ᠳᠤᠯᠤᠳᠤᠭᠠᠷ ᠤᠳᠠᠭᠠᠨ ᠤ ︽ᠬᠢᠯᠦᠬᠡᠨ ᠤᠶᠠᠩᠭ᠎ᠠ︾ ᠠᠯᠳᠠᠨ ᠤᠳᠤᠨ ᠱᠠᠩᠨᠠᠯᠳᠦ ᠮᠤᠩᠭᠤᠯ ᠢᠷᠠᠭᠤ | ᠨᠠᠶᠢᠷᠠᠭ ᠤᠨ ᠨᠠᠭᠠᠳᠤᠮ 7 ᠰᠠᠷ᠎ᠠ ᠶᠢᠨ 17 ᠤ ᠡᠳᠦᠷ ᠰᠦᠨᠢᠳ ᠵᠡᠬᠦᠨ ᠬᠤᠰᠢᠭᠤᠨ ᠳᠤ ᠪᠤᠯᠪᠠ᠃ ᠨᠠᠭᠠᠳᠤᠮ ᠢ | ᠳᠤᠮᠳᠠᠳᠦ ᠤᠯᠤᠰ ᠤᠨ ᠡᠪ ᠬᠠᠮᠳᠦ ᠨᠠᠮ ᠤᠨ ᠰᠦᠨᠢᠳ ᠵᠡᠬᠦᠨ ᠬᠤᠰᠢᠭᠤᠨ ᠤ ᠬᠤᠷᠢᠶ᠎ᠠ᠂ ᠰᠦᠨᠢᠳ ᠵᠡᠬᠦᠨ | ᠬᠤᠰᠢᠭᠤᠨ ᠤ ᠠᠷᠡᠳ ᠤᠨ ᠵᠠᠰᠠᠭ ᠤᠨ ᠤᠷᠳᠦᠨ᠂ ᠳᠦᠪ ᠤᠨ ᠠᠷᠡᠳ ᠤᠨ ᠷᠠᠳᠢᠤ᠋ ᠨᠡᠪᠳᠡᠷᠡᠬᠦᠯᠬᠡ ᠶᠢᠨ | ᠬᠤᠷᠢᠶ᠎ᠠ ᠶᠢᠨ ᠮᠤᠩᠭᠤᠯ ᠨᠠᠶᠢᠷᠠᠭᠤᠯᠬᠤ ᠬᠡᠯᠳᠡᠰ ᠠᠴᠠ ᠭᠤᠤᠯᠯᠠᠨ ᠡᠷᠬᠢᠯᠡᠵᠦ᠂ ᠰᠦᠨᠢᠳ ᠵᠡᠬᠦᠨ ᠬᠤᠰᠢᠭᠤᠨ ᠤ | ᠤᠳᠬ᠎ᠠ ᠤᠷᠠᠯᠢᠭ ᠤᠨ ᠬᠢᠨ ᠤ ᠬᠤᠯᠪᠤᠭ᠎ᠠ ᠠᠴᠠ ᠳᠠᠭᠠᠭᠠᠴᠢᠯᠡᠨ ᠡᠷᠬᠢᠯᠡᠭᠰᠡᠨ ᠪᠠᠶᠢᠨ᠎ᠠ᠃ ᠨᠠᠭᠠᠳᠤᠮ ᠳᠤ ᠨᠠᠢᠮᠠᠨ | ᠮᠤᠵᠢ ᠤᠷᠤᠨ ᠵᠢᠴᠢ ᠮᠤᠩᠭᠤᠯ ᠤᠯᠤᠰ ᠤᠨ ᠢᠷᠠᠭᠤ ᠨᠠᠶᠢᠷᠠᠭᠴᠢᠳ ᠤᠷᠤᠯᠴᠠᠭᠰᠠᠨ ᠠᠴᠠ ᠰᠢᠢᠳᠪᠤᠷᠢᠳᠦ | ᠤᠷᠤᠯᠳᠤᠭᠠᠨ ᠳᠤ 18 ᠰᠢᠯᠦᠭᠴᠢ ᠳᠤᠨᠵᠦ ᠦᠯᠡᠳᠡᠭᠰᠡᠨ ᠪᠤᠯ ᠤᠯᠠᠭᠠᠨᠬᠠᠳᠠ ᠶᠢᠨ ᠴᠢ᠊ · ᠨᠠᠰᠤᠨᠳᠠᠯᠠᠢ ︽ᠪᠢ | ᠤᠶᠠᠬᠠᠨ ᠽᠠᠮᠪᠤᠳᠢᠪ ᠤᠨ ᠦᠷ᠎ᠠ ᠰᠡᠳᠦ︾ ᠬᠡᠰᠡᠨ ᠪᠦᠳᠦᠬᠡᠯ ᠢᠶᠠᠷ ᠢᠶᠠᠨ ︽ᠬᠢᠯᠦᠬᠡᠨ ᠤᠶᠠᠩᠭ᠎ᠠ︾ ᠠᠯᠳᠠᠨ | ᠤᠳᠤ ᠪᠠᠷ ᠱᠠᠩᠨᠠᠭᠤᠯᠵᠠᠢ᠃ ᠪ᠊ · ᠸᠴᠢᠷᠪᠡᠨᠢ ︽ᠤᠴᠢᠬᠤ ᠵᠦᠭ ᠤᠨ ᠳᠠᠭᠤᠤ︾᠂ ᠳ᠋᠊ · ᠨᠠᠷᠠᠨᠴᠤᠭᠳᠦ ︽ | ᠴᠡᠩᠬᠡᠷᠯᠡᠭᠴᠢ ᠳᠤᠷᠤᠨ᠎ᠠ ᠶᠢᠨ ᠨᠢᠭᠤᠴᠡ︾ ᠪᠦᠳᠦᠬᠡᠯ ᠢᠶᠠᠷ ᠢᠶᠠᠨ ᠮᠦᠡᠭᠬᠦᠨ ᠤᠳᠤᠨ ᠤ ᠡᠵᠡᠨ ᠢᠶᠠᠷ ᠳᠤᠰ ᠳᠤᠰ | ᠳᠤᠳᠤᠷᠡᠵᠦ᠂ ᠰ᠊ · ᠪᠤᠯᠤᠷ ︽ ᠬᠠᠪᠤᠷ ᠤᠨ ᠠᠶᠢᠵᠠᠮ︾᠂ ᠵᠠᠶᠠᠭᠠᠳᠦ ︽ᠡᠪᠡᠰᠦᠨ ᠤ ᠨᠢᠳᠦ ᠪᠠᠷ︾᠂ ᠲ᠊ · | ᠰᠡᠴᠡᠨᠬᠤᠸᠠᠷ ︽ᠦᠬᠢᠨ ᠮᠢᠨᠢ ᠴᠢ ᠮᠢᠨᠦ ᠦᠷᠬᠦᠯᠵᠢᠯᠡᠯ︾ ᠪᠦᠳᠦᠬᠡᠯ ᠢᠶᠠᠷ ᠢᠶᠠᠨ ᠬᠦᠷᠡᠯ ᠤᠳᠤᠨ ᠤ ᠡᠵᠡᠨ ᠢᠶᠠᠷ | ᠳᠤᠰ ᠳᠤᠰ ᠳᠤᠳᠤᠷᠡᠪᠡ᠃ | ᠤᠷᠤᠯᠳᠤᠭᠠᠨ ᠳᠤ ᠪᠠᠰᠠ ᠮᠤᠩᠭᠤᠯ ᠤᠯᠤᠰ ᠤᠨ ᠠᠷᠡᠳ ᠤᠨ ᠤᠷᠡᠨ ᠵᠤᠬᠢᠶᠡᠯᠴᠢ ᠪ᠊ · ᡀᠬᠠᠪᠠᠰᠦ᠋ᠷᠦᠩ | ᠮᠢᠯᠢᠶᠡᠯᠭᠠ ᠶᠢᠨ ᠰᠢᠯᠦᠭ ᠤᠡᠭᠰᠢᠵᠦ᠂ ᠦᠵᠡᠭᠴᠢᠳ ᠤᠨ ᠰᠤᠨᠢᠷᠬᠠᠯ ᠳᠤ ᠬᠦᠷᠴᠡᠢ᠃ | |