| | ᠤᠨᠴᠠ ᠤᠷᠢᠭᠰᠠᠨ ᠰᠣᠷᠪᠣᠯᠵᠢᠯᠠᠭᠴᠢ ᠭᠡᠭᠡᠨᠬᠠᠰ | | ᠳᠣᠯᠣᠳᠣᠭᠠᠷ ᠰᠠᠷ᠎ᠠ ᠶᠢᠨ ᠰᠢᠯᠤᠭᠤᠨ ᠬᠦᠭᠡ ᠶᠢᠨ ᠨᠤᠳᠤᠭ ᠲᠤ ᠡᠪᠡᠰᠦ ᠨᠤᠭᠤᠭ᠎ᠠ ᠬᠠᠯᠢᠭᠤᠷᠠᠵᠦ᠂ ᠬᠤᠸᠠᠷ | ᠴᠡᠴᠡᠭ ᠦᠡᠭᠭᠡ ᠢᠯᠭᠠᠷᠠᠨ ᠲᠡᠯᠭᠡᠷᠡᠵᠦ᠂ ᠬᠦᠮᠦᠨ ᠠᠷᠠᠳ ᠨᠢ ᠪᠠᠶᠠᠰᠤᠯᠴᠠᠭᠰᠠᠨ ᠡᠳᠡᠭᠡᠳ ᠭᠤᠶᠣ᠃ ᠶᠤᠸᠠᠨ ᠤ | ᠳᠡᠭᠡᠲᠦ ᠨᠡᠶᠢᠰᠯᠡᠯ ᠤᠨ ᠪᠠᠭᠤᠷᠢ ᠳᠤ ᠱᠠᠩᠬᠠᠢ᠂ ᠭᠤᠸᠠᠩᠳᠦ᠋ᠩ᠂ ᠰᠧᠴᠣᠸᠠᠨ᠂ ᠪᠡᠭᠡᠵᠢᠩ ᠵᠡᠷᠬᠡ ᠭᠠᠵᠠᠷ | ᠣᠷᠣᠨ ᠠᠴᠠ ᠳᠣᠰᠬᠠᠶᠢᠯᠠᠨ ᠪᠠᠷᠠᠳᠠᠬᠤ ᠪᠠᠷ ᠢᠷᠡᠭᠰᠡᠨ ᠵᠤᠴᠢᠳ ᠵᠣᠭᠠᠴᠠᠭᠰᠠᠳ ᠮᠠᠰᠢ ᠤᠯᠠᠨ ᠪᠠᠶᠢᠵᠤ᠂ ᠪᠦᠷᠢᠨ | ᠪᠣᠰᠣ ᠪᠦᠷᠢᠳᠬᠡᠯ ᠢ ᠦᠨᠳᠦᠰᠦᠯᠡᠪᠡᠯ᠂ ᠰᠢᠯᠣᠭᠤᠨ ᠬᠦᠬᠡ ᠬᠤᠰᠢᠭᠤ ᠵᠣᠭᠠᠴᠠᠯ ᠤᠨ ᠬᠦᠭᠵᠢᠯᠲᠠᠢ ᠣᠯᠠᠷᠢᠯ ᠲᠤ | ᠡᠳᠦᠷ ᠤᠨ ᠲᠦᠮᠡ ᠭᠠᠷᠣᠢ ᠵᠣᠭᠠᠴᠠᠭᠴᠢ ᠶᠢ ᠬᠦᠯᠢᠶᠡᠨ ᠵᠤᠴᠢᠯᠠᠳᠠᠭ ᠪᠠᠶᠢᠨ᠎ᠠ᠃ | 1964 ᠤᠨ ᠠᠴᠠ ᠡᠬᠢᠯᠡᠵᠦ᠂ ᠳᠡᠬᠡᠲᠦ ᠨᠡᠶᠢᠰᠯᠡᠯ ᠤᠨ ᠪᠠᠭᠤᠷᠢ ᠨᠢ ᠣᠯᠣᠰ ᠪᠠ ᠣᠷᠣᠨ ᠤ ᠳᠡᠰ ᠤᠨ | ᠬᠠᠮᠠᠭᠠᠯᠠᠯᠳᠠ ᠶᠢᠨ ᠣᠷᠣᠨ ᠪᠠᠶᠢᠵᠤ᠂ 2012 ᠤᠨ ᠳᠤ ᠳᠡᠯᠡᠬᠡᠢ ᠶᠢᠨ ᠰᠣᠶᠣᠯ ᠤᠨ ᠦᠪ ᠢᠶᠠᠷ ᠠᠮᠵᠢᠯᠳᠠᠳᠠᠢ | ᠳᠡᠮᠳᠡᠭᠯᠡᠭᠳᠡᠭᠰᠡᠨ ᠪᠠᠶᠢᠨ᠎ᠠ᠃ 1992 ᠤᠨ ᠳᠤ᠂ ᠦᠪᠦᠷ ᠮᠣᠩᠭᠤᠯ ᠤᠨ ᠬᠠᠭᠤᠴᠢ ᠰᠣᠳᠣᠯᠤᠭᠠᠴᠢ ᠨᠠᠷ ᠨᠢ | ᠰᠢᠯᠢ ᠶᠢᠨ ᠭᠤᠣᠯ ᠠᠶᠢᠮᠠᠭ ᠤᠨ ᠳᠡᠣᠬᠡᠨ ᠳᠣᠷᠠᠰᠬᠠᠯᠲᠦ ᠵᠦᠢᠯᠡᠰ ᠢ ᠬᠠᠮᠠᠭᠠᠯᠠᠬᠤ ᠭᠠᠵᠠᠷ ᠲᠠᠢ ᠬᠠᠮᠳᠣᠷᠠᠵᠦ᠂ | ᠳᠡᠭᠡᠲᠦ ᠨᠡᠶᠢᠰᠯᠡᠯ ᠠᠴᠠ ᠪᠠᠷᠠᠭᠤᠨᠰᠢ ᠪᠠᠶᠢᠬᠤ ᠪᠣᠮᠪᠠᠨ ᠵᠠᠪᠰᠠᠷ ᠢ ᠠᠭᠤᠳᠠᠯᠯᠠᠨ ᠨᠡᠭᠡᠭᠡᠵᠦ᠂ ︽ᠮᠣᠩᠭᠤᠯ ᠬᠠᠭᠠᠳ | ᠤᠨ ᠳᠠᠬᠢᠯᠭ᠎ᠠ ᠶᠢᠨ ᠪᠠᠭᠤᠷᠢ ᠶᠢ ᠢᠯᠡᠷᠡᠬᠦᠯᠪᠡ︾ ᠭᠡᠵᠦ ᠨᠡᠶᠢᠳᠡᠯᠡᠪᠡ᠃ 1994 ᠤᠨ ᠲᠤ᠂ ᠲᠦᠪ ᠤᠨ | ᠵᠣᠭᠠᠴᠠᠯ ᠤᠨ ᠦᠢᠯᠡᠰ ᠤᠨ ᠳᠣᠪᠴᠢᠶ᠎ᠠ ᠪᠤᠯᠤᠨ ᠣᠯᠣᠰ ᠤᠨ ᠳᠡᠤᠬᠡ ᠳᠣᠷᠠᠰᠬᠠᠯ ᠤᠨ ᠳᠣᠪᠴᠢᠶ᠎ᠠ ︽1994 | ᠣᠨ ᠤ ᠳᠣᠮᠳᠠᠳᠦ ᠣᠯᠣᠰ ᠤᠨ ᠳᠡᠣᠬᠡ ᠳᠣᠷᠠᠰᠬᠠᠯ ᠬᠠᠭᠤᠴᠢ ᠪᠠᠭᠤᠷᠢ ᠶᠢᠨ ᠵᠣᠭᠠᠴᠠᠯ︾ ᠤᠨ ᠳᠣᠰᠬᠠᠢ | ᠬᠦᠳᠦᠯᠪᠦᠷᠢ ᠦᠷᠨᠢᠬᠦᠯᠬᠦ ᠠᠵᠢᠯᠯᠠᠭ᠎ᠠ ᠶᠢᠨ ᠬᠦᠰᠢᠬᠡ ᠶᠢ ᠪᠡᠬᠡᠵᠢᠩ ᠤᠨ ᠬᠠᠭᠠᠨ ᠤ ᠣᠷᠳᠣᠨ ᠳᠤ ᠨᠡᠬᠡᠬᠡᠵᠦ᠂ | ᠶᠤᠸᠠᠨ ᠤ ᠳᠡᠬᠡᠲᠦ ᠨᠡᠶᠢᠰᠯᠡᠯ ᠤᠨ ᠪᠠᠭᠤᠷᠢ ᠶᠢ 14 ᠵᠤᠷᠪᠣᠰ ᠵᠣᠭᠠᠴᠠᠯ ᠤᠨ ᠱᠣᠭᠤᠮ ᠤᠨ ᠨᠢᠬᠡ ᠪᠠᠷ᠂ ᠲᠠᠷᠦᠢ | 700 ᠭᠠᠷᠤᠢ ᠵᠢᠯ ᠤᠨ ᠡᠮᠦᠨ᠎ᠡ ᠮᠠᠷᠺᠤ ᠫᠣᠯᠣ ᠶᠢᠨ ᠳᠣᠮᠳᠠᠳᠦ ᠣᠯᠣᠰ ᠲᠤ ᠠᠶᠠᠯᠠᠭᠰᠠᠨ ᠠᠶᠠᠯᠠᠯ ᠤᠨ ᠡᠬᠢᠨ ᠤ | ᠴᠡᠭ ᠢᠶᠠᠷ ᠳᠣᠭᠳᠠᠭᠠᠵᠠᠢ᠃ ᠠᠶᠠᠯᠠᠯ ᠤᠨ ᠱᠣᠭᠤᠮ ᠨᠢ ᠮᠠᠷᠺᠤ ᠫᠣᠯᠣ ᠶᠢᠨ ᠵᠢᠭᠤᠯᠴᠢᠯᠠᠭᠰᠠᠨ ᠣᠯᠠ ᠮᠦᠷ ᠢ | ᠳᠠᠭᠠᠵᠦ ᠶᠣᠸᠠᠨ ᠤ ᠳᠡᠭᠡᠲᠦ ᠨᠡᠶᠢᠰᠯᠡᠯ ᠠᠴᠠ ᠡᠬᠢᠯᠡᠵᠦ᠂ ᠦᠪᠦᠷ ᠮᠣᠩᠭᠤᠯ — ᠪᠡᠬᠡᠵᠢᠩ — ᠱᠠᠨᠰᠢ — | ᠵᠢᠶᠠᠩᠰᠣ —ᠵᠧᠵᠢᠶᠠᠩ — ᠹᠦᠵᠢᠶᠡᠨ ᠵᠡᠷᠬᠡ 6 ᠮᠣᠵᠢ ᠣᠷᠣᠨ ᠢ ᠬᠠᠮᠣᠷᠣᠨ᠂ 30 ᠭᠠᠷᠣᠢ ᠵᠣᠭᠠᠴᠠᠯ ᠤᠨ | ᠴᠡᠭ ᠢ ᠲᠠᠮᠵᠢᠬᠤ ᠪᠣᠯᠣᠨ᠎ᠠ᠃ ᠵᠤᠭᠠᠴᠠᠯ ᠤᠨ ᠱᠤᠭᠤᠮ ᠨᠡᠪᠳᠡᠷᠡᠭᠰᠡᠨ ᠠᠴᠠ ᠵᠤᠭᠠᠴᠠᠨ ᠲᠤᠭᠤᠷᠢᠬᠤ ᠬᠦᠰᠡᠯ ᠲᠠᠢ | ᠬᠦᠮᠦᠰ ᠲᠤ ᠲᠦᠬᠦᠮ ᠪᠤᠯᠵᠦ᠂ ᠵᠦᠭ ᠵᠦᠭ ᠠᠴᠠ ᠵᠤᠭᠠᠴᠠᠭᠰᠠᠳ ᠶᠤᠸᠠᠨ ᠤ ᠲᠡᠭᠡᠳᠦ ᠨᠡᠶᠢᠰᠯᠡᠯ ᠢ ᠵᠤᠷᠢᠨ | ᠢᠷᠡᠬᠦ ᠪᠤᠯᠵᠠᠢ᠃ | ᠳᠡᠭᠡᠲᠦ ᠨᠡᠶᠢᠰᠯᠡᠯ ᠢ ᠬᠤᠯᠠ ᠠᠴᠠ ᠬᠠᠷᠠᠬᠤ ᠳᠤ᠂ ᠭᠠᠳᠠᠷ ᠬᠤᠳᠠ᠂ ᠳᠣᠳᠣᠷ ᠬᠤᠳᠠ᠂ ᠣᠷᠳᠣᠨ | ᠬᠤᠳᠠᠭᠡᠵᠦ ᠭᠤᠷᠪᠠᠨ ᠬᠤᠳᠠ ᠪᠠᠷ ᠪᠦᠷᠢᠯᠳᠦᠭᠰᠡᠨ ᠨᠢ ᠢᠯᠡᠬᠡᠨ᠃ ᠲᠡᠭᠡᠳᠦ ᠨᠡᠶᠢᠰᠯᠡᠯ ᠢᠶᠠᠷ | ᠵᠤᠭᠠᠴᠠᠨᠲ᠋ᠤᠭᠤᠷᠢᠬᠤ ᠳᠤ ᠶᠣᠸᠠᠨ ᠤ ᠳᠡᠭᠡᠲᠦ ᠨᠡᠶᠢᠰᠯᠡᠯ ᠤᠨ ᠪᠠᠭᠤᠷᠢ ᠶᠢᠨ ᠮᠥᠽᠸᠢ ᠶᠢᠨ ᠡᠳᠡᠬᠡᠳ | ᠭᠠᠶᠢᠬᠠᠮᠰᠢᠬᠲᠦ ᠪᠠᠷᠢᠯᠭ᠎ᠠ ᠪᠢᠳᠡᠨ ᠤ ᠠᠩᠬᠠᠷᠣᠯ ᠢ ᠤᠨᠴᠠᠭᠠᠶᠢᠢᠯᠠᠨᠲ᠋ᠠᠳᠠᠯᠠ᠃ ᠳᠣᠰ ᠮᠦᠽᠸᠢ ᠨᠢ ᠳᠡᠬᠡᠲᠦ | ᠨᠡᠶᠢᠰᠯᠡᠯ ᠤᠨ ᠪᠠᠭᠤᠷᠢ ᠠᠴᠠ ᠡᠮᠦᠨᠡᠰᠢ 5 ᠺᠢᠯᠤᠮᠧᠲᠷ ᠣᠷᠴᠢᠮ ᠤᠨ ᠣᠯᠠᠭᠠᠨᠳᠠᠢ ᠣᠪᠣᠭ᠎ᠠ ᠶᠢᠨ ᠵᠡᠬᠦᠨ | ᠡᠩᠬᠡᠷ ᠲᠤ ᠪᠠᠶᠢᠷᠢᠯᠠᠵᠦ᠂ ᠠᠭᠤᠯᠠ ᠶᠢ ᠨᠦᠬᠡᠯᠡᠵᠦ ᠪᠠᠶᠢᠷᠢᠰᠢᠭᠰᠠᠨ ᠨᠢ ᠭᠠᠶᠢᠬᠠᠯᠳᠠᠢ᠃ ᠳᠣᠰ ᠮᠦᠽᠸᠢ ᠶᠢᠨ | ᠳᠠᠯᠠᠪᠠᠢ ᠨᠢ 6991 ᠬᠠᠪᠳᠠᠭᠠᠢ ᠲᠦᠷᠪᠡᠯᠵᠢᠨ ᠮᠧᠲᠷ ᠪᠠᠶᠢᠵᠤ᠂ ᠮᠦᠽᠸᠢ ᠳᠣᠳᠣᠷ᠎ᠠ ᠣᠷᠴᠢᠮ ᠤᠨ ᠵᠢᠯ ᠤᠨ | ᠠᠭᠤᠳᠠᠯᠯᠠᠵᠦ ᠭᠠᠷᠭᠠᠭᠰᠠᠨ ᠪᠠᠷᠢᠯᠭ᠎ᠠ ᠶᠢᠨ ᠸᠠᠭᠠᠷ ᠳᠣᠭᠤᠰᠬᠠᠨ ᠦᠯᠡᠳᠡᠭᠳᠡᠯ᠂ ᠳᠣᠬᠠᠢ ᠶᠢᠨ ᠦᠶ᠎ᠡ ᠶᠢᠨ | ᠮᠣᠩᠭᠤᠯᠴᠣᠳ ᠤᠨ ᠠᠮᠢᠳᠣᠷᠠᠯ ᠤᠨ ᠭᠡᠷᠡᠭᠰᠡᠯ᠂ ᠪᠦᠰᠡᠬᠦ᠋ᠢᠴᠣᠳ ᠤᠨ ᠠᠯᠳᠠ ᠮᠦᠩᠬᠦᠨ ᠵᠠᠰᠠᠯ ᠵᠢᠮᠰᠡᠭ᠂ ᠮᠣᠷᠢᠨ | ᠤ ᠡᠳ᠋ᠯᠡᠯ ᠵᠡᠷᠬᠡ ᠶᠢ ᠥᠷᠦᠵᠦ ᠲᠠᠯᠪᠢᠵᠠᠢ᠃ ᠲᠤᠭᠤᠷᠢᠨ ᠵᠤᠭᠠᠴᠠᠭᠰᠠᠳ ᠠᠳᠡ ᠠᠴᠠ ᠶᠣᠸᠠᠨ ᠣᠯᠣᠰ ᠤᠨᠦᠶ᠎ᠡ | ᠶᠢᠨ ᠮᠠᠨᠳᠣᠯ ᠳᠣᠷᠦ᠋ᠢᠳᠠᠯ ᠬᠢᠬᠡᠳ ᠶᠣᠸᠠᠨ ᠣᠯᠣᠰ ᠤᠨ ᠣᠯᠣᠰ ᠲᠦᠷᠦ ᠶᠢᠨ ᠨᠣᠶᠠᠷᠬᠠᠯ᠂ ᠴᠡᠷᠢᠭ ᠤᠨ ᠶᠠᠪᠣᠳᠠᠯ | ᠤᠨ ᠬᠤᠷᠢᠭᠯᠠᠯᠳᠠ᠂ ᠠᠵᠦ ᠠᠬᠤᠢ ᠶᠢᠨ ᠬᠦᠭᠵᠢᠯᠳᠡ᠂ ᠣᠯᠠᠨ ᠡᠰᠢᠴᠢᠯᠡᠭᠰᠡᠨ ᠰᠣᠶᠣᠯ ᠤᠨ ᠤᠨᠴᠠᠯᠢᠭ ᠢ ᠤᠯᠵᠦ | ᠬᠠᠷᠠᠬᠤ ᠪᠤᠯᠤᠨ᠎ᠠ᠃ | | | | ᠵᠣᠭᠠᠴᠠᠭᠰᠠᠳ ᠶᠣᠸᠠᠨ ᠤ ᠲᠡᠭᠡᠳᠣ ᠨᠡᠶᠢᠰᠯᠡᠯ ᠤᠨ ᠪᠠᠭᠤᠷᠢ ᠪᠠᠷ ᠲᠣᠭᠤᠷᠢᠵᠣ ᠪᠠᠶᠢᠭ᠎ᠠ ᠨᠢ ︵ᠣᠨᠴᠠ | ᠣᠷᠢᠭᠰᠠᠨ ᠰᠣᠷᠪᠣᠯᠵᠢᠯᠠᠭᠴᠢ ᠠᠯᠳᠠᠨᠰᠣᠪᠣᠳ ᠰᠡᠭᠦᠳᠡᠷᠯᠡᠪᠡ︶ | | | | | | |