ᠬᠥᠬᠡᠬᠤᠳᠠ ᠶᠢᠨ ᠲᠡᠣᠬᠡ ᠰᠣᠶᠤᠯ ᠤᠨ ᠮᠥᠷᠳᠡᠯᠭᠡ
ᠨᠡᠶᠢᠲᠡᠯᠡᠭᠰᠡᠨ ᠴᠠᠭ᠄
2016/8/5
                               ᠵᠣᠬᠢᠶᠠᠭᠴᠢ᠄ ᠪᠣᠷᠵᠤᠤ       ᠦᠨᠢᠷ ᠪᠠᠶᠠᠯᠢᠭ ᠦᠪᠦᠷ ᠮᠤᠩᠭᠤᠯ ᠤᠨ ᠦᠨᠳᠦᠷᠯᠢᠭ ᠲᠤ ᠨᠤᠳᠤᠭᠰᠢᠨ ᠰᠠᠭᠤᠭᠰᠠᠨ ᠦᠨᠳᠦᠰᠦᠳᠠᠨ ᠨᠦᠭᠦᠳ ᠤᠨ ᠠᠷᠠᠳ ᠲᠦᠮᠡᠨ᠂ ᠤᠶᠤᠨ ᠰᠠᠨᠠᠭᠠᠨ ᠤ ᠲᠦᠰᠢᠭ ᠪᠤᠯᠤᠭᠰᠠᠨ ᠦᠪᠦᠷ ᠮᠤᠩᠭᠤᠯ ᠤᠨ ᠤᠢᠪᠡᠷᠳᠡᠭᠡᠨ ᠵᠠᠰᠠᠬᠤ ᠤᠷᠤᠨ ᠤ ᠲᠦᠪ ᠬᠦᠬᠡᠬᠤᠲᠠ ᠪᠠᠨ ᠬᠠᠷᠠᠬᠤ ᠨᠢᠳᠦᠨ ᠤ ᠪᠠᠨ ᠴᠡᠴᠡᠬᠡᠢ ᠮᠡᠲᠦ ᠬᠠᠶᠢᠷᠠᠯᠠᠨ ᠬᠠᠮᠠᠭᠠᠯᠠᠵᠤ ᠢᠷᠡᠭᠰᠡᠨ ᠶᠤᠮ᠃ ᠬᠦᠬᠡᠬᠤᠲᠠ ᠨᠢ ᠡᠷᠲᠡ ᠳᠡᠭᠡᠲᠦ ᠠᠴᠠ ᠪᠠᠨ ᠭᠠᠵᠠᠷ ᠨᠤᠲᠤᠭ ᠦᠩ ᠰᠢᠮᠡᠯᠢᠭ᠂ ᠤᠰᠤ ᠪᠡᠯᠴᠢᠭᠡᠷ ᠡᠯᠪᠡᠭ ᠰᠠᠶᠢᠬᠠᠨ ᠤᠷᠤᠨ ᠪᠢᠯᠡ᠃ ᠬᠦᠬᠡᠬᠤᠲᠠ ᠶᠢᠨ ᠲᠤᠬᠠᠢ ᠡᠷᠳᠡᠮᠳᠡᠨ ᠨᠠᠷ ᠤᠨ ᠰᠢᠨᠵᠢᠯᠡᠨ ᠰᠤᠳᠤᠯᠤᠭᠰᠠᠨ ᠢᠶᠠᠷ ᠪᠤᠯ ᠠᠯᠢ ᠡᠷᠳᠡ ᠬᠡᠳᠤᠨ ᠲᠦᠮᠡᠨ ᠤᠨ ᠤ ᠡᠮᠦᠨ᠎ᠡ᠂ ᠮᠠᠨ ᠤ ᠠᠵᠢᠯᠴᠢ ᠬᠦᠳᠡᠯᠮᠦᠷᠢᠴᠢ ᠡᠯ᠎ᠡ ᠤᠢᠨᠳᠤᠰᠤᠲᠡᠨ ᠤ ᠡᠪᠦᠭᠡ ᠳᠡᠭᠡᠳᠦᠰ ᠳᠤᠰ ᠭᠠᠵᠠᠷ ᠲᠤ ᠠᠮᠢᠳᠤᠷᠠᠨ ᠨᠤᠲᠤᠭᠰᠢᠵᠦ᠂ ᠠᠵᠦ ᠲᠦᠷᠦᠨ᠂ ᠦᠷᠡᠵᠢᠨ ᠦᠰᠴᠦ ᠪᠠᠶᠢᠭᠰᠠᠨ ᠢ ᠲᠤᠳᠤᠯᠤᠭᠰᠠᠨ ᠪᠠᠶᠢᠨ᠎ᠠ᠃ ᠰᠡᠭᠦᠯᠴᠢ ᠦᠶ᠎ᠡ ᠶᠡᠭᠡ ᠲᠦᠯᠦᠪ ᠨᠡᠶᠢᠲᠡ ᠶᠢᠨ ᠤᠨ ᠲᠤᠭᠠᠯᠠᠯ ᠤᠨ 2000 ᠢᠯᠡᠭᠦᠦ ᠵᠢᠯ ᠳᠤ ᠮᠠᠨ ᠤ ᠤᠯᠤᠰ ᠤᠨ ᠤᠮᠠᠷᠠᠲᠦ ᠶᠢᠨ ᠨᠡᠭᠦᠳᠠᠯᠴᠢᠨ ᠮᠠᠯᠴᠢᠨ ᠦᠨᠳᠦᠰᠦᠲᠡᠨ ᠨᠦᠭᠦᠳ ᠠᠮᠢᠳᠤᠷᠠᠵᠦ ᠪᠠᠶᠢᠭᠰᠠᠨ ᠴᠢᠬᠤᠯᠠ ᠭᠠᠵᠠᠷ ᠭᠡᠵᠡᠢ᠃ ᠪᠠᠶᠢᠯᠳᠤᠭᠠᠲᠦ ᠤᠯᠤᠰ ᠤᠨ ᠦᠶ᠎ᠡ ᠳᠤ ᠬᠦᠷᠴᠦ ᠢᠷᠡᠭᠡᠳ ᠲᠤᠬᠠᠢ ᠶᠢᠨ ᠦᠶ᠎ᠡ ᠶᠢᠨ ᠵᠤᠤ ᠦ᠋ ᠯᠢᠩ ᠸᠠᠩ ᠬᠦᠬᠡᠬᠤᠲᠠ ᠶᠢᠨ ᠲᠠᠯ᠎ᠠ ᠭᠠᠵᠠᠷ ᠲᠤ ᠶᠦᠨ ᠵᠦᠩ ᠵᠢᠶᠦ᠋ᠨ ︵云中郡︶ ᠭᠡᠵᠦ ᠪᠠᠶᠢᠭᠤᠯᠪᠠ᠃ ᠵᠤᠤ ᠦ᠋ ᠯᠢᠩ ᠸᠠᠩ ᠤᠨ ᠪᠠᠶᠢᠭᠤᠯᠤᠭᠰᠠᠨ ᠶᠦᠨ ᠵᠦᠩ ᠵᠢᠶᠦ᠋ᠨ ᠨᠢ ᠮᠠᠰᠢ ᠦᠷᠭᠡᠨ ᠬᠡᠪᠴᠢᠶᠡᠨ ᠤ ᠭᠠᠵᠡᠷ ᠨᠤᠲᠤᠭ ᠢ ᠬᠠᠮᠢᠶᠠᠷᠴᠦ ᠪᠠᠶᠢᠵᠠᠢ᠃ ᠲᠡᠷᠡ ᠨᠢ ᠡᠮᠦᠨᠡᠰᠢ ᠪᠠᠨ ᠤᠳᠤ ᠶᠢᠨ ᠤᠷᠲᠦ ᠴᠠᠭᠠᠨ ᠬᠡᠷᠡᠮ ᠬᠦᠷᠴᠦ ᠤᠮᠠᠷᠠᠰᠢ ᠪᠠᠨ ᠮᠤᠨᠢ ᠠᠭᠤᠯᠠ ᠶᠢᠨ ᠠᠷᠦ ᠲᠤᠯᠤᠨ᠂ ᠪᠠᠷᠠᠭᠤᠨᠰᠢ ᠪᠠᠨ ᠬᠠᠳᠤᠨ ᠭᠤᠤᠯ ᠤᠨ ᠬᠦᠪᠡᠭᠡ ᠬᠦᠷᠴᠦ ᠪᠠᠶᠢᠪᠠ᠃ ᠴᠢᠨ᠂ ᠬᠠᠨ ᠤ ᠦᠶ᠎ᠡ ᠳᠤ ᠴᠦ ᠡᠮᠦᠨ᠎ᠡ ᠤᠮᠠᠷ᠎ᠠ ᠨᠡᠯᠢᠶᠡᠳ ᠡᠶ᠎ᠡ ᠡᠪ ᠲᠠᠢ ᠪᠠᠶᠢᠵᠦ ᠡᠯ᠎ᠡ ᠦᠨᠳᠦᠰᠦᠲᠡᠨ ᠤ ᠠᠶᠢᠮᠠᠭ ᠪᠦᠯᠦᠭ ᠤᠨ ᠠᠷᠠᠳ ᠲᠦᠮᠡᠨ ᠪᠦᠯᠬᠦᠮᠳᠡᠨ ᠨᠢᠭᠲᠡᠷᠡᠨ᠂ ᠠᠵᠦ ᠠᠬᠤᠢ᠂ ᠤᠳᠬ᠎ᠠ ᠰᠤᠶᠤᠯ ᠵᠡᠷᠭᠡ ᠤᠯᠠᠨ ᠲᠠᠯ᠎ᠠ ᠶᠢᠨ ᠬᠠᠷᠢᠴᠠᠭ᠎ᠠ ᠬᠤᠯᠪᠤᠭ᠎ᠠ ᠤᠯᠠᠮ ᠰᠠᠶᠢᠵᠢᠷᠠᠨ᠂ ᠠᠵᠦ ᠦᠢᠯᠡᠳᠪᠦᠷᠢᠯᠡᠯ ᠴᠦ ᠬᠦᠭᠵᠢᠶᠡᠨ ᠲᠠᠢ ᠪᠤᠯᠤᠭᠰᠠᠨ ᠪᠠᠶᠢᠯ᠎ᠠ᠃ ᠲᠡᠤᠬᠡ ᠶᠢᠨ ᠰᠤᠷᠪᠤᠯᠵᠢ ᠪᠢᠴᠢᠭ ᠠᠴᠠ ᠬᠢᠨᠠᠨ ᠦᠵᠡᠪᠡᠯ ᠡᠨᠡᠬᠦ ᠪᠠᠶᠢᠳᠠᠯ ᠨᠢ ᠪᠠᠷᠤᠭ ᠭᠤᠷᠪᠠᠨ ᠵᠠᠭᠤ ᠰᠢᠬᠠᠮ ᠵᠢᠯ ᠦᠷᠭᠦᠯᠵᠢᠯᠡᠭᠰᠠᠨ ᠲᠦᠯᠦᠪ ᠲᠠᠢ᠂ ᠡᠨᠡ ᠬᠤᠭᠤᠷᠤᠨᠲᠦ ᠬᠦᠬᠡᠬᠤᠲᠡ ᠤᠷᠤᠨ ᠳᠤ ᠡᠯ᠎ᠠ ᠠᠶᠢᠮᠠᠭ ᠪᠦᠯᠦᠭ ᠪᠠ ᠦᠨᠳᠦᠰᠦᠲᠡᠨ ᠨᠦᠭᠦᠳ ᠰᠠᠭᠤᠷᠢᠰᠢᠨ ᠰᠠᠭᠤᠵᠦ ᠪᠠᠶᠢᠭᠰᠠᠨ ᠪᠦᠭᠡᠳ ᠰᠢᠶᠠᠨᠪᠢ ᠶᠢᠨ ᠲᠦᠸᠧ ᠪᠠ ᠪᠦᠯᠦᠭ ᠤᠨ ᠨᠤᠶᠠᠷᠬᠠᠵᠦ ᠪᠠᠶᠢᠭᠰᠠᠨ ᠬᠤᠭᠤᠴᠠᠭ᠎ᠠ ᠨᠢ ᠬᠠᠮᠤᠭ ᠠᠴᠠ ᠤᠷᠲᠦ ᠪᠠᠶᠢᠵᠠᠢ᠃ ᠳᠡᠭᠡᠷᠡᠬᠢ ᠮᠡᠲᠦ ᠪᠠᠷ ᠬᠦᠬᠡᠬᠤᠲᠠ ᠤᠷᠤᠨ ᠨᠢ ᠲᠡᠤᠬᠡ ᠶᠢᠨ ᠤᠷᠲᠦ ᠤᠳᠠᠭᠠᠨ ᠬᠤᠭᠤᠴᠠᠭᠠᠨ ᠤ ᠬᠦᠭᠵᠢᠯᠲᠡ ᠶᠢ ᠳᠠᠭᠠᠯᠳᠤᠨ᠂ ᠡᠯ᠎ᠡ ᠲᠦᠷᠦ ᠭᠦᠷᠦᠨ ᠤ ᠦᠶ᠎ᠡ ᠳᠤ ᠬᠡᠷᠬᠢᠨ ᠬᠦᠭᠵᠢᠵᠦ ᠢᠷᠡᠭᠰᠡᠨ ᠲᠤᠬᠠᠢ ᠲᠦᠢᠮᠦ ᠳᠤᠷᠠᠳᠦᠨ ᠲᠡᠦᠬᠡ ᠰᠤᠶᠤᠯ ᠤᠨ ᠦᠪ ᠬᠦᠷᠦᠩᠭᠡ ᠪᠤᠯᠭᠠᠨ ᠦᠯᠡᠳᠡᠭᠡᠶ᠎ᠡ᠃       ᠴᠢᠨ ᠤᠯᠤᠰ ᠤᠨ ᠦᠶ᠎ᠡ ᠤᠨ ᠲᠤᠭᠠᠯᠠᠯ ᠤᠨ ᠡᠮᠦᠨ᠎ᠡ 221 — 207 ᠤᠨ᠄ ᠴᠢᠨ ᠱᠢ ᠬᠤᠸᠠᠩ ᠤᠨ ᠠᠷᠪᠠᠨ ᠭᠤᠷᠪᠠᠳᠤᠭᠠᠷ ᠤᠨ ᠳᠤ ᠵᠢᠷᠭᠤᠭᠠᠨ ᠤᠯᠤᠰ ᠢ ᠨᠢᠭᠡᠳᠭᠡᠨ ᠭᠤᠴᠢᠨ ᠵᠢᠷᠭᠤᠭᠠᠨ ᠵᠢᠶᠦ᠋ᠨ ᠢ ᠪᠠᠶᠢᠭᠤᠯᠬᠤ ᠳᠤ ᠶᠦᠨ ᠵᠦᠩ ᠵᠢᠶᠦ᠋ᠨ ᠨᠢ ᠡᠨᠡ ᠭᠤᠴᠢᠨ ᠵᠢᠷᠭᠤᠭᠠᠨ ᠵᠢᠶᠦ᠋ᠨ ᠤ ᠨᠢᠭᠡ ᠨᠢ ᠪᠤᠯᠪᠠ᠃ ᠲᠡᠭᠡᠭᠡᠳ ᠡᠳᠦᠭᠡ ᠶᠢᠨ ᠬᠦᠬᠡᠬᠤᠲᠠ ᠶᠢᠨ ᠲᠡᠭᠦᠷᠭᠡ ᠶᠢᠨ ᠬᠡᠰᠡᠭ ᠭᠠᠵᠠᠷ ᠪᠠ ᠲᠤᠭᠳᠠᠬᠤ ᠰᠢᠶᠠᠨ᠂ ᠲᠦᠮᠡᠳ ᠤᠨ ᠬᠤᠶᠠᠷ ᠬᠤᠰᠢᠭᠤ ᠪᠠᠷ ᠭᠤᠤᠯ ᠭᠠᠵᠠᠷ ᠪᠤᠯᠭᠠᠵᠠᠢ᠃ ᠵᠢᠶᠦ᠋ᠨ ᠤ ᠵᠠᠬᠢᠷᠭ᠎ᠠ ᠨᠢ ᠡᠳᠦᠭᠡ ᠶᠢᠨ ᠲᠤᠭᠲᠠᠬᠤ ᠰᠢᠶᠠᠨ ᠤ ᠭᠦ᠋ ᠴᠧᠩ ᠭᠠᠴᠠᠭ᠎ᠠ ᠳᠤ ᠪᠠᠶᠢᠪᠠ᠃      ᠬᠠᠨ ᠤᠯᠤᠰ ᠤᠨ ᠦᠶ᠎ᠡ ᠳᠤ ᠤᠨ ᠲᠤᠭᠠᠯᠠᠯ ᠤᠨ ᠡᠮᠦᠨ᠎ᠡ 206 ᠤᠨ ᠠᠴᠠ 220 ᠤᠨ᠄ ᠬᠠᠨ ᠤᠯᠤᠰ ᠤᠨ ᠴᠦ᠋ ᠶᠤᠸᠠᠨ ᠤ ᠠᠩᠬᠠᠨ ᠤ ᠤᠨ ᠳᠤ ᠶᠦᠨ ᠵᠦᠩ ᠵᠢᠶᠦ᠋ᠨ ᠤᠷᠤᠨ ᠳᠤ ᠭᠠᠩ ᠭᠠᠮᠰᠢᠭ ᠪᠤᠯᠤᠭᠰᠠᠨ ᠳᠤ ᠾᠦᠩᠨᠦ ᠪᠦᠯᠦᠭ ᠤᠨ ᠲᠦᠷᠦᠭᠦᠦ ᠪᠢᠴᠢᠭ ᠳᠡᠪᠰᠢᠭᠦᠯᠦᠨ ᠭᠠᠴᠢᠭᠳᠠᠯ ᠢ ᠳᠡᠮᠵᠢᠭᠦᠯᠭᠦ ᠪᠠᠷ ᠭᠤᠶᠤᠴᠢᠯᠠᠪᠠ᠃ ᠲᠤᠬᠠᠢ ᠶᠢᠨ ᠦᠶ᠎ᠡ ᠶᠢᠨ ᠬᠠᠨ ᠤᠯᠤᠰ ᠤᠨ ᠡᠵᠡᠨ ᠳᠠᠷᠤᠢ ᠳᠤᠨᠢ ᠵᠠᠷᠯᠢᠭ ᠪᠠᠭᠤᠯᠭᠠᠨ ᠶᠦᠨ ᠵᠦᠩ ᠵᠢᠶᠦ᠋ᠨ ᠪᠠ ᠦ᠋ ᠶᠤᠸᠠᠨ ᠵᠢᠶᠦ᠋ᠨ ᠳᠤ ᠤᠯᠤᠰ ᠤᠨ ᠰᠠᠩ ᠠᠴᠠ ᠪᠤᠳᠠᠭ᠎ᠠ ᠬᠤᠶᠠᠷ ᠲᠦᠮᠡᠨ ᠳ᠋ᠧᠦ ᠭᠠᠷᠭᠠᠵᠦ ᠭᠠᠮᠰᠢᠭᠳᠠᠭᠰᠠᠨ ᠠᠷᠠᠳ ᠢ ᠲᠤᠰᠠᠯᠠᠪᠠ᠃ ᠶᠦᠨ ᠵᠦᠩ ᠵᠢᠶᠦ᠋ᠨ ᠤ ᠭᠠᠮᠰᠢᠭᠳᠠᠭᠰᠠᠨ ᠪᠤᠲᠠᠲᠠᠢ ᠴᠠᠭ ᠬᠤᠭᠤᠴᠠᠭ᠎ᠠ ᠪᠠᠷᠤᠭ ᠨᠡᠶᠢᠲᠡ ᠶᠢᠨ ᠤᠨ ᠲᠤᠭᠠᠯᠠᠯ ᠤᠨ ᠡᠮᠦᠨ᠎ᠡ 48 ᠤᠨ ᠤ ᠤᠷᠴᠢᠮ᠃ ᠬᠠᠨ ᠤᠯᠤᠰ ᠤᠨ ᠵᠢᠩ ᠨᠢᠩ ᠤᠨ ᠤᠨ ︵ᠤᠨ ᠲᠤᠭᠠᠯᠠᠯ ᠤᠨ ᠡᠮᠦᠨ᠎ᠡ 33 ᠤᠨ︶᠎ ᠤ ᠴᠠᠭᠠᠨ ᠰᠠᠷ᠎ᠠ ᠾᠦᠩᠨᠦ ᠪᠦᠯᠦᠭ ᠤᠨ ᠬᠢᠨ ᠢᠤᠢ ᠦᠪᠡᠷ ᠤᠨ ᠪᠡᠶ᠎ᠡ ᠪᠠᠷ ᠢᠶᠠᠨ ᠬᠠᠨ ᠤᠯᠤᠰ ᠤᠨ ᠨᠡᠶᠢᠰᠯᠡᠯ ᠳᠤ ᠬᠦᠷᠴᠦ ᠬᠠᠨ ᠤ ᠲᠦᠷᠦ ᠶᠢᠨ ᠡᠵᠡᠨ ᠲᠠᠢ ᠪᠠᠷᠠᠭᠠᠳᠠᠪᠠ᠃ ᠲᠡᠭᠡᠭᠡᠳ ᠬᠠᠨ ᠤ ᠡᠵᠡᠨ ᠤᠷᠳᠤᠨ ᠤ ᠸᠠᠩ ᠤᠪᠤᠭᠲᠤ ᠨᠤᠶᠡᠨᠲᠠᠨ ᠤ ᠦᠬᠢᠨ ᠸᠠᠩ ᠵᠤᠤ ᠵᠢᠶᠦ᠋ᠨ ᠢ ᠶᠡᠭᠡ ᠴᠠᠨ ᠢᠤᠢ ᠳᠤ ᠤᠷᠤᠭᠯᠠᠨ ᠦᠭᠭᠦᠬᠦ ᠪᠠᠷ ᠪᠤᠯᠪᠠ᠃ ᠡᠨᠡ ᠦᠶ᠎ᠡ ᠠᠴᠠ ᠡᠬᠢᠯᠡᠨ ᠾᠦᠩᠨᠦ ᠪᠤᠯᠤᠨ ᠬᠠᠨ ᠤᠯᠤᠰ ᠤᠷᠤᠭ ᠰᠠᠲᠦᠨ ᠪᠤᠯᠤᠭᠰᠠᠨ ᠠᠴᠠ ᠶᠦᠨ ᠵᠦᠩ ᠵᠢᠶᠦ᠋ᠨ ᠪᠠ ᠤᠮᠠᠷᠠᠲᠦ ᠬᠢᠯᠢ ᠬᠢᠵᠠᠭᠠᠷ ᠤᠷᠤᠨ ᠪᠠᠭ᠋ᠠᠨ ᠲᠤᠭᠳᠠᠭᠤᠨ ᠰᠢᠬ ᠪᠠᠶᠢᠳᠠᠯ ᠲᠠᠢ ᠪᠤᠯᠵᠠᠢ᠃ ᠡᠨᠡ ᠮᠡᠲᠦ ᠤᠴᠢᠷ ᠨᠢ ᠡᠷᠲᠡᠨ ᠤ ᠲᠡᠤᠬᠡ᠂ ᠡᠳᠦᠭᠡ ᠶᠢᠨ ᠴᠠᠭ ᠦᠶ᠎ᠡ ᠪᠤᠯᠲᠠᠯ᠎ᠠ ᠦᠷᠭᠡᠨ ᠲᠦᠮᠡᠨ ᠤ ᠰᠠᠶᠢᠬᠠᠨ ᠵᠤᠭᠤᠭ ᠪᠤᠯᠤᠭᠰᠠᠨ ᠪᠠᠶᠢᠨ᠎ᠠ᠃      ᠤᠮᠠᠷᠠᠲᠦ ᠸᠧᠢ ᠤᠯᠤᠰ ᠤᠨ ᠦᠶ᠎ᠡ ᠤᠮᠠᠷᠠᠲᠦ ᠸᠧᠢ ᠤᠯᠤᠰ ᠤᠨ ᠱᠧᠨ ᠷᠦᠢ ᠬᠠᠭᠠᠨ ᠤ ᠬᠤᠶᠠᠷ ᠤᠨ ᠤ ︵ᠤᠨ ᠲᠤᠭᠠᠯᠠᠯ ᠤᠨ 415 — 416 ᠤᠨ︶ ᠨᠠᠢᠮᠠᠨ ᠰᠠᠷ᠎ᠠ ᠳᠤ ᠮᠤᠷᠢᠲᠦ ᠴᠡᠷᠢᠭ ᠶᠦᠨ ᠵᠦᠩ ᠵᠢᠶᠦ᠋ᠨ ᠢ ᠳᠠᠭᠠᠷᠢᠨ ᠪᠠᠶᠢᠯᠳᠦᠵᠦ ᠱᠧᠩ ᠯᠢ ︵ᠱᠧᠩ ᠯᠧ ᠤᠳᠦ ᠶᠢᠨ ᠬᠤᠷᠢᠨ ᠭᠡᠷ ᠰᠢᠶᠠᠨ ᠤ ᠲᠦ᠋ ᠴᠧᠩ ᠲᠤᠰᠬᠤᠨ︶ ᠤᠷᠳᠤᠨ ᠢ ᠡᠵᠡᠯᠡᠪᠡ᠃ ᠡᠭᠦᠨ ᠳᠤ ᠱᠢᠽᠦ ᠲᠦᠸᠧ ᠪᠠ ᠲᠤᠤ ᠦᠪᠡᠷ ᠤᠨ ᠪᠡᠶ᠎ᠡ ᠪᠠᠷ ᠢᠶᠠᠷ ᠴᠡᠷᠢᠭ ᠢ ᠳᠠᠶᠢᠴᠢᠯᠠᠨ ᠷᠦ᠋ ᠷᠦ᠋ ᠪᠦᠯᠦᠭ ᠢ ᠤᠭᠲᠦᠨ ᠪᠠᠶᠢᠯᠳᠤᠵᠦ ᠶᠦᠨ ᠵᠦᠩ ᠵᠢᠶᠦ᠋ᠨ ᠠᠴᠠ ᠤᠬᠤᠷᠢᠭᠤᠯᠪᠠ᠃  ᠤᠮᠠᠷᠠᠲᠦ ᠸᠧᠢ ᠤᠯᠤᠰ ᠤᠨ ᠶᠠᠨ ᠰᠢᠩ ᠤᠨ ᠠᠩᠬᠠᠨ ᠤ ᠤᠨ ︵ᠤᠨ ᠲᠤᠭᠠᠯᠠᠯ ᠤᠨ 471 — 475 ᠤᠨ︶᠎ ᠳᠤ ᠴᠧ ᠯᠧ ᠪᠦᠯᠦᠭ ᠳᠠᠯᠠᠨ ᠬᠠᠷ᠎ᠠ ᠶᠢᠨ ᠡᠮᠦᠨᠡᠬᠢ ᠲᠠᠯ᠎ᠠ ᠭᠠᠵᠠᠷ᠂ ᠡᠳᠦᠭᠡ ᠶᠢᠨ ᠬᠦᠬᠡᠬᠤᠲᠠ ᠶᠢᠨ ᠤᠶᠢᠷ᠎ᠠ ᠬᠠᠪᠢ ᠪᠠᠷ ᠮᠠᠯ ᠮᠠᠯᠵᠢᠨ ᠨᠤᠳᠤᠭᠰᠢᠨ ᠡᠬᠢᠯᠡᠪᠡ᠃ ᠲᠡᠭᠡᠭᠡᠳ ᠬᠦᠬᠡᠬᠤᠲᠠ ᠨᠢ ᠤᠮᠠᠷᠠᠲᠦ ᠸᠧᠢ ᠤᠯᠤᠰ ᠤᠨ ᠬᠤᠶᠢᠲᠦ ᠬᠢᠯᠢ ᠪᠤᠯᠵᠦ᠂ ᠤᠯᠠᠨ ᠠᠷᠪᠢᠨ ᠮᠠᠯᠵᠢᠯ ᠠᠮᠢᠳᠦᠷᠠᠯ ᠢᠶᠠᠷ ᠨᠢ ᠬᠦᠬᠡᠬᠤᠲᠠ ᠤᠷᠤᠨ ᠢ ᠪᠠᠰᠠ ︽ᠴᠡᠯᠡᠭᠡᠷ ᠲᠠᠯ᠎ᠠ︾ ᠭᠡᠵᠦ ᠳᠠᠭᠤᠳᠠᠵᠦ ᠪᠠᠶᠢᠵᠠᠢ᠃ ᠤᠨ ᠲᠤᠭᠠᠯᠠᠯ ᠤᠨ 907 — 1126 ᠤᠨ ᠳᠤ ᠮᠠᠨ ᠤ ᠤᠯᠤᠰ ᠤᠨ ᠳᠤᠮᠳᠠᠳᠤ ᠤᠷᠤᠨ ︵中原︶᠎ ᠨᠢ ︽ᠲᠠᠪᠦᠨ ᠲᠦᠷᠦ ᠠᠷᠪᠠᠨ ᠤᠯᠤᠰ︾᠎ ᠤᠨ ᠴᠠᠭ ᠦᠶ᠎ᠡ ᠳᠤ ᠪᠠᠶᠢᠵᠦ᠂ ᠤᠮᠠᠷᠠᠲᠦ ᠤᠷᠤᠨ ᠨᠢ ᠭᠢᠳᠠᠨ ᠬᠦᠮᠦᠨ ᠤ ᠪᠠᠶᠢᠭᠤᠯᠤᠭᠰᠠᠨ ᠶᠡᠭᠡ ᠯᠢᠶᠤᠤ ᠤᠯᠤᠰ ᠤᠨ ᠡᠷᠭᠡᠰᠢᠶᠡᠯ ᠳᠤ ᠪᠠᠶᠢᠪᠠ᠃ ᠯᠢᠶᠤᠤ ᠤᠯᠤᠰ ᠤᠨ ᠶᠢᠩ ᠯᠢ ᠶᠢᠨ ᠠᠷᠪᠠᠳᠤᠭᠠᠷ ᠤᠨ ᠳᠤ ︵ᠤᠨ ᠲᠤᠭᠠᠯᠠᠯ ᠤᠨ 960 — 965 ᠤᠨ︶ ᠬᠦᠬᠡᠬᠤᠲᠡ ᠤᠷᠤᠨ ᠳᠤ ᠹᠧᠩ ᠵᠧᠤ ᠬᠤᠲᠠ ︵丰洲城︶ ᠭᠡᠵᠦ ᠪᠠᠶᠢᠭᠤᠯᠤᠨ ᠶᠡᠭᠡ ᠯᠢᠶᠤᠤ ᠤᠯᠤᠰ ᠤᠨ ᠪᠠᠷᠠᠭᠤᠨ ᠡᠮᠤᠨ᠎ᠡ ᠵᠠᠬ᠎ᠠ ᠶᠢᠨ ᠴᠢᠬᠤᠯᠠ ᠨᠢᠭᠡᠨ ᠬᠤᠲᠠ ᠪᠤᠯᠪᠠ᠃ ᠤᠨ ᠲᠤᠭᠠᠯᠠᠯ ᠤᠨ 969 ᠤᠨ ᠤ ᠦᠶ᠎ᠡ ᠳᠤ ᠯᠢᠶᠤᠤ ᠤᠯᠤᠰ ᠤᠨ ᠡᠵᠡᠨ ᠹᠧᠩ ᠵᠧᠦ ᠬᠤᠲᠠ ᠶᠢᠨ ᠵᠡᠭᠦᠨ ᠬᠤᠶᠢᠨ᠎ᠠ ᠸᠠᠨ ᠪᠦ᠋ ᠬᠤᠸᠠ ᠰᠤᠪᠤᠷᠭ᠎ᠠ ᠭᠡᠵᠦ ᠪᠤᠰᠬᠠᠵᠠᠢ᠃ ᠲᠤᠰ ᠰᠤᠪᠤᠷᠭ᠎ᠠ ᠶᠢ ᠪᠠᠰᠠ ᠴᠠᠭᠠᠨ ᠰᠤᠪᠤᠷᠭ᠎ᠠ ᠭᠡᠵᠦ ᠬᠡᠯᠡᠵᠦ ᠪᠠᠶᠢᠵᠠᠢ᠃ ᠰᠤᠪᠤᠷᠭ᠎ᠠ ᠶᠢᠨ ᠪᠤᠲᠠᠲᠠᠢ ᠪᠠᠶᠢᠷᠢᠰᠢᠯ ᠨᠢ ᠤᠳᠦ ᠶᠢᠨ ᠬᠦᠬᠡᠬᠤᠲᠠ ᠶᠢᠨ ᠵᠡᠭᠦᠨ ᠲᠡᠭᠦᠷᠭᠡ ᠶᠢᠨ ᠵᠡᠭᠦᠨ ᠪᠠᠶᠢᠬᠤ ᠴᠠᠭᠠᠨ ᠰᠤᠪᠤᠷᠭ᠎ᠠ ᠲᠤᠰᠬᠤᠨ ᠤ ᠤᠷᠴᠢᠮ᠃ ᠯᠢᠶᠤᠤ ᠶᠢᠨ ᠪᠠᠶᠢᠭᠤᠯᠤᠭᠰᠠᠨ ᠹᠧᠩ ᠵᠧᠦ ᠬᠤᠲᠡ ᠨᠢ ᠲᠤᠬᠠᠢ ᠶᠢᠨ ᠦᠶ᠎ᠡ ᠡᠮᠦᠨ᠎ᠡ ᠤᠮᠡᠷ᠎ᠡ ᠶᠢᠨ ᠵᠠᠮ ᠬᠠᠷᠢᠯᠴᠠᠭᠠᠨ ᠤ ᠴᠢᠬᠤᠯᠠ ᠭᠠᠵᠠᠷ ᠪᠤᠯᠤᠭᠰᠠᠨ ᠪᠦᠭᠡᠳ ᠡᠯ᠎ᠡ ᠦᠨᠳᠦᠰᠦᠲᠡᠨ ᠤ ᠠᠷᠠᠳ ᠲᠦᠮᠡᠨ ᠤ ᠬᠠᠷᠢᠴᠠᠭ᠎ᠠ ᠶᠢ ᠠᠬᠢᠭᠤᠯᠤᠨ᠂ ᠠᠷᠠᠯᠵᠢᠶ᠎ᠡ ᠬᠤᠳᠠᠯᠳᠤᠭ᠎ᠠ ᠵᠡᠷᠭᠡ ᠶᠢᠨ ᠴᠢᠬᠤᠯᠠ ᠭᠠᠵᠠᠷ ᠪᠤᠯᠵᠦ ᠪᠠᠶᠢᠪᠠ᠃      ᠠᠯᠲᠠᠨ ᠤᠯᠤᠰ ᠤᠨ ᠦᠶ᠎ᠡ ᠤᠨ ᠲᠤᠭᠠᠯᠠᠯ ᠤᠨ 1115 — 1215 ᠤᠨ᠃ ᠳᠠᠶᠢᠨ ᠪᠠᠶᠢᠯᠳᠤᠭᠠᠨ ᠤ ᠬᠦᠨᠳᠦ ᠨᠤᠴᠢᠲᠠᠢ ᠨᠦᠯᠦᠭᠡᠯᠡᠯ ᠠᠴᠠ ᠪᠤᠯᠵᠦ ᠹᠧᠩ ᠵᠧᠤ ᠬᠤᠲᠠ ᠨᠢ ᠶᠡᠭᠡ ᠪᠠᠷ ᠡᠪᠳᠡᠭᠳᠡᠨ ᠬᠡᠮᠬᠡᠷᠡᠬᠡᠢ ᠬᠠᠭᠠᠷᠬᠠᠢ ᠬᠠᠭᠤᠴᠢᠳ ᠮᠠᠶ᠋ᠢᠭ ᠲᠠᠢ ᠪᠤᠯᠪᠠ᠃ ᠠᠯᠲᠠᠨ ᠤᠯᠤᠰ ᠤᠨ ᠲᠢᠶᠠᠨ ᠳ᠋ᠧ ᠶᠢᠨ ᠵᠢᠶᠧ ᠳ᠋ᠦ᠋ ᠱᠢ ᠶᠢᠨ ᠵᠠᠬᠢᠷᠭ᠎ᠠ ᠶᠢ ᠪᠠᠶᠢᠭᠤᠯᠤᠨ ᠤᠶᠢᠷ᠎ᠠ ᠬᠠᠪᠢ ᠶᠢᠨ ᠭᠠᠵᠠᠷ ᠢ ᠬᠠᠮᠢᠶᠡᠷᠴᠦ ᠪᠠᠶᠢᠪᠠ᠃ ᠰᠡᠭᠦᠯᠡᠷ ᠨᠢ ᠪᠤᠯᠤᠭᠠᠳ ᠲᠤᠬᠠᠢ ᠶᠢᠨ ᠦᠶ᠎ᠡ ᠶᠢᠨ ᠹᠧᠩ ᠵᠧᠦ ᠬᠤᠲᠠ ᠶᠢᠨ ᠪᠠᠭᠤᠷᠠᠢ ᠡᠳᠦᠭᠡ ᠶᠢᠨ ᠬᠦᠬᠡᠬᠤᠲᠠ ᠶᠢ ᠪᠠᠰᠠ ᠹᠧᠩ ᠵᠧᠦ ᠰᠠᠶᠢᠷᠭᠠᠯ ︵丰洲滩︶ ᠭᠡᠵᠦ ᠬᠡᠯᠡᠵᠦ ᠪᠠᠶᠢᠪᠠ᠃      ᠶᠤᠸᠠᠨ ᠤᠯᠤᠰ ᠤᠨ ᠦᠶ᠎ᠡ ᠤᠨ ᠲᠤᠭᠠᠯᠠᠯ ᠤᠨ 1206 — 1368 ᠤᠨ᠃ ᠶᠤᠸᠠᠨ ᠤᠯᠤᠰ ᠤᠨ ᠱᠢᠽᠦ ᠬᠠᠭᠠᠨ ᠬᠤᠪᠢᠯᠠᠢ ᠶᠢᠨ ᠠᠩᠬᠠᠨ ᠤ ᠤᠨ ︵ᠪᠠᠷᠤᠭ ᠤᠨ ᠲᠤᠭᠠᠯᠠᠯ ᠤᠨ 1264 — 1266 ᠤᠨ︶᠎ ᠳᠤ ᠬᠠᠭᠠᠨ ᠬᠤᠪᠢᠯᠠᠢ ᠵᠠᠷᠯᠢᠭ ᠪᠠᠭᠤᠯᠭᠠᠨ ᠹᠧᠩ ᠵᠧᠦ ᠤᠷᠤᠨ᠂ ᠳ᠋ᠦᠩ ᠱᠧᠩ ᠤᠷᠤᠨ ᠪᠠ ᠶᠦᠨ ᠨᠢ ᠵᠧᠦ ᠤᠷᠤᠨ ᠤ ᠠᠷᠠᠳ ᠲᠦᠮᠡᠨ ᠤ ᠠᠮᠢᠳᠦᠷᠡᠯ ᠬᠦᠴᠢᠷ ᠲᠠᠢ ᠶᠢ ᠮᠡᠳᠡᠭᠡᠳ ᠡᠯ᠎ᠡ ᠵᠦᠢᠯ ᠤᠨ ᠭᠠᠶᠢᠯᠢ ᠬᠤᠷᠢᠶᠠᠬᠤ ᠶᠢ ᠵᠤᠭᠰᠤᠭᠠᠪᠠ᠃ ᠱᠢᠽᠦ ᠬᠠᠭᠠᠨ ᠬᠤᠪᠢᠯᠠᠢ ᠪᠠᠰᠠ ᠵᠠᠷᠯᠢᠭ ᠪᠠᠭᠤᠯᠭᠠᠨ ᠹᠧᠩ ᠵᠧᠦ ᠤᠷᠤᠨ ᠢ ᠪᠠᠭᠳᠠᠭᠠᠭᠰᠠᠨ ᠡᠳᠡᠭᠡᠷ ᠭᠠᠵᠠᠷ ᠤᠨ ᠬᠠᠳᠦᠨ ᠭᠤᠤᠯ ᠲᠠᠢ ᠤᠶᠢᠷᠠᠯᠴᠠᠭ᠎ᠠ ᠠᠶᠢᠯ ᠲᠤᠰᠬᠤᠨ ᠳᠤ ᠤᠰᠤᠨ ᠵᠠᠮ ᠢ ᠨᠡᠪᠲᠡᠷᠡᠭᠦᠯᠦᠨ ᠠᠷᠠᠳ ᠤᠯᠠᠨ ᠤ ᠵᠠᠮ ᠬᠠᠷᠢᠴᠠᠭ᠎ᠠ ᠶᠢ ᠳᠦᠭᠦᠮ ᠪᠤᠯᠭᠠᠬᠤ ᠬᠡᠷᠡᠭᠲᠡᠢ ᠭᠡᠪᠡ᠃     ᠮᠢᠩ ᠤᠯᠤᠰ ᠤᠨ ᠦᠶ᠎ᠡ ᠤᠨ ᠲᠤᠭᠠᠯᠠᠯ ᠤᠨ 1368 — 1644 ᠤᠨ᠃ ᠮᠢᠩ ᠤᠯᠤᠰ ᠤᠨ ᠬᠤᠩ ᠦ᠋ ᠶᠢᠨ ᠳᠦᠷᠪᠡᠳᠦᠭᠡᠷ ᠤᠨ ︵ᠤᠨ ᠲᠤᠭᠠᠯᠠᠯ ᠤᠨ 1371 — 1394 ᠤᠨ︶᠎ ᠤ ᠦᠶ᠎ᠡ ᠳᠤ ᠬᠦᠬᠡᠬᠤᠲᠠ ᠤᠷᠤᠨ ᠤ ᠵᠧᠦ ᠪᠤᠯᠤᠨ ᠴᠠᠶᠢᠵᠠ ᠶᠢᠨ ᠵᠠᠬᠢᠷᠭ᠎ᠠ ᠶᠢ ᠦᠭᠡᠶᠢᠰᠭᠡᠨ ᠵᠧᠨ ᠪᠠᠶᠢᠭᠤᠯᠪᠠ᠃ ᠶᠦᠩ ᠯᠧ ᠶᠢᠨ ᠠᠷᠪᠠᠨ ᠳᠦᠷᠪᠡᠳᠦᠭᠡᠷ ᠤᠨ ︵ᠤᠨ ᠲᠤᠭᠠᠯᠠᠯ ᠤᠨ 1416 — 1419 ᠤᠨ︶᠎ ᠳᠤ ᠳ᠋ᠦᠩ ᠱᠧᠩ ᠵᠧᠦ ᠪᠤᠯᠤᠨ ᠬᠦᠬᠡᠬᠤᠲᠡ ᠵᠡᠷᠭᠡ ᠭᠠᠵᠠᠷ ᠲᠤ ᠭᠠᠮᠰᠢᠭ ᠪᠤᠯᠤᠭᠰᠠᠨ ᠳᠤ ᠤᠤᠯ ᠤᠨ ᠤᠯᠠᠨ ᠵᠦᠢᠯ ᠤᠨ ᠵᠠᠰᠠᠭ ᠵᠠᠬᠢᠷᠭ᠎ᠠ ᠶᠢ ᠪᠦᠬᠦᠨ ᠢ ᠦᠭᠡᠶᠢᠰᠭᠡᠨ ᠡᠳᠡᠭᠡᠷ ᠭᠠᠵᠠᠷ ᠤᠷᠤᠨ ᠢ ᠮᠤᠩᠭᠤᠯ ᠪᠦᠯᠦᠭ ᠲᠤ ᠲᠤᠰᠢᠶᠠᠨ ᠦᠭᠬᠦᠪᠡ᠃ ᠮᠢᠩ ᠤᠯᠤᠰ ᠤᠨ ᠵᠧᠩ ᠲᠤᠩ ᠤᠨ ᠳᠤᠯᠤᠳᠤᠭᠠᠷ ᠤᠨ ︵ᠤᠨ ᠲᠤᠭᠠᠯᠠᠯ ᠤᠨ 1442 — 1446︶᠎ ᠳᠤ ᠡᠳᠦᠭᠡ ᠶᠢᠨ ᠳ᠋ᠠ ᠲᠦᠩ᠂ ᠢᠤᠢ ᠯᠢᠨ᠂ ᠢᠦ ᠸᠧᠢ᠂ ᠳ᠋ᠦᠩ ᠱᠧᠩ ᠪᠤᠯᠤᠨ ᠬᠦᠬᠡᠬᠤᠲᠡ ᠤᠷᠤᠨ ᠢ ᠨᠡᠶᠢᠯᠡᠭᠦᠯᠦᠨ ᠤᠰᠤ ᠪᠡᠯᠴᠢᠭᠡᠷ ᠢ ᠬᠠᠮᠲᠦ ᠪᠠᠷ ᠠᠰᠢᠭᠯᠠᠬᠤ ᠪᠤᠯᠪᠠ᠃ ᠮᠢᠩ ᠤᠯᠤᠰ ᠤᠨ ᠦᠶ᠎ᠡ ᠳᠤ ︵ᠤᠨ ᠲᠤᠭᠠᠯᠠᠯ ᠤᠨ 1529 — 1567 ᠤᠨ︶ ᠲᠦᠮᠡᠳ ᠪᠦᠯᠦᠭ ᠤᠨ ᠲᠦᠷᠦᠭᠦᠦ ᠠᠯᠲᠠᠨ ᠬᠠᠨ ᠠᠶᠢᠮᠠᠬ ᠤᠨ ᠤᠯᠠᠨ ᠢᠶᠠᠨ ᠳᠠᠭᠠᠭᠤᠯᠤᠨ ᠹᠧᠩ ᠵᠧᠦ ᠰᠠᠶᠢᠷᠭᠠᠯ ᠳᠤ ᠢᠷᠡᠵᠦ ᠮᠠᠯᠵᠢᠨ ᠰᠠᠭᠤᠪᠠ᠃ ᠠᠯᠲᠠᠨ ᠬᠠᠨ ᠲᠤᠬᠠᠢ ᠶᠢᠨ ᠦᠶ᠎ᠡ ᠳᠤ ᠳᠤᠮᠳᠠᠳᠦ ᠤᠷᠤᠨ ᠲᠠᠢ ᠡᠪ ᠨᠠᠶᠢᠷᠠᠮᠳᠠᠯ ᠲᠠᠢ ᠪᠠᠶᠢᠵᠦ ᠳᠤᠮᠳᠠᠳᠦ ᠤᠷᠤᠨ ᠠᠴᠠ ᠢᠷᠡᠭᠰᠡᠨ ᠬᠢᠳᠠᠳ ᠬᠦᠮᠦᠨ ᠢ ᠶᠡᠭᠡ ᠬᠡᠮᠵᠢᠶ᠎ᠡ ᠪᠠᠷ ᠦᠯᠡᠳᠡᠭᠡᠨ ᠠᠪᠴᠦ ᠡᠨᠡ ᠤᠷᠤᠨ ᠤ ᠲᠠᠷᠢᠶᠠᠯᠠᠩ ᠦᠢᠯᠡᠳᠪᠦᠷᠢᠯᠡᠯ᠂ ᠠᠷᠠᠯᠵᠢᠶ᠎ᠠ ᠬᠤᠳᠠᠯᠳᠤᠭ᠎ᠠ ᠶᠢ ᠬᠦᠭᠵᠢᠶᠡᠨ ᠲᠠᠢ ᠪᠤᠯᠭᠠᠨ ᠲᠤᠬᠠᠢ ᠶᠢᠨ ᠦᠶ᠎ᠡ ᠶᠢᠨ ᠬᠦᠬᠡᠬᠤᠲᠠ ᠨᠢ ︽ᠬᠦᠭᠵᠢᠯᠲᠠᠢ ᠲᠦᠮᠡᠳ ᠤᠨ ᠲᠠᠯ᠎ᠠ︾ ᠭᠡᠵᠦ ᠨᠡᠷ᠎ᠡ ᠮᠠᠨᠳᠤᠪᠠ᠃ 1572 ᠤᠨ ᠳᠤ ᠠᠯᠲᠠᠨ ᠬᠠᠨ ᠡᠯ᠎ᠡ ᠦᠨᠳᠦᠰᠦᠲᠡᠨ ᠤ ᠤᠷᠠᠨ ᠳᠠᠷᠬᠠᠨ ᠢ ᠴᠤᠭᠯᠠᠭᠠᠨ ᠶᠤᠸᠠᠨ ᠤᠯᠤᠰ ᠤᠨ ᠶᠡᠭᠡ ᠨᠡᠶᠢᠰᠯᠡᠯ ᠢ ᠳᠠᠭᠤᠷᠢᠶᠠᠨ ᠳᠠᠯᠠᠨ ᠬᠠᠷ᠎ᠠ ᠶᠢ ᠲᠦᠰᠢᠨ ᠬᠠᠳᠦᠨ ᠭᠤᠤᠯ ᠢ ᠨᠢᠭᠤᠷᠯᠡᠨ ᠨᠠᠢᠮᠠᠨ ᠰᠠᠭᠤᠷᠢ ᠲᠤᠮᠦ ᠠᠰᠠᠷ ᠪᠠᠷᠢᠵᠦ᠂ ᠵᠠᠷᠢᠮ ᠢ ᠨᠢ ᠠᠯᠲᠠ ᠮᠦᠩᠭᠦ ᠪᠠᠷ ᠦᠩᠭᠡᠯᠡᠨ ᠪᠠᠰᠠ ᠵᠠᠷᠢᠮ ᠢ ᠨᠢ ᠰᠢᠯ ᠪᠤᠳᠤᠭ ᠤᠷᠤᠭᠤᠯᠤᠨ ᠬᠠᠭᠠᠨ ᠤ ᠤᠷᠳᠤᠨ ᠮᠡᠲᠦ ᠬᠠᠷᠰᠢ ᠤᠷᠳᠤᠨ ᠢ ᠪᠠᠶᠢᠭᠤᠯᠪᠠ᠃ ᠡᠨᠡᠬᠦ ᠭᠤᠶᠤ ᠤᠢᠵᠡᠰᠭᠦᠯᠡᠩ᠂ ᠰᠦᠷᠯᠢᠭ ᠰᠠᠶᠢᠬᠠᠨ ᠠᠰᠠᠷ ᠳᠠᠭᠳᠦ ᠶᠢ ᠪᠠᠶᠢᠭᠤᠯᠤᠭᠰᠠᠨ ᠨᠢ ᠬᠦᠬᠡᠬᠤᠲᠠ ᠶᠢᠨ ᠬᠤᠶᠢᠰᠢᠲᠠ ᠶᠢᠨ ᠪᠠᠷᠢᠯᠭ᠎ᠠ ᠶᠢᠨ ᠬᠦᠭᠵᠢᠯᠲᠡ ᠶᠢᠨ ᠡᠬᠢᠯᠡᠯᠲᠡ ᠪᠤᠯᠪᠠ᠃ ᠲᠤᠬᠠᠢ ᠶᠢᠨ ᠦᠶ᠎ᠡ ᠶᠢᠨ ᠮᠢᠩ ᠤᠯᠤᠰ ᠤᠨ ᠵᠠᠰᠠᠭ ᠤᠨ ᠭᠠᠵᠠᠷ ᠠᠴᠠ ᠲᠤᠰ ᠬᠤᠲᠠ ᠶᠢ ︽ᠭᠦᠢ ᠬᠤᠸᠠ ᠴᠧᠩ︾ ᠭᠡᠵᠦ ᠨᠡᠷ᠎ᠡ ᠬᠠᠶᠢᠷᠠᠯᠠᠪᠠ᠃ ᠲᠡᠭᠡᠭᠡᠳ ᠪᠠᠰᠠ ᠪᠤᠷᠬᠠᠨ ᠤ ᠬᠦᠷᠦᠭ᠂ ᠨᠤᠮ ᠰᠤᠳᠦᠷ᠂ ᠮᠠᠩᠨᠤᠭ ᠲᠤᠷᠭ᠎ᠠ ᠵᠡᠷᠭᠡ ᠮᠠᠰᠢ ᠠᠷᠪᠢᠨ ᠶᠠᠭᠤᠮ᠎ᠠ ᠬᠦᠷᠭᠡᠪᠡ᠃ ᠲᠡᠷᠡ ᠦᠶ᠎ᠡ ᠳᠤ ᠲᠤᠰ ᠭᠠᠵᠠᠷ ᠤᠨ ᠮᠤᠩᠭᠤᠯᠴᠤᠳ ᠪᠠ ᠠᠯᠲᠠᠨ ᠬᠠᠨ ᠦᠪᠡᠷ ᠤᠨ ᠪᠡᠶ᠎ᠡ ᠪᠠᠷ ᠢᠶᠠᠨ ᠬᠦᠢ ᠬᠤᠸᠠ ᠬᠤᠲᠠ ᠶᠢ ︽ᠺᠦ᠋ ᠺᠦ᠋ ᠾᠧ ᠲᠦᠨ︾ ︵库库和屯︶ ᠭᠡᠵᠦ ᠳᠠᠭᠤᠳᠠᠵᠦ ᠪᠠᠶᠢᠪᠠ᠂ ︽ᠺᠦ᠋ ᠺᠦ᠋ ᠾᠧ ᠲᠦᠨ︾ ᠭᠡᠳᠡᠭ ᠦᠭᠡ ᠶᠢ ᠲᠡᠷᠡ ᠦᠶ᠎ᠡ ᠳᠤ ᠵᠠᠷᠢᠮ ᠬᠦᠮᠦᠨ ᠬᠦᠬᠡ ᠦᠩᠭᠡᠲᠡᠢ ᠬᠤᠲᠠ ᠭᠡᠰᠡᠨ ᠦᠭᠡ ᠭᠡᠵᠦ ᠤᠷᠴᠢᠭᠤᠯᠵᠦ ᠪᠠᠶᠢᠭᠰᠠᠨ ᠪᠠ ᠰᠢᠭᠤᠳ ᠬᠦᠬᠡᠬᠤᠲᠠ ᠭᠡᠰᠡᠨ ᠦᠭᠡ ᠭᠡᠵᠦ ᠬᠡᠯᠡᠵᠦ ᠪᠠᠶᠢᠵᠠᠢ ᠭᠡᠨ᠎ᠡ᠃ ᠮᠢᠩ ᠤᠯᠤᠰ ᠤᠨ ᠸᠠᠨ ᠯᠢ ᠬᠠᠭᠠᠨ ᠤ ᠨᠠᠢᠮᠠᠨ ᠤᠨ ︵ᠤᠨ ᠲᠤᠭᠠᠯᠠᠯ ᠤᠨ 1580 — 1588 ᠤᠨ︶᠎ ᠳᠤ ᠬᠦᠬᠡᠬᠤᠲᠠ ᠤᠷᠤᠨ ᠳᠤ ᠳ᠋ᠠ ᠵᠤᠤ ᠰᠦᠮ᠎ᠡ ᠪᠠ ᠤᠰᠤᠲᠤ ᠶᠢᠨ ᠴᠢᠩ ᠶᠤᠸᠠᠨ ᠽᠢ ᠰᠦᠮ᠎ᠡ᠂ ᠰᠢᠷᠡᠭᠡᠲᠦ ᠶᠢᠨ ᠵᠤᠤ ᠶᠢ ᠪᠠᠶᠢᠭᠤᠯᠵᠦ᠂ ᠪᠠᠰᠠ ᠰᠢᠷᠡᠭᠡᠲᠦ ᠶᠢᠨ ᠵᠤᠤ ᠶᠢᠨ ᠡᠷᠳᠡᠮᠲᠡᠨ ᠴᠦᠢᠷᠵᠢ ᠯᠠᠮᠠ ᠨᠡᠷ ︽ᠪᠦᠸᠧ ᠯᠦᠸᠧ ᠮᠢ ᠰᠢᠨ ᠵᠢᠩ︾ ︵波罗蜜心经︶ ᠨᠤᠮ ᠢ ᠮᠤᠩᠭᠤᠯᠴᠢᠯᠠᠨ ᠤᠷᠴᠢᠭᠤᠯᠬᠤ ᠶᠢᠨ ᠬᠠᠮᠲᠦ 108 ᠪᠦᠯᠦᠭ ᠲᠠᠢ ᠭᠠᠨᠵᠦᠦᠷ ᠨᠤᠮ ᠢ ᠲᠦᠪᠡᠳ ᠦᠰᠦᠭ ᠠᠴᠠ ᠮᠤᠩᠭᠤᠯᠴᠢᠯᠠᠨ ᠤᠷᠴᠢᠭᠤᠯᠵᠦ ᠭᠠᠷᠭᠠᠪᠠ᠃ ᠮᠢᠩ ᠤᠯᠤᠰ ᠤᠨ ᠲᠢᠶᠠᠨ ᠴᠢ ᠶᠢᠨ ᠭᠤᠷᠪᠠᠳᠤᠭᠠᠷ ᠤᠨ ᠳᠤ ᠪᠠᠭ᠎ᠠ ᠵᠤᠤ ᠰᠦᠮ᠎ᠡ ᠶᠢ ᠪᠠᠶᠢᠭᠤᠯᠪᠠ᠂ ᠪᠠᠷᠤᠭ ᠤᠨ ᠲᠤᠭᠠᠯᠠᠯ ᠤᠨ 1 623 ᠤᠨ — 1627 ᠤᠨ᠃ ᠤᠨ ᠲᠤᠭᠠᠯᠠᠯ ᠤᠨ 1633 ᠤᠨ ᠪᠤᠯᠬᠤ ᠳᠤ ᠬᠦᠬᠡᠬᠤᠲᠠ ᠤᠷᠤᠨ ᠨᠢ ᠮᠠᠨᠵᠦ ᠬᠦᠮᠦᠨ ᠠᠶᠢᠰᠢᠨ ᠬᠢᠦᠷᠦ ᠬᠤᠸᠠᠩ ᠲᠠᠶᠢᠵᠢ ᠶᠢᠨ ᠪᠠᠶᠢᠭᠤᠯᠤᠭᠰᠠᠨ ᠴᠢᠩ ᠤᠯᠤᠰ ᠤᠨ ᠡᠷᠭᠡᠰᠢᠶᠡᠯ ᠳᠤ ᠤᠷᠤᠪᠠ᠃      ᠴᠢᠩ ᠤᠯᠤᠰ ᠤᠨ ᠦᠶ᠎ᠡ ᠤᠨ ᠲᠤᠭᠠᠯᠠᠯ ᠤᠨ 1644 — 1911 ᠤᠨ᠃ ᠴᠢᠩ ᠤᠯᠤᠰ ᠤᠨ ᠱᠦᠨ ᡁᠢ ᠬᠠᠭᠠᠨ ︵ᠠᠶᠢᠰᠢᠨ ᠬᠢᠤᠷᠤ ᠹᠦ᠋ ᠯᠢᠨ︶᠎ ᠤ ᠦᠶ᠎ᠡ ᠪᠠᠷᠤᠭ ᠤᠨ ᠲᠤᠭᠠᠯᠠᠯ ᠤᠨ 1645 — 1662 ᠤᠨ ᠳᠤ ᠭᠦᠢ ᠬᠤᠸᠠ ᠬᠤᠲᠠ ᠶᠢᠨ ᠤᠷᠴᠢᠨ ᠲᠤᠭᠤᠷᠢᠨ ᠳᠤ ᠤᠤᠯ ᠤᠨ ᠰᠠᠭᠤᠷᠢᠨ ᠳᠡᠭᠡᠷ᠎ᠡ ᠪᠠᠰᠠ ᠨᠡᠯᠢᠶᠡᠳ ᠬᠡᠳᠦᠨ ᠰᠠᠭᠤᠷᠢ ᠰᠦᠮ᠎ᠡ ᠪᠠᠶᠢᠭᠤᠯᠤᠨ ᠱᠠᠰᠢᠨ ᠰᠢᠳᠦᠯᠭᠡ ᠶᠢ ᠶᠡᠭᠡ ᠪᠠᠷ ᠬᠦᠭᠵᠢᠭᠦᠯᠪᠡ᠃ ᠴᠢᠩ ᠤᠯᠤᠰ ᠤᠨ ᠡᠩᠬᠡ ᠲᠠᠶᠢᠪᠤᠩ ᠬᠠᠭᠠᠨ ᠦᠪᠡᠷ ᠤᠨ ᠪᠡᠶ᠎ᠡ ᠪᠠᠷ ᠢᠶᠠᠨ ᠴᠡᠷᠢᠭ ᠳᠠᠶᠢᠴᠢᠯᠠᠨ ᠭᠠᠯᠲᠠᠨ ᠪᠤᠱᠤᠭᠲᠦ ᠢ ᠳᠠᠶᠢᠯᠠᠪᠠ᠂ ᠳᠡᠷᠡ ᠪᠠᠰᠠ ᠵᠠᠷᠯᠢᠭ ᠢᠶᠠᠷ ᠤᠷᠠᠳ ᠤᠨ ᠭᠤᠷᠪᠠᠨ ᠭᠦᠩ ᠤᠨ ᠬᠤᠰᠢᠭᠤ᠂ ᠳᠠᠷᠬᠠᠨ ᠮᠤᠤᠮᠢᠩᠭᠠᠨ ᠬᠤᠰᠢᠭᠤ ᠠᠴᠠ ᠴᠡᠷᠢᠭ ᠭᠠᠷᠭᠠᠨ ᠭᠦᠢ ᠬᠤᠸᠠ ᠬᠤᠲᠠ ᠶᠢ ᠰᠠᠬᠢᠨ ᠬᠠᠮᠠᠭᠠᠯᠠᠪᠠ᠃ 1691 ᠤᠨ ᠪᠤᠯᠬᠤ ᠳᠤ ᠭᠦᠢ ᠬᠤᠸᠠ ᠬᠤᠲᠠ ᠶᠢᠨ ᠤᠷᠴᠢᠮ ᠳᠤ ᠳᠠᠶᠢᠨ ᠪᠠᠶᠢᠯᠳᠤᠭᠠᠨ ᠦᠭᠡᠢ ᠪᠤᠯᠪᠠ᠃ ᠲᠡᠭᠡᠭᠡᠳ ᠴᠢᠩ ᠤᠯᠤᠰ ᠤᠨ ᠤᠷᠳᠤᠨ ᠠᠴᠠ ᠵᠠᠷᠯᠢᠭ ᠪᠠᠭᠤᠯᠭᠠᠨ ᠭᠦᠢ ᠬᠤᠸᠠ ᠬᠤᠲᠠ ᠶᠢ ᠦᠷᠭᠡᠳᠭᠡᠨ ᠵᠠᠰᠠᠪᠠ᠃ ᠳᠦᠷᠪᠡᠨ ᠲᠠᠯ᠎ᠠ ᠳᠤ ᠬᠤᠲᠠ ᠶᠢᠨ ᠬᠠᠭᠠᠯᠭ᠎ᠠ ᠪᠤᠰᠬᠠᠨ᠂ ᠡᠮᠦᠨ᠎ᠡ ᠡᠭᠦᠳᠡᠨ ᠤ ᠭᠠᠳᠠᠨ᠎ᠠ ᠠᠷᠠᠯᠵᠢᠶ᠎ᠠ ᠳᠡᠯᠭᠡᠭᠦᠷ ᠪᠠᠶᠢᠭᠤᠯᠤᠨ᠂ ᠵᠡᠭᠦᠨ ᠡᠭᠦᠳᠡᠨ ᠠᠴᠠ ᠵᠡᠭᠦᠨᠰᠢ ᠲᠠᠯ᠎ᠠ ᠭᠠᠵᠠᠷ ᠲᠤ ᠪᠠᠰᠠ ᠮᠠᠯᠵᠢᠯ ᠤᠨ ᠲᠠᠯᠠᠪᠠᠢ ᠭᠠᠷᠭᠠᠪᠠ᠃ 1693 ᠤᠨ ᠤ ᠦᠶ᠎ᠡ ᠪᠠᠷ ᠾᠧ ᠪᠧᠢ ᠶᠢᠨ ᠬᠤᠲᠤᠩ ᠦᠨᠳᠦᠰᠦᠲᠡᠨ ᠶᠡᠭᠡ ᠬᠡᠮᠵᠢᠶ᠎ᠡ ᠪᠠᠷ ᠭᠦᠢ ᠬᠤᠸᠠ ᠬᠤᠲᠠᠨ ᠳᠤ ᠤᠷᠤᠵᠦ ᠢᠷᠡᠨ ᠨᠤᠳᠤᠭᠰᠢᠪᠠ᠃ 1695 ᠤᠨ ᠤ ᠦᠶ᠎ᠡ ᠪᠠᠷ ᠭᠦᠢ ᠬᠤᠸᠠ ᠬᠤᠲᠠᠨ ᠳᠤ ᠪᠠᠰᠠ ᠨᠢᠭᠡ ᠰᠠᠭᠤᠷᠢ ᠬᠤᠲᠤᠩ ᠤᠨ ᠰᠦᠮ᠎ᠡ ᠪᠠᠶᠢᠭᠤᠯᠪᠠ᠃ ᠡᠩᠬᠡ ᠠᠮᠤᠭᠤᠯᠠᠩ ᠬᠠᠭᠠᠨ ᠤ ᠭᠤᠴᠢᠨ ᠵᠢᠷᠭᠤᠭᠠᠨ ᠤᠨ ᠳᠤ ︵ᠤᠨ ᠲᠤᠭᠠᠯᠠᠯ ᠤᠨ 1697 — 1698 ᠤᠨ︶ ᠬᠠᠭᠠᠨ ᠭᠦᠢ ᠬᠤᠸᠠ ᠬᠤᠲᠠ ᠶᠢᠨ ᠪᠤᠶᠠᠨ ᠢᠪᠡᠭᠡᠯᠲᠦ ᠰᠦᠮ᠎ᠡ ᠳᠤ ᠦᠪᠡᠷ ᠤᠨ ᠪᠡᠶ᠎ᠡ ᠪᠠᠷ ᠢᠶᠠᠨ ᠬᠦᠷᠴᠦ ᠠᠯᠲᠠ ᠤᠳᠠᠰᠦᠨ ᠬᠠᠳᠬᠤᠮᠠᠯ ᠲᠠᠢ ᠲᠡᠷ᠎ᠡ ᠨᠢᠭᠡ᠂ ᠬᠤᠤᠰ ᠠᠯᠲᠠᠨ ᠯᠤᠤ ᠶᠢᠨ ᠵᠢᠷᠤᠭ ᠲᠠᠢ ᠳᠡᠪᠢᠰᠭᠡᠷ ᠨᠢᠭᠡ᠂ ᠠᠯᠲᠠ ᠪᠠᠷ ᠦᠩᠭᠡᠯᠡᠭᠰᠡᠨ ᠲᠦᠰᠢᠯᠭᠡ ᠨᠢᠭᠡ᠂ ᠡᠷᠳᠡᠨᠢ ᠶᠢᠨ ᠨᠤᠮᠤ ᠲᠠᠪᠤᠨ ᠰᠤᠮᠤ ᠲᠠᠢ᠂ ᠰᠦᠪᠡᠭᠡ ᠶᠢᠨ ᠬᠢᠳᠤᠭ᠎ᠠ ᠪᠠ ᠨᠢᠭᠡ ᠦᠪᠴᠢ ᠬᠤᠶᠠᠭ ᠲᠤᠭᠤᠯᠭ᠎ᠠ ᠶᠢ ᠰᠦᠮ᠎ᠡ ᠶᠢᠨ ᠶᠡᠭᠡ ᠲᠤᠭᠠᠩ ᠳᠤ ᠦᠯᠡᠳᠡᠭᠡᠨ ᠦᠭᠪᠡ᠃ ᠴᠢᠩ ᠤᠯᠤᠰ ᠤᠨ ᠨᠠᠶᠢᠷᠠᠯᠲᠦ ᠲᠦᠪ ᠬᠠᠭᠠᠨ ︵ᠠᠶᠢᠰᠢᠨ ᠬᠢᠤᠷᠥ ᠶᠢᠨ ᠵᠧᠨ 雍正︶᠎ ᠤ ᠦᠶ᠎ᠡ ︵ᠤᠨ ᠲᠤᠭᠠᠯᠠᠯ ᠤᠨ 1724 — 1726 ᠤᠨ︶ ᠭᠦᠢ ᠬᠤᠸᠠ ᠬᠤᠲᠠᠨ ᠳᠤ ᠮᠤᠩᠭᠤᠯ ᠪᠢᠴᠢᠭ ᠤᠨ ᠬᠦᠷᠢᠶ᠎ᠡ ᠪᠠᠶᠢᠭᠤᠯᠤᠨ ᠮᠤᠩᠭᠤᠯ ᠬᠡᠤᠬᠡᠳ ᠲᠤ ᠮᠤᠩᠭᠤᠯ᠂ ᠮᠠᠨᠵᠦ ᠪᠢᠴᠢᠭ ᠵᠢᠭᠠᠵᠦ ᠡᠬᠢᠯᠡᠵᠡᠢ᠃ ᠪᠠᠰᠠ ᠬᠦᠢ ᠬᠤᠸᠠ ᠬᠤᠳᠠᠨ ᠳᠤ ᠲᠦᠮᠡᠳ ᠤᠨ ᠨᠤᠶᠠᠳ ᠤᠨ ᠰᠤᠷᠭᠠᠭᠤᠯᠢ ᠪᠠᠶᠢᠭᠤᠯᠪᠠ᠃ ᠤᠨ ᠲᠤᠭᠠᠯᠠᠯ ᠤᠨ 1728 ᠤᠨ ᠳᠤ ᠨᠠᠶᠢᠷᠠᠯᠲᠦ ᠲᠦᠪ ᠬᠠᠭᠠᠨ ᠤ ᠵᠠᠷᠯᠢᠭ ᠢᠶᠠᠷ ᠭᠦᠢ ᠬᠤᠸᠠ ᠬᠤᠲᠠᠨ ᠳᠤ ᠲᠠᠪᠤᠨ ᠰᠤᠪᠤᠷᠭᠠᠲᠦ ᠰᠦᠮ᠎ᠡ ︵五塔寺︶᠎ ᠶᠢ ᠪᠠᠶᠢᠭᠤᠯᠵᠦ᠂ 1735 ᠤᠨ ᠳᠤ ᠪᠠᠰᠠ ᠭᠤᠸᠠᠨ ᠳ᠋ᠢ ᠮᠢᠶᠤᠤ ᠰᠦᠮ᠎ᠡ ᠶᠢ ᠪᠠᠶᠢᠭᠤᠯᠵᠠᠢ᠃ ᠲᠡᠭᠷᠢ ᠲᠡᠳᠭᠦᠭᠴᠢ ᠶᠢᠨ ᠬᠤᠶᠠᠳᠤᠭᠠᠷ ᠤᠨ ᠳᠤ ᠭᠦᠢ ᠬᠤᠸᠠ ᠬᠤᠲᠠᠨ ᠠᠴᠠ ᠵᠡᠭᠦᠨ ᠬᠤᠶᠢᠨ᠎ᠠ ᠪᠠᠷᠤᠭ ᠲᠠᠪᠤᠨ ᠭᠠᠵᠠᠷ ᠰᠢᠬᠠᠮ ᠵᠠᠶᠢᠲᠠᠢ ᠭᠠᠵᠠᠷ ᠲᠤ ᠪᠠᠰᠠ ᠨᠢᠭᠡᠨ ᠰᠢᠨ᠎ᠡ ᠬᠤᠲᠠ ᠶᠢ ᠪᠠᠶᠢᠭᠤᠯᠪᠠ᠂ ᠬᠤᠲᠠ ᠶᠢᠨ ᠨᠡᠷ᠎ᠡ ᠶᠢ ᠰᠦᠢ ᠶᠤᠸᠠᠨ ᠬᠡᠪᠡ᠃ ᠲᠤᠬᠠᠢ ᠶᠢᠨ ᠦᠶ᠎ᠡ ᠳᠤ ᠰᠦᠢ ᠶᠤᠸᠠᠨ ᠬᠤᠲᠠ ᠶᠢ ᠰᠢᠨ᠎ᠡ ᠬᠤᠲᠠ ᠭᠡᠵᠦ ᠤᠤᠯ ᠤᠨ ᠭᠦᠢ ᠬᠤᠸᠠ ᠬᠤᠲᠠ ᠶᠢ ᠬᠠᠭᠤᠴᠢᠨ ᠬᠤᠲᠠ ᠭᠡᠵᠦ ᠳᠠᠭᠤᠳᠠᠵᠦ ᠪᠠᠶᠢᠵᠠᠢ᠃ ᠲᠡᠭᠷᠢ ᠳᠡᠳᠭᠦᠭᠴᠢ ᠶᠢᠨ ᠬᠤᠷᠢᠨ ᠵᠢᠷᠭᠤᠭᠠᠨ ᠤᠨ ᠳᠤ ︵ᠤᠨ ᠲᠤᠭᠠᠯᠠᠯ ᠤᠨ 1761 — 1765 ᠤᠨ︶ ᠭᠦᠢ ᠬᠤᠸᠠ ᠬᠤᠳᠠᠨ ᠳᠤ ᠶᠡᠷᠤᠩᠬᠡᠢ ᠭᠠᠶᠢᠯᠢ ᠶᠢᠨ ᠲᠤᠪᠴᠢᠶ᠎ᠡ ᠶᠢ ᠪᠠᠶᠢᠭᠤᠯᠪᠠ᠃ ᠲᠡᠭᠡᠭᠡᠳ ᠰᠦᠢ ᠶᠤᠸᠠᠨ᠂ ᠭᠦᠢ ᠬᠤᠸᠠ᠂ ᠬᠤᠷᠢᠨ ᠭᠡᠷ᠂ ᠲᠤᠭᠳᠠᠬᠤ᠂ ᠰᠠᠭᠠᠯᠢᠴᠢ᠂ ᠪᠤᠭᠤᠲᠦ᠂ ᠬᠦᠨᠳᠡᠯᠡᠨ᠂ ᠨᠠᠶᠠᠨ ᠭᠡᠷ ᠵᠡᠷᠭᠡ ᠭᠠᠵᠠᠷ ᠲᠤ ᠮᠤᠩᠭᠤᠯ ᠪᠢᠴᠢᠭᠡᠴᠢ ᠲᠤᠬᠢᠷᠠᠭᠤᠯᠤᠨ᠂ ᠮᠠᠯ ᠠᠵᠦ ᠠᠬᠤᠢ ᠶᠢᠨ ᠭᠠᠶᠢᠯᠢ ᠶᠢ ᠬᠤᠷᠢᠶᠠᠵᠦ ᠡᠬᠢᠯᠡᠪᠡ᠃ ᠲᠡᠭᠷᠢ ᠳᠡᠳᠭᠦᠭᠴᠢ ᠶᠢᠨ ᠬᠤᠷᠢᠨ ᠳᠤᠯᠤᠭᠠᠨ ᠤᠨ ᠳᠤ ᠭᠦᠢ ᠬᠤᠸᠠ ᠬᠤᠲᠠᠨ ᠳᠤ ᠲᠡᠳ᠋ ᠵᠠᠬᠢᠷᠤᠭᠴᠢ ᠶᠢᠨ ᠤᠷᠳᠦᠨ ᠢ ᠪᠠᠶᠢᠭᠤᠯᠪᠠ᠂ ᠪᠠᠷᠤᠭ ᠳᠦᠴᠢᠨ ᠳᠤᠯᠤᠭᠠᠨ ᠲᠠᠰᠤᠯᠭ᠎ᠠ ᠭᠡᠷ ︵ᠤᠳᠤ ᠶᠢᠨ ᠬᠦᠬᠡᠬᠤᠲᠡ ᠶᠢᠨ ᠢᠤᠢ ᠴᠢᠤᠸᠠᠨ ᠲᠤᠭᠤᠷᠢᠭ ᠤᠨ ᠢ ᠲᠢᠩ ᠱᠢ ᠭᠤᠳᠤᠮᠵᠢ ᠶᠢᠨ ᠪᠠᠷᠠᠭᠤᠨ ᠠᠮᠠ ᠤᠷᠴᠢᠮ ᠪᠤᠢ᠂ ᠴᠢᠯᠦᠭᠡᠯᠡᠭᠳᠡᠬᠦ ᠦᠶ᠎ᠡ ᠳᠤ ᠭᠦᠢ ᠰᠦᠢ ᠬᠤᠲᠠ ᠶᠢᠨ ᠵᠠᠰᠠᠭ ᠤᠨ ᠤᠷᠳᠤᠨ ᠡᠨᠡ ᠬᠦᠷᠢᠶᠡᠨ ᠳᠤ ᠠᠵᠢᠯᠯᠠᠵᠦ ᠪᠠᠶᠢᠵᠠᠢ︶ ᠪᠠᠶᠢᠪᠠ᠃ 1765 ᠤᠨ ᠤ ᠤᠷᠴᠢᠮ ᠢᠶᠠᠷ ᠰᠦᠢ ᠶᠤᠸᠠᠨ ᠬᠤᠲᠠᠨ ᠳᠤ ᠮᠠᠨᠵᠦ ᠶᠢᠨ ᠨᠤᠶᠠᠳ ᠤᠨ ᠰᠤᠷᠭᠠᠭᠤᠯᠢ ᠪᠠ ᠤᠷᠴᠢᠭᠤᠯᠤᠭᠴᠢ ᠶᠢᠨ ᠰᠤᠷᠭᠠᠭᠤᠯᠢ ᠪᠠᠶᠢᠭᠤᠯᠤᠭᠳᠠᠪᠠ᠃ ᠴᠢᠩ ᠤᠯᠤᠰ ᠤᠨ ᠰᠠᠶᠢᠰᠢᠶᠠᠯ ᠢᠷᠤᠭᠡᠯᠲᠦ ᠬᠠᠭᠠᠨ ︵嘉庆᠂ ᠠᠶᠢᠰᠢᠨ ᠬᠢᠤᠷᠤ ᠶᠦᠩ ᠶᠠᠨ︶ ᠦᠶ᠎ᠠ ᠳᠤ ︵ᠤᠨ ᠲᠤᠭᠠᠯᠠᠯ ᠤᠨ 1800 — 1820 ᠤᠨ︶ ᠴᠢᠩ ᠤᠨ ᠵᠠᠰᠠᠭ ᠤᠨ ᠭᠠᠵᠠᠷ ᠠᠴᠠ ᠵᠠᠷᠯᠢᠭ ᠪᠠᠭᠤᠯᠭᠠᠨ ᠭᠦᠢ ᠬᠤᠸᠠ ᠬᠤᠲᠠ ᠶᠢᠨ ᠵᠠᠬᠢᠷᠤᠭᠴᠢ ᠶᠢ ᠲᠤᠰ ᠬᠤᠲᠠ ᠶᠢᠨ ᠴᠡᠷᠢᠭ ᠠᠷᠠᠳ ᠢᠶᠠᠨ ᠳᠠᠶᠢᠴᠢᠯᠠᠨ ᠳᠠᠯᠠᠨ ᠬᠠᠷ᠎ᠠ ᠶᠢᠨ ᠠᠷᠦ ᠦᠪᠦᠷ ᠢᠶᠠᠷ ᠠᠳᠠᠷ ᠬᠠᠭᠠᠯᠪᠦᠷᠢᠯᠠᠨ ᠲᠠᠷᠢᠶ᠎ᠠ ᠲᠠᠷᠢᠬᠤ ᠬᠡᠷᠡᠭᠲᠡᠢ ᠭᠡᠪᠡ᠃ ᠴᠢᠩ ᠤᠯᠤᠰ ᠤᠨ ᠲᠦᠷᠦ ᠭᠡᠷᠡᠯᠲᠦ ᠬᠠᠭᠠᠨ ︵道光᠂ ᠠᠶᠢᠰᠢᠨ ᠬᠢᠦᠷᠦ ᠮᠢᠨ ᠨᠢᠩ︶᠎ ᠤ ᠦᠶ᠎ᠡ ︵ᠤᠨ ᠲᠤᠭᠠᠯᠠᠯ ᠤᠨ 1823 — 1851 ᠤᠨ︶ ᠲᠦᠷᠦ ᠭᠡᠷᠡᠯᠲᠦ ᠬᠠᠭᠠᠨ ᠤ ᠬᠤᠷᠢᠨ ᠨᠠᠢᠮᠠᠨ ᠤᠨ ᠳᠤ ᠭᠦᠢ ᠬᠤᠸᠠ᠂ ᠰᠦᠢ ᠶᠤᠸᠠᠨ ᠬᠤᠶᠠᠷ ᠬᠤᠲᠠ ᠪᠠ ᠡᠷᠭᠢᠨ ᠲᠤᠭᠤᠷᠢᠨ ᠤ ᠮᠠᠯᠴᠢᠨ ᠠᠷᠠᠳ ᠯᠤᠭ᠎ᠠ ᠶᠢᠨ ᠭᠠᠵᠠᠷ ᠨᠤᠲᠤᠭ᠂ ᠬᠢᠯᠢ ᠶᠢᠨ ᠱᠤᠭᠤᠮ ᠢ ᠲᠤᠳᠤᠷᠬᠠᠢ ᠪᠤᠯᠭᠠᠨ ᠵᠢᠷᠤᠪᠠ᠃ ᠲᠡᠭᠡᠭᠡᠳ ᠡᠨᠡ ᠲᠤᠬᠠᠢ ᠶᠢᠨ ᠮᠦᠷᠭᠦᠯᠳᠦᠭᠡᠨ ᠢ ᠨᠠᠮ ᠪᠤᠯᠭᠠᠪᠠ᠃ ᠴᠢᠩ ᠤᠯᠤᠰ ᠤᠨ ᠲᠦᠭᠡᠮᠡᠯ ᠡᠯᠪᠡᠭᠲᠦ ᠪᠠ ᠪᠦᠷᠢᠨ ᠵᠠᠰᠠᠭᠲᠦ ᠬᠠᠭᠠᠨ ︵咸丰和同治 ᠪᠦᠷ ᠠᠶᠢᠰᠢᠨ ᠬᠢᠤᠷᠤ ᠤᠭᠰᠠᠭ᠎ᠠ ᠶᠢᠨ︶᠎ ᠤ ᠦᠶ᠎ᠡ ︵ᠤᠨ ᠲᠤᠭᠠᠯᠠᠯ ᠤᠨ 1851 — 1854 ᠤᠨ︶᠎ ᠳᠤ ᠴᠢᠩ ᠤᠯᠤᠰ ᠤᠨ ᠵᠠᠰᠠᠭ ᠤᠨ ᠭᠠᠵᠡᠷ ᠠᠴᠠ ᠵᠠᠷᠯᠢᠭ ᠪᠠᠭᠤᠯᠭᠠᠨ ᠭᠦᠢ ᠬᠤᠸᠠ᠂ ᠰᠦᠢ ᠶᠤᠸᠠᠨ ᠬᠤᠶᠠᠷ ᠬᠤᠲᠠ ᠵᠢᠴᠢ ᠲᠤᠭᠲᠠᠬᠤ ᠰᠢᠶᠠᠨ᠂ ᠰᠠᠭᠠᠯᠢᠴᠢ᠂ ᠴᠢᠩ ᠱᠦᠢ ᠾᠧ᠂ ᠬᠤᠷᠢᠨ ᠭᠡᠷ ᠵᠡᠷᠭᠡ ᠭᠠᠵᠠᠷ ᠤᠷᠤᠨ ᠤ ᠲᠦᠷᠦ ᠳᠤ ᠦᠷᠢᠳᠡᠵᠦ ᠪᠠᠶᠢᠭ᠎ᠠ ᠵᠤᠭᠤᠰ ᠮᠦᠩᠭᠦ ᠪᠠ ᠠᠮᠦ ᠪᠤᠳᠠᠭ᠎ᠠ ᠶᠢ ᠪᠦᠬᠦᠨ ᠢ ᠠᠪᠬᠤ ᠦᠭᠡᠢ ᠭᠡᠵᠦ ᠳᠠᠩᠰᠠᠨ ᠠᠴᠠ ᠴᠠᠶᠢᠷᠠᠭᠤᠯᠪᠠ᠃ ᠪᠦᠷᠢᠨ ᠵᠠᠰᠠᠭᠴᠢ ᠶᠢᠨ ᠠᠷᠪᠠᠨ ᠨᠢᠭᠡᠨ ᠤᠨ ᠳᠤ ᠰᠦᠢ ᠶᠤᠸᠠᠨ ᠬᠤᠲᠠᠨ ᠳᠤ ︽ᠴᠠᠩ ᠪᠠᠢ︾ ᠨᠡᠷᠡᠮᠵᠢᠲᠦ ᠪᠢᠴᠢᠭ ᠤᠨ ᠬᠦᠷᠢᠶ᠎ᠡ ᠪᠠᠶᠢᠭᠤᠯᠤᠨ ᠤᠷᠢᠳᠠᠪᠡᠷ ᠮᠠᠨᠵᠦ ᠰᠤᠷᠤᠭᠴᠢ ᠶᠢ ᠡᠯᠰᠡᠵᠦ ᠪᠠᠶᠢᠪᠠ᠃ ᠳᠠᠷᠠᠭ᠎ᠠ ᠪᠠᠷ ᠨᠢ ᠭᠦᠢ ᠬᠤᠸᠠ ᠬᠤᠲᠠᠨ ᠳᠤ ᠺᠠᠲ᠋ᠤᠯᠢᠭ ᠱᠠᠰᠢᠨ ᠤ ᠨᠡᠶᠢᠭᠡᠮᠯᠢᠭ ᠪᠠᠶᠢᠭᠤᠯᠤᠨ᠂ ᠭᠦᠢ ᠬᠤᠸᠠ ᠬᠤᠲᠠᠨ ᠤ ᠬᠤᠶᠢᠲᠦ ᠡᠭᠦᠳᠡᠨ ᠤ ᠭᠠᠳᠠᠨ᠎ᠠ ︽ᠱᠧᠩ ᠠᠢ ᠲᠠᠩ︾ ᠭᠡᠵᠦ ᠪᠠᠶᠢᠭᠤᠯᠵᠠᠢ᠃ ᠴᠢᠩ ᠤᠯᠤᠰ ᠤᠨ ᠪᠠᠳᠠᠷᠠᠭᠤᠯᠲᠦ ᠲᠦᠷᠦ ︵光绪᠂ ᠠᠶᠢᠰᠢᠨ ᠬᠢᠦᠷᠦ ᠽᠠᠢ ᠲᠢᠶᠠᠨ ᠬᠠᠭᠠᠨ︶᠎ ᠶᠢᠨ ᠦᠶ᠎ᠡ ︵ᠤᠨ ᠲᠤᠭᠠᠯᠠᠯ ᠤᠨ 1885 — 1889 ᠤᠨ︶᠎ ᠳᠤ᠂ ᠬᠦᠢ ᠬᠤᠸᠠ ᠬᠤᠲᠠᠨ ᠳᠤ ᠪᠠᠩᠭᠢ ᠨᠡᠭᠡᠭᠡᠨ ᠰᠤᠷᠭᠠᠭᠤᠯᠢ ᠡᠷᠬᠢᠯᠡᠵᠦ ᠡᠬᠢᠯᠡᠪᠡ᠃ ᠬᠦᠢ ᠬᠤᠸᠠ ᠬᠤᠲᠠᠨ ᠳᠤ ︽ᠭᠦ᠋ ᠹᠧᠩ︾ ᠪᠢᠴᠢᠭ ᠤᠨ ᠭᠡᠷ ᠭᠡᠵᠦ ᠪᠠᠶᠢᠭᠤᠯᠤᠭᠰᠠᠨ ᠨᠢ ᠡᠳᠦᠭᠡ ᠶᠢᠨ ᠬᠦᠬᠡᠬᠤᠲᠠ ᠶᠢᠨ ᠨᠢᠭᠡᠳᠦᠭᠡᠷ ᠳᠤᠮᠳᠠᠳᠦ ᠰᠤᠷᠭᠠᠭᠤᠯᠢ ᠶᠢᠨ ᠤᠭ ᠢᠷᠡᠯᠲᠠ ᠪᠢᠯᠡ᠃ 1904 — 1906 ᠤᠨ ᠪᠤᠯᠬᠤ ᠳᠤ ᠭᠦᠢ ᠬᠤᠸᠠ᠂ ᠰᠦᠢ ᠶᠤᠸᠠᠨ ᠬᠤᠶᠠᠷ ᠬᠤᠲᠠ ᠶᠢᠨ ᠴᠢᠬᠤᠯᠠ ᠵᠠᠮ ᠵᠡᠭᠡᠯᠢ ᠳᠡᠭᠡᠷ᠎ᠡ ᠴᠢᠯᠠᠭᠤᠨ ᠲᠤᠰᠤ ᠪᠠᠷ ᠵᠠᠮ ᠤᠨ ᠳ᠋ᠧᠩ ᠲᠠᠯᠪᠢᠵᠦ ᠡᠬᠢᠯᠡᠪᠡ᠃ 1905 ᠤᠨ ᠳᠤ ᠭᠦᠢ ᠬᠤᠸᠠ ᠬᠤᠲᠠᠨ ᠳᠤ ᠰᠢᠤᠳᠠᠨ ᠲᠤᠪᠴᠢᠶ᠎ᠠ ᠶᠢ ᠰᠢᠨ᠎ᠡ ᠪᠠᠷ ᠪᠠᠶᠢᠭᠤᠯᠪᠠ᠃ ᠪᠠᠳᠠᠷᠠᠭᠤᠯᠲᠦ ᠲᠦᠷᠦ ᠶᠢᠨ ᠭᠤᠴᠢᠨ ᠭᠤᠷᠪᠠᠨ ᠤᠨ ︵ᠤᠨ ᠲᠤᠭᠠᠯᠠᠯ ᠤᠨ 1907 ᠤᠨ︶᠎ ᠳᠤ᠂ ᠤᠤᠯ ᠤᠨ ᠲᠡᠳ᠋ ᠵᠠᠬᠢᠷᠤᠭᠴᠢ ᠶᠢᠨ ᠪᠢᠴᠢᠭ ᠤᠨ ᠬᠦᠷᠢᠶ᠎ᠡ ᠶᠢᠨ ᠭᠠᠵᠠᠷ ᠲᠤ ᠲᠦᠮᠡᠳ ᠤᠨ ᠦᠨᠳᠦᠷ ᠵᠡᠷᠭᠡ ᠶᠢᠨ ᠪᠠᠭ᠎ᠠ ᠰᠤᠷᠭᠠᠭᠤᠯᠢ ᠶᠢ ᠪᠠᠶᠢᠭᠤᠯᠪᠠ᠃ ᠲᠤᠰ ᠵᠢᠯ ᠠᠴᠠ ᠡᠬᠢᠯᠡᠨ ᠬᠦᠢ ᠰᠦᠢ ᠶᠢᠨ ᠳᠤᠮᠳᠠᠲᠦ ᠰᠤᠷᠭᠠᠭᠤᠯᠢ ᠳᠤ ᠪᠠᠭᠰᠢ ᠶᠢᠨ ᠰᠤᠷᠭᠠᠭᠤᠯᠢ ᠶᠢᠨ ᠲᠦᠭᠦᠮ ᠠᠭᠤᠯᠭ᠎ᠠ ᠶᠢ ᠨᠡᠮᠡᠨ ᠵᠢᠭᠠᠬᠤ ᠪᠤᠯᠤᠭᠰᠠᠨ ᠪᠦᠭᠡᠳ ᠭᠦᠢ ᠬᠤᠸᠠ ᠨᠤᠮ ᠤᠨ ᠰᠠᠩ ᠭᠡᠵᠦ ᠪᠠᠶᠢᠭᠤᠯᠵᠠᠢ᠃ 1909 ᠤᠨ᠃ ᠴᠢᠩ ᠤᠯᠤᠰ ᠤᠨ ᠰᠢᠤᠸᠠᠨ ᠲᠦᠩ ᠤᠨ ᠤᠨ ᠪᠤᠯᠬᠤ ᠳᠤ ᠭᠦᠢ ᠬᠤᠸᠠ ᠬᠤᠲᠠᠨ ᠳᠤ ᠳ᠋ᠢᠶᠠᠨᠪᠦᠦ ᠶᠢᠨ ᠲᠤᠪᠴᠢᠶ᠎ᠠ ᠪᠠᠶᠢᠭᠤᠯᠤᠨ ᠵᠡᠭᠦᠨ ᠪᠠᠷᠠᠭᠤᠨ ᠱᠤᠭᠤᠮ ᠢᠶᠠᠷ ᠴᠢᠮᠡᠭᠡ ᠨᠡᠪᠲᠡᠷᠡᠭᠦᠯᠵᠦ ᠪᠠᠶᠢᠪᠠ᠃ 1910 ᠤᠨ ᠳᠤ ᠭᠦᠢ ᠬᠤᠸᠠ ᠬᠤᠲᠠᠨ ᠳᠤ ᠬᠤᠲᠤᠩ ᠤᠨ ᠰᠤᠷᠭᠠᠭᠤᠯᠢ ᠪᠠᠶᠢᠭᠤᠯᠪᠠ᠃ ᠶᠡᠷᠦᠩᠬᠡᠶᠢᠯᠡᠨ ᠦᠵᠡᠪᠡᠯ ᠴᠢᠩ ᠤᠯᠤᠰ ᠤᠨ ᠦᠶ᠎ᠡ ᠳᠤ ᠬᠦᠬᠡᠬᠤᠲᠠ ᠤᠷᠤᠨ ᠤ ᠨᠡᠶᠢᠭᠡᠮ ᠤᠨ ᠪᠠᠶᠢᠳᠠᠯ ᠨᠡᠯᠢᠶᠡᠳ ᠯᠠᠪᠳᠠᠭᠤᠨ ᠪᠤᠯᠵᠦ᠂ ᠠᠵᠦ ᠠᠬᠤᠢ᠂ ᠤᠳᠬ᠎ᠠ ᠰᠤᠶᠤᠯ ᠵᠡᠷᠭᠡ ᠡᠯ᠎ᠡ ᠲᠠᠯ᠎ᠠ ᠪᠠᠷ ᠮᠠᠰᠢ ᠶᠡᠭᠡ ᠬᠦᠭᠵᠢᠯᠲᠡ ᠲᠠᠢ ᠪᠤᠯᠤᠭᠰᠠᠨ ᠪᠠᠶᠢᠨ᠎ᠠ᠃ ᠠᠷᠠᠯᠵᠢᠶ᠎ᠠ ᠬᠤᠳᠠᠯᠳᠤᠭ᠎ᠠ᠂ ᠵᠤᠭᠠᠴᠠᠯ ᠤᠨ ᠦᠢᠯᠡᠰ ᠴᠦ ᠬᠦᠭᠵᠢᠶᠡᠨ ᠲᠠᠢ ᠪᠤᠯᠵᠦ᠂ ᠬᠦᠮᠦᠨ ᠠᠮᠠ ᠡᠳᠦᠷ ᠢᠷᠡᠬᠦᠶ᠎ᠡ ᠤᠯᠠᠰᠢᠷᠠᠨ᠂ ᠢᠳᠡᠭ ᠢᠳᠡᠭ ᠢᠶᠠᠷ ᠪᠤᠭᠤᠮᠲᠠ ᠶᠢᠨ ᠭᠠᠳᠠᠨᠠᠬᠢ ᠵᠠᠮ ᠬᠠᠷᠢᠯᠴᠠᠭ᠎ᠠ ᠶᠢᠨ ᠵᠠᠩᠭᠢᠯᠭ᠎ᠠ ᠭᠠᠵᠠᠷ᠂ ᠠᠷᠠᠯᠵᠢᠶ᠎ᠡ ᠬᠤᠳᠠᠯᠳᠤᠭ᠎ᠠ ᠶᠢᠨ ᠭᠤᠤᠯ ᠲᠦᠪ ᠪᠤᠯᠵᠦ ᠤᠮᠠᠷᠠᠲᠦ ᠤᠷᠤᠨ ᠤ ᠴᠢᠬᠤᠯᠠ ᠬᠤᠳᠠ ᠭᠠᠵᠠᠷ ᠪᠤᠯᠤᠭᠰᠠᠨ ᠪᠠᠶᠢᠨ᠎ᠠ᠃      ᠢᠷᠭᠡᠨ ᠤᠯᠤᠰ ᠤᠨ ᠬᠤᠶᠠᠷ ᠤᠨ᠂ ᠳᠠᠷᠤᠢ 1913 ᠤᠨ ᠳᠤ ᠭᠦᠢ ᠬᠤᠸᠠ᠂ ᠰᠦᠢ ᠶᠤᠸᠠᠨ ᠬᠤᠶᠠᠷ ᠬᠤᠲᠠ ᠶᠢ ᠨᠢᠭᠡᠳᠭᠡᠨ ︽ᠭᠦᠢ ᠰᠦᠢ ᠰᠢᠶᠠᠨ︾ ᠭᠡᠵᠦ ᠪᠠᠶᠢᠭᠤᠯᠪᠠ᠂ ᠳᠠᠷᠠᠭ᠎ᠠ ᠵᠢᠯ ᠨᠢ ᠰᠦᠢ ᠶᠤᠸᠠᠨ ᠤ ᠤᠨᠴᠠᠭᠠᠢ ᠵᠠᠰᠠᠭ ᠵᠠᠬᠢᠷᠭ᠎ᠠ ᠶᠢᠨ ᠤᠷᠤᠨ ᠭᠡᠵᠦ ᠪᠠᠶᠢᠭᠤᠯᠤᠨ ᠱᠠᠨ ᠰᠢ ᠮᠤᠵᠢ ᠠᠴᠠ ᠰᠠᠯᠭᠠᠨ ᠵᠠᠬᠢᠷᠪᠠ᠃ ᠢᠷᠭᠡᠨ ᠤᠯᠤᠰ ᠤᠨ ᠠᠷᠪᠠᠨ ᠨᠠᠢᠮᠠᠳᠤᠭᠠᠷ ᠤᠨ ᠳᠤ ︵1929 ᠤᠨ︶ ᠭᠤᠮᠢᠨᠳᠠᠩ ᠤᠨ ᠵᠠᠰᠠᠭ ᠤᠨ ᠭᠠᠵᠠᠷ ᠠᠴᠠ ︽ᠰᠦᠢ ᠶᠤᠸᠠᠨ ᠮᠤᠵᠢ︾ ᠭᠡᠵᠦ ᠪᠠᠶᠢᠭᠤᠯᠤᠨ ᠮᠤᠵᠢ ᠶᠢᠨ ᠲᠦᠪ ᠢ ᠮᠦᠨ ᠤᠤᠯ ᠤᠨ ᠰᠦᠢ ᠶᠤᠸᠠᠨ ᠰᠢᠶᠡᠨ ᠪᠠᠶᠢᠭᠰᠠᠨ ᠭᠠᠵᠠᠷ ᠲᠤ ᠪᠠᠶᠢᠷᠢᠰᠢᠭᠤᠯᠪᠠ᠂ ᠳᠡᠭᠡᠭᠡᠳ ᠰᠦᠢ ᠶᠤᠸᠠᠨ ᠬᠤᠲᠠ ᠭᠡᠪᠡ᠃ 1949 ᠤᠨ ᠤ 9 ᠰᠠᠷ᠎ᠠ ᠶᠢᠨ 19᠎ ᠤ ᠡᠳᠦᠷ ᠰᠦᠢ ᠶᠤᠸᠠᠨ ᠮᠤᠵᠢ ᠨᠢ ᠨᠠᠶᠢᠷᠠᠮᠳᠠᠯ ᠢᠶᠠᠷ ᠴᠢᠯᠤᠭᠡᠯᠡᠭᠳᠡᠭᠰᠡᠨ ᠢ ᠨᠡᠶᠢᠳᠡᠯᠡᠪᠡ᠃      1954 ᠤᠨ ᠤ 2 ᠰᠠᠷ᠎ᠠ ᠳᠤ ᠰᠦᠢ ᠶᠤᠸᠠᠨ ᠤ ᠪᠠᠶᠢᠭᠤᠯᠤᠮᠵᠢ ᠶᠢ ᠦᠭᠡᠶᠢᠰᠭᠡᠨ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠤᠳᠤᠷᠢᠳᠬᠤ ᠬᠡᠪᠴᠢᠶᠡᠨ ᠳᠤ ᠲᠤᠰᠢᠶᠠᠨ ᠦᠭᠪᠡ᠃ ᠲᠡᠭᠡᠭᠡᠳ ᠭᠦᠢ ᠰᠦᠢ ᠰᠢᠶᠠᠨ ᠢ ᠦᠭᠡᠶᠢᠰᠭᠡᠨ ᠲᠦᠮᠡᠳ ᠬᠤᠰᠢᠭᠤ ᠭᠡᠵᠦ ᠪᠠᠶᠢᠭᠤᠯᠤᠨ ᠲᠤᠰ ᠵᠢᠯ ᠤᠨ 4 ᠰᠠᠷ᠎ᠠ ᠶᠢᠨ 25᠎ ᠳᠤ ᠪᠦᠬᠦ ᠬᠤᠲᠠ ᠶᠢᠨ ᠠᠷᠠᠳ ᠲᠦᠮᠡᠨ ᠤ ᠬᠦᠰᠡᠯ ᠵᠤᠷᠢᠯᠲᠠ ᠪᠠᠷ ᠬᠦᠬᠡᠬᠤᠲᠠ ᠭᠡᠳᠡᠭ ᠢᠷᠠᠭᠤ ᠰᠠᠶᠢᠬᠠᠨ ᠨᠡᠷ᠎ᠡ ᠶᠢ ᠵᠢᠩᠭᠢᠨᠢ ᠪᠠᠷ ᠪᠦᠬᠦ ᠤᠯᠤᠰ ᠲᠤ ᠨᠡᠶᠢᠳᠡᠯᠡᠪᠡ᠃ ᠬᠦᠬᠡᠬᠤᠲᠠ ᠨᠢ ᠲᠦᠮᠡ ᠮᠢᠩᠭᠠᠨ ᠵᠢᠯ ᠤᠨ ᠲᠤᠷᠰᠢ ᠴᠡᠷᠢᠭ ᠳᠠᠶᠢᠨ ᠤ ᠦᠢᠮᠡᠭᠡᠨ᠂ ᠦᠶᠡᠷ ᠤᠰᠤ ᠭᠠᠩ ᠭᠠᠴᠢᠭ ᠵᠡᠷᠭᠡ ᠡᠬᠡ ᠪᠠᠶᠢᠭᠠᠯᠢ ᠶᠢᠨ ᠠᠶᠤᠯ ᠭᠠᠮᠰᠢᠭ ᠢᠶᠠᠷ ᠳᠠᠪᠳᠠᠭᠲᠠᠨ ᠤᠷᠲᠦ ᠤᠳᠠᠭᠠᠨ ᠤ ᠬᠤᠷᠴᠠ ᠰᠢᠷᠦᠭᠦᠨ ᠲᠡᠮᠡᠴᠡᠯ ᠢᠶᠠᠷ ᠤᠢᠰᠦᠨ ᠪᠤᠶᠢᠵᠢᠵᠦ ᠢᠷᠡᠯ᠎ᠡ᠃ ᠤᠯᠤᠰ ᠪᠠᠶᠢᠭᠤᠯᠤᠭᠳᠠᠭᠰᠠᠨ ᠠᠴᠠ ᠨᠠᠰᠢ ᠨᠡᠶᠢᠭᠡᠮ ᠵᠢᠷᠤᠮᠲᠦ ᠡᠬᠡ ᠤᠯᠤᠰ ᠤᠨ ᠬᠠᠯᠠᠭᠤᠨ ᠦᠯᠦᠭᠡᠢ ᠳᠤ ᠪᠦᠪᠠᠶᠢᠯᠡᠭᠳᠡᠨ ᠠᠭᠤᠤ ᠶᠡᠭᠡ ᠡᠪ ᠬᠠᠮᠲᠦ ᠨᠠᠮ ᠤᠨ ᠭᠡᠷᠡᠯᠲᠦ ᠲᠤᠶᠠᠭᠠᠯᠠᠯ ᠢᠶᠠᠷ ᠲᠤᠷᠨᠢᠨ᠂ ᠬᠦᠬᠡᠬᠤᠲᠡ ᠮᠢᠨᠢ ᠠᠵᠢᠨᠠᠢ ᠬᠦᠯᠦᠭ ᠤᠨ ᠬᠤᠷᠳᠤᠨ ᠳᠠᠪᠬᠢᠭ᠎ᠠ᠂ ᠠᠯᠲᠠᠨ ᠪᠦᠷᠭᠦᠳ ᠤᠨ ᠰᠢᠷᠦᠭᠦᠨ ᠳᠠᠪᠢᠯᠲᠡ ᠪᠠᠷ ᠴᠡᠴᠡᠭᠯᠡᠨ ᠬᠦᠭᠵᠢᠭᠡᠳ ᠦᠨᠦᠳᠦᠷ ᠤᠨ ᠮᠡᠲᠤ ᠲᠦᠮᠡᠨ ᠠᠷᠠᠳ ᠤᠨ ᠢᠶᠠᠨ ᠬᠦᠰᠡᠯ ᠢ ᠲᠠᠳᠠᠭᠰᠠᠨ ᠦᠪᠡᠷᠳᠡᠭᠡᠨ ᠵᠠᠰᠠᠬᠤ ᠤᠷᠤᠨ ᠤ ᠲᠦᠪ᠂ ᠡᠰᠨᠢᠯ ᠬᠦᠭᠵᠢᠯ ᠪᠢᠯᠬᠠᠭᠰᠠᠨ ᠲᠤᠮᠤ ᠶᠡᠭᠡ ᠬᠤᠲᠠ ᠪᠤᠯᠤᠭᠰᠠᠨ ᠪᠠᠶᠢᠨ᠎ᠠ᠃
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号