᠪᠠ | ᠤᠨᠢᠰᠤᠭ᠎ᠠ ᠲᠠᠭᠠᠯᠭᠠᠵᠦ ᠤᠶᠤᠨ ᠢ ᠨᠢ ᠨᠡᠭᠡᠭᠡᠯᠭᠡᠬᠦ ᠵᠠᠩᠰᠢᠯ ᠲᠠᠢ᠂ ᠬᠠᠪᠤᠷ ᠤᠨ ᠨᠢᠭᠡᠨ ᠤᠷᠤᠢ ᠪᠢ ᠠᠪᠠᠭ᠎ᠠ | ᠠᠪᠤ ᠶᠢᠨ ᠳᠠᠭᠠᠨ ᠬᠤᠨᠤᠬᠤ ᠳᠤ᠂ ᠡᠵᠢ ᠠᠴᠠ᠄ ︽ᠵᠠ᠂ ᠬᠤᠨᠤᠴᠢ ᠬᠦᠮᠦᠨ ᠠᠶᠢᠯ ᠳᠤ ᠬᠤᠨᠤᠪᠠᠯ ᠬᠤᠶᠠᠷ ᠦᠯᠢᠭᠡᠷ | ᠬᠤᠷᠢᠨ ᠤᠨᠢᠰᠤᠭ᠎ᠠ ᠬᠡᠯᠡᠳᠡᠭ ᠶᠤᠮ ᠡ᠂ ᠴᠢ ᠤᠷᠤᠢ ᠤᠨᠢᠰᠤᠭ᠎ᠠ ᠬᠡᠯᠡᠨ᠎ᠡ ᠰᠢᠤ︾ ᠭᠡᠵᠦ ᠨᠠᠮᠠᠶᠢ ᠵᠢᠳᠭᠦᠭᠦᠯᠦᠨ | ᠦᠭᠦᠭᠡᠷᠳᠡᠨᠡ᠂ ᠪᠢ ᠲᠡᠷᠡ ᠦᠶ᠎ᠡ ᠶᠠᠭᠤ ᠴᠤ ᠮᠡᠳᠡᠬᠦ ᠦᠭᠡᠢ ᠪᠠᠶᠢᠯ᠎ᠠ᠂ ᠤᠷᠤᠢ ᠬᠡᠪᠳᠡᠭᠰᠡᠨ ᠤ ᠲᠠᠷᠠᠭ᠎ᠠ ᠠᠪᠠᠭ᠎ᠠ | ᠠᠪᠤ ᠠᠴᠠ᠄ ︽ᠭᠤᠷᠪᠠᠨ ᠨᠠᠰᠤᠳᠠᠢ ᠭᠤᠨᠠᠭᠠᠨ ᠤᠯᠠᠭᠠᠨ ᠪᠠᠭᠠᠳᠤᠷ︾ ᠭᠡᠬᠦ ᠮᠠᠩᠭᠤᠰ ᠢ ᠲᠠᠷᠤᠵᠦ ᠠᠷᠠᠳ ᠤᠯᠠᠨ ᠢᠶᠠᠨ | ᠠᠪᠤᠷᠠᠭᠰᠠᠨ ᠦᠯᠢᠭᠡᠷ ᠢ ᠶᠠᠷᠢᠵᠦ ᠦᠭᠭᠦᠭᠰᠡᠨ ᠢᠶᠠᠨ᠄ ︽ᠵᠠ᠂ ᠤᠳᠤ ᠬᠡᠨ ᠤᠨᠢᠰᠤᠭ᠎ᠠ ᠬᠡᠯᠡᠬᠦ ᠪᠤᠢ︖︾ ᠭᠡᠬᠦ ᠳᠤ | ᠠᠪᠠᠭ᠎ᠠ ᠡᠭᠡᠴᠢ ᠠᠴᠠ᠄ ︽ᠤᠭᠤᠳᠠ ᠲᠦᠭᠦᠷᠡᠩ ᠤᠯᠠᠭᠠᠨ ᠱᠠᠭ᠎ᠠ᠂ ᠲᠡᠷᠡ ᠶᠠᠭᠤ ᠪᠤᠢ︖︾ ᠭᠡᠬᠦ ᠳᠤ ᠤᠯᠠᠨ ᠢᠶᠠᠷ ︽ | ᠲᠤᠯᠭ᠎ᠠ ᠶᠢᠨ ᠭᠠᠯ︾ ᠭᠡᠵᠦ ᠪᠤᠯᠢᠶᠠᠯᠳᠤᠨ ᠲᠠᠶᠢᠯᠤᠨ᠎ᠠ᠂ ︽ᠬᠠᠭᠠᠯᠭ᠎ᠠ ᠶᠢᠨ ᠠᠷᠤ ᠳᠤ ᠬᠠᠩᠬᠢᠷ ᠵᠢᠩᠭᠡᠷ ︵ᠬᠠᠵᠠᠭᠠᠷ | ᠨᠤᠭᠳᠤ︶︾᠂ ︽ᠡᠳᠦᠷ ᠭᠤᠷᠪᠠᠯᠵᠢᠨ ᠰᠦᠨᠢ ᠲᠦᠷᠪᠡᠯᠵᠢᠨ ︵ᠭᠡᠷ ᠤᠨ ᠡᠷᠦᠬᠡ︶︾ ᠭᠡᠬᠦ ᠮᠡᠳᠦ ᠢᠶᠠᠷ ᠬᠤᠷᠢ ᠭᠠᠷᠤᠢ | ᠤᠨᠢᠰᠤᠭ᠎ᠠ ᠪᠤᠯᠢᠶᠡᠯᠳᠤᠨ ᠬᠡᠯᠡᠵᠦ ᠪᠤᠯᠢᠶᠠᠯᠳᠤᠨ ᠬᠠᠷᠢᠭᠤᠯᠵᠦ ᠭᠦᠷ ᠬᠦᠭᠵᠢᠶᠡᠨ ᠲᠠᠢ ᠬᠤᠨᠤᠭᠯᠠᠭᠰᠠᠨ ᠪᠢᠯᠡ᠂ | ᠲᠡᠭᠦᠨ ᠠᠴᠠ ᠬᠤᠶᠢᠰᠢ ᠪᠢ ᠴᠤ ᠬᠡᠳᠦᠨ ᠤᠨᠢᠰᠤᠭ᠎ᠠ ᠴᠡᠭᠡᠵᠢᠯᠡᠭᠡᠳ ︽ᠤᠶᠤᠨ ᠤ ᠤᠷᠤᠯᠳᠤᠭᠠᠨ︾ ᠳᠤ ᠢᠳᠡᠪᠬᠢᠯᠡᠨ | ᠤᠷᠤᠯᠴᠠᠳᠠᠭ ᠪᠤᠯᠤᠭᠰᠠᠨ ᠶᠤᠮ᠃ ᠨᠡᠭᠦᠳᠡᠯ ᠮᠠᠯᠵᠢᠯ ᠤᠨ ᠴᠠᠭ ᠦᠶ᠎ᠡ ᠶᠢᠨ ᠡᠪᠦᠭᠡᠳ ᠪᠤᠭᠤᠷᠤᠯ ᠤᠳ ᠭᠡᠵᠦ ᠪᠦᠷ ᠦᠯᠢᠭᠡᠷ | ᠲᠤᠤᠯᠢ ᠶᠢᠨ ᠲᠠᠯᠠᠢ ᠪᠠᠶᠢᠭᠰᠠᠨ ᠶᠤᠮ᠃ ᠡᠪᠦᠯ ᠤᠨ ᠨᠢᠭᠡᠨ ᠤᠷᠤᠢ ᠡᠪᠦᠭᠡ ᠮᠠᠨᠢ ᠮᠤᠷᠢ ᠲᠠᠯᠪᠢᠬᠤ ᠪᠠᠷ ᠨᠠᠮᠠᠶᠢ ᠲᠠᠭᠠᠭᠤᠯᠤᠨ | ᠠᠷᠭᠠᠮᠵᠢᠶ᠎ᠠ ᠪᠠᠨ ᠠᠪᠴᠤ ᠶᠠᠪᠤᠯ᠎ᠠ᠂ ᠨᠠᠰᠤᠳᠠᠨ ᠮᠤᠷᠢᠨ ᠤ ᠪᠠᠨ ᠡᠮᠡᠭᠡᠯ ᠢ ᠠᠪᠤᠭᠠᠳ᠂ ᠡᠮᠡᠭᠡᠯ ᠤᠨ ᠪᠦᠭᠦᠷᠭᠡ ᠶᠢ ᠪᠠᠷᠠᠭᠤᠨ | ᠬᠤᠶᠢᠰᠢ ᠬᠠᠨᠳᠤᠭᠤᠯᠤᠨ ᠶᠠᠩᠵᠤᠯᠠᠬᠤ ᠶᠤᠮ᠂ ᠡᠭᠦᠨ ᠳᠤ ᠪᠢ᠄ ︽ᠶᠠᠭᠤᠨ ᠳᠤ ᠡᠮᠡᠭᠡᠯ ᠢᠶᠠᠨ ᠢᠩᠭᠢᠵᠦ ᠲᠠᠯᠪᠢᠬᠤ ᠪᠤᠢ︖ | ︾ ᠭᠡᠪᠡᠯ᠄ ︽ᠡᠨᠡ ᠪᠤᠯ ᠶᠡᠭᠡ ᠤᠴᠢᠷ ᠲᠠᠢ ᠰᠢᠤ᠂ ᠮᠠᠨ ᠤ ᠦᠵᠦᠮᠦᠴᠢᠨ ᠠᠶᠢᠮᠠᠭ ᠶᠡᠭᠡ ᠡᠷᠳᠡ ᠪᠠᠷᠠᠭᠤᠨ ᠬᠤᠶᠢᠳᠦ | ᠵᠦᠭ ᠠᠴᠠ ᠨᠡᠭᠦᠵᠦ ᠢᠷᠡᠯ᠎ᠡ ᠭᠡᠳᠡᠭ ᠶᠤᠮ ᠡ᠂ ᠢᠩᠭᠢᠭᠡᠳ ᠤᠤᠭᠠᠯ ᠨᠤᠲᠤᠭ ᠤᠰᠤᠨ ᠳᠠᠭᠠᠨ ᠪᠤᠴᠠᠬᠤ ᠶᠢ ᠪᠡᠯᠭᠡᠳᠡᠵᠦ | ᠢᠩᠬᠢᠵᠦ ᠲᠠᠯᠪᠢᠳᠠᠭ᠂ ᠡᠭᠦᠨ ᠢ ᠵᠠᠪᠠᠯ ᠮᠡᠳᠡᠵᠦ ᠠᠪᠬᠤ ᠶᠤᠮ ᠰᠢᠤ︾ ᠭᠡᠵᠦ ᠡᠪᠦᠭᠡ ᠮᠠᠨᠢ ᠮᠠᠰᠢ ᠬᠢᠨᠠᠮᠠᠭᠠᠢ ᠰᠤᠷᠭᠠᠯ | ᠬᠠᠶᠢᠷᠠᠯᠠᠨᠡ᠃ ᠮᠤᠷᠢ ᠪᠠᠨ ᠠᠷᠭᠠᠮᠵᠢᠭᠠᠳ ᠭᠡᠷ ᠲᠤ ᠤᠷᠤᠬᠤ ᠳᠤ ᠡᠵᠢ ᠮᠢᠨᠢ ᠲᠤᠭᠤᠭ᠎ᠠ ᠳᠤ ᠮᠢᠬ᠎ᠠ ᠴᠢᠨᠠᠭᠰᠠᠨ | ᠪᠤᠴᠠᠯᠭᠠᠵᠦ ᠪᠠᠶᠢᠪᠠ᠂ ᠱᠦᠯᠦ ᠪᠤᠴᠠᠯᠤᠭᠠᠳ ᠠᠰᠬᠠᠯᠠᠬᠤ ᠳᠤ ᠪᠢ ᠲᠤᠭᠤᠭ᠎ᠠ ᠶᠢᠨ ᠵᠦᠭ ᠬᠠᠷᠠᠪᠠᠯ ᠪᠠᠷᠠᠭᠤᠨ ᠬᠤᠶᠢᠰᠢ | ᠬᠢᠯᠵᠡᠶᠢᠭᠰᠡᠨ ᠪᠠᠶᠢᠪᠠ᠂ ᠡᠭᠦᠨ ᠳᠤ ᠪᠢ᠄ ︽ᠡᠵᠢ ᠡ᠂ ᠴᠢ ᠲᠤᠭᠤᠭ᠎ᠠ ᠪᠠᠨ ᠲᠡᠭᠰᠢ ᠲᠠᠯᠪᠢᠭᠰᠠᠨ ᠦᠭᠡᠢ ᠰᠢᠳᠡ︕︾ | ᠭᠡᠬᠦ ᠳᠤ᠄ ︽ᠪᠠᠶᠠᠵᠢᠬᠤ ᠠᠶᠢᠯ ᠤᠨ ᠲᠤᠭᠤᠭ᠎ᠠ ᠪᠠᠷᠠᠭᠤᠨ ᠬᠤᠶᠢᠰᠢ ᠪᠠᠨ ᠭᠡᠯᠳᠡᠭᠡᠢ ᠭᠡᠳᠡᠭ ᠶᠤᠮ᠂ ᠲᠡᠭᠡᠳᠦ ᠶᠢᠨ | ᠨᠤᠲᠤᠭ ᠤᠨ ᠪᠤᠶᠠᠨ ᠢᠶᠠᠨ ᠬᠤᠷᠢᠶᠠᠵᠦ ᠪᠠᠶᠢᠬᠤ ᠨᠢ ᠲᠡᠷᠡ ᠶᠤᠮ ᠭᠡᠵᠦ ᠪᠤᠭᠤᠷᠤᠯ ᠤᠳ ᠴᠢᠨᠢ ᠰᠤᠷᠭᠠᠳᠠᠭ ᠪᠠᠶᠢᠭᠰᠠᠨ᠂ | ᠲᠡᠭᠡᠭᠡᠳ ᠪᠢ ᠴᠤ ᠪᠠᠰᠠ ᠢᠩᠬᠢᠵᠦ ᠲᠠᠯᠪᠢᠭᠠᠳ ᠵᠠᠩᠰᠢᠴᠢᠬᠠᠵᠠᠢ᠂ ᠡᠭᠦᠨ ᠢ ᠬᠤᠵᠢᠮ ᠡᠬᠡᠨᠡᠷ ᠠᠪᠤᠪᠠᠯ ᠰᠠᠶᠢᠨ ᠬᠡᠯᠡᠵᠦ | ᠦᠭ︕︾ ᠭᠡᠵᠦ ᠨᠤᠮᠯᠠᠬᠤ ᠳᠤ ᠪᠢ ᠲᠤᠯᠤᠭᠠᠢ ᠲᠤᠬᠢᠨ ᠰᠤᠨᠢᠷᠬᠠᠨ ᠰᠤᠨᠤᠰᠴᠤ ᠠᠪᠴᠤ ᠪᠢᠯᠡ᠂ ᠤᠳᠤ ᠨᠢᠭᠡ | ᠪᠤᠳᠤᠬᠤ ᠳᠤ ᠦᠵᠦᠮᠦᠴᠢᠨ ᠤ ᠭᠡᠷ ᠪᠦᠯᠢ ᠶᠢᠨ ᠵᠠᠩ ᠦᠢᠯᠡ ᠨᠢ ᠪᠦᠷ ᠯᠡ ᠶᠤᠰᠤ ᠭᠤᠷᠢᠮ ᠲᠠᠢ᠂ ᠬᠦᠮᠦᠰ ᠤᠨ ᠬᠢᠨᠢ ᠵᠠᠩ | ᠲᠠᠳᠬᠠᠯ ᠵᠠᠩ ᠦᠢᠯᠡ ᠶᠢᠨ ᠮᠡᠳᠡᠯᠭᠡ ᠨᠢ ᠲᠡᠶᠢᠮᠦ ᠭᠦᠨ ᠬᠦᠨᠵᠡᠭᠡᠢ᠂ ᠬᠡᠴᠢᠨᠡᠨ ᠠᠭᠤᠤ ᠠᠭᠤᠳᠠᠮ ᠪᠠᠶᠢᠭᠰᠠᠨ ᠢ ᠰᠠᠶ᠋ᠢ | ᠰᠠᠶ᠋ᠢ ᠠᠴᠠ ᠤᠬᠠᠮᠰᠠᠷᠯᠠᠭᠰᠠᠨ ᠮᠠᠨᠢ ᠤᠷᠤᠶᠢᠳᠠᠵᠠᠢ᠃ ᠵᠠᠩ ᠦᠢᠯᠡ ᠶᠢᠨ ᠶᠤᠰᠤᠨ ᠢᠶᠠᠷ ᠬᠡᠤᠬᠡᠳ ᠢ ᠬᠦᠮᠦᠵᠢᠭᠦᠯᠬᠦ ᠪᠤᠯ | ᠦᠵᠦᠮᠦᠴᠢᠨ ᠤ ᠬᠦᠮᠦᠨ ᠬᠦᠮᠦᠵᠢᠭᠦᠯᠬᠦ ᠶᠢᠨ ᠨᠢᠭᠡᠨ ᠰᠤᠩᠭᠤᠳᠠᠭ ᠠᠷᠭ᠎ᠠ ᠬᠡᠯᠪᠡᠷᠢ ᠶᠤᠮ᠃ | ⒉ ᠡᠪᠦᠭᠡᠳ ᠤᠨ ᠦᠪᠯᠡᠬᠦ ᠵᠤᠭᠤᠭ ᠵᠤᠨ ᠤ ᠨᠢᠭᠡᠨ ᠬᠠᠯᠠᠭᠤᠨ ᠡᠳᠦᠷ ᠶᠤᠮᠰᠠᠨ᠂ ᠬᠠᠶᠠᠭ᠎ᠠ ᠰᠡᠭᠦᠭᠰᠡᠨ ᠢᠰᠡᠭᠡᠢ | ᠭᠡᠷ ᠠᠴᠠ ᠠᠶᠢᠷᠠᠭ ᠤᠨ ᠰᠡᠩᠭᠡᠨᠡᠭᠡ ᠬᠠᠩᠬᠤᠯᠠᠨ᠎ᠠ᠂ ᠠᠶᠢᠷᠠᠭ ᠪᠦᠯᠢᠬᠦ ᠲᠠᠭᠤᠨ ᠪᠤᠯᠤᠨ ᠦᠵᠦᠮᠦᠴᠢᠨ ᠪᠦᠰᠡᠭᠦᠢ ᠶᠢᠨ | ᠬᠦᠳᠡᠯᠮᠦᠷᠢ ᠶᠢᠨ ᠲᠠᠭᠤᠯᠠᠯ ᠬᠦᠭ ᠨᠡᠶᠢᠯᠡᠨ ᠱᠠᠭᠠᠬᠢᠨᠡ᠃ ᠲᠠᠨᠵᠢ ᠶᠢᠨ ᠴᠡᠩᠭᠡᠷ ᠲᠤᠭᠤᠷᠤᠤ ᠬᠤᠤᠰ ᠬᠤᠤᠰ ᠢᠶᠠᠷ ᠨᠢᠰᠴᠤ | ᠲᠤᠤᠭᠠᠷᠤᠨ ᠦᠩᠭᠡᠷᠡᠬᠦ ᠳᠤ ᠡᠪᠦᠭᠡᠳ ᠬᠦᠭᠰᠢᠳ᠄ ︽ᠤᠳᠠᠬᠤ ᠦᠭᠡᠢ ᠪᠤᠷᠤᠭᠠᠨ ᠤᠷᠤᠬᠤ ᠶᠢᠨ ᠲᠡᠮᠳᠡᠭ︾ ᠭᠡᠯᠴᠡᠨ᠎ᠡ᠃ | ᠰᠠᠶ᠋ᠢᠬᠠᠨ ᠨᠡᠷᠡᠭᠰᠡᠨ ᠠᠷᠢᠬᠢᠨ ᠤ ᠦᠨᠦᠷ ᠢ ᠠᠪᠤᠭᠰᠠᠨ ᠰᠢᠭ᠋ ᠲᠤᠤᠯᠢᠴᠢ ᠡᠪᠦᠭᠡᠨ ᠬᠠᠯᠳᠠᠷ ᠮᠤᠷᠢ ᠤᠨᠤᠭᠰᠠᠨ ᠬᠡᠭᠡᠷ ᠬᠠᠯᠳᠠᠷ | ᠪᠤᠯᠤᠭᠰᠠᠨ ᠮᠠᠶ᠋ᠢᠭ ᠲᠠᠢ ᠬᠡᠯᠪᠡᠷᠢᠨ ᠲᠠᠪᠬᠢᠵᠦ ᠠᠶᠢᠰᠦᠢ᠂ ︽ᠨᠤᠬᠠᠢ ᠪᠠᠨ ᠬᠤᠷᠢ︕︾ ᠭᠡᠬᠦ ᠳᠤ ᠪᠡᠷᠢ ᠬᠡᠤᠬᠡᠳ | ᠭᠦᠶᠦᠯᠳᠦᠨ ᠭᠠᠷᠴᠤ ᠮᠤᠷᠢ ᠶᠢ ᠨᠢ ᠲᠤᠰᠤᠨ ᠠᠪᠴᠤ ᠤᠶᠠᠭᠠᠳ ᠡᠪᠦᠭᠡᠨ ᠢ ᠲᠦᠰᠢᠵᠦ ᠭᠡᠷ ᠲᠤ ᠤᠷᠤᠭᠤᠯᠤᠨ | ᠬᠦᠨᠳᠦᠯᠡᠨ᠎ᠡ᠂ ᠨᠠᠰᠤᠳᠠᠳ ᠬᠦᠬᠦᠷ ᠪᠠᠷᠢᠨ ᠬᠠᠷᠢᠯᠴᠠᠨ ᠮᠡᠨᠳᠦᠯᠴᠢᠯᠡᠨᠡ᠂ ᠠᠶᠢᠯ ᠤᠨ ᠪᠡᠷᠢ ᠰᠠᠶ᠋ᠢᠬᠠᠨ ᠨᠡᠷᠡᠭᠰᠡᠨ ᠠᠷᠵᠠ ᠪᠠᠨ | ᠲᠤᠤᠯᠢᠴᠢ ᠡᠪᠦᠭᠡᠨ ᠳᠤ ᠬᠡᠮᠨᠡᠨ ᠪᠠᠷᠢᠬᠤ ᠳᠤ ᠲᠡᠷᠡ ᠪᠠᠷ᠄ ︽ᠵᠠ᠂ ᠨᠠᠷᠠ ᠠᠳᠠᠯᠢ ᠮᠠᠨᠳᠤᠵᠦ᠂ ᠨᠠᠪᠴᠢ ᠠᠳᠠᠯᠢ ᠲᠡᠯᠭᠡᠷᠡᠵᠦ᠂ | ᠦᠨᠳᠦᠷ ᠨᠠᠰᠤ ᠲᠠᠢ ᠦᠷᠭᠡᠨ ᠪᠤᠶᠠᠨ ᠲᠠᠢ ᠶᠠᠪᠤ ᠡ︕︾ ᠭᠡᠵᠦ ᠢᠷᠦᠭᠡᠯ ᠬᠠᠶᠢᠷᠨᠯᠠᠨᠠ᠃ ᠠᠯᠤᠰ ᠲᠤ ᠦᠨᠡᠭᠡᠷ | ᠬᠦᠬᠡᠷᠦᠨ ᠪᠤᠷᠤᠭᠠᠨᠰᠢᠵᠦ ᠲᠡᠭᠷᠢ ᠬᠢᠯᠪᠡᠨ ᠴᠠᠬᠢᠯᠤᠨ ᠪᠠᠶᠢᠭᠰᠠᠨ ᠢᠶᠠᠨ ᠰᠡᠷ ᠰᠡᠷ ᠰᠠᠯᠬᠢᠯᠠᠨ ᠴᠠᠶᠢᠷᠠᠳᠠᠵᠦ ᠡᠬᠢᠯᠡᠪᠡ᠂ | ᠬᠦᠭᠰᠢᠳ ᠪᠡᠷᠢᠶᠠᠳ ᠠᠷᠭᠠᠯ ᠲᠦᠯᠡᠰᠢ ᠪᠠᠨ ᠪᠦᠳᠦᠭᠡᠬᠦ᠂ ᠠᠭᠠᠷᠴᠠ ᠬᠤᠷᠤᠳ ᠢᠶᠠᠨ ᠤᠷᠤᠭᠤᠯᠬᠤ᠂ ᠡᠷᠦᠬᠡ ᠪᠠᠨ | ᠪᠦᠳᠦᠭᠡᠬᠦ ᠭᠡᠳ ᠶᠠᠭᠠᠷᠠᠯᠳᠤᠨ᠎ᠠ᠃ ᠬᠤᠶᠠᠷ ᠪᠤᠭᠤᠷᠤᠯ ᠬᠠᠷᠢᠨ ᠵᠤᠭᠤᠭ ᠲᠡᠯᠭᠡᠨ ᠲᠠᠪᠡᠳᠠᠢ ᠰᠠᠭᠤᠵᠦ᠂ ᠠᠷᠢᠬᠢ | ᠰᠢᠮᠡᠭᠰᠡᠨ ᠢᠶᠠᠨ ᠡᠪᠦᠭᠡ ᠮᠢᠨᠢ᠄ ︽ᠵᠠ᠂ ᠠᠬᠤ᠂ ᠴᠢ ᠴᠢᠨᠢ ᠤᠳᠤ ᠲᠤᠤᠯᠢᠴᠢ ᠲᠡᠤᠬᠡᠴᠢ ᠨᠠᠷᠠ ᠲᠠᠢ᠂ ᠲᠡᠭᠦᠨ ᠠᠴᠠ ᠪᠠᠨ | ᠶᠠᠷᠢᠭᠠᠴᠢ ᠳ᠋ᠠ᠂ ᠪᠤᠷᠤᠭᠠᠨ ᠴᠤ ᠤᠷᠤᠴᠢᠬᠠᠯ᠎ᠠ᠂ ᠬᠠᠭᠤᠴᠢ ᠲᠡᠯᠭᠡᠬᠦ ᠠᠴᠠ︾ ᠭᠡᠵᠦ ᠶᠠᠷᠢᠶᠠᠨ ᠤ ᠭᠤᠭᠴᠤᠭ᠎ᠠ | ᠡᠭᠦᠰᠭᠡᠬᠦ ᠳᠤ ᠲᠤᠤᠯᠢᠴᠢ ᠡᠪᠦᠭᠡᠨ᠄ ︽ᠡᠷᠳᠡ ᠤᠷᠢᠳᠦ ᠶᠢᠨ ᠴᠠᠭ ᠲᠤ᠂ ᠠᠯᠢ ᠴᠤ ᠬᠠᠭᠠᠨ ᠤ ᠦᠶ᠎ᠡ ᠶᠤᠮ ᠳ᠋ᠠ᠂ ᠮᠠᠨ ᠤ | ᠦᠵᠦᠮᠦᠴᠢᠨ ᠠᠶᠢᠮᠠᠭ ᠠᠯᠳᠠᠢ — ᠬᠠᠩᠭᠠᠢ ᠶᠢᠨ ᠠᠭᠤᠯᠠ ᠪᠠᠷ ᠨᠤᠳᠤᠭᠯᠠᠵᠦ ᠪᠠᠶᠢᠯ᠎ᠠ ᠭᠡᠳᠡᠭ᠂ ᠨᠢᠭᠡᠨ ᠤᠳᠠᠭ᠎ᠠ ᠶᠢᠨ | ᠲᠠᠶᠢᠨ ᠲᠠᠵᠢᠨ ᠪᠤᠯᠵᠦ᠂ ᠬᠤᠯᠠᠭᠠᠢ ᠲᠡᠭᠡᠷᠡᠮ ᠤᠨ ᠲᠦᠢᠪᠡᠭᠡᠯᠭᠡ ᠳᠤ ᠤᠴᠠᠷᠠᠭᠰᠠᠨ ᠢᠶᠠᠷ ᠠᠷᠭ᠎ᠠ ᠦᠭᠡᠢ ᠪᠤᠯᠬᠤ ᠳᠠᠭᠠᠨ | ᠠᠯᠤᠰ ᠤᠨ ᠨᠡᠭᠦᠳᠡᠯ ᠬᠢᠵᠦ ᠠᠳᠡ ᠢᠷᠡᠯ᠎ᠡ ᠭᠡᠵᠦ ᠭᠡᠳᠦᠶᠢᠨᠡᠢ ᠠᠴᠠ ᠨᠠᠰᠤᠳᠠᠨ ᠪᠤᠭᠤᠷᠤᠯ ᠤᠳ ᠶᠡᠭᠡ ᠶᠠᠷᠢᠶ᠎ᠠ ᠬᠦᠭᠡᠷᠦᠭᠡ | ᠪᠤᠯᠭᠠᠵᠦ ᠪᠠᠶᠢᠭᠰᠠᠨ ᠶᠤᠮ᠂ ᠲᠡᠭᠡᠭᠡᠳ ᠤᠳᠤ ᠶᠢᠨ ᠡᠨᠡ ᠬᠠᠳᠠᠪᠴᠢ᠂ ᠡᠭᠦᠳᠡ ᠵᠡᠷᠭᠡ ᠭᠠᠵᠠᠷ ᠢᠶᠠᠷ ᠨᠡᠭᠦᠵᠦ ᠤᠷᠤᠵᠦ | ᠢᠷᠡᠯ᠎ᠡ ᠭᠡᠳᠡᠭ᠂ ᠲᠡᠭᠡᠭᠰᠡᠨ ᠢᠶᠠᠷ ᠨᠢ ᠢᠩᠭᠢᠵᠦ ᠨᠡᠷᠡᠯᠡᠭᠰᠡᠨ ᠪᠠᠶᠢᠵᠠᠢ᠂ ᠬᠤᠶᠠᠷ ᠡᠭᠦᠳᠡ ᠶᠢᠨ ᠬᠤᠭᠤᠷᠤᠨᠳᠤᠭᠤᠷ ᠠᠳᠤᠭᠤᠨ | ᠰᠦᠷᠦᠭ ᠢᠶᠠᠨ ᠭᠡᠯᠢᠵᠦ ᠭᠠᠷᠬᠤ ᠳᠤ ᠪᠠᠭᠳᠠᠵᠦ ᠶᠠᠳᠠᠨ ᠪᠠᠶᠢᠯ᠎ᠠ ᠭᠡᠯᠴᠡᠳᠡᠭ᠂ ᠶᠡᠬᠡᠯ᠎ᠡ ᠠᠳᠤᠭᠤᠳ ᠲᠠᠢ ᠪᠠᠶᠢᠭᠰᠠᠨ ᠶᠤᠮ | ᠪᠠᠶᠢᠨ᠎ᠠ︾ ᠭᠡᠬᠦ ᠳᠤ ᠡᠪᠦᠭᠡ ᠪᠠᠰᠠ ᠡᠯᠭᠦᠵᠦ᠄ ︽ᠮᠠᠨ ᠤ ᠲᠡᠭᠡᠳᠦ ᠶᠢᠨ ᠭᠠᠵᠠᠷ ᠪᠠᠷᠠᠭᠤᠨ ᠬᠤᠶᠢᠳᠦ ᠵᠦᠭ ᠲᠤ ᠪᠤᠢ ᠭᠡᠬᠦ | ᠪᠦᠭᠡᠳ ᠠᠯᠳᠠᠢ — ᠬᠠᠩᠭᠠᠢ ᠨᠢᠷᠤᠭᠤ ᠶᠢᠨ ᠦᠵᠦᠮ ᠤᠨ ᠴᠠᠭᠠᠨ ᠠᠭᠤᠯᠠ᠂ ᠲᠦᠷᠦᠭᠡ ᠬᠠᠩᠭᠢᠨᠠᠭᠤᠷ ᠤᠨ ᠬᠠᠪᠴᠢᠯ᠂ | ᠬᠤᠨᠢ ᠮᠠᠶᠢᠯᠠᠬᠤ ᠭᠡᠬᠦ ᠭᠠᠵᠠᠷ ᠢ ᠶᠠᠷᠢᠳᠠᠭ᠂ ᠠᠳᠡ ᠠᠴᠠ ᠬᠡᠳᠦᠢ ᠴᠤ ᠬᠤᠯᠠ ᠪᠠᠶᠢᠳᠠᠭ ᠢ ᠪᠤᠤ ᠮᠡᠳᠡ︕︾ ᠲᠤᠤᠯᠢᠴᠢ | ᠡᠪᠦᠭᠡᠨ᠄ ︽ᠲᠡᠶᠢᠮᠦ ᠡ᠂ ᠲᠡᠭᠡᠵᠦ ᠶᠠᠷᠢᠳᠠᠭ᠃ ᠬᠠᠩᠭᠠᠢ ᠠᠭᠤᠯᠠ ᠠᠴᠠ ᠭᠠᠯᠪᠠ ᠱᠠᠩᠬᠤ ᠶᠢᠨ ᠭᠤᠪᠢ ᠳᠤ ᠨᠡᠭᠦᠵᠦ | ᠢᠷᠡᠭᠡᠳ ᠬᠡᠳᠦᠢ ᠤᠳᠠᠭᠰᠠᠨ ᠢ ᠮᠡᠳᠡᠬᠦ ᠦᠭᠡᠢ᠂ ᠦᠵᠦᠮᠦᠴᠢᠨ ᠠᠶᠢᠮᠠᠭ ᠭᠠᠯᠪᠠ ᠱᠠᠩᠬᠤ ᠶᠢᠨ ᠭᠤᠪᠢ ᠠᠴᠠ ᠭᠠᠭᠴᠠ | ᠪᠦᠭᠦᠳᠦ ᠲᠡᠮᠡᠭᠡᠳ ᠲᠠᠢ ᠤᠳᠤ ᠶᠢᠨ ᠡᠨᠡ ᠡᠪᠡᠰᠦᠳᠦ ᠲᠠᠯ᠎ᠠ ᠳᠤ ᠨᠡᠭᠦᠵᠦ ᠢᠷᠡᠯ᠎ᠡ ᠭᠡᠵᠦ ᠪᠠᠰᠠ ᠬᠡᠯᠡᠯᠴᠡᠳᠡᠭ ᠰᠢᠤ︕︾᠂ | ︽ᠮᠠᠨ ᠤ ᠬᠢᠨ ᠴᠠᠭᠠᠨ ᠰᠠᠷ᠎ᠠ ᠪᠤᠯᠤᠨ ᠨᠠᠶᠢᠷ ᠨᠠᠭᠠᠳᠤᠮ ᠡᠬᠢᠯᠡᠬᠦ ᠳᠤ ᠯᠠ ︿ᠶᠡᠭᠡ ᠪᠤᠭᠳᠠ ᠪᠤᠯᠠᠭᠠᠨ ᠬᠠᠩᠭᠠᠢ﹀ ᠭᠡᠬᠦ | ᠲᠠᠭᠤᠤ ᠪᠠᠷ ᠡᠬᠢᠯᠡᠳᠡᠭ ᠨᠢ ᠪᠠᠰᠠ ᠤᠴᠢᠷ ᠲᠠᠢ ᠰᠢᠤ᠂ ᠪᠠᠷᠤᠭ ᠬᠠᠩᠭᠠᠢ ᠨᠢᠷᠤᠭᠤ ᠪᠠᠷ ᠰᠠᠭᠤᠵᠦ ᠪᠠᠶᠢᠬᠤ ᠦᠶ᠎ᠡ | ᠵᠤᠬᠢᠶᠠᠭᠳᠠᠭᠰᠠᠨ ᠴᠤ ᠪᠠᠶᠢᠵᠦ ᠮᠡᠳᠡᠨ᠎ᠡ᠂ ᠦᠵᠦᠮᠦᠴᠢᠨ ᠨᠢ ᠵᠠᠭᠤᠨ ᠤᠪᠤᠭᠳᠠᠨ ᠢᠶᠠᠷ ᠪᠦᠷᠢᠯᠳᠦᠭᠰᠡᠨ ᠭᠡᠳᠡᠭ᠂ ᠤᠯᠠᠨ | ᠤᠪᠤᠭᠳᠠᠨ ᠶᠠᠰᠤᠳᠠᠨ ᠢᠶᠠᠷ ᠴᠤᠭᠴᠠᠯᠠᠭᠰᠠᠨ ᠢ ᠦᠵᠡᠪᠡᠯ ᠡᠨᠡ ᠨᠢ ᠪᠠᠷᠤᠭ ᠴᠢᠩᠭᠢᠰ ᠬᠠᠭᠠᠨ ᠤ ᠦᠶ᠎ᠡ ᠳᠤ ᠮᠢᠩᠭᠠᠳᠤ | ᠪᠤᠯᠤᠭᠰᠠᠨ ᠴᠤ ᠪᠤᠯᠪᠠᠤ ᠭᠡᠵᠦ ᠪᠤᠳᠤᠭᠳᠠᠨ᠎ᠠ︾ ᠭᠡᠵᠦ ᠡᠪᠦᠭᠡ ᠰᠢᠨᠵᠢᠯᠡᠬᠦ ᠮᠠᠶ᠋ᠢᠭ ᠲᠠᠢ ᠬᠡᠯᠡᠨ᠎ᠡ᠃ ᠪᠤᠷᠤᠭᠠᠨ | ᠦᠷᠭᠦᠯᠵᠢᠯᠡᠨ ᠱᠠᠭᠠᠬᠢᠭᠰᠠᠭᠠᠷ᠂ ᠮᠠᠨᠠᠶᠢᠬᠢᠨ ᠪᠦᠬᠦᠳᠡᠭᠡᠷ ᠴᠢᠬᠢ ᠲᠠᠯᠪᠢᠨ ᠰᠤᠨᠤᠰᠤᠨ᠎ᠠ᠃ ᠡᠭᠦᠨ ᠳᠤ ᠡᠵᠢ ᠮᠢᠨᠢ ᠦᠬᠡ | ᠬᠠᠪᠴᠢᠭᠤᠯᠵᠦ᠂ ᠪᠢᠳᠡᠨ ᠳᠤ᠄ ︽ᠮᠠᠨ ᠤ ᠴᠢᠨᠢ ᠪᠠᠰᠠ ᠤᠷᠢᠶᠠᠩᠬᠠᠨ ᠤᠪᠤᠭ ᠲᠠᠢ ᠪᠦᠬᠡᠨᠡᠷ ᠠᠶᠢᠮᠠᠭ ᠭᠡᠳᠡᠭ ᠰᠢᠤ᠂ | ᠡᠭᠦᠨ ᠢ ᠪᠠᠨ ᠪᠠᠰᠠ ᠮᠨᠳᠡᠵᠦ ᠠᠪ ᠳ᠋ᠠ︕︾ ᠭᠡᠰᠡᠨ ᠢᠶᠠᠨ ᠪᠤᠭᠤᠷᠤᠯᠴᠦᠳ ᠲᠤ ᠴᠠᠢ ᠠᠶᠠᠭᠠᠯᠠᠨ ᠦᠭᠭᠦᠨ᠎ᠡ᠃ | ᠦᠵᠦᠮᠦᠴᠢᠨ ᠤ ᠲᠡᠭᠡᠳᠦᠰ ᠶᠠᠷᠤ ᠨᠢ ᠲᠡᠤᠬᠡ ᠲᠤᠮᠤᠭ᠂ ᠤᠷᠳᠤ ᠶᠢᠨ ᠲᠠᠭᠤᠤ᠂ ᠤᠨᠢᠰᠤᠭ᠎ᠠ ᠲᠠᠭᠠᠪᠤᠷᠢ ᠪᠠᠨ | ᠠᠮᠠ ᠪᠠᠷ ᠤᠯᠠᠮᠵᠢᠯᠠᠬᠤ ᠨᠢ ᠲᠡᠯᠭᠡᠷᠡᠩᠭᠦᠢ ᠪᠠᠶᠢᠳᠠᠭ᠂ ᠲᠡᠷᠡ ᠦᠶ᠎ᠡ ᠶᠢᠨ ᠬᠡᠤᠬᠡᠳ ᠤᠳ ᠰᠤᠨᠤᠰᠤᠮᠠᠭᠴᠠ ᠲᠤᠭᠳᠠᠭᠠᠵᠦ᠂ | ᠴᠢᠭᠡᠵᠢᠯᠡᠵᠦ ᠠᠪᠬᠤ ᠴᠢᠳᠠᠪᠤᠷᠢ ᠨᠢ ᠴᠢᠳᠠᠮᠠᠭᠠᠢ ᠮᠦᠷᠳᠡᠭᠡᠨ ᠬᠠᠳᠠᠩᠰᠢᠭᠤᠯᠵᠦ ᠬᠡᠵᠢᠶ᠎ᠡ ᠪᠤᠯᠤᠭᠰᠠᠨ ᠴᠤ ᠨᠢᠬᠡᠨ ᠳᠡᠭᠡᠨ | ᠶᠠᠷᠢᠵᠦ ᠮᠠᠷᠳᠠᠬᠤ ᠦᠭᠡᠢ ᠶᠠᠪᠤᠬᠤ ᠨᠢ ᠭᠠᠶᠢᠬᠠᠯᠳᠠᠢ᠃ ᠲᠤᠤᠯᠢᠴᠢ ᠡᠪᠦᠭᠡᠨ᠂ ᠡᠪᠦᠭᠡ ᠬᠤᠶᠠᠷ ᠤᠨ ᠶᠠᠷᠢᠶ᠎ᠠ ᠤᠯᠠᠮ | ᠭᠦᠨᠵᠡᠭᠡᠶᠢᠷᠡᠨ᠎ᠡ᠂ ᠲᠡᠳᠡᠨ ᠤ ᠶᠠᠷᠢᠯᠴᠠᠬᠤ ᠪᠠᠷ᠂ ᠦᠵᠦᠮᠦᠴᠢᠨ ᠠᠶᠢᠮᠠᠭ ᠪᠤᠯ ᠦᠶ᠎ᠡ ᠤᠯᠠᠷᠢᠨ ᠮᠤᠩᠭᠤᠯ ᠶᠡᠭᠡ ᠬᠠᠭᠠᠳ ᠤᠨ | ᠬᠠᠷᠢᠶᠠᠳᠤ ᠠᠷᠠᠳ ᠪᠠᠶᠢᠭᠰᠠᠨ ᠢᠶᠠᠷ ᠦᠵᠦᠮᠦᠴᠢᠨ ᠤ ᠭᠡᠷ ᠤᠷᠤᠨ ᠰᠠᠭᠤᠴᠠ᠂ ᠬᠤᠪᠴᠠᠰᠤ ᠡᠳ᠋ᠯᠡᠯ᠂ ᠮᠠᠯ ᠰᠦᠷᠦᠭ᠂ | ᠰᠢᠳᠦᠯᠭᠡ ᠪᠢᠰᠢᠷᠡᠯ᠂ ᠵᠠᠩ ᠲᠠᠳᠬᠠᠯ ᠵᠠᠩ ᠦᠢᠯᠡ ᠶᠢᠨ ᠲᠠᠯ᠎ᠠ ᠪᠠᠷ ᠪᠤᠰᠤᠳ ᠠᠴᠠ ᠤᠨᠴᠠᠯᠢᠭᠳᠠᠵᠦ ᠪᠠᠶᠢᠳᠠᠭ ᠰᠠᠶᠢᠬᠠᠨ | ᠤᠭᠰᠠᠭ᠎ᠠ ᠶᠠᠰᠤᠳᠠᠳ ᠶᠤᠮ ᠭᠡᠨ᠎ᠡ᠂ ᠡᠶᠢᠮᠦ ᠪᠠᠷ ᠮᠤᠩᠭᠤᠯ ᠬᠠᠭᠠᠳ ᠤᠨ ᠴᠠᠬᠠᠷ ᠲᠦᠮᠡᠨ ᠤ ᠨᠠᠢᠮᠠᠨ ᠤᠳᠤᠭ ᠤᠨ ᠨᠢᠭᠡ | ᠪᠠᠶᠢᠭᠰᠠᠨ ᠨᠢ ᠲᠡᠤᠬᠡ ᠶᠢᠨ ᠦᠨᠡᠨ᠂ ᠰᠤᠷᠬᠠᠭᠳᠠᠨᠢ ᠬᠠᠳᠤᠨ ᠴᠠᠬᠠᠷ ᠲᠦᠮᠡᠨ ᠢ ᠵᠠᠬᠢᠷᠴᠤ ᠪᠠᠶᠢᠭᠰᠠᠨ ᠢ ᠦᠵᠡᠬᠦ ᠳᠤ | ᠦᠵᠦᠮᠦᠴᠢᠨ ᠠᠶᠢᠮᠠᠭ ᠨᠢ ᠲᠡᠷᠡ ᠦᠶ᠎ᠡ ᠤᠶᠢᠷᠠᠳ ᠠᠴᠠ ᠭᠡᠰᠭᠡᠯᠡᠭᠳᠡᠨ ᠴᠠᠬᠠᠷ ᠲᠤ ᠬᠠᠷᠢᠶᠠᠯᠠᠭᠳᠠᠨ ᠬᠤᠪᠢᠯᠠᠢ ᠬᠠᠭᠠᠨ ᠢ | ᠲᠠᠭᠠᠵᠦ ᠪᠠᠷᠠᠭᠤᠨ ᠬᠤᠶᠢᠨ᠎ᠠ ᠠᠴᠠ ᠨᠡᠭᠦᠵᠦ ᠢᠷᠡᠭᠰᠡᠨ ᠲᠦᠯᠦᠪᠳᠡᠢ᠂ ᠬᠤᠪᠢᠯᠠᠢ ᠬᠠᠭᠠᠨ ᠤᠯᠠᠨ ᠴᠠᠭᠠᠨ ᠠᠳᠤᠭᠤᠳ ᠲᠠᠢ | ᠪᠠᠶᠢᠯ᠎ᠠ ᠭᠡᠳᠡᠭ᠂ ᠮᠠᠨ ᠤ ᠦᠵᠦᠮᠦᠴᠢᠨ ᠨᠢ ᠲᠡᠷᠡ ᠴᠠᠭᠠᠨ ᠠᠳᠤᠭᠤ ᠶᠢ ᠮᠠᠯᠵᠢᠵᠦ ᠪᠠᠶᠢᠭᠰᠠᠨ ᠠᠵᠦ ᠦᠢᠯᠡᠰ ᠤᠨ | ᠦᠢᠯᠡᠴᠢᠨ ᠪᠠᠶᠢᠭᠰᠠᠨ ᠠᠴᠠ ᠤᠳᠤ ᠪᠤᠯᠳᠠᠯ᠎ᠠ ᠡᠨᠡ ᠠᠳᠤᠭᠤ ᠪᠠᠨ ᠬᠠᠳᠠᠭᠠᠯᠠᠵᠦ ᠢᠷᠡᠭᠰᠡᠨ ᠨᠢ ᠭᠠᠷᠴᠠᠭ᠎ᠠ ᠦᠭᠡᠢ | ᠮᠦᠷᠳᠡᠭᠡᠨ ᠨᠠᠶᠢᠰᠯᠠᠯ ᠱᠠᠩᠳᠤ ᠴᠤ ᠠᠳᠡ ᠪᠠᠰᠠ ᠬᠤᠯᠠ ᠦᠭᠡᠢ ᠶᠤᠮ ᠴᠢᠨᠢ︕ ᠭᠡᠵᠦ ᠡᠪᠦᠭᠡᠳ ᠮᠠᠨᠢ ᠰᠡᠳᠭᠢᠯ | ᠦᠭᠰᠦᠵᠦ᠂ ᠲᠡᠭᠦᠨ ᠳᠡᠭᠡᠨ ᠤᠮᠤᠭᠰᠢᠵᠦ ᠪᠠᠶᠢᠯ᠎ᠠ᠃ ᠪᠤᠷᠤᠭᠠᠨ ᠠᠷᠢᠯᠵᠦ ᠲᠡᠭᠷᠢ ᠴᠡᠯᠮᠡᠭᠰᠢᠵᠦ ᠵᠡᠭᠦᠨ ᠡᠮᠦᠨ᠎ᠡ ᠵᠦᠭ ᠲᠤ | ᠬᠤᠷᠴᠠ ᠦᠩᠭᠡ ᠲᠠᠢ ᠰᠤᠯᠤᠩᠭ᠎ᠠ ᠲᠠᠳᠠᠨ᠎ᠠ᠂ ᠠᠭᠤᠷ ᠠᠮᠢᠰᠬᠤᠯ ᠡᠳᠡᠭᠡᠳ ᠰᠤᠷᠭᠤᠭ ᠰᠡᠩᠭᠢᠨᠡᠭᠦᠨ᠃ ᠡᠪᠦᠭᠡ ᠪᠠ | ᠲᠤᠤᠯᠢᠴᠢ ᠡᠪᠦᠭᠡᠨ ᠤ ᠶᠠᠷᠢᠶ᠎ᠠ ᠴᠤ ᠲᠠᠭᠤᠰᠴᠤ ᠮᠤᠷᠳᠠᠬᠤ ᠪᠠᠷ ᠪᠤᠯᠤᠭᠰᠠᠨ ᠳᠤ ᠠᠬ᠎ᠠ ᠮᠠᠨᠢ ᠭᠡᠷ ᠲᠤᠨᠢ ᠬᠦᠷᠭᠡᠵᠦ | ᠦᠭᠬᠦ ᠪᠠᠷ ᠶᠠᠪᠤᠨ᠎ᠠ᠂ ︽ᠭᠡᠭᠡᠷ ᠬᠠᠯᠳᠠᠷ ᠮᠤᠷᠢ ᠨᠢ ᠬᠡᠨ ᠴᠤ ᠠᠳᠤᠭᠤᠨ ᠤ ᠤᠨᠠᠭ᠎ᠠ ᠶᠤᠮ ᠁︾ ᠭᠡᠵᠦ ᠲᠤᠤᠯᠢᠴᠢ | ᠡᠪᠦᠭᠡᠨ ᠬᠡᠯᠪᠡᠷᠢᠨ ᠲᠠᠪᠬᠢᠭᠰᠠᠭᠠᠷ ᠲᠠᠯᠳᠠ ᠤᠷᠤᠨ᠎ᠠ᠃ ᠠᠪᠤ ᠶᠢᠨ ᠶᠠᠷᠢᠭᠰᠠᠨ ᠠᠷᠭᠠᠮᠵᠢᠶ᠎ᠠ ᠲᠠᠢ᠂ ᠡᠵᠢ ᠶᠢᠨ ᠬᠡᠯᠡᠭᠰᠡᠨ | ᠦᠨᠳᠦᠰᠦ ᠲᠠᠢ᠃ ᠦᠵᠦᠮᠦᠴᠢᠨ ᠠᠮᠠᠨ ᠤᠯᠠᠮᠵᠢᠯᠠᠯ ᠶᠠᠭᠤ ᠰᠢᠪᠨᠡᠭᠡ ᠪᠤᠢ᠂ ᠲᠡᠷᠡ ᠪᠤᠯ ᠲᠡᠭᠡᠳᠦ ᠶᠢᠨ ᠲᠡᠭᠡᠳᠦ ᠠᠴᠠ | ᠤᠯᠠᠮᠵᠢᠯᠠᠵᠦ ᠢᠷᠡᠭᠰᠡᠨ ᠤᠭᠰᠠᠭ᠎ᠠ ᠤᠳᠤᠮ ᠤᠨ ᠮᠠᠨᠢ ᠪᠠᠭᠠᠳᠤᠷᠯᠢᠭ ᠲᠤᠤᠯᠢᠰ ᠪᠠᠶᠢᠭ᠎ᠠ ᠶᠤᠮ᠂ ᠤᠭᠰᠠᠭᠠᠨ ᠤ ᠡᠭᠦᠰᠦᠯ | ᠬᠦᠭᠵᠢᠯ ᠤᠨ ᠠᠯᠳᠠᠨ ᠲᠤᠰᠤᠯ ᠪᠤᠯᠤᠨ ᠭᠡᠷᠡᠯᠳᠦᠵᠦ ᠮᠦᠩᠭᠡᠷᠡᠨ᠎ᠡ᠃ ⒊ ᠲᠠᠭᠤᠤ ᠶᠢᠨ ᠤᠶᠠᠩᠭᠠᠨ ᠬᠤᠷᠸ᠎ᠠ ᠦᠵᠦᠮᠦᠴᠢᠨ | ᠨᠤᠲᠤᠭ ᠪᠤᠯ ᠤᠷᠳᠤ ᠶᠢᠨ ᠲᠠᠭᠤᠤ ᠲᠠᠢ ᠤᠶᠠᠩᠭᠠᠨ ᠬᠤᠷᠸ᠎ᠠ᠂ ᠤᠯᠠᠮᠵᠢᠯᠠᠯ ᠤᠨ ᠰᠠᠶᠢᠬᠠᠨ ᠡᠭᠡᠰᠢᠭᠳᠦ ᠦᠯᠦᠭᠡᠢ ᠶᠤᠮᠰᠠᠨ᠃ | ᠨᠠᠶᠠᠨ ᠨᠠᠰᠤᠳᠠᠢ ᠪᠤᠭᠤᠷᠤᠯ ᠠᠴᠠ ᠨᠠᠢᠮᠠᠨ ᠨᠠᠰᠤ ᠲᠠᠢ ᠬᠡᠤᠬᠡᠳ ᠬᠦᠷᠳᠡᠯ᠎ᠡ ᠤᠷᠳᠤ ᠶᠢᠨ ᠲᠠᠭᠤᠤ ᠪᠠᠷ ᠢᠶᠠᠨ ᠤᠶᠠᠩᠭᠠᠯᠠᠵᠦ᠂ | ᠪᠠᠶᠠᠰᠤᠨ ᠴᠡᠩᠭᠡᠵᠦ᠂ ᠲᠡᠭᠦᠨ ᠢᠶᠠᠷ ᠢᠶᠠᠨ ᠤᠮᠤᠭᠰᠢᠯ ᠪᠠ ᠵᠤᠯ ᠵᠢᠷᠭᠠᠯ ᠪᠤᠯᠭᠠᠳᠠᠭ ᠤᠷᠠᠯᠢᠭ ᠶᠢᠨ ᠶᠢᠷᠳᠢᠨᠴᠤ ᠭᠡᠬᠦ ᠳᠤ | ᠠᠬᠠᠳᠠᠬᠤ ᠪᠠᠷ ᠦᠭᠡᠢ᠃ ᠤᠷᠳᠤ ᠶᠢᠨ ᠲᠠᠭᠤᠤ ᠨᠢ ᠨᠡᠭᠦᠳᠡᠯ ᠮᠠᠯᠵᠢᠯ ᠤᠨ ᠤᠷᠠᠯᠢᠭ ᠤᠨ ᠲᠦᠷᠬᠦ ᠶᠢ ᠲᠤᠲᠤᠷᠠᠭᠤᠯᠵᠦ᠂ | ᠨᠤᠲᠤᠭ ᠤᠰᠤᠨ ᠢᠶᠠᠨ ᠮᠠᠭᠳᠠᠨ ᠲᠠᠭᠤᠯᠠᠬᠤ᠂ ᠠᠪᠤ ᠡᠵᠢ ᠶᠢᠨ ᠡᠨᠡᠷᠢᠯ ᠬᠠᠶᠢᠷ᠎ᠠ ᠶᠢ ᠰᠠᠨᠠᠨ ᠲᠠᠭᠤᠯᠠᠬᠤ᠂ ᠠᠭᠳᠠ | ᠮᠤᠷᠢ ᠪᠠᠨ ᠬᠠᠨᠢᠰᠬᠠᠨ ᠲᠠᠭᠤᠯᠠᠬᠤ᠂ ᠠᠮᠠᠷᠠᠭ ᠬᠤᠩᠭᠤᠷ ᠢᠶᠠᠨ ᠰᠠᠨᠠᠭᠠᠯᠵᠠᠨ ᠲᠠᠭᠤᠯᠠᠬᠤ᠂ ᠬᠠᠷᠢ ᠳᠤ ᠮᠤᠷᠳᠠᠭᠰᠠᠨ | ᠬᠡᠤᠬᠡᠨ ᠢᠶᠠᠨ ᠲᠤᠷᠠᠰᠤᠨ ᠲᠠᠭᠤᠯᠠᠬᠤ ᠵᠡᠷᠭᠡ ᠲᠠᠯ᠎ᠠ ᠪᠠᠷ ᠤᠨᠴᠠᠯᠢᠭ ᠢᠶᠠᠨ ᠪᠤᠯᠭᠠᠭᠰᠠᠨ ᠲᠠᠭᠤ ᠬᠤᠭᠤᠯᠠᠢ ᠶᠢᠨ ᠤᠷᠠᠯᠢᠭ ᠤᠨ | ᠭᠠᠶᠢᠬᠠᠮᠰᠢᠭ ᠢ ᠢᠯᠡᠷᠡᠭᠦᠯᠦᠨ᠎ᠡ᠃ ᠮᠢᠨᠤ ᠡᠵᠢ ᠲᠠᠭᠤᠴᠢ ᠬᠦᠮᠦᠨ ᠪᠠᠶᠢᠭᠰᠠᠨ᠂ ᠨᠠᠮᠠᠶᠢ ᠴᠡᠷᠢᠭ ᠤᠨ ᠠᠯᠪᠠ ᠬᠠᠭᠠᠭᠠᠳ | ᠢᠷᠡᠬᠦ ᠡᠪᠦᠯ ᠶᠤᠮᠰᠠᠨ᠂ ᠴᠠᠭᠠᠨ ᠰᠠᠷ᠎ᠠ ᠤᠶᠢᠷᠠᠳᠤᠭᠰᠠᠨ ᠪᠠᠶᠢᠯ᠎ᠠ᠃ ᠨᠢᠭᠡᠨ ᠤᠷᠤᠢ ᠡᠵᠢ ᠮᠢᠨᠢ ᠭᠠᠯ ᠳᠤ ᠠᠷᠭᠠᠯ | ᠨᠡᠮᠡᠭᠰᠡᠨ ᠢᠶᠠᠨ ᠢᠩᠭᠢᠵᠦ ᠶᠠᠷᠢᠵᠦ ᠪᠠᠶᠢᠪᠠ᠄ ︽ᠤᠭ ᠪᠢᠳᠡᠨ ᠢ ᠵᠠᠯᠠᠭᠤ ᠪᠠᠶᠢᠬᠤ ᠳᠤ᠂ ᠡᠬᠡᠨᠡᠷ ᠬᠦᠮᠦᠨ ᠲᠦᠷᠦ ᠶᠢᠨ ᠵᠠᠰᠠᠯ | ᠭᠡᠵᠦ ᠤᠤᠵᠠ ᠲᠠᠳᠠᠭᠤᠷᠢ ᠡᠮᠦᠰᠴᠤ ᠲᠠᠯᠪᠢᠳᠠᠭ ᠪᠠᠶᠢᠭᠰᠠᠨ᠂ ᠴᠠᠭᠠᠨ ᠰᠠᠷ᠎ᠠ ᠪᠤᠯᠬᠤ ᠳᠤ ᠯᠡ ᠠᠶᠢᠯ ᠤᠨ ᠪᠠᠷᠢ ᠴᠠᠢ ᠬᠢᠵᠦ | ᠴᠠᠭᠠᠨ ᠢᠳᠡᠭᠡᠨ ᠠᠮᠬᠠᠷᠠᠭᠤᠯᠤᠭᠰᠠᠨ ᠢᠶᠠᠨ ᠠᠬᠠᠮᠠᠳ ᠨᠠᠰᠤᠳᠠᠳ ᠲᠤ ᠬᠡᠮ ᠪᠠᠷᠢᠭᠠᠳ ᠠᠷᠢᠬᠢᠨ ᠢᠷᠦᠭᠡᠯ ᠬᠡᠯᠡᠮᠡᠭᠴᠡ | ᠤᠷᠳᠤ ᠶᠢᠨ ᠲᠠᠭᠤᠤ ᠡᠷᠭᠦᠳᠡᠭ ᠨᠢ ᠨᠡᠶᠢᠳᠡᠮ ᠤᠨ ᠵᠠᠩᠰᠢᠯ ᠡ︕ ᠪᠢ ᠲᠡᠷᠡ ᠦᠶ᠎ᠡ ᠴᠠᠭᠠᠨ ᠰᠠᠷ᠎ᠠ ᠳᠤ ︿ᠰᠢᠵᠢᠷ | ᠪᠤᠭᠳᠠ ᠶᠢᠨ ᠰᠢᠯᠢ﹀ ᠭᠡᠬᠦ ᠲᠠᠭᠤᠤ ᠶᠢ ᠭᠤᠤᠯᠳᠠᠢ ᠲᠠᠭᠤᠯᠠᠳᠠᠭ᠂ ᠬᠤᠭᠤᠯᠠᠢ ᠳᠤ ᠴᠢᠩᠭ᠎ᠠ ᠰᠢᠭ᠋ ᠪᠤᠯᠪᠠᠴᠤ ᠲᠡᠷᠡ ᠦᠶ᠎ᠡ | ᠬᠤᠭᠤᠯᠠᠢ ᠰᠠᠶᠢᠨ ᠪᠤᠯᠬᠤᠷ ᠠᠵᠢᠭ ᠦᠭᠡᠢ ᠯᠡ ᠭᠠᠷᠭᠠᠳᠠᠭ ᠪᠠᠶᠢᠭᠰᠠᠨ ᠰᠢᠤ᠂ ᠡᠭᠦᠨ ᠠᠴᠠ ᠭᠠᠳᠠᠨ᠎ᠠ ᠪᠠᠰᠠ ︽ᠨᠠᠷᠢᠨ | ᠬᠦᠬᠡ ᠮᠤᠷᠢ︾᠂ ︽ᠬᠦᠪᠴᠢ ᠰᠠᠭᠯᠠᠭᠠᠷ ᠮᠤᠳᠤ﹀᠂ ︿ᠠᠯᠳᠠᠨ ᠵᠢᠭᠦᠷᠳᠡᠢ ᠴᠡᠭᠴᠦᠭᠡᠢ﹀ ᠭᠡᠬᠦ ᠮᠡᠳᠦ ᠲᠠᠭᠤᠤ ᠪᠠᠷ | ᠨᠠᠶᠢᠷᠯᠠᠳᠠᠭ ᠢᠶᠠᠷ ᠴᠢᠬᠢᠨ ᠳᠤ ᠬᠤᠨᠤᠭᠰᠢᠭᠰᠠᠨ ᠯᠠ ᠪᠠᠶᠢᠳᠠᠭ︾ ᠭᠡᠵᠦ ᠲᠤᠷᠠᠰᠤᠮᠵᠢᠯᠠᠬᠤ ᠳᠤ ᠪᠢ ᠡᠵᠢ ᠪᠠᠨ᠄ ︽ᠲᠡᠭᠡᠪᠡᠯ | ᠴᠢ ᠨᠢᠭᠡ ᠲᠠᠭᠤᠤ ᠲᠠᠭᠤᠯᠠᠴᠢᠬᠠ︕︾ ᠭᠡᠰᠡᠨ ᠳᠤ ᠲᠡᠷᠡ ᠢᠨᠢᠶᠡᠮᠰᠦᠭᠯᠡᠨ ᠬᠠᠷᠠᠭᠰᠠᠨ ᠢᠶᠠᠨ᠄ ︽ᠤᠳᠤ ᠶᠠᠭᠤᠨᠠᠢ | ᠬᠤᠭᠤᠯᠠᠢ ᠭᠠᠷᠬᠤ ᠶᠤᠮ ᠳ᠋ᠠ︾ ᠭᠡᠬᠦ ᠳᠤ ᠪᠢ ᠡᠵᠢ ᠶᠢᠨ ᠢᠶᠠᠨ ᠲᠠᠭᠤᠤ ᠶᠢ ᠰᠤᠨᠤᠰᠤᠶ᠎ᠠ ᠭᠡᠵᠦ ᠪᠤᠳᠤᠭᠠᠳ᠄ ︽ᠲᠤᠤᠭᠤᠷ | ᠡᠬᠢᠯᠡᠪᠡᠯ ᠭᠠᠷᠭᠠᠴᠢᠬᠤ ᠪᠠᠶᠢᠯᠬᠦᠢ᠂ ᠲᠠᠭᠤᠯᠠᠵᠦ ᠦᠵᠡ︕︾ ᠭᠡᠳ ᠮᠤᠷᠢᠨ ᠬᠤᠭᠤᠷ ᠤᠨ ᠡᠭᠡᠰᠢᠭ ᠢᠶᠠᠷ ᠬᠠᠪᠰᠤᠷᠬᠤ ᠳᠤ | ᠡᠵᠢ ᠮᠢᠨᠢ ︽ᠰᠢᠵᠢᠷ ᠪᠤᠭᠳᠠ ᠶᠢᠨ ᠰᠢᠯᠢ︾ ᠭᠡᠳᠡᠭ ᠲᠠᠭᠤᠤ ᠪᠠᠨ ᠡᠬᠢᠯᠡᠬᠦ ᠨᠢ ᠲᠡᠷᠡ᠄ ᠰᠢᠵᠢᠷ ᠪᠤᠭᠳᠠ ᠶᠢᠨ ᠰᠢᠯᠢ ᠳᠡᠭᠡᠨ | \ ᠰᠢᠵᠢᠷᠬᠡᠨ ᠭᠤᠷᠭᠤᠤᠳᠠᠢ ᠨᠢ ᠲᠤᠩᠭᠤᠳᠤᠨ᠎ᠠ ᠰᠢᠨ᠎ᠡ ᠰᠠᠷ᠎ᠠ ᠶᠢᠨ ᠡᠬᠢᠨ ᠳᠡᠭᠡᠨ \ ᠰᠢᠨᠡᠯᠡᠩᠬᠡᠨ ᠰᠠᠭᠤᠮᠠᠨ ᠨᠠᠶᠢᠷᠯᠠᠶ᠎ᠠ ᠳ᠋ᠠ | ᠠᠯᠳᠠᠨ ᠪᠤᠭᠳᠠ ᠶᠢᠨ ᠰᠢᠯᠢ ᠳᠡᠭᠡᠨ \ ᠠᠯᠳᠠᠨ ᠭᠤᠷᠭᠤᠤᠯᠳᠠᠢ ᠨᠢ ᠵᠡᠷᠭᠢᠨᠡ ᠠᠮᠤᠭᠤᠯᠠᠩᠳᠤ ᠰᠠᠷ᠎ᠠ ᠶᠢᠨ ᠡᠬᠢᠨ ᠳᠡᠭᠡᠨ \ | ᠠᠬᠢ ᠪᠤᠭᠤᠷᠤᠯ ᠤᠳ ᠲᠠᠭᠠᠨ ᠵᠤᠯᠭᠠᠶ᠎ᠠ︕ ᠭᠡᠵᠦ ᠬᠤᠷᠸ᠎ᠠ ᠤᠶᠠᠷᠠᠮ᠎ᠠ ᠲᠠᠭᠤᠯᠠᠵᠦ ᠪᠢᠯᠡ᠂ ᠪᠢ ᠶᠡᠬᠡᠳᠡ ᠰᠡᠳᠭᠢᠯ | ᠬᠦᠳᠡᠯᠦᠨ᠎ᠡ᠂ ᠡᠬᠡᠯ ᠵᠢᠷ ᠤᠨ ᠨᠢᠭᠡᠨ ᠡᠵᠢ ᠮᠢᠨᠢ ᠪᠠᠰᠠ ᠡᠶᠢᠮᠤ ᠰᠠᠶᠢᠬᠠᠨ ᠤᠷᠠᠯᠢᠭ ᠤᠨ ᠠᠪᠢᠶᠠᠰ ᠲᠠᠢ ᠪᠠᠶᠢᠵᠠᠢ᠂ | ᠬᠦᠭᠡᠷᠦᠭᠦᠢ᠃ ᠢᠩᠭᠢᠭᠡᠳ ᠪᠢ ᠡᠵᠢ ᠠᠴᠠ ᠪᠠᠨ ᠤᠯᠠᠨ ᠰᠠᠶᠢᠬᠠᠨ ᠠᠶᠠᠰ ᠲᠠᠢ ᠤᠷᠳᠤ ᠶᠢᠨ ᠲᠠᠭᠤᠤ ᠶᠢᠨ ᠦᠭᠡ ᠶᠢ | ᠲᠡᠮᠳᠡᠭᠯᠡᠨ ᠠᠪᠴᠤ᠂ ᠠᠶᠠᠰ ᠲᠠᠢ ᠨᠢ ᠲᠠᠭᠠᠷᠠᠭᠤᠯᠤᠨ ᠲᠠᠭᠤᠯᠠᠳᠠᠭ ᠢᠶᠠᠷ ᠮᠠᠯ ᠳᠠᠭᠠᠨ ᠶᠠᠪᠤᠭᠰᠠᠨ ᠴᠤ᠂ ᠤᠷᠤᠭ ᠬᠤᠷᠢᠮ ᠳᠤ | ᠬᠦᠷᠦᠭᠰᠡᠨ ᠴᠤ ᠤᠷᠳᠤ ᠶᠢᠨ ᠲᠠᠭᠤᠤ ᠪᠠᠨ ᠲᠠᠭᠤᠯᠠᠳᠠᠭ ᠪᠤᠯᠤᠭᠰᠠᠨ ᠶᠤᠮ᠃ ᠡᠷᠳᠡᠨᠢ ᠭᠤᠤᠯ ᠤᠨ ᠵᠤ ᠲᠡᠭᠡᠷ᠎ᠡ ᠮᠠᠨᠠᠶᠢᠬᠢᠨ | ᠬᠤᠳᠠ ᠠᠪᠤ ᠶᠢᠨ ᠲᠠᠢ ᠤᠶᠢᠷᠠᠯᠴᠠᠭ᠎ᠠ ᠵᠤᠰᠠᠪᠠ᠃ ᠬᠤᠳᠠ ᠠᠪᠤ ᠪᠤᠯ ᠤᠯᠤᠰ ᠤᠷᠤᠨ ᠳᠠᠭᠠᠨ ᠠᠯᠳᠠᠷᠳᠠᠢ ᠮᠤᠷᠢᠨ | ᠬᠤᠭᠤᠷᠴᠢᠨ ᠶᠤᠮ᠂ ᠲᠡᠷᠡ ᠶᠠᠷᠤ ᠨᠢ ᠨᠡᠷᠡᠮᠡᠯ ᠠᠷᠢᠬᠢᠨ ᠳᠤ ᠲᠤᠷᠠᠳᠠᠢ ᠪᠤᠯᠪᠠᠴᠤ ᠬᠦᠮᠦᠨ ᠢᠶᠠᠷ ᠰᠠᠶᠢᠨ ᠬᠡᠤᠬᠡᠳ | ᠦᠭᠦᠬᠡᠷᠳᠡᠭᠰᠡᠨ ᠡᠪᠦᠭᠡᠨ ᠪᠠᠶᠢᠪᠠ᠂ ︽ᠠᠪᠠᠢ︾ ᠭᠡᠵᠦ ᠡᠷᠭᠦᠮᠵᠢᠯᠡᠨ ᠲᠠᠭᠤᠳᠠᠳᠠᠭ᠃ ᠠᠪᠠᠢ ᠠᠪᠤ ᠬᠠᠯᠠᠮᠰᠢᠪᠠᠯ ᠠᠷᠪᠠᠭᠠᠳ | ᠬᠦᠮᠦᠨ ᠬᠦᠭᠵᠢᠮ ᠨᠡᠶᠢᠯᠡᠭᠦᠯᠬᠦ ᠪᠤᠶᠤ ᠮᠤᠷᠢᠨ ᠬᠤᠭᠤᠷ ᠤᠨ ᠲᠠᠭᠤᠨ ᠰᠤᠨᠤᠰᠬᠤ ᠪᠠᠷ ᠰᠠᠭᠠᠬᠠᠯᠳᠠ ᠶᠢᠨ ᠬᠢᠨ ᠴᠤᠭᠯᠠᠷᠠᠳᠠᠭ | ᠪᠠᠶᠢᠨ᠎ᠠ᠃ ᠡᠳᠡᠨᠡᠶᠢᠬᠢ ᠭᠡᠷ ᠤᠨ ᠲᠤᠲᠤᠷ᠎ᠠ ᠪᠠᠨ ᠮᠤᠷᠢᠨ ᠬᠤᠭᠤᠷ᠂ ᠯᠢᠩᠪᠤ᠂ ᠲᠦᠷᠪᠡᠨ ᠤᠳᠠᠰᠤᠳᠤ ᠬᠤᠭᠤᠷ᠂ ᠡᠷᠡᠭᠦᠤ | ᠬᠤᠭᠤᠷ ᠮᠡᠳᠦ ᠶᠢᠨ ᠬᠦᠭᠵᠢᠮ ᠤᠨ ᠵᠦᠢᠯᠳᠡ ᠬᠤᠶᠢᠮᠦᠷ ᠦᠷᠦᠭᠡᠰᠦᠳᠡᠢ᠂ ᠪᠤᠰᠤᠳ ᠠᠴᠠ ᠢᠯᠭᠠᠭᠳᠠᠬᠤ ᠲᠠᠯ᠎ᠠ ᠶᠢᠨ | ᠪᠤᠯᠪᠠᠰᠤᠨ ᠮᠠᠯᠴᠢᠨ ᠡᠷᠦᠬᠡ ᠭᠡᠳᠡᠭ ᠨᠢ ᠢᠯᠡᠷᠬᠡᠢ᠂ ᠨᠠᠢᠮᠠᠨ ᠲᠠᠯ᠎ᠠ ᠶᠢᠨ ᠰᠤᠮᠤ ᠮᠤᠳᠤᠨ ᠴᠠᠷ᠎ᠠ ᠲᠠᠢ ᠶᠠᠰᠤᠨ | ᠰᠡᠶᠢᠯᠡᠪᠦᠷᠢ ᠲᠠᠢ ᠮᠤᠷᠢᠨ ᠬᠤᠭᠤᠷ ᠪᠠᠶᠢᠵᠦ᠂ ᠲᠠᠭᠤ ᠨᠢ ᠮᠠᠰᠢ ᠲᠤᠩᠭᠠᠯᠠᠭ᠂ ᠬᠤᠳᠠ ᠠᠪᠤ ᠴᠤ ᠰᠠᠶᠢᠬᠠᠨ | ᠬᠦᠭᠵᠢᠮᠳᠡᠳᠡᠭ ᠢᠶᠠᠷ ᠤᠷᠤᠨ ᠤ ᠮᠤᠷᠢᠨ ᠬᠤᠭᠤᠷ ᠤᠨ ᠤᠷᠤᠯᠳᠤᠭᠠᠨ ᠳᠤ ᠲᠡᠷᠢᠭᠦᠯᠡᠵᠦ᠂ ᠠᠯᠳᠠᠨ ᠮᠧᠲᠠᠯ ᠤᠯᠵᠠᠢ᠃ ᠨᠢᠭᠡᠨ | ᠦᠳᠡᠰᠢ᠂ ᠡᠵᠢ ᠮᠢᠨᠢ ᠨᠠᠮᠠᠶᠢ ᠲᠠᠭᠠᠭᠤᠯᠤᠨ ᠲᠠᠭᠤᠤ ᠬᠦᠭᠵᠢᠮ ᠰᠤᠨᠤᠰᠬᠤ ᠪᠠᠷ ᠬᠦᠷᠦᠭᠰᠡᠨ ᠨᠢ ᠲᠤᠩ ᠰᠠᠶᠢᠬᠠᠨ ᠵᠠᠪᠰᠢᠶᠠᠨ | ᠪᠤᠯᠤᠭᠰᠠᠨ ᠳ᠋ᠠ᠂ ᠡᠨᠡᠬᠦ ᠶᠡᠭᠡ ᠬᠤᠭᠤᠷᠴᠢ ᠶᠢᠨ ᠮᠠᠨᠢ ᠭᠡᠷ ᠢᠶᠠᠷ ᠢᠶᠠᠨ ᠲᠠᠭᠤᠤ ᠬᠦᠭᠵᠢᠮ ᠳᠤ ᠠᠪᠢᠶᠠᠰ ᠲᠠᠢ ᠤᠯᠤᠰ᠂ | ᠠᠪᠠᠢ ᠠᠪᠤ ᠬᠤᠭᠤᠷ ᠬᠦᠭᠵᠢᠮᠳᠡᠬᠦ ᠳᠤ ᠲᠡᠭᠦᠨ ᠤ ᠡᠬᠡᠴᠢ ᠨᠢ ᠴᠤ ᠮᠠᠰᠢ ᠴᠢᠩᠭ᠎ᠠ ᠬᠤᠭᠤᠯᠠᠢ ᠲᠠᠢ ᠲᠠᠭᠤᠴᠢ ᠬᠦᠮᠦᠨ᠂ | ᠲᠡᠷᠡ ᠤᠷᠤᠢ ︽ᠰᠤᠶᠤᠭ ᠪᠤᠷᠤ ᠮᠤᠷᠢ︾᠂ ︽ᠰᠡᠷᠢᠭᠦᠨ ᠰᠠᠶᠢᠬᠠᠨ ᠬᠠᠩᠭᠠᠢ︾ ᠵᠡᠷᠭᠡ ᠲᠠᠭᠤᠤ ᠪᠠ ︽ᠭᠦᠯᠢ ᠴᠠᠭᠠᠨ | ᠠᠰᠠᠷ︾᠂ ︽ᠠᠳᠤᠭᠤᠴᠢᠨ ᠠᠰᠠᠷ︾ ᠭᠡᠳ ᠨᠠᠶᠢᠷᠠᠯ ᠬᠦᠭᠵᠢᠮ ᠤᠨ ᠠᠶᠠᠰ ᠴᠤ ᠤᠶᠠᠩᠭ᠎ᠠ ᠦᠯᠡᠮᠵᠢ ᠡ᠃ ᠲᠡᠷᠡ | ᠤᠯᠠᠨ ᠳᠤ ᠬᠡᠯᠡᠬᠦ ᠳᠡᠭᠡᠨ᠄ ︽ᠬᠤᠭᠤᠷ ᠤᠨ ᠬᠦᠭ ᠳᠤ ᠲᠠᠩ ᠬᠦᠭ ᠪᠤᠷᠵᠢᠭᠠᠨ ᠬᠦᠭ ᠭᠡᠵᠦ ᠪᠤᠢ᠂ ᠤᠷᠳᠤ ᠶᠢᠨ | ᠲᠠᠭᠤᠤ ᠳᠤ ᠴᠠᠶᠢᠷᠠᠭᠤᠯᠬᠤ᠂ ᠰᠢᠷᠭᠤᠭᠤᠯᠬᠤ᠂ ᠡᠭᠡᠰᠢᠭ ᠨᠤᠭᠤᠯᠤᠭ᠎ᠠ ᠭᠡᠵᠦ ᠪᠤᠢ᠂ ᠴᠠᠶᠢᠷᠠᠭᠤᠯᠬᠤ ᠭᠡᠰᠡᠭ ᠢ ᠦᠳᠭᠡᠨ | ᠬᠤᠭᠤᠯᠠᠢ ᠪᠠᠷ ᠰᠢᠷᠭᠤᠭᠤᠯᠵᠦ ᠭᠠᠷᠭᠠᠪᠠᠯ ᠪᠤᠷᠵᠢᠭᠯᠠᠬᠤ ᠭᠡᠵᠦ ᠬᠡᠯᠡᠨ᠎ᠡ᠃ ᠮᠤᠷᠢᠨ ᠬᠤᠭᠤᠷ ᠲᠤ ᠤᠷᠳᠤ ᠶᠢᠨ ᠲᠠᠭᠤᠤ ᠶᠢ | ᠤᠯᠠᠩᠬᠢ ᠳᠠᠭᠠᠨ ᠪᠤᠷᠵᠢᠭᠠᠨ ᠬᠦᠭ ᠲᠡᠭᠡᠷ᠎ᠡ ᠲᠠᠷᠤᠳᠠᠭ ᠶᠤᠮ ᠡ᠂ ᠡᠶᠢᠮᠦ ᠠᠴᠠ ᠲᠠᠭᠤᠤ ᠶᠢ ᠪᠤᠷᠵᠢᠭᠯᠠᠵᠦ ᠲᠠᠭᠤᠯᠠᠪᠠᠯ | ᠬᠤᠭᠤᠯᠠᠢ ᠬᠤᠭᠤᠷ ᠬᠤᠶᠠᠷ ᠤᠨ ᠡᠭᠡᠰᠢᠭ ᠨᠢ ᠰᠠᠶᠢᠬᠠᠨ ᠨᠡᠶᠢᠯᠡᠵᠦ ᠮᠠᠰᠢ ᠭᠤᠶᠢᠳᠡ ᠰᠤᠨᠤᠰᠪᠤᠷᠢᠳᠡᠢ ᠪᠠᠶᠢᠳᠠᠭ ᠰᠢᠤ︾ | ᠭᠡᠵᠦ ᠤᠨᠤᠯᠵᠢᠭᠤᠯᠤᠨ ᠶᠠᠷᠢᠨ᠎ᠠ᠂ ᠲᠡᠷᠡ ᠤᠷᠤᠢ ᠨᠠᠳᠠ ᠳᠤ ᠶᠠᠷᠤ ᠮᠠᠷᠳᠠᠭᠳᠠᠰᠢ ᠦᠭᠡᠢ ᠲᠤᠷᠠᠳᠬᠠᠯ ᠪᠤᠯᠵᠦ | ᠲᠡᠭᠡᠳᠦᠯᠡᠭᠳᠡᠭᠰᠡᠨ ᠶᠤᠮ᠃ ᠪᠤᠭᠤᠷᠤᠯ ᠤᠳ ᠤᠨ ᠮᠠᠨᠢ ᠪᠦᠷᠢᠨ ᠪᠤᠰᠤ ᠴᠤᠭᠯᠠᠭᠤᠯᠭ᠎ᠠ ᠳᠤ ᠵᠦᠪᠬᠡᠨ ᠤᠯᠠᠮᠵᠢᠯᠠᠯᠳᠤ | ᠦᠵᠦᠮᠦᠴᠢᠨ ᠠᠷᠠᠳ ᠤᠨ ᠤᠷᠳᠤ ᠶᠢᠨ ᠲᠠᠭᠤᠤ ᠨᠢ ᠬᠤᠶᠠᠷ ᠵᠠᠭᠤ ᠭᠠᠷᠤᠢ ᠦᠷᠭᠡᠨ ᠪᠦᠳᠦᠭᠡᠯ ᠪᠦᠷᠢᠳᠭᠡᠭᠳᠡᠵᠦ | ᠪᠠᠶᠢᠬᠤ ᠠᠴᠠ ᠦᠵᠦᠮᠦᠴᠢᠨ ᠪᠤᠯ ᠲᠠᠭᠤᠤ ᠶᠢᠨ ᠤᠶᠠᠩᠭᠠᠨ ᠬᠤᠷᠸ᠎ᠠ᠂ ᠤᠷᠳᠤ ᠶᠢᠨ ᠲᠠᠭᠤᠤ ᠶᠢᠨ ᠦᠯᠦᠭᠡᠢ ᠪᠤᠯᠤᠭᠰᠠᠨ | ᠶᠤᠮ᠃ | 2005 ᠤᠨ ᠳᠤ ᠮᠤᠩᠭᠤᠯ ᠤᠷᠳᠤ ᠶᠢᠨ ᠲᠠᠭᠤᠤ ᠮᠠᠨᠢ ᠲᠡᠯᠡᠬᠡᠢ ᠶᠢᠨ ᠪᠤᠳᠠᠰ ᠤᠨ ᠪᠤᠰᠤ ᠰᠤᠶᠤᠯ ᠤᠨ ᠦᠪ ᠢᠶᠠᠷ | ᠪᠦᠷᠢᠳᠭᠡᠭᠳᠡᠨ ᠲᠠᠩᠰᠠᠯᠠᠭᠤᠯᠤᠭᠰᠠᠨ ᠪᠢᠯᠡ᠃ ᠲᠦᠷᠪᠡ᠂ ᠦᠴᠦᠬᠡᠨ ᠮᠢᠨᠤ ᠦᠵᠡᠯᠳᠡ ᠲᠡᠭᠡᠷᠡᠬᠢ ᠪᠤᠯ ᠭᠡᠷ ᠤᠨ | ᠬᠦᠮᠦᠵᠢᠯ ᠤᠨ ᠬᠡᠤᠬᠡᠳ ᠢ ᠬᠦᠮᠦᠵᠢᠭᠦᠯᠬᠦ ᠮᠤᠩᠭᠤᠯ ᠤᠬᠠᠭᠠᠨ ᠤ ᠨᠢᠬᠡ ᠭᠡᠰᠡᠭ ᠯᠡ ᠲᠡᠳᠦᠢ᠃ ᠮᠤᠩᠭᠤᠯ ᠭᠡᠷ ᠤᠨ | ᠬᠦᠮᠦᠵᠢᠯ ᠳᠤ ᠲᠡᠭᠦᠨ ᠤ ᠮᠦᠨ ᠴᠢᠨᠠᠷ ᠨᠢ ᠪᠡᠯᠴᠢᠭᠡᠷ ︵ᠪᠠᠶᠢᠭᠠᠯᠢ︶ ᠤᠨ ᠠᠮᠢ ᠠᠬᠤᠢ ᠶᠢ ᠠᠰᠢᠭᠯᠠᠵᠦ ᠬᠠᠮᠠᠭᠠᠯᠠᠬᠤ | ᠦᠨᠳᠦᠰᠦᠯᠡᠯ ᠠᠴᠠ ᠡᠭᠦᠰᠴᠦ ᠮᠠᠯᠵᠢᠬᠤ ᠦᠢᠯᠡᠳᠪᠦᠷᠢᠯᠡᠯ ᠠᠮᠢᠳᠤᠷᠠᠯ ᠤᠨ ᠠᠵᠢᠯᠯᠠᠭ᠎ᠠ ᠪᠠᠨ ᠶᠠᠪᠤᠭᠤᠯᠳᠠᠭ ᠶᠤᠰᠤᠨ ᠢ | ᠲᠤᠮᠤᠭ ᠢᠶᠠᠷ ᠲᠠᠮᠵᠢᠭᠤᠯᠤᠨ ᠢᠯᠡᠷᠡᠭᠦᠯᠵᠦ ᠪᠠᠶᠢᠬᠤ᠂ ᠮᠤᠩᠭᠤᠯ ᠭᠡᠷ ᠤᠨ ᠪᠦᠳᠦᠴᠡ ᠨᠡᠭᠦᠳᠡᠯ ᠤᠨ ᠦᠨᠳᠦᠰᠦᠨ ᠬᠡᠷᠡᠭᠰᠡᠯ | ᠮᠡᠳᠡᠬᠦᠯᠬᠦ᠂ ᠬᠡᠤᠬᠡᠳ ᠲᠤ ᠦᠯᠢᠭᠡᠷ ᠬᠡᠯᠡᠵᠦ ᠤᠨᠢᠰᠤᠭ᠎ᠠ ᠲᠠᠭᠠᠯᠴᠠᠭᠠᠬᠤ ᠪᠠᠷ ᠲᠠᠮᠵᠢᠭᠤᠯᠤᠨ ᠤᠶᠤᠨ ᠢ ᠨᠢ ᠨᠡᠭᠡᠭᠡᠬᠦ ᠶᠢ | ᠢᠮᠠᠭᠳᠠ ᠠᠩᠬᠠᠷᠴᠦ ᠪᠠᠶᠢᠬᠤ᠂ ᠠᠶᠢᠮᠠᠭ ᠤᠭᠰᠠᠭ᠎ᠠ ᠶᠢ ᠨᠢ ᠮᠡᠳᠡᠭᠦᠯᠵᠦ ᠭᠠᠵᠠᠷ ᠤᠰᠤᠨ ᠢ ᠨᠢ ᠲᠠᠨᠢᠭᠤᠯᠵᠦ ᠪᠠᠶᠢᠬᠤ᠂ | ᠬᠡᠤᠬᠡᠳ ᠢ ᠪᠠᠭ᠎ᠠ ᠠᠴᠠ ᠨᠢ ᠰᠢᠰᠲ᠋ᠧᠮ ᠲᠠᠢ ᠪᠠᠷ ᠠᠮᠢᠳᠤᠷᠠᠯ ᠵᠠᠩ ᠦᠢᠯᠡ ᠪᠠᠷ ᠬᠦᠮᠦᠵᠢᠭᠦᠯᠬᠦ ᠶᠢ ᠰᠤᠯᠠᠷᠠᠯ ᠦᠭᠡᠢ | ᠠᠳᠬᠤᠵᠦ ᠪᠠᠶᠢᠬᠤ ᠪᠦᠬᠡᠳ ᠬᠡᠤᠬᠡᠳ ᠤᠳ ᠡᠷ᠎ᠡ ᠶᠢᠨ ᠴᠡᠭᠡᠯ ᠳᠤ ᠬᠦᠷᠤᠮᠡᠭᠴᠡ ᠪᠡᠶ᠎ᠡ ᠪᠠᠨ ᠲᠠᠭᠠᠭᠠᠭᠰᠠᠨ ᠤᠢ ᠤᠬᠠᠭᠠᠨ | ᠪᠦᠬᠦᠢ ᠠᠮᠢᠳᠤᠷᠠᠯ ᠤᠨ ᠬᠦᠴᠦᠨ ᠲᠠᠢ ᠪᠤᠯᠵᠦ ᠬᠦᠮᠦᠵᠢᠳᠡᠭ ᠵᠡᠷᠭᠡ ᠠᠭᠤᠯᠭ᠎ᠠ ᠶᠢ ᠲᠤᠰᠬᠠᠪᠠ᠃ ᠰᠢᠯᠢᠳᠡᠭ | ᠤᠯᠠᠮᠵᠢᠯᠠᠯ ᠠᠴᠠ ᠪᠢᠳᠡ ᠬᠡᠤᠬᠡᠳ ᠬᠦᠮᠦᠵᠢᠭᠦᠯᠬᠦ ᠠᠷᠭ᠎ᠠ ᠨᠢ ᠵᠠᠪᠠᠯ ᠪᠤᠳᠠᠳᠤ ᠠᠮᠢᠳᠤᠷᠠᠯ ᠤᠨ ᠮᠡᠳᠡᠯᠭᠡ ᠠᠴᠠ ᠰᠠᠭᠤᠷᠢᠯᠠᠵᠦ᠂ | ᠬᠡᠯᠡᠵᠦ ᠪᠠᠶᠢᠬᠤ ᠦᠬᠡ ᠨᠢᠭᠡᠪᠦᠷᠢ ᠴᠢᠨᠢ ᠦᠨᠳᠦᠰᠦᠯᠡᠯ ᠲᠠᠢ ᠪᠠᠶᠢᠬᠤ᠂ ᠰᠤᠷᠭᠠᠵᠦ ᠪᠠᠶᠢᠬᠤ ᠶᠠᠪᠤᠳᠠᠯ ᠴᠢᠨᠢ ᠠᠮᠢᠳᠤᠷᠠᠯ ᠲᠠᠢ | ᠪᠠᠶᠢᠬᠤ᠂ ᠲᠡᠤᠬᠡ ᠲᠤᠮᠤᠭ ᠢᠶᠠᠷ ᠦᠪᠡᠷ ᠤᠨ ᠬᠢᠨᠢ ᠤᠭᠰᠠᠭ᠎ᠠ ᠶᠠᠰᠤᠳᠠᠨ ᠢ ᠨᠢ ᠮᠡᠳᠡᠭᠦᠯᠬᠦ ᠪᠠ ᠭᠠᠵᠠᠷ ᠤᠰᠤᠨ ᠢ ᠨᠢ | ᠲᠠᠨᠢᠭᠤᠯᠬᠤ ᠪᠠᠷ ᠤᠶᠤᠨ ᠤᠬᠠᠭᠠᠨ ᠢ ᠨᠢ ᠪᠠᠶᠠᠯᠢᠭᠵᠢᠭᠤᠯᠵᠦ ᠪᠠᠶᠢᠬᠤ ᠶᠢ ᠬᠠᠷᠠᠭᠤᠯᠵᠦ ᠪᠠᠶᠢᠨ᠎ᠠ᠃ ᠭᠠᠵᠠᠷ ᠤᠰᠤᠨ ᠳᠠᠭᠠᠨ | ᠬᠠᠶᠢᠷ᠎ᠠ ᠰᠡᠳᠭᠢᠯᠭᠡ ᠲᠠᠢ ᠬᠦᠮᠦᠨ ᠰᠠᠶ᠋ᠢ ᠠᠮᠢᠳᠤᠷᠠᠯ ᠢᠶᠠᠨ ᠬᠠᠶᠢᠷᠠᠯᠠᠵᠦ᠂ ᠠᠷᠠᠳ ᠲᠦᠮᠡᠨ ᠢᠶᠠᠨ ᠬᠠᠶᠢᠷᠠᠯᠠᠵᠦ᠂ ᠡᠬᠡ | ᠤᠷᠤᠨ ᠢᠶᠠᠨ ᠬᠠᠶᠢᠷᠠᠯᠠᠳᠠᠭ ᠬᠦᠮᠦᠨ ᠪᠤᠯᠵᠦ ᠬᠦᠮᠦᠵᠢᠵᠦ ᠴᠢᠳᠠᠨ᠎ᠠ᠃ ᠤᠳᠤᠬᠢ ᠮᠠᠯᠵᠢᠬᠤ ᠤᠷᠤᠨ ᠤ ᠰᠤᠷᠭᠠᠨ ᠬᠦᠮᠦᠵᠢᠯ | ᠬᠦᠷᠳᠡᠭᠰᠡᠳ ᠤᠨ ᠬᠡᠪ ᠤᠨ ᠪᠤᠶᠢᠵᠢᠯᠳᠡ ᠶᠠᠮᠠᠷ ᠪᠠᠶᠢᠬᠤ ᠲᠤᠬᠠᠢ ᠰᠤᠳᠤᠯᠤᠭᠤᠰᠢᠳᠡᠢ ᠪᠦᠭᠡᠳ ᠬᠦᠨᠳᠦᠳᠭᠡᠭᠦᠰᠢᠳᠡᠢ ᠶᠠᠪᠤᠳᠠᠯ | ᠪᠤᠯᠤᠨ᠎ᠠ᠃ ᠤᠶᠢᠷ᠎ᠠ ᠶᠢᠨ ᠵᠢᠯ ᠠᠴᠠ ᠶᠡᠭᠡ ᠰᠤᠷᠭᠠᠭᠤᠯᠢ ᠲᠡᠭᠦᠰᠦᠭᠰᠡᠨ ᠤᠶᠤᠳᠠᠳ ᠠᠵᠢᠯ ᠤᠯᠬᠤ ᠦᠭᠡᠢ ᠪᠠᠶᠢᠭ᠎ᠠ ᠶᠢᠨ | ᠦᠨᠳᠦᠰᠦᠨ ᠰᠢᠯᠳᠠᠭᠠᠨ ᠨᠢ ᠵᠦᠪᠬᠡᠨ ᠪᠢᠴᠢᠭ ᠬᠠᠭᠤᠳᠠᠰᠤᠨ ᠤ ᠮᠡᠳᠡᠯᠭᠡ ᠲᠡᠳᠦᠢ ᠠᠴᠠ ᠪᠢᠰᠢ ᠵᠢᠩᠬᠢᠨᠢ ᠦᠢᠯᠡᠳᠦᠯᠭᠡ ᠲᠠᠢ | ᠤᠶᠠᠯᠳᠤᠬᠤ ᠪᠠ ᠨᠡᠶᠢᠭᠡᠮ ᠲᠠᠢ ᠤᠶᠢᠷᠠᠳᠤᠬᠤ ᠮᠡᠳᠡᠯᠭᠡ ᠴᠢᠳᠠᠪᠤᠷᠢ ᠶᠢ ᠡᠵᠡᠮᠰᠢᠭᠰᠡᠨ ᠲᠠᠯ᠎ᠠ ᠪᠠᠷ ᠲᠤᠳᠠᠮᠠᠭ ᠪᠠᠶᠢᠳᠠᠭ᠂ | ᠡᠨᠡ ᠨᠢ ᠪᠤᠳᠠᠳᠤ ᠴᠤᠭᠴᠠ ᠶᠢ ᠭᠦᠬᠡᠬᠡᠴᠡᠯᠳᠤᠳᠡᠭ ᠵᠠᠬ᠎ᠠ ᠲᠡᠯᠭᠡᠭᠦᠷ ᠤᠨ ᠬᠡᠷᠡᠭᠴᠡᠭᠡ ᠲᠠᠢ ᠲᠡᠩᠴᠦ ᠨᠡᠶᠢᠴᠡᠬᠦ ᠦᠭᠡᠢ | ᠪᠤᠯᠤᠭᠰᠠᠨ ᠢᠯᠡᠷᠬᠡᠢ᠃ ᠮᠠᠯᠵᠢᠬᠤ ᠤᠷᠤᠨ ᠤ ᠤᠶᠤᠳᠠᠳ ᠨᠢ ᠬᠤᠳᠠ ᠳᠤ ᠤᠷᠤᠵᠦ ᠠᠮᠢᠳᠤᠷᠠᠬᠤ ᠲᠤᠷᠠᠳᠠᠢ ᠪᠤᠯᠪᠠᠴᠦ | ᠬᠤᠳᠠ ᠶᠢᠨ ᠬᠢᠳᠡᠯ ᠢ ᠮᠡᠳᠡᠬᠦ ᠦᠭᠡᠢ᠂ ᠬᠦᠳᠡᠭᠡ ᠬᠦᠷᠪᠡᠴᠦ ᠬᠦᠳᠡᠭᠡ ᠶᠢᠨ ᠦᠢᠯᠡᠳᠪᠦᠷᠢᠯᠡᠯ ᠠᠮᠢᠳᠤᠷᠠᠯ ᠠᠴᠠ | ᠵᠠᠶᠢᠳᠠᠴᠢᠭᠰᠠᠨ ᠲᠡᠨᠤᠭᠦᠯ ᠬᠦᠮᠦᠰ ᠤᠯᠠᠰᠢᠷᠠᠭᠰᠠᠨ ᠦᠵᠡᠭᠳᠡᠯ ᠭᠠᠵᠠᠷ ᠰᠠᠶ᠎ᠠ ᠦᠭᠡᠢ ᠬᠠᠷᠠᠭᠳᠠᠵᠦ ᠪᠤᠢ᠃ ᠡᠨᠡ ᠨᠢ | ᠶᠠᠭᠤ ᠶᠢ ᠬᠠᠷᠠᠭᠤᠯᠵᠦ ᠪᠠᠶᠢᠬᠤ ᠪᠤᠢ︖ ᠰᠢᠭᠤᠳ ᠬᠡᠯᠡᠪᠡᠯ ᠰᠤᠷᠭᠠᠨ ᠬᠦᠮᠦᠵᠢᠯ ᠳᠤ ᠠᠰᠠᠭᠤᠳᠠᠯ ᠤᠷᠤᠰᠢᠵᠦ ᠪᠠᠶᠢᠬᠤ ᠶᠢ | ᠲᠤᠰᠬᠠᠵᠦ ᠪᠠᠶᠢᠨ᠎ᠠ᠃ ᠠᠩᠬᠠᠨ ᠳᠤ ᠶᠡᠭᠡ ᠰᠤᠷᠭᠠᠭᠤᠯᠢ ᠶᠢᠨ ᠤᠶᠤᠳᠠᠨ ᠭᠡᠪᠡᠯ ᠪᠢᠴᠢᠵᠦ ᠵᠢᠷᠤᠬᠤ᠂ ᠬᠡᠯᠡᠵᠦ ᠶᠠᠷᠢᠬᠤ᠂ | ᠬᠡᠷᠡᠭ ᠪᠤᠳᠠᠰ ᠢ ᠰᠢᠨᠵᠢᠯᠡᠨ ᠰᠤᠳᠤᠯᠬᠤ ᠲᠠᠯ᠎ᠠ ᠪᠠᠷ ᠴᠢᠳᠠᠮᠠᠭᠠᠢ ᠪᠠᠶᠢᠳᠠᠭ ᠢᠶᠠᠷ ᠨᠡᠶᠢᠭᠡᠮ ᠲᠡᠭᠡᠷ᠎ᠡ ᠬᠦᠨᠳᠦᠳᠭᠡᠭᠳᠡᠨ | ᠬᠡᠷᠡᠭᠯᠡᠭᠳᠡᠳᠡᠭ᠂ ᠭᠡᠳᠡᠯ᠎ᠡ ᠤᠳᠤ ᠤᠯᠠᠩᠬᠢ ᠤᠶᠤᠳᠠᠳ ᠮᠡᠳᠡᠬᠦ ᠦᠭᠡᠢ ᠴᠢᠳᠠᠬᠤ ᠦᠭᠡᠢ ᠨᠢ ᠤᠯᠠᠨᠳᠠᠢ ᠪᠤᠯᠤᠭᠰᠠᠨ ᠰᠢᠭ᠋ | ᠠᠵᠢᠭᠯᠠᠭᠳᠠᠨ᠎ᠠ᠃ ᠨᠡᠩ ᠢᠯᠠᠩᠭᠤᠶ᠎ᠠ ᠮᠠᠯᠵᠢᠬᠤ ᠤᠷᠤᠨ ᠤ ᠬᠡᠤᠬᠡᠳ ᠬᠤᠳᠠ ᠳᠤ ᠰᠤᠷᠭᠠᠭᠤᠯᠢ ᠶᠢ | ᠲᠦᠪᠯᠡᠷᠡᠭᠦᠯᠦᠭᠰᠡᠨ ᠠᠴᠠ ᠪᠤᠯᠵᠦ᠂ ᠪᠠᠭ᠎ᠠ ᠠᠴᠠ ᠨᠢ ᠬᠦᠳᠡᠭᠡ ︵ᠭᠠᠳᠠᠭᠠᠳᠤ ᠤᠷᠴᠢᠨ︶ ᠶᠢᠨ ᠪᠤᠳᠠᠳᠤ ᠤᠷᠴᠢᠨ | ᠲᠤᠭᠤᠷᠢᠨ ᠤ ᠨᠦᠯᠦᠭᠡᠯᠡᠯ ᠢ ᠬᠦᠷᠳᠡᠬᠦ ᠦᠭᠡᠢ ᠪᠤᠯᠤᠭᠰᠠᠨ ᠢᠶᠠᠷ ᠭᠡᠷ ᠠᠴᠠ ᠴᠡᠴᠡᠷᠯᠢᠭ᠂ ᠴᠡᠴᠡᠷᠯᠢᠭ ᠠᠴᠠ ᠰᠤᠷᠭᠠᠭᠤᠯᠢ ᠳᠤ | ᠶᠠᠪᠤᠬᠤ ᠪᠤᠯᠤᠭᠰᠠᠨ ᠪᠠ ᠰᠤᠷᠭᠠᠭᠤᠯᠢ ᠶᠢᠨ ᠵᠢᠭᠠᠬᠤ ᠮᠠᠲ᠋ᠧᠷᠢᠶᠠᠯ ᠨᠢ ᠲᠠᠩ ᠴᠤᠯᠭᠤᠢ ᠮᠦᠷᠳᠡᠭᠡᠨ ᠪᠠᠭᠰᠢ ᠨᠢ ᠪᠠᠰᠠ ᠵᠠᠯᠠᠭᠤ | ᠬᠦᠮᠦᠨ ᠪᠠᠶᠢᠳᠠᠭ ᠢᠶᠠᠷ ᠨᠡᠶᠢᠭᠡᠮ ᠤᠨ ᠮᠡᠳᠡᠯᠭᠡ ᠮᠡᠭᠦᠰ᠂ ᠵᠢᠭᠠᠬᠤ ᠴᠢᠳᠠᠪᠤᠷᠢ ᠠᠨᠠᠢ ᠵᠡᠷᠭᠡ ᠠᠴᠠ ᠬᠡᠤᠬᠡᠳ ᠪᠠᠭᠠᠴᠦᠳ ᠤᠨ | ᠤᠶᠤᠨ ᠤ ᠨᠡᠭᠡᠭᠡᠯᠳᠡ ᠶᠢ ᠬᠢᠵᠦ ᠴᠢᠳᠠᠬᠤ ᠦᠭᠡᠢ ᠠᠴᠠ ᠪᠤᠯᠪᠠᠤ ᠭᠡᠵᠦ ᠰᠡᠳᠭᠢᠭᠳᠡᠨᠡ᠃ ᠡᠶᠢᠮᠦᠷᠬᠦ ᠭᠦᠰᠢᠭᠦᠨ ᠪᠠᠶᠢᠳᠠᠯ ᠨᠢ | ᠬᠤᠶᠢᠴᠢ ᠦᠶ᠎ᠡ ᠶᠢᠨ ᠬᠢᠨ ᠢ ᠬᠦᠮᠦᠵᠢᠭᠦᠯᠬᠦ ᠳᠤ ᠮᠠᠳᠠᠭ ᠲᠠᠢ ᠠᠰᠠᠭᠤᠳᠠᠯ ᠢ ᠠᠪᠴᠢᠷᠠᠬᠤ ᠨᠢ ᠲᠠᠮᠵᠢᠭ ᠦᠭᠡᠢ ᠶᠤᠮ᠃ | ᠮᠠᠯᠵᠢᠬᠤ ᠤᠲᠷᠤᠨ ᠤ ᠰᠤᠷᠭᠠᠨ ᠬᠦᠮᠦᠵᠢᠯ ᠤᠨ ᠰᠢᠨ᠎ᠡ ᠦᠭᠡᠷᠡᠴᠢᠯᠡᠯᠳᠡ ᠶᠢ ᠰᠢᠪᠳᠤᠯᠤᠯᠳᠠ ᠲᠠᠢ ᠬᠢᠵᠦ᠂ ᠶᠠᠭᠠᠬᠢᠪᠠᠯ ᠰᠠᠶ᠋ᠢ | ᠮᠡᠳᠡᠯᠭᠡ ᠴᠢᠳᠠᠪᠤᠷᠢᠳᠠᠢ ᠬᠤᠶᠢᠴᠢ ᠦᠶ᠎ᠡ ᠶᠢ ᠬᠦᠮᠦᠵᠢᠭᠦᠯᠬᠦ ᠠᠰᠠᠭᠤᠳᠠᠯ ᠢ ᠰᠡᠢᠳᠪᠦᠷᠢᠯᠡᠬᠦ ᠪᠤᠯ ᠨᠢᠭᠡᠨ ᠨᠠᠷᠢᠨ ᠬᠢᠨᠠᠮᠠᠭᠠᠢ | ᠠᠵᠢᠯ ᠪᠦᠭᠡᠳ ᠭᠦᠨ ᠰᠤᠳᠤᠯᠤᠭᠤᠰᠢᠳᠠᠢ ᠶᠠᠪᠤᠳᠠᠯ ᠪᠤᠯᠤᠨ᠎ᠠ᠃ ᠭᠠᠵᠠᠷ ᠤᠷᠤᠨ ᠤ ᠰᠤᠶᠤᠯ ᠪᠤᠯ ᠲᠤᠮᠳᠠᠳᠤ ᠶᠢᠨ | ᠦᠨᠳᠦᠰᠦᠳᠡᠨ ᠤ ᠤᠯᠠᠨ ᠡᠰᠢᠴᠢᠯᠡᠭᠰᠡᠨ ᠰᠤᠶᠤᠯ ᠤᠨ ᠴᠢᠬᠤᠯᠠ ᠠᠭᠤᠯᠭ᠎ᠠ ᠪᠤᠯᠤᠨ᠎ᠠ᠂ ᠬᠡᠤᠬᠡᠳ ᠪᠠᠭᠠᠴᠦᠳ ᠤᠨ ᠬᠤᠪᠢ | ᠪᠡᠶ᠎ᠡ ᠶᠢᠨ ᠦᠰᠦᠨ ᠪᠤᠶᠢᠵᠢᠬᠤ ᠶᠠᠪᠤᠴᠠ ᠳᠠᠬᠢ ᠴᠢᠬᠤᠯᠠ ᠪᠦᠬᠦᠢ ᠤᠶᠤᠨ ᠰᠠᠨᠠᠭᠠᠨ ᠤ ᠰᠢᠮ᠎ᠡ ᠲᠡᠵᠢᠭᠡᠯ ᠪᠤᠯᠬᠤ ᠮᠦᠷᠳᠡᠭᠡᠨ | ᠮᠠᠨ ᠤ ᠦᠪᠡᠷ ᠢ ᠪᠠᠨ ᠢᠳᠡᠭᠡᠬᠦ ᠰᠡᠳᠭᠢᠯᠭᠡ ᠶᠢᠨ ᠵᠤᠷᠢᠭ ᠰᠠᠨᠠᠭᠠᠨ ᠤ ᠲᠦᠰᠢᠭ ᠲᠤᠯᠭᠠᠭᠤᠷᠢ ᠪᠤᠯᠤᠨ᠎ᠠ᠃ | ᠭᠠᠵᠠᠷ ᠤᠷᠤᠨ ᠤ ᠰᠤᠶᠤᠯ ᠢ ᠰᠤᠷᠭᠠᠭᠤᠯᠢ ᠶᠢᠨ ᠬᠦᠷᠢᠶᠡᠨ ᠳᠤ ᠤᠷᠤᠭᠤᠯᠪᠠᠯ ᠤᠳᠤᠬᠢ ᠰᠤᠷᠭᠠᠨ ᠬᠦᠮᠦᠵᠢᠯ ᠤᠨ | ᠲᠠᠩ ᠴᠤᠯᠭᠤᠢ ᠵᠢᠭᠠᠬᠤ ᠮᠠᠲ᠋ᠧᠷᠢᠶᠠᠯ ᠤᠨ ᠬᠦᠷᠢᠶ᠎ᠡ ᠬᠡᠪᠴᠢᠶ᠎ᠠ ᠶᠢ ᠦᠷᠭᠡᠳᠭᠡᠵᠦ ᠪᠤᠯᠬᠤ ᠮᠦᠷᠳᠡᠭᠡᠨ ᠡᠯᠪᠡᠭ ᠪᠠᠶᠠᠯᠢᠭ | ᠤᠶᠤᠨ ᠤ ᠲᠠᠯ᠎ᠠ ᠶᠢᠨ ᠠᠭᠤᠯᠭ᠎ᠠ ᠶᠢ ᠪᠠᠶᠠᠯᠢᠭᠵᠢᠭᠤᠯᠵᠦ ᠴᠢᠳᠠᠨ᠎ᠠ᠃ ᠢᠩᠭᠢᠪᠡᠯ ᠬᠡᠤᠬᠡᠳ ᠪᠠᠭᠠᠴᠦᠳ ᠪᠠᠭ᠎ᠠ ᠠᠴᠠ ᠪᠠᠨ | ᠭᠠᠵᠠᠷ ᠨᠤᠲᠤᠭ ᠢᠶᠠᠨ ᠮᠡᠳᠡᠷᠡᠨ ᠲᠠᠨᠢᠵᠦ ᠤᠭᠰᠠᠭ᠎ᠠ ᠶᠠᠰᠤᠳᠠᠨ ᠢᠶᠠᠨ ᠤᠶᠢᠯᠠᠭᠠᠵᠦ᠂ ᠡᠬᠡ ᠭᠠᠵᠠᠷ ᠲᠠᠭᠠᠨ ᠬᠠᠶᠢᠷ᠎ᠠ | ᠰᠡᠳᠬᠢᠯᠭᠡ ᠲᠠᠢ ᠪᠤᠯᠵᠦ᠂ ᠦᠨᠳᠦᠰᠦᠳᠡᠨ ᠤ ᠪᠠᠨ ᠰᠤᠶᠤᠯ ᠵᠠᠩ ᠦᠢᠯᠡ ᠲᠠᠢ ᠠᠭᠤᠰᠤᠯᠴᠠᠨ ᠦᠰᠴᠤ ᠬᠦᠮᠦᠵᠢᠬᠦ ᠪᠤᠯᠬᠤᠷ | ᠤᠯᠠᠨ ᠲᠠᠯ᠎ᠠ ᠶᠢᠨ ᠮᠡᠳᠡᠯᠭᠡ ᠴᠢᠳᠠᠪᠤᠷᠢ ᠲᠠᠢ᠂ ᠠᠮᠢᠳᠤᠷᠠᠯ ᠤᠨ ᠬᠦᠴᠦᠨ ᠲᠠᠢ ᠪᠤᠯᠵᠦ ᠬᠦᠮᠦᠵᠢᠵᠦ ᠴᠢᠳᠠᠨ᠎ᠠ᠃ |