| | ᠵᠣᠬᠢᠶᠠᠭᠴᠢ᠄ ᠪᠠᠭᠠᠨ᠎ᠠ | | | | ᠰᠢᠯᠤᠭᠤᠨ ᠬᠦᠭᠡ ᠬᠤᠰᠢᠭᠤᠨ ᠤ ᠠᠬᠠᠮᠠᠳ ᠴᠢᠮᠡᠭᠡᠯᠡᠭᠴᠢ ᠨᠢᠮᠢᠳ ᠨᠦᠬᠦᠷ ᠤᠨ ︽ᠮᠡᠯᠮᠡᠢ ᠪᠠᠶᠠᠰᠬᠠᠵᠤ ᠰᠤᠨᠤᠷ | ᠴᠢᠮᠡᠬᠦᠢ — ᠰᠤᠨᠢᠨ ᠮᠡᠳᠡᠭᠡᠯᠡᠯ ᠤᠨ ᠡᠮᠬᠢᠳᠬᠡᠯ︾ ᠬᠡᠬᠦ ᠰᠤᠨᠢᠨ ᠮᠡᠳᠡᠭᠡᠨ ᠤ ᠵᠤᠬᠢᠶᠠᠯ ᠤᠨ ᠲᠡᠭᠦᠪᠤᠷᠢ ᠬᠡᠪᠯᠡᠭᠳᠡᠬᠦ | ᠪᠤᠯᠤᠯ ᠠ᠃ ᠮᠠᠨ ᠤ ᠤᠷᠤᠨ ᠳᠤ ᠮᠣᠩᠭᠤᠯ ᠰᠤᠨᠢᠨ ᠮᠡᠳᠡᠭᠡᠨ ᠤ ᠵᠤᠬᠢᠶᠠᠯ ᠤᠨ ᠲᠡᠭᠦᠪᠦᠷᠢ ᠬᠡᠪᠯᠡᠭᠦᠯᠦᠭᠰᠡᠨ | ᠰᠤᠷᠪᠤᠯᠵᠢᠯᠠᠬᠴᠢ ᠨᠠᠶᠢᠷᠠᠭᠤᠯᠤᠬᠴᠢ ᠴᠦᠭᠡᠨ ᠪᠤᠰᠤ᠃ ᠭᠡᠪᠡᠴᠤ ᠰᠤᠨᠢᠨ ᠮᠡᠳᠡᠭᠡᠨ ᠤ ᠵᠤᠬᠢᠶᠠᠯ ᠤᠨ ᠲᠡᠭᠦᠪᠦᠷᠢ ᠪᠠᠨ | ᠬᠡᠪᠯᠡᠭᠦᠯᠦᠭᠰᠡᠨ ᠴᠢᠮᠡᠭᠡᠯᠡᠭᠴᠢ ᠠᠯᠠᠭ᠎ᠠ ᠪᠠᠶᠢᠯ ᠠ᠃ ᠡᠨᠡ ᠬᠤᠭᠤᠰᠤᠨ ᠢ ᠨᠢᠮᠢᠳ ᠨᠦᠬᠦᠷ ᠨᠦᠬᠦᠪᠡ᠃ ᠰᠤᠨᠢᠨ | ᠷᠠᠳᠢᠣ᠋ ᠳᠤ ᠶᠠᠭᠤᠮ ᠠ ᠪᠢᠴᠢᠳᠡᠭ ᠮᠣᠩᠭᠤᠯ ᠴᠢᠮᠡᠭᠡᠯᠡᠭᠴᠢᠳ ᠤᠨ ᠲᠤᠮᠲᠠ ᠤᠷᠠᠨ ᠵᠤᠬᠢᠶᠠᠯ ᠤᠨ ᠪᠦᠳᠦᠭᠡᠯ ᠪᠤᠶᠤ | ᠲᠡᠦᠭᠡ ᠰᠤᠶᠤᠯ ᠤᠨ ᠵᠤᠬᠢᠶᠠᠯ ᠢᠶᠠᠨ ᠲᠡᠭᠦᠪᠦᠷᠢᠯᠡᠨ ᠬᠡᠪᠯᠡᠬᠦᠯᠦᠭᠰᠡᠨ ᠴᠢᠮᠡᠭᠡᠯᠡᠭᠴᠢ ᠵᠦᠩᠳᠡᠭᠡᠨ ᠪᠤᠢ᠃ ᠬᠡᠪᠡᠴᠤ ᠴᠤᠯ | ᠰᠤᠨᠢᠨ ᠮᠡᠳᠡᠭᠡᠨ ᠤ ᠵᠤᠬᠢᠶᠠᠯ ᠢᠶᠠᠨ ᠲᠡᠭᠦᠪᠦᠷᠢᠯᠡᠨ ᠬᠡᠪᠯᠡᠬᠦᠯᠦᠭᠰᠡᠨ ᠴᠢᠮᠡᠭᠡᠯᠡᠭᠴᠢ ᠠᠯᠠᠭ᠎ᠠ ᠪᠠᠶᠢᠯ ᠠ᠃ ᠡᠨᠡ | ᠬᠤᠭᠤᠰᠤᠨ ᠢ ᠪᠠᠰᠠ ᠨᠢᠮᠢᠳ ᠨᠦᠬᠦᠷ ᠨᠦᠬᠦᠪᠡ᠃ | ︽ᠮᠡᠯᠮᠡᠢ ᠪᠠᠶᠠᠰᠬᠠᠵᠤ ᠰᠤᠨᠤᠷ ᠴᠢᠮᠡᠬᠦᠢ — ᠰᠤᠨᠢᠨ ᠮᠡᠳᠡᠭᠡᠯᠡᠯ ᠤᠨ ᠡᠮᠬᠢᠳᠬᠡᠯ︾ ᠡᠨᠡ ᠬᠤᠶᠠᠷ | ᠬᠤᠭᠤᠰᠤᠨ ᠢ ᠨᠦᠬᠦᠭᠰᠡᠨ ᠢᠶᠠᠷ ᠢᠶᠠᠨ ᠦᠪᠡᠷᠮᠢᠴᠡ ᠦᠨ᠎ᠡ ᠦᠷᠳᠡᠭ ᠪᠠ ᠠᠴᠢ ᠬᠤᠯᠪᠤᠬᠳᠠᠯ ᠲᠠᠢ ᠨᠤᠮ ᠪᠤᠯᠵᠤ᠂ | ᠮᠣᠩᠭᠤᠯ ᠰᠤᠨᠢᠨ ᠮᠡᠳᠡᠭᠡᠨ ᠤ ᠠᠵᠢᠯᠲᠠᠳ ᠪᠠ ᠤᠩᠰᠢᠬᠴᠢᠳ ᠰᠤᠨᠤᠰᠤᠬᠴᠢᠳ ᠤᠨ ᠲᠤᠮᠲᠠ ᠵᠤᠬᠢᠬᠤ ᠬᠡᠮᠵᠢᠶᠡᠨ ᠤ | ᠲᠤᠷᠬᠢᠯᠲᠠ ᠡᠭᠦᠰᠬᠡᠬᠡᠳ ᠤᠩᠰᠢᠬᠰᠠᠨ ᠬᠦᠮᠦᠰ ᠤᠨ ᠮᠡᠯᠮᠡᠢ ᠶᠢ ᠪᠠᠶᠠᠰᠬᠠᠵᠤ᠂ ᠰᠤᠨᠤᠰᠤᠬᠰᠠᠨ ᠬᠦᠮᠥᠰ ᠤᠨ | ᠰᠤᠨᠤᠷ ᠢ ᠴᠢᠮᠡᠬᠦ ᠨᠢ ᠲᠠᠮᠵᠢᠭ ᠦᠭᠡᠢ᠃ | | | | | 30 ᠵᠢᠯ ᠤᠨ ᠤᠷᠤᠯᠳᠤᠯᠭ᠎ᠠ ᠪᠠ 3000 ᠭᠠᠷᠤᠢ ᠮᠡᠳᠡᠭᠡᠯᠡᠯ | ᠨᠢᠮᠢᠳ ᠮᠠᠨ ᠤ ᠬᠤᠶᠠᠭᠤᠯᠠ ᠨᠢᠭᠤᠷ ᠤᠴᠢᠷᠠᠵᠤ ᠦᠵᠡᠭᠡ ᠦᠭᠡᠢ ᠪᠤᠯᠪᠠᠴᠤ ᠮᠠᠨ ᠤ ᠬᠤᠭᠤᠷᠤᠨᠳᠤ | ᠤᠢᠢᠷᠠᠯᠴᠠᠭ᠎ᠠ ᠲᠠᠯ ᠠ ᠤᠯᠠᠨ ᠪᠤᠢ᠄ ᠨᠢᠭᠡ ᠳᠤ᠂ ᠮᠢᠨᠤ ᠰᠤᠨᠢᠨ ᠮᠡᠳᠡᠭᠡᠨ ᠤ ᠠᠵᠢᠯ ᠦᠢᠯᠡᠰ ᠴᠢᠮᠡᠭᠡᠯᠡᠭᠴᠢ ᠶᠢᠨ | ᠠᠵᠢᠯ ᠢᠶᠠᠷ ᠡᠬᠢᠯᠡᠭᠦᠯᠦᠭᠰᠡᠨ ᠶᠤᠮᠰᠠᠨ᠃ ᠪᠢ ᠠᠵᠢᠯ ᠤᠨ ᠴᠢᠯᠦᠭᠡᠨ ᠤ ᠰᠤᠨᠢᠨ ᠮᠡᠳᠡᠭᠡᠨ ᠤ ᠠᠵᠢᠯᠳᠠᠨ ᠤ | ᠬᠤᠪᠢ ᠪᠠᠷ 11 ᠵᠢᠯ ᠰᠤᠨᠢᠨ ᠷᠠᠳᠢᠣ᠋ ᠳᠤ ᠰᠤᠨᠢᠨ ᠮᠡᠳᠡᠬᠡᠨ ᠤ ᠡᠬᠡ ᠪᠢᠴᠢᠭ ᠪᠢᠴᠢᠪᠡ᠃ ᠪᠢ ᠴᠢᠮᠡᠭᠡᠯᠡᠭᠴᠢ ᠶᠢᠨ | ᠠᠵᠢᠯ ᠤᠨ ᠪᠠᠶᠠᠷ ᠪᠠᠭ᠋ᠠᠳᠤᠯ ᠢ ᠡᠳ᠋ᠯᠡᠵᠦ ᠦᠩᠭᠡᠷᠡᠪᠡ᠃ ᠬᠦᠴᠢᠷ ᠪᠡᠷᠬᠡᠰᠢᠶᠡᠯ ᠢ ᠨᠢ ᠴᠤ ᠠᠮᠰᠠᠵᠤ ᠦᠩᠭᠡᠷᠡᠪᠡ᠃ | ᠡᠶᠢᠮᠦ ᠠᠴᠠ ᠨᠢᠮᠢᠳ ᠮᠠᠨ ᠤ ᠬᠤᠶᠠᠭᠤᠯᠠ ᠬᠡᠯᠡᠪᠡᠯ ᠦᠭᠡ ᠨᠢᠬᠡᠲᠡᠢ᠂ ᠪᠤᠳᠤᠪᠠᠯ ᠰᠠᠨᠠᠭ᠎ᠠ ᠨᠢᠭᠡᠳᠡᠢ ᠪᠠᠶᠢᠬᠤ | ᠶᠤᠰᠤᠲᠠᠢ᠃ ᠬᠤᠶᠠᠷ ᠲᠤ᠂ ᠨᠢᠮᠢᠳ ᠮᠠᠨ ᠤ ᠬᠤᠶᠠᠭᠤᠯᠠ ᠴᠦᠮ ᠶᠠᠭᠤᠮ ᠠ ᠪᠢᠴᠢᠬᠦ ᠲᠤᠷ ᠠ ᠪᠠᠬ ᠠ ᠲᠠᠢ ᠬᠦᠮᠦᠨ | ᠃ ᠬᠡᠪᠡᠴᠤ ᠪᠢᠳᠡ ᠰᠤᠨᠢᠨ ᠮᠡᠳᠡᠭᠡ ᠠᠴᠠ ᠤᠨᠳᠤᠤ ᠶᠠᠭᠤᠮ ᠠ ᠳᠤ ᠬᠤᠪᠳᠤᠭᠤᠷᠠᠵᠤ ᠦᠵᠡᠭᠡ ᠦᠭᠡᠢ᠃ ᠨᠠᠰᠤᠨ | ᠲᠤᠷᠰᠢᠳᠠ ᠰᠤᠨᠢᠨ ᠮᠡᠳᠡᠭᠡ ᠲᠠᠢ ᠪᠠᠨ ᠨᠤᠤᠷᠠᠯᠳᠤᠬᠰᠠᠭᠠᠷ᠃ ᠭᠤᠷᠪᠠ᠂ ᠪᠢᠳᠠ ᠪᠦᠷ ᠨᠠᠰᠤᠨ ᠤ ᠠᠮᠠᠷᠠᠯᠲᠠ ᠪᠠᠨ | ᠠᠪᠤᠬᠰᠠᠨ ᠬᠦᠮᠦᠨ᠃ ᠬᠡᠳᠦ᠋ᠢᠪᠡᠷ ᠠᠵᠢᠯ ᠠᠴᠠ ᠪᠠᠨ ᠠᠮᠠᠷᠠᠯ ᠠ ᠭᠡᠳᠡᠭ ᠪᠤᠯᠪᠠᠴᠤ ᠠᠮᠠᠷᠠᠬᠤ ᠰᠡᠳᠬᠢᠯ ᠤᠷᠤᠭ᠎ᠠ | ᠦᠭᠡᠢ᠃ ᠮᠣᠩᠭᠤᠯ ᠰᠤᠨᠢᠨ ᠮᠡᠳᠡᠭᠡᠨ ᠤ ᠦᠢᠯᠡᠰ ᠤᠨ ᠢᠶᠠᠨ ᠲᠦᠯᠦᠭᠡ ᠦᠪᠡᠷ ᠥᠪᠡᠷ ᠤᠨ ᠴᠢᠳᠠᠯ | ᠲᠡᠩᠭᠡᠭᠡ ᠪᠠᠷ ᠢᠶᠠᠨ ᠴᠢᠷᠮᠠᠶᠢᠨ ᠠᠵᠢᠯᠯᠠᠬᠰᠠᠭᠠᠷ᠃ ᠡᠨᠡ ᠪᠦᠬᠦᠢ ᠨᠢ ᠨᠢᠮᠢᠳ ᠪᠢᠲᠡ ᠬᠤᠶᠠᠭᠤᠯᠠ ᠶᠢᠨ ᠬᠤᠭᠤᠷᠤᠨᠳᠤ | ᠬᠦᠨ ᠵᠤᠵᠠᠭᠠᠨ ᠠᠵᠢᠯ ᠦᠢᠯᠡᠰ ᠤᠨ ᠬᠤᠪᠢ ᠪᠠᠷᠢᠯᠳᠤᠭ᠎ᠠ ᠲᠠᠢ ᠪᠤᠯᠭᠠᠪᠠ᠃ ᠬᠦᠮᠦᠰ ᠤᠨ ᠬᠤᠭᠤᠷᠤᠨᠳᠤᠬᠢ ᠬᠤᠪᠢ | ᠪᠠᠷᠢᠯᠳᠤᠯᠭ᠎ᠠ ᠭᠡᠭᠴᠢ ᠰᠠᠨᠠᠭ᠎ᠠ ᠰᠡᠳᠬᠢᠯᠭᠡ ᠶᠢ ᠬᠤᠯᠪᠤᠳᠠᠭ ᠰᠠᠨ᠃ ᠨᠢᠮᠢᠳ ᠨᠦᠬᠦᠷ ᠤᠨ ︽ᠮᠡᠯᠮᠡᠢ ᠪᠠᠶᠠᠰᠬᠠᠵᠤ | ᠰᠤᠨᠤᠷ ᠴᠢᠮᠡᠬᠦᠢ — ᠰᠤᠨᠢᠨ ᠮᠡᠳᠡᠭᠡᠯᠡᠯ ᠤᠨ ᠡᠮᠬᠢᠳᠬᠡᠯ︾ ᠨᠠᠳᠠ ᠮᠠᠰᠢ ᠬᠠᠯᠠᠭᠤᠨ ᠲᠤᠳᠤᠨᠤ ᠰᠠᠨᠠᠬᠳᠠᠨ᠎ᠠ᠃ | ᠲᠠᠭᠦᠨ ᠤ ᠮᠣᠩᠭᠤᠯ ᠰᠤᠨᠢᠨ ᠮᠡᠳᠡᠬᠡᠨ ᠤ ᠪᠠᠨ ᠦᠢᠯᠡᠰ ᠤᠨ ᠲᠦᠯᠦᠭᠡ ᠬᠡᠳᠦᠨ ᠠᠷᠪᠠᠨ ᠵᠢᠯ ᠴᠦᠬᠦᠷᠡᠯ ᠦᠭᠡᠢ | ᠠᠵᠢᠯᠯᠠᠬᠰᠠᠨ ᠵᠢᠳᠭᠦᠯᠴᠢᠷᠮᠠᠶᠢᠯᠭᠠ ᠨᠢ ᠪᠢᠰᠢᠷᠡᠯ ᠬᠦᠨᠳᠦᠳᠭᠡᠯ ᠢ ᠲᠠᠲᠠᠨ᠎ᠠ᠃ ᠲᠡᠭᠦᠨ ᠤ ᠭᠠᠶᠢᠬᠠᠮᠰᠢᠬᠳᠤ ᠠᠮᠵᠢᠯᠲᠠ | ᠭᠢᠯᠠᠯᠵᠠᠮ᠎ᠠ ᠪᠦᠳᠦᠭᠡᠮᠵᠢ ᠨᠢ ᠪᠠᠭ᠋ᠠᠳᠤᠯ ᠤᠮᠤᠬᠰᠢᠯ ᠲᠦᠷᠦᠭᠦᠯᠦᠨ᠎ᠡ᠃ ᠨᠢᠮᠢᠳ ᠨᠦᠭᠦᠷ ᠤᠨ ᠰᠤᠨᠢᠨ ᠮᠡᠳᠡᠭᠡᠨ ᠤ | ᠵᠤᠬᠢᠶᠠᠯ ᠤᠨ ᠲᠡᠭᠦᠪᠦᠷᠢ ᠬᠡᠪᠯᠡᠭᠳᠡᠬᠦ ᠡᠨᠡ ᠳᠠᠯᠢᠮ ᠳᠤ ᠪᠢ ᠬᠡᠳᠦᠨ ᠦᠭᠡ ᠬᠡᠯᠡᠬᠦ ᠦᠭᠡᠢ ᠪᠤᠯ ᠨᠠᠰᠤᠨ ᠤ ᠬᠠᠷᠠᠮᠰᠠᠯ | ᠪᠤᠯᠤᠨ᠎ᠠ᠃ ᠴᠢᠮᠡᠭᠡᠯᠡᠭᠴᠢ ᠪᠤᠯ ᠰᠤᠨᠢᠨ ᠮᠡᠳᠡᠭᠡᠨ ᠤ ᠵᠠᠭᠤᠴᠢᠯᠠᠭᠤᠷ ᠲᠤ ᠰᠤᠨᠢᠨ ᠮᠡᠳᠡᠭᠡᠨ ᠤ ᠡᠬᠡ ᠪᠢᠴᠢᠭ ᠪᠢᠴᠢᠵᠦ | ᠂ ᠪᠠᠶᠢᠳᠠᠯ ᠢ ᠲᠤᠰᠬᠠᠬᠤ ᠪᠠᠷ ᠠᠵᠢᠯ ᠡᠭᠦᠷᠭᠡ ᠪᠠᠨ ᠪᠤᠯᠭᠠᠬᠰᠠᠨ ᠠᠵᠢᠯ ᠤᠨ ᠴᠢᠯᠦᠭᠡᠨ ᠤ ᠰᠤᠨᠢᠨ ᠮᠡᠳᠡᠭᠡᠨ ᠤ | ᠠᠵᠢᠯᠲᠠᠨ ᠪᠤᠯᠤᠨ᠎ᠠ᠃ ᠨᠢᠮᠢᠳ ᠪᠤᠯ ᠡᠨᠡ ᠬᠦ ᠠᠵᠢᠯ ᠤᠨ ᠴᠢᠯᠦᠭᠡᠨ ᠤ ᠠᠵᠢᠯ ᠡᠭᠦᠷᠭᠡ ᠪᠠᠨ ︽ᠠᠮᠢ | ᠠᠮᠢᠳᠤᠷᠠᠯ ᠲᠠᠢ ᠪᠠᠨ ᠬᠤᠯᠪᠤᠵᠤ︾ ᠬᠢᠯᠠᠯᠵᠠᠳᠠᠯ ᠠ ᠪᠡᠶᠡᠯᠡᠭᠦᠯᠵᠦ ᠶᠠᠪᠤᠬᠰᠠᠨ ᠨᠡᠷ ᠡ ᠲᠦᠷᠦ ᠲᠠᠢ ᠴᠢᠮᠡᠭᠡᠯᠡᠭᠴᠢ | ᠶᠤᠮᠰᠠᠨ᠃ ᠲᠠᠷᠠ ᠨᠢ ︽ᠦᠪᠦᠷ ᠮᠣᠩᠭᠤᠯ ᠤᠨ ᠡᠳᠦᠷ ᠤᠨ ᠰᠤᠨᠢᠨ︾ ᠤ ᠰᠢᠯᠢᠳᠡᠭ ᠴᠢᠮᠡᠭᠡᠯᠡᠭᠴᠢ ᠪᠠᠷ 6 ᠤᠳᠠᠭ᠎ᠠ | ᠂ ︽ᠰᠢᠯᠢ ᠶᠢᠨ ᠭᠤᠤᠯ ᠡᠳᠦᠷ ᠤᠨ ᠰᠤᠨᠢᠨ︾ ᠤ ᠰᠢᠯᠢᠳᠡᠭ ᠤᠨᠴᠠ ᠤᠷᠢᠬᠰᠠᠨ ᠰᠤᠷᠪᠤᠯᠵᠢᠯᠠᠬᠴᠢ ᠪᠠᠷ 11 | ᠤᠳᠠᠭ᠎ᠠ᠂ ᠰᠢᠯᠢ ᠶᠢᠨ ᠭᠤᠤᠯ ᠤᠨ ᠷᠠᠳᠢᠣ᠋ ᠨᠡᠪᠳᠡᠷᠡᠭᠦᠯᠭᠡ ᠶᠢᠨ ᠬᠤᠷᠢᠶᠠᠨ ᠤ ᠰᠢᠯᠢᠳᠡᠭ ᠴᠢᠮᠡᠭᠡᠯᠡᠭᠴᠢ ᠪᠠᠷ 15 | ᠤᠳᠠᠭ᠎ᠠ ᠱᠠᠩᠨᠠᠬᠳᠠᠵᠤ ᠬᠦᠬᠢᠭᠦᠯᠦᠭᠳᠡᠪᠡ᠃ ᠡᠳᠡᠭᠡᠷ ᠨᠢ ᠨᠢᠮᠢᠳ ᠤᠨ ᠮᠠᠨ ᠤ ᠤᠷᠤᠨ ᠤ ᠴᠢᠮᠡᠭᠡᠯᠡᠭᠴᠢᠳ ᠤᠨ | ᠡᠩᠨᠡᠭᠡᠨ ᠳᠤ ᠤᠳᠤ ᠰᠤᠳᠤ ᠪᠤᠯᠤᠨ ᠠᠯᠳᠠᠷᠰᠢᠵᠤ ᠶᠠᠪᠤᠬᠰᠠᠨ ᠤ ᠬᠢᠨᠢ ᠪᠤᠳᠠᠳᠤ ᠦᠨᠡᠯᠡᠯᠲᠡ ᠪᠤᠯᠬᠤ ᠶᠤᠮ᠃ ᠠᠯᠳᠠᠷ | ᠨᠡᠷ ᠡ ᠭᠡᠭᠴᠢ ᠭᠠᠪᠢᠶ ᠠ ᠵᠢᠳᠭᠦᠯ ᠤᠨ ᠬᠠᠷᠢᠭᠤ ᠬᠠᠷᠠᠮᠵᠢ ᠭᠡᠯᠲᠡᠢ᠃ | ᠨᠢᠮᠢᠳ ᠪᠤᠯ ᠨᠠᠮ ᠪᠠ ᠦᠨᠳᠦᠰᠦᠳᠡᠨ ᠤ ᠪᠠᠨ ᠰᠤᠨᠢᠨ ᠮᠡᠳᠡᠭᠡᠨ ᠤ ᠤᠬᠠᠭᠤᠯᠭ᠎ᠠ ᠮᠡᠳᠡᠭᠡᠯᠡᠯ ᠤᠨ ᠦᠢᠯᠡᠰ ᠲᠤ | ᠭᠠᠪᠢᠶ ᠠ ᠵᠢᠳᠭᠦᠯ ᠲᠠᠢ ᠬᠢᠯᠡᠷᠠᠭᠤᠯᠵᠤ ᠶᠠᠪᠤᠬᠰᠠᠨ ᠴᠢᠮᠡᠭᠡᠯᠡᠭᠴᠢ ᠪᠤᠯᠬᠤ ᠶᠢ ᠲᠤᠤᠷᠠᠬᠢ ᠮᠡᠳᠦ ᠤᠯᠠᠨ ᠠᠴᠠ | ᠤᠨᠴᠠᠯᠠᠬᠳᠠᠬᠤ ᠬᠤᠶᠠᠷ ᠲᠤᠭ᠎ᠠ ᠨᠤᠳᠠᠯᠠᠵᠤ ᠪᠤᠢ᠄ | — 30 ᠵᠢᠯ᠃ ᠨᠢᠮᠢᠳ ᠤᠷᠤᠨ ᠠᠶᠢᠮᠠᠭ ᠤᠨ ᠰᠤᠨᠢᠨ ᠮᠡᠳᠡᠭᠡᠨ ᠤ ᠵᠠᠭᠤᠴᠢᠯᠠᠭᠤᠷ ᠤᠳ ᠲᠤ ᠪᠦᠳᠦᠨ | 30 ᠵᠢᠯ ᠰᠤᠨᠢᠨ ᠮᠡᠳᠡᠬᠡᠨ ᠤ ᠡᠬᠡ ᠪᠢᠴᠢᠭ ᠪᠢᠴᠢᠭᠰᠡᠨ ᠪᠠᠶᠢᠪᠠ᠃ ᠡᠨᠡ ᠲᠡᠮᠳᠡᠭᠯᠡᠯ ᠢ ᠡᠪᠳᠡᠬᠦ ᠦᠭᠡᠷ ᠡ | ᠴᠢᠮᠡᠭᠡᠯᠡᠭᠴᠢ ᠪᠠᠶᠢᠳᠠᠬ ᠪᠤᠯ ᠤᠤ︖ ᠨᠡᠩ ᠪᠢᠰᠢᠷᠠᠭᠦᠰᠢᠳᠡᠢ ᠨᠢ᠂ ᠨᠢᠮᠢᠳ ᠨᠠᠰᠤ ᠠᠬᠢᠵᠤ ᠨᠠᠰᠤᠨ ᠤ | ᠠᠮᠠᠷᠠᠯᠲᠠ ᠪᠠᠨ ᠠᠪᠤᠬᠰᠠᠨ ᠤ ᠲᠠᠷᠠᠭ᠎ᠠ᠂ ᠰᠤᠨᠢᠨ ᠰᠡᠳᠭᠦᠯ ᠳᠤ ᠰᠤᠨᠢᠨ ᠮᠡᠳᠡᠭᠡᠨ ᠤ ᠡᠬᠡ ᠪᠢᠴᠢᠭ ᠪᠢᠴᠢᠭᠦ | ᠠᠵᠢᠯ ᠤᠨ ᠴᠢᠯᠦᠭᠡᠨ ᠤ ᠠᠵᠢᠯ ᠡᠭᠦᠷᠭᠡ ᠪᠠᠨ ︽ᠭᠤᠤᠯ ᠠᠵᠢᠯ︾ ᠪᠤᠯᠭᠠᠨ᠂ ︽ᠠᠯᠢᠪᠠ ᠪᠠᠨ ᠰᠤᠨᠢᠨ ᠮᠡᠳᠡᠭᠡᠨ ᠤ | ᠵᠤᠬᠢᠶᠠᠨ ᠪᠢᠴᠢᠯᠬᠡ ᠳᠤ ᠵᠤᠷᠢᠭᠤᠯᠤᠨ︾᠂ ︽ᠪᠤᠷᠪᠢ ᠨᠤᠭᠤᠷᠠᠯ ᠦᠭᠡᠢ ᠪᠤᠰᠤᠭ᠎ᠠ ᠲᠦᠷᠦᠭᠡ ᠪᠠᠷ ᠲᠡᠪᠬᠢᠭᠤᠯᠤᠨ︾ | ᠠᠵᠢᠯᠯᠠᠪᠠ᠃ ᠡᠨᠡ ᠬᠦ ᠬᠠᠷᠠᠯᠲᠠ ᠵᠤᠷᠢᠯᠲᠠ ᠪᠠᠨ ᠡᠷᠡᠰ ᠪᠡᠷᠢᠮᠲᠡᠯᠡᠨ᠂ ᠬᠠᠷᠢᠭᠤᠴᠠᠯᠭ᠎ᠠ ᠡᠭᠦᠷᠭᠡ ᠪᠠᠨ ᠰᠠᠬᠢᠨ | ᠬᠦᠢᠴᠡᠳᠬᠡᠭᠰᠡᠨ ᠬᠠᠳᠠᠨ ᠵᠤᠷᠢᠭ᠂ ᠬᠠᠯᠠᠰᠢᠷᠠᠯ ᠦᠭᠡᠢ ᠴᠢᠷᠮᠡᠶᠢᠯᠭ᠎ᠠ ᠨᠢ ᠲᠡᠭᠦᠨ ᠤ ᠬᠡᠪ ᠴᠢᠨᠡᠷ ᠢᠶᠠᠷ | ᠰᠢᠢᠳᠪᠦᠷᠢᠯᠡᠭᠳᠡᠭᠰᠡᠨ ᠶᠤᠮ᠃ ᠨᠢᠬᠡ ᠬᠤᠶᠠᠷ ᠡᠭᠡ ᠪᠢᠴᠢᠭ ᠢ ᠬᠡᠨ ᠴᠤ ᠪᠦᠷ ᠪᠢᠴᠢᠴᠢᠭᠡᠨᠡ᠃ ᠭᠡᠪᠡᠴᠦ ᠨᠢᠭᠡ | ᠨᠠᠰᠤ ᠪᠠᠷ ᠢᠶᠠᠨ ᠰᠤᠨᠢᠨ ᠮᠡᠳᠡᠭᠡᠨ ᠤ ᠡᠬᠡ ᠪᠢᠴᠢᠭ ᠪᠢᠴᠢᠬᠦ ᠶᠠᠪᠤᠳᠠᠯ ᠢ ᠬᠦᠮᠦᠨ ᠪᠦᠬᠦᠨ ᠴᠢᠳᠠᠴᠢᠬᠠᠬᠤ ᠪᠢᠰᠢ᠃ | — 3000 ᠭᠠᠷᠤᠢ ᠡᠬᠡ ᠪᠢᠴᠢᠭ᠃ ᠨᠢᠮᠢᠳ 30 ᠵᠢᠯ ᠤᠨ ᠬᠤᠭᠤᠴᠠᠭᠠᠨ ᠳᠤ ᠤᠷᠤᠨ ᠠᠶᠢᠮᠠᠭ ᠤᠨ | ᠰᠤᠨᠢᠨ ᠷᠠᠳᠢᠣ᠋ ᠳᠤ ᠨᠡᠶᠢᠲᠡ 3250 ᠭᠠᠷᠤᠢ ᠰᠤᠨᠢᠨ ᠮᠡᠳᠡᠭᠡᠨ ᠤ ᠡᠬᠡ ᠪᠢᠴᠢᠭ ᠢᠶᠠᠨ ᠨᠡᠶᠢᠳᠡᠯᠡᠭᠦᠯᠵᠦ | ᠨᠡᠪᠳᠡᠷᠡᠭᠦᠯᠪᠡ᠃ ᠦᠭᠡᠷ ᠡ ᠪᠠᠷ ᠬᠡᠯᠡᠪᠡᠯ᠂ 30 ᠵᠢᠯ ᠤᠨ ᠬᠤᠭᠤᠷᠤᠨᠳᠤ ᠵᠢᠯ ᠲᠤᠮᠳᠠᠴᠢ ᠪᠠᠷ 100 ᠭᠠᠷᠤᠢ | ᠰᠤᠨᠢᠨ ᠮᠡᠳᠡᠭᠡᠨ ᠤ ᠡᠬᠡ ᠪᠢᠴᠢᠭ ᠪᠢᠴᠢᠭᠰᠡᠨ ᠪᠠᠶᠢᠨ᠎ᠠ᠃ ᠢᠯᠠᠩᠭᠤᠶ ᠠ ᠨᠠᠰᠤᠨ ᠤ ᠠᠮᠠᠷᠠᠯᠲᠠ ᠪᠠᠨ ᠠᠪᠤᠬᠰᠠᠨ ᠤ | ᠲᠠᠷᠠᠭᠠᠬᠢ 2002 ᠤᠨ ᠳᠤ᠂ ᠵᠦᠪᠬᠡᠨ ︽ᠰᠢᠯᠢ ᠶᠢᠨ ᠭᠤᠤᠯ ᠤᠨ ᠡᠳᠦᠷ ᠤᠨ ᠰᠤᠨᠢᠨ︾ ᠳᠤ ᠨᠡᠶᠢᠳᠡ 102 | ᠬᠤᠪᠢ ᠰᠤᠨᠢᠨ ᠮᠡᠳᠡᠭᠡᠨ ᠤ ᠡᠬᠡ ᠪᠢᠴᠢᠭ ᠨᠡᠶᠢᠳᠡᠯᠡᠭᠦᠯᠦᠭᠡᠳ᠂ ᠨᠢᠭᠡ ᠵᠢᠯ ᠳᠤ᠂ ᠨᠢᠭᠡ ᠯᠠ ᠰᠤᠨᠢᠨ ᠳᠤ 100 | ᠡᠬᠡ ᠪᠢᠴᠢᠭ ᠢᠶᠠᠨ ᠨᠡᠶᠢᠳᠡᠯᠡᠭᠦᠯᠦᠭᠰᠡᠨ ᠤᠬᠢ ᠰᠢᠯᠢᠳᠡᠭ ᠪᠦᠳᠦᠮᠵᠢ ᠪᠠᠨ ᠭᠠᠶᠢᠬᠠᠭᠤᠯᠪᠠ᠃ ᠴᠢᠮᠡᠭᠡᠯᠡᠭᠴᠢᠳ ᠢ ᠪᠦᠦ | ᠬᠡᠯᠡ᠂ ᠮᠠᠨ ᠤ ᠰᠤᠨᠢᠨ ᠮᠡᠳᠡᠭᠡᠨ ᠤ ᠰᠤᠷᠪᠤᠯᠵᠢᠯᠠᠬᠴᠢᠳ ᠨᠠᠶᠢᠷᠠᠭᠤᠯᠤᠬᠴᠢᠳ ᠤᠨ ᠲᠤᠮᠲᠠ ᠡᠨᠡ ᠬᠦ 100 ᠶᠢᠨ | ᠪᠤᠭᠤᠮᠳᠠ ᠶᠢ ᠰᠢᠪᠳᠤᠯᠤᠬᠰᠠᠨ ᠲᠡᠮᠳᠡᠭᠯᠡᠯ ᠲᠠᠢ ᠬᠦᠮᠦᠨ ᠬᠡᠳᠦ ᠪᠠᠶᠢᠳᠠᠭ ᠪᠤᠯ︖ ᠡᠨᠡ ᠬᠦ ᠭᠠᠶᠢᠬᠠᠮᠰᠢᠬᠳᠤ | ᠲᠡᠮᠳᠡᠭᠯᠡᠯ ᠢ ᠠᠵᠢᠯ ᠤᠨ ᠴᠢᠯᠦᠭᠡᠨ ᠤ ᠰᠤᠨᠢᠨ ᠮᠡᠳᠡᠭᠡᠨ ᠤ ᠠᠵᠢᠯᠲᠠᠨ ᠡᠭᠦᠳᠦᠯ ᠡ ᠭᠡᠳᠡᠭ ᠢ ᠨᠢᠮᠢᠳ ᠪᠡ ᠲᠡᠭᠦᠨ ᠤ | ᠰᠤᠨᠢᠨ ᠮᠡᠳᠡᠭᠡᠨ ᠤ ᠰᠤᠷᠪᠤᠯᠵᠢᠯᠠᠨ ᠮᠡᠳᠡᠭᠡᠯᠡᠬᠦ ᠠᠵᠢᠯ ᠢ ᠰᠠᠶᠢᠨ ᠤᠢᠢᠯᠭᠠᠬᠤ ᠦᠭᠡᠢ ᠬᠦᠮᠦᠨ ᠢᠳᠡᠭᠡᠵᠦ ᠶᠠᠳᠠᠮᠠᠷ︕ | | | ᠴᠢᠮᠡᠭᠡᠯᠡᠭᠴᠢ ᠶᠢᠨ ᠴᠢᠳᠠᠯ ᠡᠷᠳᠡᠮ ᠤᠨ ᠰᠢᠯᠭᠠᠭᠤᠷ | ᠨᠢᠮᠢᠳ 30 ᠵᠢᠯ ᠤᠨ ᠤᠷᠤᠯᠳᠤᠯᠭ᠎ᠠ ᠲᠠᠢ᠂ 3000 ᠭᠠᠷᠤᠢ ᠬᠤᠪᠢ ᠪᠦᠳᠦᠭᠡᠯ ᠲᠠᠢ ᠠᠬᠠᠮᠠᠳ | ᠴᠢᠮᠡᠭᠡᠯᠡᠭᠴᠢ ᠪᠤᠯᠬᠤ ᠶᠢᠨ ᠬᠤᠪᠢ ᠳᠤ ᠰᠤᠨᠢᠨ ᠮᠡᠳᠡᠭᠡᠨ ᠤ ᠰᠤᠷᠪᠤᠯᠵᠢᠯᠠᠨ ᠮᠡᠳᠡᠭᠡᠯᠡᠬᠦ ᠠᠵᠢᠯ ᠮᠡᠷᠭᠡᠵᠢᠯ ᠳᠡᠭᠡᠨ | ᠠᠷᠭ᠎ᠠ ᠲᠡᠮ ᠢ ᠨᠢ ᠤᠯᠵᠤ ᠪᠤᠯᠪᠠᠰᠤᠷᠠᠨ ᠴᠠᠭᠠᠷᠠᠬᠰᠠᠨ ᠢ ᠨᠢ ᠲᠡᠭᠦᠨ ᠤ ︽ᠮᠡᠯᠮᠡᠢ ᠪᠠᠶᠠᠰᠬᠠᠵᠤ ᠰᠤᠨᠤᠷ ᠴᠢᠮᠡᠬᠦᠢ | — ᠰᠤᠨᠢᠨ ᠮᠡᠳᠡᠭᠡᠯᠡᠯ ᠤᠨ ᠡᠮᠬᠢᠳᠬᠡᠯ︾ ᠳᠤ ᠰᠤᠩᠭᠤᠬᠳᠠᠨ ᠤᠷᠤᠬᠰᠠᠨ 1000 ᠭᠠᠷᠤᠢ ᠵᠤᠬᠢᠶᠠᠯ | ᠪᠦᠳᠦᠭᠡᠯ ᠠᠴᠠ ᠨᠢ ᠠᠵᠢᠨ ᠮᠡᠳᠡᠵᠦ ᠪᠤᠯᠤᠨ᠎ᠠ᠃ ᠨᠢᠭᠡ᠂ ᠨᠢᠮᠢᠳ ᠰᠢᠯᠤᠭᠤᠨ ᠬᠦᠭᠡ ᠬᠤᠰᠢᠭᠤᠨ ᠳᠤ ᠠᠵᠢᠯ | ᠠᠮᠢᠳᠤᠷᠠᠯ ᠲᠠᠢ ᠴᠢᠮᠡᠭᠡᠯᠡᠭᠴᠢ ᠤᠴᠢᠷ ᠠᠴᠠ ᠲᠡᠭᠦᠨ ᠤ ᠰᠤᠨᠢᠨ ᠮᠡᠳᠡᠭᠡᠯᠡᠬᠦ ᠠᠵᠢᠯ ᠨᠢ ᠵᠦᠪᠬᠡᠨ ᠲᠤᠰ | ᠬᠤᠰᠢᠭᠤᠨ ᠤ ᠪᠠᠨ ᠬᠡᠪᠴᠢᠶᠡᠨ ᠳᠤ ᠬᠢᠵᠠᠭᠠᠷᠯᠠᠬᠳᠠᠨᠠ᠃ ᠲᠡᠭᠦᠨ ᠳᠤ ᠬᠤᠰᠢᠭᠤᠨ ᠠᠴᠠ ᠪᠠᠨ ᠭᠠᠷᠴᠤ ᠪᠦᠬᠦ | ᠤᠷᠤᠨ ᠤ ᠬᠡᠪᠴᠢᠶᠠᠨ ᠳᠤ ᠰᠤᠷᠪᠤᠯᠵᠢᠯᠠᠵᠤ ᠶᠠᠪᠤᠬᠤ ᠨᠦᠬᠦᠴᠡᠯ ᠪᠤᠯᠤᠯᠴᠠᠭ᠎ᠠ ᠪᠠᠶᠢᠬᠤ ᠦᠭᠡᠢ᠃ ᠲᠡᠭᠦᠨ ᠤ | ᠲᠡᠭᠦᠪᠦᠷᠢ ᠳᠡᠭᠡᠨ ᠤᠷᠤᠭᠤᠯᠤᠬᠰᠠᠨ 1000 ᠭᠠᠷᠤᠢ ᠰᠤᠨᠢᠨ ᠮᠡᠳᠡᠭᠡᠨ ᠤ ᠡᠬᠡ ᠪᠢᠴᠢᠭ ᠤᠨ ᠬᠢᠨᠢ ᠲᠤᠳᠤᠷ ᠠ | ᠴᠦᠭᠡᠨ ᠬᠡᠳᠦᠨ ᠡᠬᠡ ᠪᠢᠴᠢᠭ ᠢ ᠭᠠᠷᠭᠠᠪᠠᠯ᠂ ᠦᠨᠳᠦᠰᠦᠨ ᠳᠡᠭᠡᠨ ᠴᠦᠮ ᠰᠢᠯᠤᠭᠤᠨ ᠬᠦᠭᠡ ᠶᠢᠨ ᠬᠦᠮᠦᠨ ᠪᠤᠶᠤ | ᠬᠡᠷᠡᠭ ᠤᠴᠢᠷ ᠢ ᠮᠡᠳᠡᠭᠡᠯᠡᠭᠰᠡᠨ ᠵᠤᠬᠢᠶᠠᠯ ᠪᠤᠯᠤᠨ᠎ᠠ᠃ ᠴᠢᠮᠡᠭᠡᠯᠡᠭᠴᠢ ᠶᠢᠨ ︽ᠨᠢᠬᠡ ᠯᠡ ᠬᠤᠰᠢᠭᠤ᠂ ᠨᠢᠭᠡ ᠯᠡ | ᠰᠤᠮᠤᠨ ᠤ ᠬᠡᠪᠴᠢᠶᠠᠨ ᠳᠤ ᠶᠠᠭᠤ ᠪᠢᠴᠢᠭᠡᠳ ᠪᠠᠶᠢᠬᠤ ᠪᠤᠢ︖︾ ᠬᠡᠬᠦ ᠦᠭᠡ ᠲᠠᠩᠲᠠ ᠲᠤᠭᠤᠯᠳᠠᠬᠤ ᠪᠦᠭᠡᠳ | ᠪᠤᠳᠠᠳᠠᠢ ᠠᠵᠢᠯ ᠤᠨ ᠲᠤᠮᠲᠠ ᠴᠢᠮᠡᠭᠡᠯᠡᠭᠴᠢ ᠪᠢᠴᠢᠬᠦ ᠶᠠᠭᠤᠮ ᠠ ᠪᠠᠨ ᠤᠯᠬᠤ ᠦᠭᠡᠢ ᠮᠤᠬᠤᠷᠳᠠᠬᠤ ᠦᠵᠡᠭᠳᠡᠯ | ᠵᠦᠩᠳᠡᠭᠡᠨ ᠪᠠᠶᠢᠳᠠᠭ᠃ ᠨᠢᠮᠢᠳ ᠲᠤ ᠪᠢᠴᠢᠬᠦ ᠶᠠᠭᠤᠮ ᠠ ᠤᠯᠳᠠᠬᠤ ᠦᠭᠡᠢ ᠮᠤᠬᠤᠷᠳᠠᠯ ᠶᠡᠷᠦ ᠨᠢ ᠪᠠᠶᠢᠳᠠᠭ ᠦᠭᠡᠢ᠃ | ᠲᠡᠷᠡ ᠰᠢᠯᠤᠭᠤᠨ ᠬᠦᠭᠡ ᠬᠤᠰᠢᠭᠤᠨ ᠤ ᠪᠠᠨ ᠬᠡᠪᠴᠢᠶᠡᠨ ᠠᠴᠠ ᠵᠢᠯ ᠳᠤ ᠵᠠᠭᠤᠭᠠᠳ ᠰᠤᠨᠢᠨ ᠮᠡᠳᠡᠭᠡ ᠤᠯᠵᠤ | ᠪᠢᠴᠢᠳᠡᠭ᠃ ᠡᠭᠦᠨ ᠠᠴᠠ ᠴᠢᠮᠡᠭᠡᠯᠡᠭᠴᠢᠳ ᠨᠦᠬᠦᠳ ᠰᠡᠩᠬᠡᠷᠡᠭᠦᠯᠦᠯ ᠤᠯᠵᠤ ᠪᠤᠯᠤᠨ᠎ᠠ᠃ ᠴᠢᠮᠡᠭᠡᠯᠡᠭᠴᠢ ᠶᠢᠨ | ᠰᠤᠨᠢᠨ ᠮᠡᠳᠡᠭᠡᠨ ᠤ ᠰᠤᠷᠪᠤᠯᠵᠢᠯᠡᠨ ᠮᠡᠳᠡᠭᠡᠯᠡᠬᠦ ᠠᠵᠢᠯᠯᠠᠭ᠎ᠠ ᠨᠢ ᠵᠦᠪᠬᠡᠨ ᠨᠢᠬᠡ ᠯᠡ ᠬᠤᠰᠢᠭᠤ᠂ ᠨᠢᠬᠡ ᠯᠡ | ᠰᠤᠮᠤᠨ ᠤ ᠢᠪᠴᠤᠤ ᠤᠷᠴᠢᠨ ᠳᠤ ᠬᠢᠵᠡᠭᠠᠷᠯᠠᠬᠳᠠᠬᠤ ᠬᠢᠵᠠᠭᠠᠷᠳᠠᠮᠠᠯ ᠲᠠᠯ ᠠ ᠪᠠᠶᠢᠳᠠᠭ ᠪᠤᠯᠪᠠᠴᠤ ᠰᠤᠨᠢᠨ | ᠮᠡᠳᠡᠭᠡᠨ ᠤ ᠲᠤᠰᠬᠠᠢ ᠠᠵᠢᠯᠳᠠᠳ ᠲᠤ ᠪᠠᠶᠢᠳᠠᠭ ᠦᠭᠡᠢ ᠲᠠᠪᠠᠭᠤᠯᠢᠭ ᠲᠠᠯ ᠠ ᠴᠤ ᠪᠠᠶᠢᠳᠠᠭ᠃ ᠵᠢᠱᠢᠶᠡᠯᠡᠪᠡᠯ᠄ | ᠴᠢᠮᠡᠭᠡᠯᠡᠭᠴᠢᠳ ᠦᠨᠳᠦᠰᠦᠨ ᠱᠠᠳᠤᠨ ᠳᠤ ᠠᠵᠢᠯᠯᠠᠵᠤ ᠠᠮᠢᠳᠤᠷᠠᠵᠤ ᠪᠠᠶᠢᠳᠠᠭ ᠲᠤᠯᠠ ᠲᠡᠲᠡ ᠦᠨᠳᠦᠰᠦᠨ | ᠱᠠᠳᠤᠨ ᠤ ᠪᠠᠶᠢᠳᠠᠯ ᠢ ᠪᠦᠷ ᠮᠠᠰᠢ ᠰᠠᠶᠢᠨ ᠤᠢᠢᠯᠠᠭᠠᠨ᠎ᠠ᠃ ᠲᠡᠲᠡ ᠥᠪᠡᠷ ᠤᠨ ᠢᠶᠠᠨ ᠠᠵᠢᠯ ᠠᠮᠢᠳᠤᠷᠠᠯ ᠤᠨ | ᠤᠷᠴᠢᠨ ᠳᠤ ᠪᠠᠶᠢᠴᠠᠭᠠᠯᠲᠠ ᠰᠤᠷᠪᠤᠯᠵᠢᠯᠠᠭ᠎ᠠ ᠬᠢᠳᠡᠭ ᠪᠦᠭᠡᠳ ᠮᠠᠰᠢ ᠤᠯᠠᠨ ᠰᠤᠨᠢᠨ ᠮᠡᠳᠡᠭᠡᠨ ᠤ ᠠᠬᠤᠢ | ᠪᠠᠶᠢᠳᠠᠯ ᠤᠨ ᠮᠠᠲ᠋ᠧᠷᠢᠶᠠᠯ ᠲᠡᠲᠡᠨ ᠳᠤ ᠠᠪᠴᠤ ᠬᠡᠯᠡᠪᠡᠯ ᠬᠦᠴᠦ ᠤᠷᠤᠭᠤᠯᠵᠤ ᠰᠤᠷᠪᠤᠯᠵᠢᠯᠠᠨ ᠤᠢᠢᠯᠠᠭᠠᠬᠤ ᠴᠢᠬᠤᠯᠠ | ᠦᠭᠡᠢ ᠪᠡᠯᠡᠨ ᠮᠠᠲ᠋ᠧᠷᠢᠶᠠᠯ ᠪᠤᠯᠬᠤ ᠤᠴᠢᠷ ᠡᠴᠠᠴᠢᠮᠡᠭᠡᠯᠡᠭᠴᠢ ᠶᠢᠨ ᠰᠤᠨᠢᠨ ᠮᠡᠳᠡᠭᠡ ᠰᠤᠷᠪᠤᠯᠵᠢᠯᠠᠨ ᠮᠡᠳᠡᠬᠡᠯᠡᠬᠦ | ᠠᠵᠢᠯ ᠨᠢ ᠬᠠᠷᠢᠴᠠᠩᠭᠤᠢ ᠪᠠᠷ ᠴᠠᠭ ᠬᠦᠳᠡᠯᠮᠦᠷᠢ ᠬᠤᠯᠠ ᠲᠤᠳᠠᠭᠤ ᠵᠠᠷᠤᠴᠠᠭᠤᠯᠳᠠᠭ᠃ ᠪᠠᠰᠠ ᠵᠢᠱᠢᠶᠡᠯᠡᠪᠡᠯ᠄ | ᠡᠩ ᠤᠨ ᠪᠠᠶᠢᠳᠠᠯ ᠲᠤᠤᠷ ᠠ᠂ ᠴᠢᠮᠡᠭᠡᠯᠡᠭᠴᠢᠳ ᠤᠨ ᠰᠤᠷᠪᠤᠯᠵᠢᠯᠠᠨ ᠮᠡᠳᠡᠭᠡᠯᠡᠬᠦ ᠰᠤᠨᠢᠨ ᠮᠡᠳᠡᠭᠡᠨ ᠤ ᠬᠦᠮᠦᠨ ᠪᠤᠶᠤ | ᠬᠡᠷᠡᠭ ᠤᠴᠢᠷ ᠲᠡᠳᠡᠨ ᠤ ᠲᠡᠷᠭᠡᠲᠡ ᠨᠢ ᠢᠯᠡᠷᠡᠳᠡᠭ ᠤᠴᠢᠷ ᠠᠴᠠ ᠰᠤᠨᠢᠨ ᠮᠡᠳᠡᠭᠡᠨ ᠤ ᠰᠦᠪᠡᠭᠴᠢ ᠤᠯᠬᠤ ᠪᠤᠶᠤ | ᠰᠤᠷᠪᠤᠯᠵᠢᠯᠡᠨ ᠤᠢᠢᠯᠠᠭᠠᠬᠤ ᠳᠤ ᠮᠠᠰᠢ ᠲᠦᠭᠦᠮ ᠲᠦᠳᠡ ᠪᠠᠶᠢᠳᠠᠭ᠃ ᠵᠠᠷᠢᠮ ᠰᠤᠨᠢᠨ ᠮᠡᠳᠡᠬᠡᠨ ᠤ ᠬᠡᠷᠡᠭ | ᠤᠴᠢᠷ ᠲᠤ ᠴᠢᠮᠡᠭᠡᠯᠡᠭᠴᠢ ᠥᠪᠡᠰᠦᠪᠡᠨ ᠤᠷᠤᠯᠴᠠᠵᠤ ᠦᠩᠭᠡᠷᠡᠭᠦᠯᠦᠭᠰᠡᠨ ᠪᠤᠶᠤ ᠦᠵᠡᠭᠰᠡᠨ ᠪᠠᠶᠢᠳᠠᠭ ᠲᠤᠯᠠ ᠰᠤᠨᠢᠨ | ᠮᠡᠳᠡᠭᠡᠨ ᠤ ᠬᠡᠷᠡᠭ ᠤᠴᠢᠷ ᠢᠯᠡᠷᠡᠭᠰᠡᠨ ᠲᠡᠷᠤᠢ ᠳᠤᠨᠢ ᠰᠤᠷᠪᠤᠯᠵᠢᠯᠠᠨ ᠮᠡᠳᠡᠭᠡᠯᠡᠬᠦ ᠨᠦᠬᠦᠴᠡᠯ ᠪᠤᠯᠤᠮᠵᠢ ᠲᠠᠢ᠃ | ᠴᠢᠮᠡᠭᠡᠯᠡᠭᠴᠢᠳ ᠤᠨ ᠰᠤᠨᠢᠨ ᠮᠡᠳᠡᠭᠡᠨ ᠤ ᠰᠤᠷᠪᠤᠯᠵᠢᠯᠠᠨ ᠮᠡᠳᠡᠭᠡᠯᠡᠬᠦ ᠠᠵᠢᠯᠯᠠᠭ᠎ᠠ ᠶᠢᠨ ᠪᠠᠰᠠ ᠨᠢᠭᠡᠨ ᠲᠠᠪᠠᠭᠤᠯᠢᠭ | ᠲᠠᠯ ᠠ ᠬᠡᠪᠡᠯ᠂ ᠪᠦᠷ ᠲᠠᠨᠢᠳᠠᠭ ᠬᠦᠮᠦᠨ᠂ ᠮᠡᠳᠡᠳᠡᠭ ᠤᠴᠢᠷ ᠢᠶᠠᠨ ᠰᠤᠷᠪᠤᠯᠵᠢᠯᠠᠬᠤ ᠤᠴᠢᠷ ᠠᠴᠠ ᠡᠩ ᠤᠨ | ᠪᠠᠶᠢᠳᠠᠯ ᠲᠤᠤᠷ ᠠ ᠴᠠᠭ ᠲᠤᠬᠢᠶᠠᠯ᠂ ᠤᠷᠤᠨ ᠵᠠᠢ ᠮᠡᠳᠦ ᠶᠢᠨ ᠪᠤᠰᠤᠳᠴᠢ ᠨᠦᠭᠦᠴᠡᠯ ᠳᠤ ᠪᠠᠷᠢᠬᠳᠠᠬᠤ ᠦᠭᠡᠢ᠃ | ᠢᠯᠠᠩᠭᠤᠶ ᠠ ᠰᠤᠷᠪᠤᠯᠵᠢᠯᠠᠬᠤ ᠳ᠋ᠦᠢᠰᠢᠶᠠᠩ ᠤᠨ ᠵᠠᠩ ᠠᠭᠠᠯᠢ᠂ ᠰᠠᠨᠠᠭ᠎ᠠ ᠰᠡᠳᠬᠢᠯ᠂ ᠬᠡᠯᠡ ᠤᠰᠤ ᠵᠡᠷᠭᠡ ᠲᠠᠯ | ᠠ ᠪᠠᠷ ᠬᠢ ᠬᠠᠷᠰᠢ ᠰᠠᠭᠠᠳ ᠤᠴᠠᠷᠠᠳᠠᠭ ᠦᠭᠡᠢ᠃ ᠨᠢᠮᠢᠳ ᠤᠨ ᠵᠢᠯ ᠳᠤ ᠵᠠᠭᠤᠭᠠᠳ ᠰᠤᠨᠢᠨ ᠮᠡᠳᠡᠭᠡᠨ ᠤ ᠡᠬᠡ | ᠪᠢᠴᠢᠭ ᠪᠢᠴᠢᠵᠦ ᠨᠡᠶᠢᠳᠡᠯᠡᠭᠦᠯᠦᠭᠰᠡᠨ ᠦᠢᠯᠡᠳᠦᠯᠭᠡ ᠲᠤᠷᠰᠢᠯᠭ᠎ᠠ ᠶᠢ ᠰᠢᠨᠵᠢᠪᠡᠯ᠂ ᠲᠡᠷᠡ ᠨᠢ ᠲᠡᠭᠡᠷ ᠡ ᠲᠤᠷᠠᠳᠤᠬᠰᠠᠨ | ᠲᠠᠪᠠᠭᠤᠯᠢᠭ ᠲᠠᠯ ᠠ ᠪᠠ ᠠᠰᠢᠬᠲᠠᠢ ᠨᠦᠬᠦᠴᠡᠯ ᠢᠶᠠᠨ ᠵᠦᠪ ᠵᠤᠬᠢᠰᠲᠠᠢ ᠲᠠᠨᠢᠵᠤ ᠠᠰᠢᠬᠯᠠᠭᠠᠳ᠂ ᠡᠭᠦᠪᠡᠷ ᠤᠷᠤᠨ | ᠨᠤᠳᠤᠭ ᠤᠨ ᠢᠪᠴᠤᠤ ᠤᠷᠴᠢᠨ ᠤ ᠬᠢᠵᠠᠭᠠᠷᠳᠠᠮᠠᠯ ᠲᠠᠯ ᠠ ᠪᠠᠨ ᠲᠡᠪᠴᠢᠵᠦ ᠴᠢᠳᠠᠬᠰᠠᠨ ᠨᠢ ᠢᠯᠡᠬᠡᠨ ᠪᠠᠶᠢᠨ᠎ᠠ᠃ | ᠡᠨᠡ ᠪᠤᠯ ᠲᠡᠭᠦᠨ ᠤ ᠰᠤᠨᠢᠨ ᠮᠡᠳᠡᠭᠡᠨ ᠤ ᠰᠤᠷᠪᠤᠯᠵᠢᠯᠠᠨ ᠮᠡᠳᠡᠭᠡᠯᠡᠬᠦ ᠠᠵᠢᠯ ᠮᠡᠷᠭᠡᠵᠢᠯ ᠳᠡᠭᠡᠨ ᠪᠤᠯᠪᠠᠰᠤᠷᠠᠨ | ᠴᠠᠭᠠᠷᠠᠬᠰᠠᠨ ᠤ ᠬᠢᠨᠢ ᠢᠯᠡᠷᠡᠯ ᠮᠦᠨ᠃ | ᠬᠤᠶᠠᠷ᠂ ᠨᠢᠮᠢᠳ ᠠᠵᠢᠯ ᠤᠨ ᠴᠢᠯᠦᠭᠡᠨ ᠤ ᠰᠤᠨᠢᠨ ᠮᠡᠳᠡᠭᠡᠨ ᠤ ᠠᠵᠢᠯᠳᠠᠨ ᠪᠤᠯᠬᠤ ᠤᠴᠢᠷ ᠠᠴᠠ ᠪᠤᠰᠤᠳ | ᠴᠢᠮᠡᠭᠡᠯᠡᠭᠴᠢᠳ ᠲᠠᠢ ᠠᠳᠠᠯᠢ ᠪᠠᠷ ᠬᠤᠶᠠᠷ ᠲᠠᠪᠬᠤᠷ ᠠᠵᠢᠯ ᠡᠭᠦᠷᠭᠡ ᠬᠠᠷᠢᠭᠤᠴᠠᠵᠤ ᠪᠠᠶᠢᠳᠠᠬ᠄ ᠨᠢᠬᠡ ᠨᠢ | ᠬᠤᠰᠢᠭᠤᠨ ᠤ ᠭᠠᠶᠢᠯᠢ ᠶᠢᠨ ᠲᠤᠪᠴᠢᠶᠠᠨ ᠳᠠᠭᠠᠨ ᠬᠠᠷᠢᠭᠤᠴᠠᠨ ᠬᠢᠬᠦ ᠭᠤᠤᠯ ᠠᠵᠢᠯ︔ ᠨᠦᠭᠦᠭᠡ ᠨᠢ ᠠᠵᠢᠯ ᠤᠨ | ᠵᠠᠪ ᠴᠢᠯᠦᠭᠡ ᠪᠠᠷ ᠢᠶᠠᠨ ᠰᠤᠨᠢᠨ ᠷᠠᠳᠢᠣ᠋ ᠳᠤ ᠡᠬᠡ ᠪᠢᠴᠢᠭ ᠪᠢᠴᠢᠬᠦ ᠲᠠᠭᠠᠯᠳᠠ ᠠᠵᠢᠯ᠃ ᠡᠨᠡ ᠬᠦ ᠭᠤᠤᠯ ᠠᠵᠢᠯ ᠪᠠ | ᠲᠠᠭᠠᠯᠳᠠ ᠠᠵᠢᠯ ᠢ ᠠᠪᠤᠨ ᠬᠠᠷᠠᠬᠤ ᠳᠤ ᠬᠤᠭᠤᠷᠤᠨᠳᠤ ᠪᠠᠨ ᠵᠦᠷᠢᠴᠡᠯ ᠲᠠᠢ ᠰᠢᠭ᠃ ᠭᠤᠤᠯ ᠠᠵᠢᠯ ᠢᠶᠠᠨ ᠰᠠᠶᠢᠨ | ᠬᠢᠶ ᠡ ᠭᠡᠪᠡᠯ ᠰᠤᠨᠢᠨ ᠷᠠᠳᠢᠣ᠋ ᠳᠤ ᠡᠬᠡ ᠪᠢᠴᠢᠭ ᠪᠢᠴᠢᠬᠦ ᠵᠠᠪ ᠴᠢᠯᠦᠭᠡ ᠤᠯᠳᠠᠬᠤ ᠦᠭᠡᠢ︔ ᠲᠠᠭᠠᠯᠳᠠ | ᠠᠵᠢᠯ ᠳᠠᠭᠠᠨ ᠳᠡᠩᠳᠡᠭᠦᠦ ᠰᠢᠭᠤᠳᠴᠢᠬᠠᠪᠠᠯ ᠭᠤᠤᠯ ᠠᠵᠢᠯ ᠢᠶᠠᠨ ᠨᠦᠯᠦᠭᠡᠯᠡᠨ᠎ᠡ᠃ ᠴᠢᠮᠡᠭᠡᠯᠡᠭᠴᠢ ᠬᠡᠷᠪᠡ ᠭᠤᠤᠯ | ᠠᠵᠢᠯ ᠪᠠ ᠲᠠᠭᠠᠯᠳᠠ ᠠᠵᠢᠯ ᠤᠨ ᠢᠶᠠᠨ ᠬᠠᠷᠢᠴᠠᠭ᠎ᠠ ᠶᠢ ᠵᠦᠪ ᠰᠠᠶᠢᠨ ᠰᠢᠢᠳᠪᠤᠷᠢᠯᠡᠵᠦ ᠴᠢᠳᠠᠬᠤ ᠦᠭᠡᠢ ᠪᠤᠯ | ᠬᠤᠶᠠᠷ ᠲᠠᠪᠬᠤᠷ ᠠᠵᠢᠯ ᠡᠭᠦᠷᠭᠡ ᠶᠢᠨ ᠢᠶᠠᠨ ᠠᠯᠢ ᠠᠯᠢᠨ ᠳᠤᠨᠢ ᠪᠦᠷ ᠰᠠᠨᠠᠭ᠎ᠠ ᠪᠠᠶᠢᠭᠠᠳ ᠤᠨᠤᠭ᠎ᠠ ᠬᠦᠷᠬᠦ ᠦᠭᠡᠢ | ᠪᠤᠯᠵᠤ ᠠᠵᠢᠯ ᠢᠶᠠᠨ ᠨᠦᠯᠦᠭᠡᠯᠡᠬᠦ ᠪᠠᠷ ᠦᠯᠦ ᠪᠠᠷᠠᠨ ᠪᠠᠰᠠ ᠪᠠᠶᠢᠭᠤᠯᠤᠯᠭ᠎ᠠ ᠨᠢᠭᠡᠴᠡ ᠳᠡᠭᠡᠨ ᠢᠳᠡᠭᠡᠯ ᠬᠦᠨᠳᠦ ᠪᠠᠨ | ᠠᠯᠳᠠᠬᠤ ᠳᠤ ᠬᠦᠷᠦᠨ᠎ᠡ᠃ ᠡᠶᠢᠮᠦ ᠠᠴᠠ ᠭᠤᠤᠯ ᠠᠵᠢᠯ ᠪᠠ ᠲᠠᠭᠠᠯᠳᠠ ᠠᠵᠢᠯ ᠤᠨ ᠬᠠᠷᠢᠴᠠᠭ᠎ᠠ ᠶᠢ ᠬᠡᠷᠬᠢᠨ | ᠰᠢᠢᠳᠪᠦᠷᠢᠯᠡᠬᠦ ᠶᠠᠪᠤᠳᠠᠯ ᠨᠢ ᠮᠠᠨ ᠤ ᠴᠢᠮᠡᠭᠡᠯᠡᠭᠴᠢ ᠨᠢᠭᠡ ᠪᠦᠷᠢ ᠳᠤ ᠠᠪᠴᠤ ᠬᠡᠯᠡᠪᠡᠯ ᠬᠡᠵᠢᠶᠡᠲᠡ ᠨᠢᠬᠡᠨ ᠬᠦᠨᠳᠦ | ᠰᠢᠯᠭᠠᠯᠲᠠ ᠪᠤᠯᠬᠤ ᠶᠤᠮ᠃ ᠨᠢᠮᠢᠳ ᠡᠨᠡ ᠬᠦ ᠭᠤᠤᠯ ᠠᠵᠢᠯ ᠪᠠ ᠲᠠᠭᠠᠯᠳᠠ ᠠᠵᠢᠯ ᠤᠨ ᠬᠠᠷᠢᠴᠠᠭ᠎ᠠ ᠶᠢ ᠴᠢᠳᠠᠮᠠᠭᠠᠢ | ᠰᠠᠶᠢᠨ ᠰᠢᠢᠳᠪᠦᠷᠢᠯᠠᠪᠡ᠃ ᠪᠦᠷᠢᠳᠬᠡᠯ ᠢᠶᠠᠷ᠂ ᠨᠢᠮᠢᠳ ᠤᠨ ︽ᠮᠡᠯᠮᠡᠢ ᠪᠠᠶᠠᠰᠬᠠᠵᠤ ᠰᠤᠨᠤᠷ ᠴᠢᠮᠡᠬᠦᠢ — ᠰᠤᠨᠢᠨ | ᠮᠡᠳᠡᠭᠡᠯᠡᠯ ᠤᠨ ᠡᠮᠬᠢᠳᠬᠡᠯ︾ ᠤᠨ ︽1994 ᠤᠨ ᠤ ᠰᠢᠯᠢ ᠶᠢᠨ ᠭᠤᠤᠯ ᠤᠨ ᠡᠳᠦᠷ ᠤᠨ ᠰᠤᠨᠢᠨ᠂ ᠦᠪᠦᠷ | ᠮᠣᠩᠭᠤᠯ ᠤᠨ ᠡᠳᠦᠷ ᠤᠨ ᠰᠤᠨᠢᠨ ᠳᠤ ᠨᠡᠶᠢᠳᠡᠯᠡᠭᠰᠡᠨ ᠮᠡᠳᠡᠭᠡᠯᠡᠯ ᠤᠳ︾ ᠭᠡᠰᠡᠨ ᠬᠡᠰᠡᠭ ᠲᠤ ᠰᠤᠩᠭᠤᠬᠳᠠᠨ | ᠤᠷᠤᠬᠰᠠᠨ 18 ᠵᠤᠬᠢᠶᠠᠯ ᠤᠨ ᠲᠤᠳᠤᠷ ᠠ ᠭᠠᠶᠢᠯᠢ ᠶᠢᠨ ᠠᠵᠢᠯ ᠳᠤ ᠬᠤᠯᠪᠤᠬᠳᠠᠬᠤ ᠵᠤᠬᠢᠶᠠᠯ 12 ᠪᠤᠢ᠃ 1995 | ᠤᠨ ᠳᠤ᠂ ᠭᠠᠶᠢᠯᠢ ᠶᠢᠨ ᠠᠵᠢᠯ ᠳᠤ ᠬᠤᠯᠪᠤᠬᠳᠠᠬᠤ ᠵᠤᠬᠢᠶᠠᠯ ᠤᠨ ᠲᠤᠭ᠎ᠠ ᠨᠡᠮᠡᠭᠳᠡᠭᠡᠳ 18 ᠵᠤᠬᠢᠶᠠᠯ ᠪᠤᠯᠪᠠ᠃ | ᠪᠤᠰᠤᠳ ᠵᠢᠯ ᠤᠳ ᠲᠤ ᠪᠢᠴᠢᠵᠦ ᠨᠡᠶᠢᠳᠡᠯᠡᠭᠦᠯᠦᠭᠰᠡᠨ ᠮᠡᠳᠡᠭᠡᠯᠡᠯ ᠤᠳ ᠤᠨ ᠬᠢᠨᠢ ᠲᠤᠳᠤᠷ ᠠ ᠭᠠᠶᠢᠯᠢ ᠶᠢᠨ | ᠠᠵᠢᠯ ᠳᠤ ᠬᠤᠯᠪᠤᠬᠳᠠᠬᠤ ᠡᠬᠡ ᠪᠢᠴᠢᠭ ᠪᠦᠷ ᠵᠤᠬᠢᠬᠤ ᠬᠡᠮᠵᠢᠶᠠᠨ ᠤ ᠬᠠᠷᠢᠴᠠᠯ ᠡᠵᠡᠯᠡᠵᠦ ᠪᠠᠶᠢᠳᠠᠭ᠃ ᠨᠢᠮᠢᠳ | ᠭᠠᠶᠢᠯᠢ ᠶᠢᠨ ᠠᠵᠢᠯᠲᠠᠨ ᠤ ᠬᠤᠪᠢ ᠳᠤ᠂ ᠤᠯᠤᠰ ᠤᠨ ᠭᠠᠶᠢᠯᠢ ᠶᠢᠨ ᠠᠵᠢᠯ ᠤᠨ ᠲᠤᠬᠠᠢ ᠢᠳᠠᠪᠬᠢᠲᠠᠢ | ᠮᠡᠳᠡᠭᠡᠯᠡᠬᠦ ᠪᠠᠷ ᠲᠠᠮᠵᠢᠭᠤᠯᠵᠤ᠂ ᠶᠠᠷᠢᠶ ᠠ ᠬᠡᠯᠡᠯᠴᠡᠭᠡᠨ ᠤ ᠰᠠᠶᠢᠨ ᠰᠠᠶᠢᠬᠠᠨ ᠤᠷᠴᠢᠨ ᠢ ᠪᠤᠢ ᠪᠤᠯᠭᠠᠨ᠂ ᠠᠵᠢᠯ ᠢᠶᠠᠨ | ᠲᠦᠯᠬᠢᠨ ᠠᠬᠢᠭᠤᠯᠬᠤ ᠶᠢᠨ ᠬᠠᠮᠳᠤ ᠤᠷᠤᠨ ᠠᠶᠢᠮᠠᠭ ᠤᠨ ᠰᠤᠨᠢᠨ ᠷᠠᠳᠢᠣ᠋ ᠶᠢᠨ ᠤᠬᠠᠭᠤᠯᠭ᠎ᠠ ᠮᠡᠳᠡᠭᠡᠯᠡᠯ ᠳᠤ | ᠥᠪᠡᠷ ᠤᠨ ᠬᠤᠪᠢ ᠨᠡᠮᠡᠷᠢ ᠪᠠᠨ ᠦᠵᠡᠭᠦᠯᠪᠡ᠃ ᠨᠡᠩ ᠴᠢᠬᠤᠯᠠ ᠨᠢ᠂ ᠡᠨᠡ ᠬᠦ ᠰᠠᠨᠠᠭᠠᠴᠢᠯᠠᠭᠠᠲᠤ | ᠠᠵᠢᠯᠯᠠᠭ᠎ᠠ ᠪᠠᠷ ᠢᠶᠠᠨ ᠪᠠᠶᠢᠭᠤᠯᠤᠯᠭ᠎ᠠ ᠨᠢᠬᠡᠴᠡ ᠪᠠ ᠬᠤᠰᠢᠭᠤ ᠨᠤᠳᠤᠭ ᠲᠠᠭᠠᠨ ᠢᠳᠡᠭᠡᠯ ᠬᠦᠨᠳᠦ ᠪᠠᠨ | ᠲᠡᠭᠡᠭᠰᠢᠯᠡᠭᠦᠯᠦᠭᠡᠳ ᠰᠤᠨᠢᠨ ᠮᠡᠳᠡᠬᠡᠨ ᠤ ᠰᠤᠷᠪᠤᠯᠵᠢᠯᠡᠨ ᠮᠡᠳᠡᠭᠡᠯᠡᠬᠦ ᠠᠵᠢᠯ ᠳᠠᠭᠠᠨ ᠮᠠᠰᠢ ᠰᠠᠶᠢᠨ ᠨᠦᠭᠦᠴᠡᠯ | ᠪᠦᠷᠢᠯᠳᠦᠭᠦᠯᠦᠭᠰᠡᠨ ᠪᠠᠶᠢᠨ᠎ᠠ᠃ | ᠨᠢᠮᠢᠳ ᠤᠨ ᠭᠤᠤᠯ ᠠᠵᠢᠯ ᠪᠠ ᠲᠠᠭᠠᠯᠳᠠ ᠠᠵᠢᠯ ᠤᠨ ᠬᠠᠷᠢᠴᠠᠭ᠎ᠠ ᠶᠢ ᠵᠦᠪ ᠰᠠᠶᠢᠨ ᠰᠢᠢᠳᠪᠦᠷᠢᠯᠡᠭᠰᠡᠨ | ᠲᠤᠷᠰᠢᠯᠭ᠎ᠠ ᠠᠴᠠ ᠪᠢᠳᠡ ᠲᠤᠤᠷᠠᠬᠢ ᠮᠡᠳᠦ ᠰᠡᠩᠬᠡᠷᠡᠭᠦᠯᠦᠯ ᠤᠯᠵᠤ ᠪᠤᠯᠤᠨ᠎ᠠ᠄ | — ᠬᠠᠷᠢᠭᠤᠴᠠᠵᠤ ᠪᠠᠶᠢᠭ᠎ᠠ ᠭᠤᠤᠯ ᠠᠵᠢᠯ ᠢᠶᠠᠨ ᠰᠠᠶᠢᠨ ᠬᠢᠬᠦ ᠪᠤᠯ ᠴᠢᠮᠡᠭᠡᠯᠡᠭᠴᠢ ᠶᠢᠨ ᠠᠵᠢᠯ ᠤᠨ | ᠴᠢᠯᠦᠭᠡᠨ ᠤ ᠰᠤᠨᠢᠨ ᠮᠡᠳᠡᠭᠡᠨ ᠤ ᠰᠤᠷᠪᠤᠯᠵᠢᠯᠠᠨ ᠮᠡᠳᠡᠭᠡᠯᠡᠬᠦ ᠲᠠᠭᠠᠯᠳᠠ ᠠᠵᠢᠯ ᠢᠶᠠᠨ ᠤᠷᠤᠬᠰᠢᠳᠠᠢ ᠬᠢᠬᠦ ᠶᠢᠨ | ᠤᠷᠢᠳᠠᠯ ᠨᠦᠭᠦᠴᠡᠯ ᠮᠦᠨ᠃ | — ᠴᠢᠮᠡᠭᠡᠯᠡᠭᠴᠢ ᠳᠤ ᠠᠪᠴᠤ ᠬᠡᠯᠡᠪᠡᠯ ᠭᠤᠤᠯ ᠠᠵᠢᠯ ᠪᠠ ᠲᠠᠭᠠᠯᠳᠠ ᠠᠵᠢᠯ ᠤᠨ ᠬᠠᠷᠢᠴᠠᠭ᠎ᠠ ᠶᠢ ᠵᠦᠪ | ᠰᠠᠶᠢᠨ ᠲᠠᠨᠢᠵᠤ ᠰᠢᠢᠳᠪᠦᠷᠢᠯᠡᠴᠢᠭᠡᠪᠡᠯ ᠡᠨᠡ ᠬᠤᠶᠠᠷ ᠠᠵᠢᠯ ᠡᠭᠦᠷᠭᠡ ᠶᠢᠨ ᠬᠤᠭᠤᠷᠤᠨᠳᠤ ᠵᠦᠷᠢᠴᠡᠯ ᠡᠭᠦᠰᠬᠦ ᠦᠭᠡᠢ | ᠪᠦᠭᠡᠳ ᠬᠠᠷᠢᠯᠴᠠᠨ ᠨᠦᠭᠦᠴᠡᠯᠳᠦᠵᠦ ᠬᠠᠷᠢᠯᠴᠠᠨ ᠠᠬᠢᠭᠤᠯᠬᠤ ᠰᠠᠶᠢᠨ ᠲᠤᠬᠳᠠᠯᠴᠠᠭ᠎ᠠ ᠶᠢ ᠪᠦᠷᠢᠯᠳᠦᠭᠦᠯᠵᠦ ᠴᠢᠳᠠᠨ᠎ᠠ | ᠃ | — ᠭᠤᠤᠯ ᠠᠵᠢᠯ ᠪᠠ ᠲᠠᠭᠠᠯᠳᠠ ᠠᠵᠢᠯ ᠢᠶᠠᠨ ᠨᠢᠬᠲᠠ ᠤᠶᠠᠯᠳᠤᠭᠤᠯᠬᠤ ᠶᠠᠪᠤᠳᠠᠯ ᠪᠤᠯ ᠴᠢᠮᠡᠭᠡᠯᠡᠭᠴᠢᠳ ᠤᠨ | ᠴᠢᠳᠠᠯ ᠡᠷᠳᠡᠮ ᠤᠨ ᠬᠢᠨᠢ ᠰᠢᠯᠭᠠᠭᠤᠷ ᠮᠦᠨ᠃ | | ᠤᠷᠤᠨ ᠨᠤᠳᠤᠭ ᠤᠨ ᠦᠨᠡᠨ ᠲᠡᠦᠭᠡ ᠪᠠ ᠬᠠᠭᠠᠰ ᠤᠢᠢᠯᠠᠯᠭ᠎ᠠ | ᠨᠢᠮᠢᠳ ᠤᠨ ᠰᠤᠨᠢᠨ ᠮᠡᠳᠡᠬᠡᠨ ᠤ ᠵᠤᠬᠢᠶᠠᠯ ᠪᠦᠳᠦᠭᠡᠯ ᠤᠨ ᠶᠡᠷᠦᠩᠬᠡᠢ ᠤᠨᠴᠠᠯᠢᠭ ᠭᠡᠪᠡᠯ᠂ ᠨᠢᠭᠡ ᠳᠤ᠂ ᠤᠬᠤᠷ | ᠠᠪᠰᠠᠷ᠂ ᠮᠡᠳᠡᠭᠡ ᠨᠢ ᠤᠬᠤᠷ᠂ ᠴᠢᠮᠡᠭᠡᠯᠡᠯ ᠨᠢ ᠴᠤ ᠤᠬᠤᠷ᠃ ᠬᠤᠶᠠᠷ ᠲᠤ᠂ ᠮᠡᠳᠡᠭᠡ ᠪᠠᠷ ᠭᠤᠤᠯ ᠪᠤᠯᠭᠠᠪᠠ᠃ | ᠡᠨᠡ ᠬᠤᠶᠠᠷ ᠤᠨᠴᠠᠯᠢᠭ ᠠᠴᠠ ᠪᠤᠯᠵᠤ᠂ ᠨᠢᠮᠢᠳ ᠤᠨ 3000 ᠭᠠᠷᠤᠢ ᠰᠤᠨᠢᠨ ᠮᠡᠳᠡᠭᠡᠨ ᠤ ᠵᠤᠬᠢᠶᠠᠯ ᠪᠦᠳᠦᠭᠡᠯ ᠤᠨ | ᠲᠤᠳᠤᠷ᠎ᠠ ᠤᠬᠤᠷ ᠮᠡᠳᠡᠭᠡ ᠵᠤᠩᠬᠢᠯᠠᠬᠤ ᠲᠤᠭ᠎ᠠ ᠶᠢ ᠡᠵᠡᠯᠡᠬᠦ ᠪᠤᠯᠪᠠ᠃ ᠨᠢᠮᠢᠳ ᠤᠨ ᠤᠬᠤᠷ ᠮᠡᠳᠡᠭᠡ ᠶᠢᠨ ᠲᠤᠳᠤᠷ | ᠠ ᠭᠠᠷᠴᠠᠭ ᠦᠭᠡᠢ᠂ ᠭᠠᠭᠴᠠ ᠬᠤᠶᠠᠷᠬᠠᠨ ᠦᠭᠦᠯᠡᠪᠦᠷᠢ ᠶᠢᠨ ᠲᠤᠪᠴᠢ ᠮᠡᠳᠡᠭᠡ ᠪᠤᠯᠤᠨ ᠭᠠᠷᠴᠠᠭ ᠲᠠᠢ ᠪᠤᠯᠪᠠᠴᠤ | ᠵᠠᠭᠤᠨ ᠦᠭᠡ ᠬᠦᠷᠬᠦ ᠦᠭᠡᠢ ᠭᠢᠯᠪᠢᠭᠡᠨ ᠮᠡᠳᠡᠭᠡ ᠵᠤᠬᠢᠬᠤ ᠬᠠᠷᠢᠴᠠᠯ ᠢ ᠡᠵᠡᠯᠡᠨ᠎ᠠ᠃ ᠰᠤᠨᠢᠨ ᠮᠡᠳᠡᠭᠡᠨ ᠤ ᠭᠢᠯᠪᠢᠭᠡᠨ | ᠦᠭᠦᠯᠡᠯᠭᠡ᠂ ᠭᠢᠯᠪᠢᠭᠡᠨ ᠨᠠᠶᠢᠷᠠᠭᠤᠯᠤᠯ ᠢ ᠪᠤᠳᠤᠪᠠᠯ᠂ ᠨᠡᠩ ᠴᠤ ᠭᠢᠯᠪᠢᠭᠡᠨ ᠨᠡᠷ ᠡ ᠳᠡᠭᠡᠨ ᠲᠤᠬᠢᠷᠠᠨ᠎ᠠ᠃ ᠠᠶᠤᠩᠭ᠎ᠠ | ᠬᠢᠯᠪᠢᠭᠡᠳ ᠲᠠᠭᠤ ᠨᠢ ᠰᠤᠨᠤᠰᠳᠠᠬᠤ ᠲᠡᠷᠡ ᠬᠤᠷᠤᠮᠬᠠᠨ᠎ᠠ ᠬᠦᠮᠦᠰ ᠭᠢᠯᠪᠢᠭᠡᠨ ᠮᠡᠳᠡᠭᠡ ᠶᠢ ᠤᠩᠰᠢᠭᠠᠳ | ᠲᠠᠭᠤᠰᠬᠠᠴᠢᠬᠠᠨ᠎ᠠ᠃ ᠵᠠᠷᠢᠮ ᠬᠦᠮᠦᠨ ᠮᠡᠳᠡᠭᠡ ᠶᠢ ᠲᠤᠭᠤᠬᠤ ᠦᠭᠡᠢ᠂ ᠤᠬᠤᠷ ᠮᠡᠳᠡᠭᠡ ᠶᠢ ᠨᠡᠩ ᠲᠤᠭᠤᠬᠤ ᠦᠭᠡᠢ᠃ | ᠬᠡᠳᠤᠬᠡᠨ ᠦᠭᠦᠯᠡᠪᠦᠷᠢ᠂ ᠬᠡᠳᠦᠨ ᠵᠠᠭᠤᠭᠠᠳ ᠯᠠ ᠦᠭᠡ ᠲᠠᠢ ᠮᠡᠳᠡᠭᠡ ᠶᠢ ᠪᠢᠴᠢᠬᠦ ᠳᠤ ᠶᠠᠭᠤ ᠪᠠᠶᠢᠬᠤ ᠪᠤᠢ︖ | ᠭᠡᠵᠦ ᠵᠠᠷᠢᠮ ᠬᠦᠮᠦᠨ ᠦᠵᠡᠳᠡᠭ᠃ ᠦᠨᠡᠨ ᠳᠡᠭᠡᠨ ᠮᠡᠳᠡᠭᠡ ᠶᠢ ᠢᠯᠡᠭᠦᠦ ᠲᠤᠳᠠᠭᠤ ᠦᠭᠡ ᠨᠡᠮᠡᠭᠡᠳ ᠤᠷᠳᠤ | ᠰᠤᠨᠵᠢᠷᠠᠭᠤᠨ ᠪᠤᠯᠭᠠᠬᠤ ᠶᠢ ᠬᠦᠮᠦᠨ ᠪᠦᠬᠦᠨ ᠴᠢᠳᠠᠨ᠎ᠠ᠃ ᠭᠡᠪᠡᠴᠤ ᠲᠤᠪᠴᠢ ᠠᠪᠰᠠᠷ᠂ ᠤᠬᠤᠷ ᠡᠷᠴᠢᠮᠯᠢᠭ ᠮᠡᠳᠡᠭᠡ | ᠪᠢᠴᠢᠬᠦ ᠳᠤ ᠴᠢᠳᠡᠯ ᠡᠷᠳᠡᠮ ᠭᠡᠷᠡᠭ ᠲᠠᠢ᠃ ᠰᠤᠨᠢᠨ ᠮᠡᠳᠡᠭᠡᠨ ᠤ ᠬᠡᠷᠡᠭ ᠤᠴᠢᠷ ᠤᠨ ᠬᠦᠢᠰᠦ ᠡᠯᠧᠮᠧᠨ᠋ᠲ ︵ᠲᠠᠪᠤᠨ | W ᠨᠢᠬᠡ H︶ ᠢ ᠵᠦᠪ ᠲᠤᠳᠤᠷᠬᠠᠢ ᠲᠤᠰᠢᠶᠠᠬᠰᠠᠨ ᠤᠷᠢᠳᠠᠯ ᠲᠤᠤᠷ ᠠ ᠰᠤᠨᠢᠨ ᠮᠡᠳᠡᠭᠡ ᠶᠢ ᠲᠤᠪᠴᠢ ᠠᠪᠰᠠᠷ | ᠪᠢᠴᠢᠬᠦ ᠪᠤᠯ ᠰᠤᠷᠪᠤᠯᠵᠢᠯᠠᠬᠴᠢᠳ ᠴᠢᠮᠡᠭᠡᠯᠡᠭᠴᠢᠳ ᠤᠨ ᠨᠢᠭᠡ ᠶᠤᠰᠤᠨ ᠤ ᠬᠦᠭᠡᠭᠡᠴᠡᠯᠳᠦᠯ ᠭᠡᠯᠲᠡᠢ᠃ ᠮᠡᠳᠡᠭᠡ | ᠪᠢᠴᠢᠳᠡᠭ ᠦᠭᠡᠢ ᠪᠤᠶᠤ ᠮᠡᠳᠡᠭᠡ ᠪᠢᠴᠢᠵᠦ ᠴᠢᠳᠠᠬᠤ ᠦᠭᠡᠢ ᠪᠤᠯ ᠵᠢᠩᠬᠢᠨᠢ ᠰᠤᠷᠪᠤᠯᠵᠢᠯᠠᠬᠴᠢ ᠴᠢᠮᠡᠭᠡᠯᠡᠭᠴᠢ ᠪᠢᠰᠢ᠃ | ᠨᠢᠮᠢᠳ ᠰᠤᠨᠢᠨ ᠮᠡᠳᠡᠭᠡᠨ ᠤ ᠰᠤᠷᠪᠤᠯᠵᠢᠯᠠᠨ ᠮᠡᠳᠡᠭᠡᠯᠡᠬᠦ ᠠᠵᠢᠯ ᠳᠠᠭᠠᠨ ᠤᠬᠤᠷ ᠮᠡᠳᠡᠭᠡ ᠬᠡᠳᠡᠭ ᠡᠨᠡ ᠬᠦ ᠰᠤᠨᠢᠨ | ᠮᠡᠳᠡᠭᠡᠨ ᠤ ︽ᠬᠦᠩᠭᠡᠨ ᠮᠤᠷᠢᠲᠤ ᠴᠢᠷᠢᠭ︾ ᠢ ᠡᠷᠬᠢᠮᠯᠡᠵᠦ ᠪᠠᠶᠢᠭ᠎ᠠ ᠨᠢ ᠮᠡᠳᠡᠭᠡ ᠶᠢᠨ ᠴᠢᠳᠠᠮᠵᠢ ᠦᠢᠯᠡᠳᠦᠯ᠂ | ᠦᠨ᠎ᠡ ᠦᠷᠳᠡᠭ ᠵᠢᠴᠢ ᠲᠡᠭᠦᠨ ᠤ ᠰᠤᠨᠢᠨ ᠮᠡᠳᠡᠭᠡᠨ ᠤ ᠤᠬᠠᠭᠤᠯᠭ᠎ᠠ ᠮᠡᠳᠡᠭᠡᠯᠡᠯ ᠳᠠᠬᠢ ᠪᠠᠶᠢᠷᠢ ᠰᠠᠭᠤᠷᠢ ᠲᠠᠢ | ᠨᠡᠶᠢᠴᠡᠵᠦ ᠪᠤᠢ᠃ | ᠰᠤᠨᠢᠨ ᠮᠡᠳᠡᠭᠡ ᠭᠡᠭᠴᠢ ᠰᠠᠶᠢᠬᠠᠨ ᠡᠭᠦᠰᠦᠭᠰᠡᠨ ︵ᠪᠤᠶᠤ ᠢᠯᠡᠷᠡᠭᠦᠯᠦᠭᠰᠡᠨ︶ ᠪᠤᠳᠠᠳᠤ ᠬᠡᠷᠡᠭ ᠤᠨ ᠮᠡᠳᠡᠭᠡᠯᠡᠯ | ᠪᠤᠯᠬᠤ ᠤᠴᠢᠷ ᠠᠴᠠ ᠮᠡᠳᠡᠭᠡᠯᠡᠨ ᠲᠠᠮᠵᠢᠭᠤᠯᠬᠤ ᠦᠷᠳᠡᠭ ᠲᠠᠢ ᠰᠤᠨᠢᠨ ᠮᠡᠳᠡᠭᠡᠨ ᠤ ᠬᠡᠷᠡᠭ ᠤᠴᠢᠷ ᠢ ᠲᠤᠪᠴᠢ | ᠲᠤᠳᠤᠷᠠᠭᠤᠨ ᠦᠭᠡ ᠬᠡᠯᠡ ᠦᠰᠦᠭ ᠪᠢᠴᠢᠭ ᠢᠶᠠᠷ ᠴᠠᠭ ᠲᠤᠬᠠᠢ ᠳᠤᠨᠢ ᠮᠡᠳᠡᠭᠡᠯᠡᠬᠦ ᠰᠤᠨᠢᠨ ᠮᠡᠳᠡᠭᠡᠨ ᠤ ᠵᠤᠬᠢᠶᠠᠯ ᠤᠨ | ᠲᠢᠭ ᠬᠡᠯᠪᠡᠷᠢ ᠪᠤᠯᠬᠤ ᠶᠤᠮ᠃ ᠮᠡᠳᠡᠭᠡ ᠨᠢ ᠰᠤᠨᠢᠨ ᠮᠡᠳᠡᠭᠡᠨ ᠤ ᠤᠯᠠᠨ ᠶᠠᠩᠵᠤ ᠬᠡᠯᠪᠡᠷᠢ ᠰᠲ᠋ᠢᠯᠢ ᠶᠢᠨ ᠲᠤᠳᠤᠷ ᠠ | ᠬᠠᠮᠤᠭ ᠤᠨ ᠦᠷᠭᠡᠨ᠂ ᠬᠠᠮᠤᠭ ᠤᠨ ᠤᠯᠠᠨ ᠬᠡᠷᠡᠭᠯᠡᠭᠳᠡᠳᠡᠭ ᠪᠦᠭᠡᠳ ᠰᠤᠨᠢᠨ ᠪᠤᠶᠤ ᠷᠠᠳᠢᠣ᠋ ᠲᠧᠯᠸᠢᠰ ᠤᠨ ᠨᠡᠶᠢᠳᠡᠯᠡᠨ | ᠨᠡᠪᠳᠡᠷᠡᠭᠦᠯᠬᠦ ᠰᠤᠨᠢᠨ ᠮᠡᠳᠡᠭᠡᠨ ᠤ ᠲᠤᠮᠲᠠ ᠭᠤᠤᠯᠯᠠᠬᠤ ᠪᠠᠶᠢᠷᠢ ᠶᠢ ᠡᠵᠡᠯᠡᠳᠡᠭ᠃ ᠭᠡᠪᠡᠴᠤ ᠮᠡᠳᠡᠭᠡ ᠳᠤ | ᠦᠷᠦᠭᠡᠰᠦᠭᠡᠯ ᠤᠪᠤᠷ ᠢᠶᠠᠷ ᠬᠠᠨᠳᠤᠬᠤ ᠬᠦᠮᠦᠰ ᠴᠦᠭᠡᠨ ᠪᠤᠰᠤ᠂ ᠬᠦᠮᠦᠰ ᠰᠤᠨᠢᠨ ᠮᠡᠳᠡᠭᠡ ᠪᠤᠯ ᠬᠡᠪᠡᠷᠡᠭ ᠡᠳ᠋ | ᠬᠡᠵᠦ ᠦᠵᠡᠳᠡᠭ ᠪᠦᠭᠡᠳ ᠦᠨᠦᠳᠦᠷ ᠤᠨ ᠰᠤᠨᠢᠨ ᠮᠠᠷᠭᠠᠰᠢ ᠪᠤᠯᠪᠠᠯ ᠬᠠᠶᠠᠬᠳᠠᠮᠠᠯ ᠴᠠᠭᠠᠰᠤ ᠪᠤᠯᠴᠢᠬᠠᠨ᠎ᠠ ᠭᠡᠵᠦ ᠴᠤ | ᠬᠡᠯᠡᠳᠡᠭ᠃ ᠡᠨᠡ ᠪᠤᠯ ᠪᠦᠷ ᠰᠤᠨᠢᠨ ᠮᠡᠳᠡᠭᠡᠨ ᠤ ᠦᠷᠳᠡᠭ ᠤᠨ ᠦᠨᠡᠯᠡᠯᠲᠡ ᠶᠢᠨ ᠬᠡᠯᠪᠠᠶᠢᠭᠦᠦ ᠦᠵᠡᠯᠲᠡ ᠪᠤᠯᠬᠤ | ᠶᠤᠮ᠃ ᠰᠤᠨᠢᠨ ᠮᠡᠳᠡᠭᠡᠨ ᠤ ᠰᠤᠷᠠᠭ ᠵᠠᠩᠭᠢ ᠶᠢᠨ ᠦᠷᠳᠡᠭ ᠤᠨ ᠡᠭᠦᠳᠡᠨ ᠠᠴᠠ ᠬᠡᠯᠡᠪᠡᠯ᠂ ᠲᠡᠭᠡᠷᠡᠬᠢ ᠦᠵᠡᠯᠲᠡ | ᠪᠦᠷᠢᠮᠦᠰᠦᠨ ᠪᠤᠷᠤᠭᠤ ᠪᠢᠰᠢ᠃ ᠲᠤᠪᠴᠢ ᠠᠪᠰᠠᠷ ᠮᠡᠳᠡᠭᠡ ᠶᠢ ᠬᠦᠮᠦᠰ ᠤᠩᠰᠢᠮᠠᠬᠴᠠ ᠤᠴᠢᠷ ᠤᠳᠬ᠎ᠠ ᠶᠢ ᠨᠢ | ᠤᠢᠢᠯᠠᠭᠠᠴᠢᠬᠠᠨᠠ᠃ ᠤᠢᠢᠯᠠᠭᠠᠬᠰᠠᠨ ᠲᠠᠷᠤᠢ ᠲᠡᠭᠦᠨ ᠤ ᠰᠤᠷᠠᠭ ᠵᠠᠩᠭᠢ ᠶᠢᠨ ᠦᠷᠳᠡᠭ ᠨᠢ ᠰᠤᠯᠠᠷᠠᠵᠤ ᠡᠬᠢᠯᠡᠨ᠎ᠡ᠃ | ᠡᠨᠡ ᠵᠢᠮ ᠠ ᠪᠠᠷ᠂ ᠮᠡᠳᠡᠭᠡ ᠨᠡᠶᠢᠳᠡᠯᠡᠬᠦ ᠪᠠᠷ ᠭᠤᠤᠯ ᠪᠤᠯᠭᠠᠬᠰᠠᠨ ᠰᠤᠨᠢᠨ ᠬᠡᠳᠦᠢ ᠡᠳᠦᠷ ᠬᠤᠨᠤᠭ ᠦᠩᠭᠡᠷᠡᠭᠦ | ᠲᠤᠳᠤᠮ ᠰᠤᠷᠠᠭ ᠵᠠᠩᠬᠢ ᠶᠢᠨ ᠦᠷᠳᠡᠭ ᠨᠢ ᠤᠯᠠᠮ ᠬᠠᠰᠤᠬᠳᠠᠬᠰᠠᠭᠠᠷ ᠡᠴᠦᠰ ᠲᠡᠭᠡᠨ ᠨᠢᠬᠡᠮᠦᠰᠦᠨ ᠠᠷᠢᠯᠴᠢᠬᠠᠨ᠎ᠠ᠃ | ᠡᠨᠡ ᠪᠤᠯ ᠰᠤᠨᠢᠨ ᠮᠡᠳᠡᠭᠡᠨ ᠤ ᠲᠠᠮᠵᠢᠭᠤᠯᠭ᠎ᠠ ᠶᠢᠨ ︽ᠬᠠᠰᠤᠬᠤ ᠦᠢᠯᠡᠳᠦᠯ︾ ᠪᠤᠯᠤᠨ᠎ᠠ᠃ ᠰᠤᠨᠢᠨ ᠮᠡᠳᠡᠭᠡ ᠳᠤ | ᠪᠠᠰᠠ ᠲᠡᠦᠭᠡᠨ ᠦᠷᠳᠡᠭ ᠪᠠᠶᠢᠳᠠᠬ᠃ ᠬᠦᠮᠦᠰ ᠦᠨᠦᠳᠦᠷ ᠤᠨ ᠰᠤᠨᠢᠨ ᠮᠡᠳᠡᠭᠡ ᠮᠠᠷᠭᠠᠰᠢ ᠶᠢᠨ ᠲᠡᠦᠭᠡ ᠭᠡᠵᠦ | ᠬᠡᠯᠡᠳᠡᠭ ᠨᠢ ᠲᠡᠭᠦᠨ ᠤ ᠲᠡᠦᠭᠡᠨ ᠦᠷᠳᠡᠭ ᠲᠤ ᠴᠢᠭᠯᠡᠭᠦᠯᠵᠦ ᠬᠡᠯᠡᠭᠰᠡᠨ ᠦᠭᠡ ᠶᠤᠮ᠃ ᠨᠢᠮᠢᠳ ᠤᠨ ᠤᠬᠤᠷ | ᠮᠡᠳᠡᠭᠡ ᠨᠦᠭᠦᠳ ᠢᠶᠠᠷ ᠵᠢᠱᠢᠶᠡᠯᠡᠶ ᠡ᠄ ᠲᠡᠳᠡᠭᠡᠷ ᠬᠡᠳᠦᠬᠡᠨ ᠵᠠᠭᠤᠭᠠᠳ ᠦᠭᠡ ᠲᠠᠢ᠂ ᠴᠢᠨᠠᠬᠰᠢᠯᠠᠪᠠᠯ ᠵᠠᠭᠤᠨ ᠦᠭᠡ | ᠴᠤ ᠭᠦᠷᠭᠦ ᠦᠭᠡᠢ ᠤᠬᠤᠷ ᠮᠡᠳᠡᠭᠡ ᠨᠦᠭᠦᠳ ᠪᠤᠯ ᠬᠡᠷᠡᠭ ᠲᠡᠭᠡᠷ ᠡ ᠪᠠᠨ ᠴᠦᠮ ᠰᠢᠯᠤᠭᠤᠨ ᠬᠦᠭᠡ ᠬᠤᠰᠢᠭᠤᠨ ᠤ | ᠤᠢᠢᠷ ᠠ ᠶᠢᠨ ᠭᠤᠴᠢᠭᠠᠳ ᠵᠢᠯ ᠤᠨ ᠨᠡᠶᠢᠭᠡᠮ ᠤᠨ ᠬᠦᠭᠵᠢᠯᠲᠠ ᠶᠢᠨ ᠲᠡᠦᠭᠡᠨ ᠶᠠᠪᠤᠴᠠ ᠳᠤ ᠡᠭᠦᠰᠦᠭᠰᠡᠨ ᠪᠡᠯᠭᠡ | ᠲᠡᠮᠳᠡᠭ ᠪᠤᠯᠬᠤᠢᠢᠴᠠ ᠶᠡᠭᠡ ᠪᠠᠭ᠎ᠠ ᠬᠡᠷᠡᠭ ᠤᠴᠢᠷ ᠤᠳ ᠤᠨ ᠪᠤᠳᠠᠳᠤ ᠲᠡᠮᠳᠡᠭᠯᠡᠯ ᠮᠦᠨ᠃ ᠨᠢᠮᠢᠳ ᠤᠬᠤᠷ | ᠮᠡᠳᠡᠭᠡ ᠨᠦᠭᠦᠳ ᠢᠶᠠᠷ ᠢᠶᠠᠨ ᠲᠤᠰ ᠬᠤᠰᠢᠭᠤᠨ ᠤ ᠪᠠᠨ ᠮᠠᠰᠢ ᠤᠯᠠᠨ ᠲᠡᠮᠳᠡᠭᠯᠡᠯ ᠦᠭᠡᠢ ᠬᠠᠶᠠᠬᠳᠠᠵᠤ ᠮᠡᠳᠡᠭᠦ ᠬᠡᠷᠡᠭ | ᠤᠴᠢᠷ ᠲᠤ ᠦᠨᠡᠨ ᠪᠤᠳᠠᠳᠠᠢ ᠲᠡᠮᠳᠡᠭᠯᠡᠯ ᠲᠠᠢ ᠪᠤᠯᠭᠠᠪᠠ᠃ ᠬᠤᠵᠢᠮ ᠳᠠᠭᠠᠨ ᠰᠢᠯᠤᠭᠤᠨᠬᠦ᠋ᠭᠡ ᠬᠤᠰᠢᠭᠤᠨ ᠤ | ᠤᠯᠤᠰ ᠲᠦᠷᠦ᠂ ᠠᠵᠤ ᠠᠬᠤᠢ᠂ ᠰᠤᠶᠤᠯ᠂ ᠰᠤᠷᠭᠠᠨ ᠬᠦᠮᠦᠵᠢᠯ᠂ ᠰᠢᠨᠵᠢᠯᠡᠬᠦ ᠤᠬᠠᠭᠠᠨ᠂ ᠡᠷᠡᠭᠦᠯ ᠬᠠᠮᠭᠠᠯᠠᠯ | ᠵᠢᠴᠢ ᠨᠡᠶᠢᠭᠡᠮ ᠤᠨ ᠬᠦᠭᠵᠢᠯᠲᠡ᠂ ᠠᠷᠠᠳ ᠤᠨ ᠠᠮᠢᠳᠤᠷᠠᠯ ᠤᠨ ᠲᠡᠭᠡᠭᠰᠢᠯᠡᠯᠲᠡ ᠁ ᠶᠢᠨ ᠲᠡᠦᠭᠡ ᠶᠢ ᠰᠤᠳᠤᠯᠵᠤ | ᠂ ᠤᠢᠢᠯᠠᠯᠭ᠎ᠠ ᠨᠠᠶᠢᠷᠠᠭᠤᠯᠬᠤ ᠦᠶᠡᠰ ᠲᠤ ᠨᠢᠮᠢᠳ ᠤᠨ ︽ᠮᠡᠯᠮᠡᠢ ᠪᠠᠶᠠᠰᠬᠠᠵᠤ ᠰᠤᠨᠤᠷ ᠴᠢᠮᠡᠬᠦᠢ — ᠰᠤᠨᠢᠨ | ᠮᠡᠳᠡᠭᠡᠯᠡᠯ ᠤᠨ ᠡᠮᠬᠢᠳᠬᠡᠯ︾ ᠬᠠᠮᠤᠭ ᠤᠨ ᠦᠨᠡᠨ ᠪᠤᠳᠠᠳᠠᠢ᠂ ᠬᠠᠮᠤᠭ ᠤᠨ ᠨᠠᠶᠢᠳᠠᠪᠤᠷᠢᠲᠠᠢ ᠲᠡᠦᠭᠡᠨ ᠮᠠᠲ᠋ᠧᠷᠢᠶᠠᠯ | ᠬᠠᠩᠭᠠᠬᠤ ᠪᠤᠯᠤᠨ᠎ᠠ᠃ ᠡᠨᠡ ᠤᠳᠬ ᠠ ᠴᠢᠨᠠᠷ ᠠᠴᠠ ᠨᠢ ᠬᠡᠯᠡᠪᠡᠯ᠂ 1000 ᠭᠠᠷᠤᠢ ᠵᠤᠬᠢᠶᠠᠯ ᠲᠠᠢ ᠰᠤᠨᠢᠨ | ᠮᠡᠳᠡᠬᠡᠯᠡᠯ ᠤᠨ ᠲᠡᠭᠦᠪᠦᠷᠢ ᠨᠢ ᠰᠢᠯᠤᠭᠤᠨ ᠬᠦᠭᠡ ᠬᠤᠰᠢᠭᠤᠨ ᠤ ᠤᠢᠢᠷ ᠠ ᠶᠢᠨ 30 ᠵᠢᠯ ᠤᠨ ᠬᠠᠭᠠᠰ ᠤᠢᠢᠯᠠᠯᠭ᠎ᠠ | ᠪᠤᠶᠤ᠃ ᠡᠳᠦᠷ ᠬᠤᠨᠤᠭ᠂ ᠤᠨ ᠵᠢᠯ ᠦᠩᠭᠡᠷᠡᠭᠦ ᠲᠤᠳᠤᠮ ᠨᠢᠮᠢᠳ ᠤᠨ ᠡᠨᠡ ᠨᠤᠮ ᠤᠯᠠᠮ ᠬᠤᠪᠤᠷ ᠨᠠᠨᠳᠢᠨ ᠦᠨ᠎ᠡ | ᠴᠠᠨ᠎ᠠ ᠲᠠᠢ ᠪᠤᠯᠬᠤ ᠨᠢ ᠶᠠᠷᠢᠶᠠᠨ ᠦᠭᠡᠢ᠃ ᠡᠨᠡ ᠪᠤᠯ ᠰᠤᠨᠢᠨ ᠮᠡᠳᠡᠭᠡᠨ ᠤ ᠲᠠᠮᠵᠢᠭᠤᠯᠭ᠎ᠠ ᠶᠢᠨ ︽ᠨᠡᠮᠡᠬᠦ ᠦᠢᠯᠡᠳᠦᠯ︾ | ᠪᠤᠯᠠᠢ᠃ | ᠵᠢᠳᠭᠦᠯ ᠴᠢᠷᠮᠠᠶᠢᠯᠭ᠎ᠠ ᠪᠤᠯ ᠬᠤᠪᠢ ᠬᠦᠮᠦᠨ ᠤ ᠬᠢ᠂ ᠠᠮᠵᠢᠯᠲᠠ ᠪᠦᠳᠦᠮᠵᠢ ᠨᠢ ᠤᠯᠤᠰ | ᠦᠨᠳᠦᠰᠦᠳᠡᠨ ᠤ ᠬᠢ᠃ ᠨᠢᠮᠢᠳ ᠤᠨ ︽ᠮᠡᠯᠮᠡᠢ ᠪᠠᠶᠠᠰᠬᠠᠵᠤ ᠰᠤᠨᠤᠷ ᠴᠢᠮᠡᠬᠦᠢ — ᠰᠤᠨᠢᠨ ᠮᠡᠳᠡᠭᠡᠯᠡᠯ ᠤᠨ | ᠡᠮᠬᠢᠳᠬᠡᠯ︾ ᠲᠡᠭᠦᠨ ᠤ 30 ᠵᠢᠯ ᠤᠨ ᠰᠤᠨᠢᠨ ᠮᠡᠳᠡᠭᠡᠨ ᠤᠡᠬᠡ ᠪᠢᠴᠢᠭ ᠪᠢᠴᠢᠭᠰᠡᠨ ᠬᠠᠳᠠᠨ ᠵᠤᠷᠢᠭ᠂ ᠬᠠᠯᠠᠰᠢᠷᠠᠯ | ᠦᠭᠡᠢ ᠴᠢᠷᠮᠠᠶᠢᠯᠭ᠎ᠠ ᠪᠠ 3000 ᠭᠠᠷᠤᠢ ᠬᠤᠪᠢ ᠰᠤᠨᠢᠨ ᠮᠡᠳᠡᠭᠡᠨ ᠤ ᠵᠤᠬᠢᠶᠠᠯ ᠨᠡᠶᠢᠳᠡᠯᠡᠭᠦᠯᠵᠦ ᠨᠡᠪᠳᠡᠷᠡᠭᠦᠯᠦᠭᠰᠡᠨ | ᠭᠠᠶᠢᠬᠠᠮᠰᠢᠬᠲᠤ ᠠᠮᠵᠢᠯᠲᠠ ᠭᠢᠯᠠᠯᠵᠠᠮ ᠠ ᠪᠦᠳᠦᠮᠵᠢ ᠶᠢ ᠰᠢᠩᠬᠡᠬᠡᠨ ᠠᠭᠤᠰᠬᠠᠭᠠᠳ᠂ ᠮᠠᠨ ᠤ ᠮᠣᠩᠭᠤᠯ ᠰᠤᠨᠢᠨ | ᠮᠡᠳᠡᠭᠡᠨ ᠤ ᠰᠤᠶᠤᠯ ᠤᠨ ᠦᠪ ᠲᠤ ᠬᠤᠪᠢ ᠨᠡᠮᠡᠷᠢ ᠪᠤᠯᠵᠤ ᠮᠦᠩᠭᠡ ᠦᠯᠡᠳᠡᠬᠦ ᠶᠤᠮ᠃ | |