ᠵᠣᠬᠢᠶᠠᠭᠴᠢ᠄ ᠵᠤᠨ᠎ᠠ | | | ᠬᠡᠤᠬᠡᠳ ᠪᠠᠭᠠᠴᠤᠳ ᠢ ᠬᠠᠷᠠᠬᠠᠨ ᠪᠠᠭ᠎ᠠ ᠠᠴᠠ ᠪᠠᠨ ᠨᠤᠮ ᠪᠢᠴᠢᠭ ᠤᠩᠰᠢᠬᠤ ᠲᠠᠳᠬᠠᠯ ᠲᠠᠢ ᠪᠤᠯᠭᠠᠬᠤ ᠨᠢ | ᠲᠦᠢᠯ ᠤᠨ ᠴᠢᠬᠤᠯᠠ ᠬᠡᠳᠡᠭ ᠢ ᠬᠡᠷ ᠤᠨ ᠠᠬᠠᠮᠠᠳ ᠪᠤᠯᠭᠠᠨ ᠪᠦᠷ ᠮᠡᠳᠡᠳᠡᠭ ᠪᠤᠯᠪᠠᠴᠤ ᠲᠡᠳᠡᠨ ᠤ ᠶᠠᠮᠠᠷ ᠨᠤᠮ ᠤᠩᠰᠢᠨ᠎ᠠ | ᠬᠡᠳᠡᠭ ᠨᠤᠮ ᠪᠢᠴᠢᠭ ᠤᠨ ᠰᠤᠩᠭᠤᠯᠳᠠ ᠶᠢᠨ ᠠᠰᠠᠭᠤᠳᠠᠯ ᠨᠢ ᠨᠠᠩ ᠴᠢᠬᠤᠯᠠ ᠬᠡᠳᠡᠭ ᠢ ᠬᠠᠷᠢᠨ ᠤᠯᠠᠨ ᠬᠦᠮᠦᠰ | ᠤᠮᠳᠠᠭᠠᠢᠢᠯᠠᠭᠰᠠᠠ ᠪᠠᠶᠢᠵᠤ ᠮᠠᠭᠠᠳ᠃ | ᠤᠳᠤᠬᠠᠨ ᠳᠤ᠂ ᠤᠯᠠᠩᠬᠢ ᠬᠡᠷ ᠤᠨ ᠠᠬᠠᠮᠠᠳ ᠬᠡᠤᠬᠡᠳ ᠤᠨ ᠢᠶᠠᠨ ᠨᠤᠮ ᠤᠩᠰᠢᠵᠤ ᠪᠠᠶᠢᠬᠤ ᠶᠢ ᠦᠵᠡᠭᠰᠡᠬᠡᠷ ᠯᠠ | ᠰᠡᠳᠬᠢᠯ ᠪᠠᠶᠠᠰᠴᠤ᠂ ᠴᠤᠬᠤᠮ ᠶᠠᠮᠠᠷ ᠨᠤᠮ ᠪᠢᠴᠢᠭ ᠦᠵᠡᠵᠤ ᠪᠠᠶᠢᠬᠤ ᠶᠢ ᠨᠢ ᠲᠡᠮᠡᠢ ᠠᠵᠢᠶᠠᠷᠳᠠᠭ ᠴᠤ ᠦᠬᠡᠢ᠃ | ᠬᠡᠪᠯᠡᠯ ᠤᠨ ᠪᠤᠱᠤᠭ᠎ᠠ ᠮᠠᠰᠢ ᠲᠤᠤᠷ᠎ᠠ ᠪᠤᠯᠵᠤ᠂ ᠨᠤᠮ ᠪᠢᠴᠢᠭ ᠤᠯᠠᠰᠢᠷᠠᠭᠠᠳ ᠵᠠᠮᠪᠠᠷᠠᠭ᠎ᠠ ᠦᠬᠡᠢ ᠲᠡᠯᠬᠡᠷᠡᠭᠰᠡᠡ ᠡᠨᠡ ᠴᠠᠭ | ᠦᠶ᠎ᠠ ᠳᠤ ᠬᠡᠤᠬᠡᠳ ᠤᠨ ᠬᠦᠭᠵᠢᠯᠳᠠ ᠳᠤ ᠲᠤᠰᠠ ᠦᠬᠡᠢ᠂ ᠪᠤᠷᠤᠭᠤ ᠦᠷᠳᠡᠭ ᠤᠨ ᠦᠵᠡᠯᠳᠠ ᠶᠢ ᠬᠦᠮᠦᠵᠢᠬᠦᠯᠬᠦ ᠨᠤᠮ | ᠪᠢᠴᠢᠭ ᠵᠠᠬ᠎ᠠ ᠠᠴᠠ ᠪᠠᠨ ᠪᠠᠶᠢᠬᠤ ᠲᠤᠯᠠ ᠬᠡᠤᠬᠡᠳ ᠲᠤ ᠨᠤᠮ ᠪᠢᠴᠢᠭ ᠢ ᠦᠵᠡᠬᠦᠯᠬᠦ ᠳᠡᠭᠡᠨ ᠬᠡᠷ ᠤᠨ ᠠᠬᠠᠮᠠᠳ | ᠵᠢᠯᠤᠭᠤᠳᠤᠯᠭ᠎ᠠ ᠬᠢᠵᠤ᠂ ᠰᠤᠩᠭᠤᠯᠳᠠ ᠲᠠᠢ ᠪᠠᠷ ᠦᠵᠡᠬᠦᠯᠬᠦ ᠨᠢ ᠲᠤᠩ ᠴᠢᠬᠤᠯᠠ᠃ | ︽ᠮᠠᠨ ᠤ ᠤᠯᠤᠰ ᠤᠨ ᠬᠡᠤᠬᠡᠳ ᠤᠨ ᠨᠤᠮ ᠤᠩᠰᠢᠬᠤ ᠡᠷᠬᠡ ᠬᠡᠳᠦ ᠶᠡᠭᠡ᠂ ᠬᠡᠤᠬᠡᠳ ᠦᠪᠡᠷ ᠢᠶᠠᠨ ᠶᠠᠮᠠᠷ ᠨᠤᠮ | ᠤᠩᠰᠢᠬᠤ ᠰᠠᠨᠠᠭᠠᠳᠠᠢ ᠪᠤᠯ ᠬᠡᠷ ᠤᠨ ᠠᠬᠠᠮᠠᠳ ᠨᠢ ᠴᠦᠮ ᠪᠠᠷᠢᠨ ᠲᠤᠤᠷ᠎ᠠ ᠨᠢ ᠦᠨᠦ ᠨᠤᠮ ᠢ ᠨᠢ ᠠᠪᠴᠤ ᠦᠭᠳᠡᠭ᠃ | ᠡᠨᠡ ᠨᠢ ᠦᠨᠡᠨ ᠳᠡᠭᠡᠨ ᠮᠠᠰᠢ ᠡᠮᠵᠡᠭᠲᠡᠢ ᠦᠵᠡᠭᠳᠡᠯ ᠪᠤᠯᠬᠤ ᠶᠤᠮ᠃ ᠬᠡᠤᠬᠡᠳ ᠤᠨ ᠭᠤᠸ᠎ᠠ ᠰᠠᠶᠢᠬᠠᠨ ᠤ ᠮᠠᠭᠠᠳᠯᠠᠯ ᠪᠤᠯᠤᠨ | ᠮᠡᠳᠡᠷᠡᠮᠵᠢ ᠶᠢᠨ ᠴᠢᠳᠠᠪᠤᠷᠢ ᠨᠠᠶᠢᠳᠠᠪᠤᠷᠢ ᠦᠬᠡᠢ ᠲᠤᠯᠠ ᠨᠤᠮ ᠪᠢᠴᠢᠭ ᠤᠨ ᠰᠠᠶᠢᠨ ᠮᠠᠭᠤ᠂ ᠬᠡᠷᠡᠭ ᠲᠠᠢ ᠬᠡᠷᠡᠭ ᠦᠬᠡᠢ | ᠬᠡᠳᠡᠭ ᠢ ᠢᠯᠭᠠᠵᠤ ᠴᠢᠳᠠᠬᠤ ᠦᠬᠡᠢ ᠪᠠᠶᠢᠵᠤ᠂ ᠵᠦᠪᠬᠡᠨ ᠦᠩᠬᠡᠪᠴᠢ ᠲᠠᠯ᠎ᠠ ᠠᠴᠠ ᠨᠢ ᠦᠵᠡᠵᠤ ᠰᠤᠩᠭᠤᠳᠠᠭ᠃ | ᠡᠶᠢᠮᠤ ᠠᠴᠠ ᠬᠡᠷ ᠤᠨ ᠠᠬᠠᠮᠠᠳ ᠪᠤᠯᠤᠭᠰᠠᠳ ᠬᠡᠤᠬᠡᠳ ᠤᠨ ᠨᠤᠮ ᠤᠩᠰᠢᠬᠤ ᠡᠷᠬᠡ ᠶᠢ ᠵᠠᠭᠤᠨ ᠤ ᠵᠠᠭᠤ ᠪᠠᠷ ᠬᠡᠤᠬᠡᠳ ᠲᠤ | ᠦᠭᠴᠤ ᠪᠤᠯᠬᠤ ᠦᠬᠡᠢ᠂ ᠰᠠᠨᠠᠭᠠᠴᠢᠯᠠᠭ᠎ᠠ ᠲᠠᠢ ᠪᠠᠷ ᠬᠦᠳᠦᠯᠦᠨ ᠵᠢᠯᠤᠭᠤᠳᠪᠠᠯ ᠵᠤᠬᠢᠨ᠎ᠠ︾ ᠬᠡᠵᠤ ᠤᠳᠤ ᠦᠶ᠎ᠠ ᠶᠢᠨ | ᠠᠯᠳᠠᠷᠳᠤ ᠵᠤᠬᠢᠶᠠᠯᠴᠢ᠂ ᠲᠤᠮᠳᠠᠳᠤ ᠤᠯᠤᠰ ᠤᠨ ᠠᠯᠳᠠᠷᠳᠤ ᠬᠡᠤᠬᠡᠳ ᠤᠨ ᠤᠷᠠᠨ ᠵᠤᠬᠢᠶᠠᠯᠴᠢ ᠼᠤᠤ ᠸᠧᠨ ᠰᠢᠤᠸᠠᠠ ᠦᠢ | ᠤᠯᠠᠨ ᠬᠡᠷ ᠤᠨ ᠠᠬᠠᠮᠠᠳ ᠲᠤ ᠰᠠᠨᠠᠭᠤᠯᠤᠨ ᠶᠠᠷᠢᠬᠰᠠᠠ ᠪᠢᠯᠠ᠃ | ᠲᠡᠬᠡᠪᠠᠯ᠂ ᠬᠡᠤᠬᠡᠳ ᠲᠤ ᠴᠤᠬᠤᠮ ᠶᠠᠮᠠᠷ ᠨᠤᠮ ᠪᠢᠴᠢᠭ ᠦᠵᠡᠬᠦᠯᠵᠤ᠂ ᠬᠡᠷᠬᠢᠨ ᠲᠤᠰᠠᠳᠠᠢ ᠨᠤᠮ ᠪᠢᠴᠢᠭ ᠢ ᠨᠢ | ᠰᠤᠩᠭᠤᠵᠤ ᠦᠭᠬᠦ ᠪᠤᠢ︖ ᠡᠨᠡ ᠲᠤᠬᠠᠢ ᠮᠦᠨ ᠤᠳᠤ ᠦᠶ᠎ᠠ ᠶᠢᠨ ᠠᠯᠳᠠᠷᠳᠤ ᠵᠤᠬᠢᠶᠠᠯᠴᠢ ᠵᠸᠤ ᠳ᠋ᠠ ᠰᠢᠨ ᠠᠪᠤᠭᠠᠢ | ᠡᠶᠢᠮᠦᠷᠬᠦ ᠬᠤᠶᠠᠷ ᠲᠠᠯ᠎ᠠ ᠶᠢᠨ ᠰᠠᠨᠠᠭᠤᠯᠭ᠎ᠠ ᠲᠡᠪᠰᠢᠬᠦᠯᠦᠭᠰᠡᠡ ᠪᠠᠶᠢᠨ᠎ᠠ᠃ | ᠬᠠᠮᠤᠭ ᠲᠦᠷᠦᠬᠦᠨ ᠳᠤ᠂ ᠬᠠᠶᠢᠷ᠎ᠠ ᠶᠢ ᠤᠯᠠᠮᠵᠢᠯᠠᠭᠰᠠᠠ ᠪᠠᠶᠢᠬᠤ᠃ ᠬᠡᠤᠬᠡᠳ ᠲᠤ ᠬᠠᠷᠠᠬᠠᠨ ᠪᠠᠭ᠎ᠠ ᠠᠴᠠ ᠨᠢ | ᠬᠠᠶᠢᠷ᠎ᠠ ᠶᠢ ᠮᠡᠳᠡᠷᠡᠬᠦᠯᠵᠤ᠂ ᠠᠮᠢᠳᠠᠨ ᠭᠤᠤᠯᠳᠠᠨ᠂ ᠡᠪᠡᠰᠤ ᠤᠷᠭᠤᠮᠠᠯ ᠬᠡᠰᠡᠡ ᠦᠬᠡᠢ ᠶᠠᠭᠤ ᠪᠦᠬᠦᠨ ᠳᠤ ᠬᠠᠶᠢᠷ᠎ᠠ | ᠰᠡᠳᠬᠢᠯᠬᠡ ᠲᠠᠢ ᠪᠤᠯᠭᠠᠨ ᠬᠦᠮᠦᠵᠢᠬᠦᠯᠬᠦ ᠨᠢ ᠬᠤᠵᠢᠮ ᠤᠨ ᠬᠦᠮᠦᠨ ᠪᠤᠯᠬᠤ ᠪᠠ ᠠᠮᠢᠳᠤᠷᠠᠯ ᠤᠨ ᠵᠠᠮ ᠳᠤᠨᠢ ᠴᠦᠮ ᠲᠤᠰᠠ | ᠬᠦᠷᠬᠦ ᠲᠤᠯᠠ ᠨᠤᠮ ᠪᠢᠴᠢᠭ ᠢ ᠰᠤᠩᠭᠤᠬᠤ ᠳᠠᠭᠠᠨ ᠬᠠᠮᠤᠭ ᠲᠦᠷᠦᠬᠦᠨ ᠳᠤ ᠬᠠᠶᠢᠷ᠎ᠠ ᠶᠢ ᠤᠯᠠᠮᠵᠢᠯᠠᠭᠰᠠᠠ ᠡᠰᠡᠬᠦ ᠶᠢ | ᠠᠩᠬᠠᠷᠬᠤ ᠴᠢᠬᠤᠯᠠᠳᠠᠢ᠃ | ᠲᠠᠷᠠᠭ᠎ᠠ ᠨᠢ᠂ ᠭᠤᠸ᠎ᠠ ᠰᠠᠶᠢᠬᠠᠨ ᠤ ᠬᠦᠮᠦᠵᠢᠯ ᠢ ᠬᠦᠷᠳᠡᠬᠡᠭᠰᠡᠡ ᠪᠠᠶᠢᠬᠤ᠃ ᠭᠤᠸ᠎ᠠ ᠰᠠᠶᠢᠬᠠᠨ ᠤ ᠬᠦᠮᠦᠵᠢᠯ | ᠪᠠᠶᠠᠯᠢᠭ ᠠᠭᠤᠯᠭ᠎ᠠ ᠲᠠᠢ ᠪᠠᠶᠢᠵᠤ ᠬᠡᠤᠬᠡᠳ ᠪᠠᠭᠠᠴᠤᠳ ᠤᠨ ᠵᠦᠪ ᠤᠨᠤᠪᠴᠢᠳᠠᠢ ᠦᠷᠳᠡᠭ ᠤᠨ ᠦᠵᠡᠯᠳᠠ᠂ ᠨᠡᠶᠢᠬᠡᠮ ᠤᠨ | ᠦᠵᠡᠯᠳᠠ ᠶᠢ ᠪᠦᠷᠢᠯᠳᠦᠬᠦᠯᠬᠦ ᠳᠤ ᠲᠤᠩ ᠴᠢᠬᠤᠯᠠ ᠪᠠᠶᠢᠳᠠᠭ ᠲᠤᠯᠠ ᠨᠤᠮ ᠪᠢᠴᠢᠭ ᠢ ᠰᠤᠩᠭᠤᠬᠤ ᠳᠠᠭᠠᠨ ᠡᠨᠡ ᠲᠠᠯ᠎ᠠ ᠪᠠᠷ | ᠠᠩᠬᠠᠷᠤᠯ ᠲᠠᠯᠪᠢᠬᠤ ᠨᠢ ᠪᠠᠰᠠ ᠤᠮᠳᠠᠭᠠᠢᠢᠯᠠᠵᠤ ᠪᠤᠯᠤᠰᠢ ᠦᠬᠡᠢ ᠪᠠᠶᠢᠳᠠᠭ ᠬᠡᠵᠡᠢ᠃ ᠦᠰᠪᠤᠷᠢ ᠶᠢᠨ ᠬᠡᠤᠬᠡᠳ ᠲᠤ ᠨᠤᠮ | ᠪᠢᠴᠢᠭ ᠤᠩᠰᠢᠬᠤ ᠲᠠᠳᠬᠠᠯ ᠪᠦᠷᠢᠯᠳᠦᠬᠦᠯᠬᠦ ᠨᠢ ᠴᠢᠬᠤᠯᠠ ᠴᠤ ᠲᠡᠬᠦᠨ ᠤ ᠡᠷᠡᠬᠦᠯ ᠰᠠᠷᠠᠭᠤᠯ ᠬᠦᠭᠵᠢᠯᠳᠠ ᠳᠤ ᠲᠤᠰᠠᠳᠠᠢ | ᠨᠤᠮ ᠪᠢᠴᠢᠭ ᠢ ᠨᠢ ᠰᠤᠩᠭᠤᠵᠤ ᠦᠵᠡᠬᠦᠯᠬᠦ ᠨᠢ ᠬᠠᠷᠢᠨ ᠨᠠᠩ ᠴᠢᠬᠤᠯᠠ ᠶᠤᠮ᠃ |