ᠬᠡᠦᠬᠡᠳ ᠤᠨ ᠦᠰᠦᠨ ᠪᠤᠶᠢᠵᠢᠯᠳᠠ ᠶᠢᠨ ᠤᠷᠤᠨ ᠵᠠᠢ ᠶᠢ ᠠᠭᠤᠵᠢᠮ ᠲᠠᠯᠪᠢᠭᠠᠷᠠᠢ
ᠨᠡᠶᠢᠲᠡᠯᠡᠭᠰᠡᠨ ᠴᠠᠭ᠄
2016/8/11
                                              ● ᠨᠠᠪᠴᠢ         ᠤᠳᠤ ᠶᠢᠨ ᠨᠡᠶᠢᠬᠡᠮ ᠳᠤ ᠠᠮᠠᠨ ᠳᠠᠭᠠᠨ ᠬᠢᠪᠡᠯ ᠬᠠᠶᠢᠯᠤᠮᠠᠷ᠂ ᠠᠯᠠᠭᠠᠨ ᠳᠠᠭᠠᠨ ᠳᠠᠯᠪᠢᠪᠠᠯ  ᠪᠦᠮᠪᠦᠷᠢᠮᠡᠷ ᠠᠶᠢᠯ ᠤᠨ ᠭᠠᠭᠴᠠ ᠬᠤᠶᠠᠷ ᠬᠡᠦᠬᠡᠳ ᠢᠶᠠᠨ ᠬᠡᠷᠬᠢᠨ ᠪᠢᠴᠢᠭ ᠰᠤᠶᠤᠯ  ᠮᠤᠷᠠᠯ  ᠰᠤᠷᠳᠠᠯ ᠲᠠᠢ  ᠬᠦᠮᠦᠨ  ᠪᠤᠯᠭᠠᠨ  ᠬᠦᠮᠦᠵᠢᠬᠦᠯᠬᠦ ᠨᠢ  ᠬᠡᠷ ᠤᠨ ᠠᠬᠠᠮᠠᠳ ᠪᠤᠯᠭᠠᠨ ᠤ ᠡᠮᠦᠨ᠎ᠡ ᠳᠠᠯᠪᠢᠭᠳᠠᠵᠤ ᠪᠠᠶᠢᠭ᠎ᠠ ᠳᠤᠯᠤᠭᠠᠢ ᠡᠪᠡᠳᠦᠮᠡᠷ ᠬᠦᠴᠢᠷ ᠠᠰᠠᠭᠤᠳᠠᠯ ᠬᠡᠵᠦ ᠬᠡᠯᠡᠵᠦ ᠪᠤᠯᠤᠮᠠᠷ  ᠶᠤᠮ᠃  ᠵᠠᠷᠢᠮᠠᠳ ᠨᠢ ᠬᠡᠦᠬᠡᠳ ᠢᠶᠠᠨ ᠬᠡᠷᠬᠢᠨ ᠬᠦᠮᠦᠵᠢᠬᠦᠯᠬᠦ ᠳᠤᠬᠠᠢ ᠠᠬᠠᠰ ᠵᠠᠬᠠᠰ ᠠᠴᠠ ᠪᠠᠨ  ᠰᠤᠷᠠᠨ᠎ᠠ᠂  ᠡᠯ᠎ᠠ  ᠲᠦᠷᠦᠯ ᠤᠨ ᠬᠡᠦᠬᠡᠳ ᠬᠦᠮᠦᠵᠢᠬᠦᠯᠬᠦ ᠳᠤᠬᠠᠢ ᠶᠠᠷᠢᠶ᠎ᠠ ᠢᠯᠡᠳᠬᠡᠯ ᠰᠤᠨᠤᠰᠤᠨ᠎ᠠ᠂ ᠬᠡᠦᠬᠡᠳ ᠢᠶᠠᠨ ᠴᠤᠬᠤᠮ ᠶᠠᠮᠠᠷ ᠪᠤᠯᠪᠠᠰᠤᠷᠠᠯ ᠤᠨ  ᠠᠩᠬᠢ ᠳᠤ  ᠨᠡᠷ᠎ᠠ  ᠮᠡᠳᠡᠬᠦᠯᠵᠦ᠂  ᠶᠠᠭᠤ ᠨᠢᠬᠡ ᠶᠢ ᠰᠤᠷᠭᠠᠪᠠᠯ ᠪᠤᠰᠤᠳ ᠬᠡᠦᠬᠡᠳ ᠠᠴᠠ ᠡᠬᠢᠯᠡᠯᠳᠡ ᠶᠢᠨ ᠭᠠᠷᠤᠭ᠎ᠠ ᠳᠠᠭᠠᠨ ᠬᠤᠵᠢᠭᠳᠠᠬᠤ ᠦᠬᠡᠢ ᠪᠠᠶᠢᠬᠤ ᠡ ᠬᠡᠵᠦ ᠡᠨᠡ ᠳᠡᠷᠡ ᠪᠤᠯᠪᠠᠰᠤᠷᠠᠯ ᠤᠨ ᠠᠩᠬᠢ ᠪᠠᠷ ᠬᠡᠦᠬᠡᠳ ᠢᠶᠠᠨ ᠬᠦᠷᠬᠡᠬᠡᠳ  ᠮᠤᠩᠭᠠᠨᠢᠨ  ᠶᠠᠭᠠᠷᠠᠯᠳᠤᠵᠤ  ᠪᠠᠶᠢᠭ᠎ᠠ  ᠬᠡᠷ ᠤᠨ  ᠠᠬᠠᠮᠠᠳ ᠮᠠᠰᠢ ᠤᠯᠠᠨ ᠪᠠᠶᠢᠳᠠᠭ᠃                 ᠵᠤᠨ ᠤ ᠠᠮᠠᠷᠠᠯᠳᠠ ᠡᠬᠢᠯᠡᠴᠢᠬᠡᠯ᠎ᠡ᠂  ᠬᠡᠦᠬᠡᠳ ᠤᠨ ᠢᠶᠠᠨ  ᠬᠢᠴᠢᠶᠡᠯ  ᠰᠤᠷᠤᠯᠭ᠎ᠠ ᠶᠢᠨ  ᠲᠦᠯᠦᠬᠡ  ᠰᠡᠳᠬᠢᠯ ᠠᠯᠭᠠᠰᠠᠭᠰᠠᠨ ᠬᠡᠷ ᠤᠨ ᠠᠬᠠᠮᠠᠳ ᠬᠡᠦᠬᠡᠳ ᠤᠨ ᠢᠶᠠᠨ ᠰᠤᠷᠤᠯᠴᠠᠬᠤ ᠤᠷᠮ᠎ᠠ ᠪᠠᠬ᠎ᠠ ᠶᠢ ᠬᠠᠮᠢᠶᠠᠷᠬᠤ ᠦᠬᠡᠢ ᠠᠩᠬᠡᠯᠢ᠂ ᠳᠤᠭ᠎ᠠ᠂  ᠳᠠᠭᠤᠤ᠂  ᠵᠢᠷᠤᠭ᠂ ᠪᠦᠵᠢᠭ᠂ ᠤᠷᠠᠨ ᠢᠯᠡᠳᠬᠡᠭᠴᠢ᠁  ᠬᠡᠬᠦᠴᠢᠯᠡᠨ  ᠡᠯ᠎ᠠ  ᠲᠦᠷᠦᠯ ᠤᠨ  ᠬᠢᠴᠢᠶᠡᠯ  ᠨᠦᠬᠦᠬᠦ  ᠪᠤᠶᠤ  ᠪᠤᠯᠪᠠᠰᠤᠷᠠᠯ ᠤᠨ  ᠠᠩᠬᠢ ᠳᠤ ᠰᠤᠷᠤᠯᠴᠠᠭᠤᠯᠤᠨ᠂ ᠬᠡᠦᠬᠡᠳ ᠤᠨ ᠢᠶᠠᠨ ᠵᠤᠨ ᠤ ᠠᠮᠠᠷᠠᠯᠳᠠ ᠶᠢᠨ ᠨᠠᠨᠳᠢᠨ ᠴᠠᠭ ᠲᠤ ᠫᠢᠳ ᠲᠦᠬᠦᠷᠡᠩ ᠬᠢᠴᠢᠶᠡᠯ  ᠳᠤᠬᠢᠷᠠᠭᠤᠯᠴᠢᠬᠠᠭᠠᠳ ᠬᠡᠦᠬᠡᠳ ᠲᠤ ᠰᠡᠳᠬᠢᠯ ᠰᠠᠨᠠᠭ᠎ᠠ ᠪᠠᠨ ᠰᠡᠷᠬᠦᠬᠡᠴᠢᠬᠡᠮᠡᠷ᠂ ᠨᠠᠭᠠᠳᠤᠨ ᠳᠤᠭᠯᠠᠵᠤ ᠬᠦᠭᠰᠡᠴᠢᠬᠡᠮᠡᠷ ᠠᠮᠠᠷᠠᠯᠳᠠ ᠶᠢᠨ ᠰᠤᠯᠠ ᠰᠡᠯᠡᠬᠦᠤ ᠴᠠᠭ ᠴᠤ ᠤᠯᠭᠤᠬᠤ ᠦᠬᠡᠢ᠂ ᠠᠮᠠᠷᠠᠯᠳᠠ ᠶᠢᠨ ᠪᠠᠶᠠᠷ ᠪᠠᠶᠠᠰᠤᠯ ᠢ ᠤᠯᠵᠤ ᠡᠳ᠋ᠯᠡᠬᠦ ᠦᠬᠡᠢ ᠬᠦᠬᠡᠷᠦᠬᠦ᠋ᠢᠯᠡᠯᠳᠡᠢ ᠬᠢᠴᠢᠶᠡᠯ  ᠨᠦᠬᠦᠬᠡᠳ  ᠶᠠᠭᠠᠷᠠᠵᠤ ᠪᠠᠶᠢᠭ᠎ᠠ ᠬᠡᠦᠬᠡᠳ ᠮᠤᠩᠳᠠᠬᠤ ᠦᠬᠡᠢ ᠶᠤᠮ᠃        ᠲᠦᠷᠦᠬᠦᠬᠡᠨ ᠰᠤᠷᠪᠤᠯᠵᠢᠯᠠᠭᠴᠢ ᠭᠤᠷᠪᠠᠨ ᠡᠮᠡᠭᠳᠡᠢ ᠰᠢᠨᠵᠢᠯᠡᠬᠦ  ᠤᠬᠠᠭᠠᠳᠠᠨ ᠤ  ᠬᠡᠦᠬᠡᠳ  ᠬᠦᠮᠦᠵᠢᠬᠦᠯᠬᠦ  ᠦᠵᠡᠯᠳᠡ ᠶᠢᠨ ᠳᠤᠬᠠᠢ  ᠵᠠᠭᠤᠴᠢᠯᠠᠭᠤᠷ ᠤᠨ  ᠮᠡᠳᠡᠭᠡ ᠠᠴᠠ  ᠬᠠᠷᠠᠭᠰᠠᠨ᠂  ︽ᠬᠡᠦᠬᠡᠳ ᠢᠶᠠᠨ   ᠪᠤᠯᠪᠠᠰᠤᠷᠠᠯ ᠤᠨ   ᠠᠩᠬᠢ ᠳᠤ   ᠰᠤᠷᠤᠯᠴᠠᠭᠤᠯᠵᠤ ᠦᠩᠬᠡᠷᠡᠭᠰᠡᠨ ᠦᠬᠡᠢ᠂ ᠬᠡᠦᠬᠡᠳ ᠶᠠᠮᠠᠷ ᠨᠢᠬᠡ ᠤᠷ᠎ᠠ ᠠᠪᠢᠶᠠᠰ ᠢ ᠰᠤᠷᠤᠭᠰᠠᠨ ᠦᠬᠡᠢ ᠴᠤ ᠦᠪᠡᠷ ᠤᠨ ᠬᠢ ᠬᠡᠬᠦ ᠴᠠᠭ ᠲᠠᠢ ᠯᠡ  ᠪᠤᠯ ᠢᠯᠡᠬᠦᠬᠡᠨ ᠨᠤᠮ ᠤᠩᠰᠢᠵᠤ ᠮᠡᠳᠡᠯᠬᠡ ᠬᠤᠷᠠᠮᠳᠤᠭᠤᠯᠪᠠᠯ ᠠᠶᠠᠨᠳᠠᠭᠠᠨ ᠶᠠᠭᠤ ᠪᠦᠬᠦᠨ ᠢ ᠤᠢᠢᠯᠠᠭᠠᠵᠤ ᠮᠡᠳᠡᠳᠡᠭ ︿ᠨᠡᠪᠳᠡᠷᠬᠡᠢ ᠳᠤᠯᠢ﹀ ᠪᠤᠯᠴᠢᠬᠠᠳᠠᠭ︾᠂ ︽ᠬᠡᠦᠬᠡᠳ ᠤᠨ ᠢᠶᠠᠨ ᠳᠤᠷ᠎ᠠ ᠪᠠᠬ᠎ᠠ ᠶᠢ ᠬᠦᠨᠳᠦᠳᠬᠡᠨ᠎ᠡ᠂  ᠬᠡᠪᠡᠴᠦ  ᠰᠤᠷᠤᠯᠭ᠎ᠠ ᠶᠢᠨ  ᠦᠷ᠎ᠠ  ᠳ᠋ᠦᠩ ᠢ  ᠳᠡᠬᠡᠵᠦ ᠬᠦᠨᠳᠦᠳᠬᠡᠨ ᠦᠵᠡᠬᠦ ᠦᠬᠡᠢ︾᠂  ︽ᠬᠡᠦᠬᠡᠳ ᠢᠶᠠᠨ  ᠶᠡᠷᠦ ᠨᠢ  ᠪᠤᠯᠪᠠᠰᠤᠷᠠᠯ ᠤᠨ  ᠠᠩᠬᠢ ᠳᠤ  ᠬᠦᠷᠬᠡᠵᠦ  ᠦᠵᠡᠭᠡ  ᠦᠬᠡᠢ︾᠂ ︽ᠬᠡᠦᠬᠡᠳ ᠲᠤ ᠪᠠᠭ᠎ᠠ ᠨᠠᠰᠤᠨ ᠤ ᠪᠠᠶᠠᠷ ᠪᠠᠶᠠᠰᠤᠯ ᠲᠠᠢ ᠤᠷᠴᠢᠨ ᠢ ᠡᠬᠦᠳᠦᠨ  ᠦᠭᠬᠦ ᠨᠢ  ᠰᠤᠷᠤᠯᠭ᠎ᠠ ᠶᠢᠨ  ᠬᠢᠷᠢ  ᠪᠦᠳᠦᠮᠵᠢ ᠠᠴᠠ ᠴᠢᠬᠤᠯᠠ᠂ ᠡᠴᠢᠬᠡ ᠡᠬᠡ ᠪᠤᠯᠤᠭᠰᠠᠳ ᠬᠡᠦᠬᠡᠳ ᠲᠡᠭᠡᠨ ᠪᠠᠶᠠᠷ ᠪᠠᠶᠠᠰᠤᠯ ᠲᠠᠢ ᠦᠰᠦᠨ ᠪᠤᠶᠢᠵᠢᠬᠤ  ᠤᠷᠴᠢᠨ  ᠡᠬᠦᠳᠦᠨ  ᠦᠭᠬᠦ ᠨᠢ ᠴᠢᠬᠤᠯᠠ︾ ᠬᠡᠵᠦ ᠭᠤᠷᠪᠠᠨ ᠡᠮᠡᠭᠳᠡᠢ ᠰᠢᠨᠵᠢᠯᠡᠬᠦ ᠤᠬᠠᠭᠠᠨᠳᠠᠨ ᠦᠵᠡᠵᠡᠬᠡᠨ᠎ᠡ᠃        ᠮᠡᠳᠡᠬᠡᠵᠢ ᠪᠠᠷ᠂ ᠬᠡᠦᠬᠡᠳ ᠤᠨ ᠦᠰᠦᠨ ᠪᠤᠶᠢᠵᠢᠯᠳᠠ ᠳᠤ ᠬᠡᠷ ᠤᠨ ᠬᠦᠮᠦᠵᠢᠯ ᠨᠢ ᠮᠠᠰᠢ  ᠴᠢᠬᠤᠯᠠ  ᠪᠠᠶᠢᠵᠤ᠂  ᠬᠡᠦᠬᠡᠳ ᠢ ᠨᠠᠰᠤᠨ ᠳᠤᠷᠰᠢᠳᠠ ᠨᠦᠯᠦᠬᠡᠯᠡᠳᠡᠭ ᠤᠨ ᠤᠴᠢᠷ ᠡᠴᠢᠬᠡ ᠡᠬᠡ ᠪᠤᠯᠤᠭᠰᠠᠳ ᠦᠪᠡᠷ ᠤᠨ ᠦᠬᠡ ᠶᠠᠷᠢᠶ᠎ᠠ ᠦᠢᠯᠡ ᠬᠦᠳᠡᠯᠦᠯ ᠢᠶᠠᠷ ᠢᠶᠠᠨ ᠬᠡᠦᠬᠡᠳ ᠲᠡᠭᠡᠨ ᠬᠡᠪ ᠳᠠᠭᠤᠷᠢᠶᠠᠯ ᠪᠤᠯᠵᠤ᠂ ᠬᠡᠦᠬᠡᠳ ᠤᠨ ᠪᠡᠶ᠎ᠠ ᠪᠠᠨ  ᠳᠠᠭᠠᠭᠠᠵᠤ  ᠰᠤᠷᠤᠯᠴᠠᠬᠤ  ᠳᠠᠳᠬᠠᠯ᠂  ᠪᠡᠶ᠎ᠠ ᠪᠠᠨ  ᠳᠠᠭᠠᠭᠠᠵᠤ ᠤᠴᠢᠷ ᠶᠠᠪᠤᠳᠠᠯ ᠢ ᠰᠢᠢᠳᠪᠦᠷᠢᠯᠡᠬᠦ ᠴᠢᠳᠠᠪᠤᠷᠢ ᠶᠢ ᠬᠦᠮᠦᠵᠢᠬᠦᠯᠬᠦ ᠶᠢ ᠬᠦᠨᠳᠦᠳᠬᠡᠨ ᠦᠵᠡᠵᠦ᠂ ᠬᠡᠦᠬᠡᠳ ᠲᠡᠭᠡᠨ ᠦᠪᠡᠷ ᠤᠨ ᠬᠢ ᠬᠡᠰᠡᠨ ᠦᠰᠦᠨ ᠪᠤᠶᠢᠵᠢᠯᠳᠠ ᠶᠢᠨ ᠤᠷᠤᠨ ᠵᠠᠢ ᠬᠠᠩᠭᠠᠵᠤ᠂ ᠬᠡᠦᠬᠡᠳ ᠤᠨ ᠢᠶᠠᠨ ᠬᠦᠰᠡᠯ ᠪᠤᠳᠤᠯ ᠢ  ᠬᠦᠨᠳᠦᠳᠬᠡᠨ  ᠦᠵᠡᠵᠦ᠂  ᠳᠡᠳᠡᠨ ᠤ ᠬᠢᠵᠦ ᠪᠦᠳᠦᠬᠡᠶ᠎ᠡ ᠬᠡᠮᠡᠨ ᠤᠷᠤᠯᠳᠤᠬᠤ ᠳᠤᠷᠠᠳᠠᠢ ᠪᠠᠬ᠎ᠠ ᠲᠠᠢ ᠵᠦᠢᠯᠡᠰ ᠢ ᠬᠢᠵᠠᠭᠠᠷ ᠦᠬᠡᠢ ᠬᠠᠶᠢᠷ᠎ᠠ ᠶᠢᠨ ᠬᠦᠴᠦᠨ ᠢᠶᠠᠷ ᠳᠡᠮᠵᠢᠳᠡᠭ ᠯᠡ ᠶᠤᠮ ᠪᠤᠯ ᠳᠡᠳᠡ ᠲᠦᠷᠦᠯᠬᠢ ᠡᠴᠢᠨ᠎ᠡ ᠳᠠᠯᠳᠠ ᠠᠪᠢᠶᠠᠰ ᠴᠢᠳᠠᠪᠤᠷᠢ ᠪᠠᠨ ᠬᠦᠢᠴᠡᠳ ᠪᠠᠳᠠᠷᠠᠭᠤᠯᠵᠤ ᠴᠢᠳᠠᠬᠤ ᠶᠤᠮ᠃
 
ᠢᠷᠡᠯᠲᠡ᠄ ᠦᠪᠦᠷ ᠮᠣᠩᠭᠤᠯ ᠤᠨ ᠡᠳᠦᠷ ᠤᠨ ᠰᠣᠨᠢᠨ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号