ᠬᠡᠥᠬᠡᠳ ᠤᠨ ᠤᠶᠤᠨ ᠤ ᠴᠢᠳᠠᠪᠤᠷᠢ ᠶᠢ ᠨᠡᠭᠡᠭᠡᠭᠳᠡᠭᠦᠯᠬᠦ ᠬᠠᠮᠤᠭ ᠰᠠᠶᠢᠨ ᠴᠠᠭ
ᠨᠡᠶᠢᠲᠡᠯᠡᠭᠰᠡᠨ ᠴᠠᠭ᠄
2016/9/1
                                                  ● ᠸ᠊·ᠠᠭᠤᠯᠠ        ᠰᠢᠨᠵᠢᠯᠡᠬᠦ ᠤᠬᠠᠭᠠᠨ ᠤ ᠨᠤᠲᠠᠯᠠᠯᠲᠠ ᠶᠢ ᠦᠨᠳᠦᠰᠦᠯᠡᠪᠡᠯ᠄ ᠶᠡᠭᠡ ᠬᠦᠮᠦᠨ ᠤ ᠤᠶᠤᠨ ᠤᠬᠠᠭᠠᠨ ᠢ ᠵᠠᠭᠤᠨ  ᠎ ᠤ ᠵᠠᠭᠤ  ᠎ ᠪᠠᠷ ᠦᠵᠡᠪᠡᠯ᠂ ᠬᠦᠮᠦᠨ ᠲᠦᠷᠪᠡᠨ ᠨᠠᠰᠤ ᠬᠦᠷᠪᠡᠯ ᠤᠶᠤᠨ ᠤᠬᠠᠭᠠᠨ ᠨᠢ ᠬᠦᠭᠵᠢᠭᠡᠳ ᠵᠠᠭᠤᠨ ᠤ ᠲᠠᠪᠢ  ᠪᠤᠯᠵᠤ ᠂ ᠨᠠᠢᠮᠠᠨ ᠨᠠᠰᠤ ᠬᠦᠷᠪᠡᠯ ᠬᠦᠭᠵᠢᠭᠡᠳ ᠪᠦᠬᠦᠶᠢᠯᠡ ᠨᠢᠭᠡ ᠨᠠᠰᠤᠨ ᠤ ᠤᠶᠤᠨ ᠤᠬᠠᠭᠠᠨ ᠤ ᠵᠠᠭᠤᠨ ᠨᠠᠶᠠᠨ  ᠭᠤᠷᠪᠠ ᠠᠴᠠ ᠵᠠᠭᠤᠨ ᠤ ᠶᠢᠷᠡ  ᠎ ᠳᠤ  ᠬᠦᠷᠳᠡᠭ᠃ ᠲᠠᠷᠤᠢ ᠬᠡᠥᠬᠡᠳ ᠤᠨ ᠬᠤᠷᠴᠠ  ᠰᠡᠷᠭᠦᠯᠡᠩ ᠡᠰᠡᠬᠦ  ᠎ ᠨᠢ   ᠲᠡᠭᠦᠨ  ᠎ ᠤ  ᠨᠠᠢᠮᠠᠨ  ᠨᠠᠰᠤ  ᠬᠦᠷᠪᠡᠯ  ᠲᠠᠷᠤᠢ  ᠦᠨᠳᠦᠰᠦᠨ  ᠎ ᠳᠡᠭᠡᠨ ᠲᠤᠭᠳᠠᠪᠤᠷᠢᠵᠢᠳᠠᠭ ᠪᠢᠯᠡ᠃     ᠨᠢᠭᠡ᠂ ᠶᠡᠭᠡ ᠲᠠᠷᠢᠬᠢᠨ ᠤ ᠬᠦᠭᠵᠢᠯᠳᠡ ᠶᠢᠨ ᠬᠤᠭᠤᠴᠠᠭᠠᠳᠤ ᠴᠢᠨᠠᠷ ᠢ ᠡᠵᠡᠮᠰᠢᠬᠦ ᠬᠡᠷᠡᠭᠳᠡᠢ     ᠰᠡᠷᠡᠯ ᠤᠨ ᠡᠷᠭᠡᠳᠡᠨ ᠤ ᠰᠢᠰᠲ᠋ᠧᠮ ᠨᠢ ᠬᠠᠷᠢᠴᠠᠩᠭᠤᠢ ᠪᠠᠷ ᠬᠦᠭᠵᠢᠯᠳᠡ ᠨᠢ ᠲᠤᠶᠢᠯ ᠤᠨ ᠬᠤᠷᠴᠠ   ᠰᠤᠷᠭᠤᠭ  ᠪᠠᠶᠢᠳᠠᠭ᠃ ᠬᠡᠥᠬᠡᠳ ᠤᠨ ᠲᠠᠭᠤᠨ ᠦᠩᠭᠡ ᠶᠢ ᠢᠯᠭᠠᠨ ᠲᠠᠨᠢᠬᠤ ᠳᠤ ᠬᠦᠴᠢᠷᠳᠡᠵᠤ ᠪᠠᠶᠢᠬᠤ ᠨᠢ   ᠲᠠᠷᠤᠢ  ᠬᠡᠥᠬᠡᠳ  ᠲᠦᠷᠪᠡᠨ  ᠨᠠᠰᠤᠨ  ᠎ ᠠᠴᠠ ᠡᠮᠦᠨ᠎ᠡ ᠰᠤᠨᠤᠰᠬᠤ ᠡᠷᠬᠡᠳᠡᠨ ᠨᠢ ᠠᠨᠠᠢ ᠪᠠᠶᠢᠭᠰᠠᠨ ᠠᠴᠠ  ᠪᠤᠯᠤᠭᠰᠠᠨ ᠶᠤᠮ᠃ ᠤᠳᠤ ᠶᠢᠨ ᠵᠠᠷᠢᠮ ᠡᠷᠳᠡᠮᠳᠡᠨ ᠤ  ᠰᠤᠳᠤᠯᠤᠯᠳᠠ  ᠎ ᠶᠢ ᠦᠨᠳᠦᠰᠦᠯᠡᠪᠡᠯ᠄ ᠪᠢᠳᠡ ᠵᠠᠪᠠᠯ  ᠬᠡᠥᠬᠡᠳ ᠤᠨ ᠰᠤᠨᠤᠰᠬᠤ ᠴᠢᠳᠠᠪᠤᠷᠢ ᠵᠢᠴᠢ ᠦᠭᠡ ᠬᠡᠯᠡᠯᠭᠡ ᠶᠢᠨ  ᠬᠦᠭᠵᠢᠯᠳᠡ  ᠎ ᠶᠢᠨ  ᠰᠢᠰᠲ᠋ᠧᠮ ᠢ ᠲᠦᠷᠭᠡᠳᠭᠡᠭᠦ  ᠡᠯᠪᠡᠭ ᠪᠠᠶᠠᠯᠢᠭ ᠰᠡᠷᠡᠯ ᠤᠨ ᠲᠠᠨᠢᠯᠳᠠ ᠬᠢᠭᠡᠳ ᠦᠭᠡ ᠬᠡᠯᠡᠯᠭᠡ ᠶᠢᠨ ᠬᠠᠷᠢᠴᠠᠭ᠎ᠠ ᠶᠢ ᠬᠡᠥᠭᠡᠳ ᠲᠠᠢ ᠪᠠᠨ  ᠬᠠᠷᠢᠯᠴᠠᠵᠤ ᠲᠦᠷᠭᠡᠳᠭᠡᠭᠦ ᠨᠢ ᠲᠦᠢᠯ ᠤᠨ ᠴᠢᠬᠤᠯᠠ ᠶᠤᠮ᠃ ᠬᠡᠷᠪᠡ ᠬᠡᠥᠬᠡᠳ ᠨᠢᠭᠡᠨᠳᠡ ᠨᠠᠢᠮᠠᠨ ᠨᠠᠰᠤ ᠬᠦᠷᠦᠭᠡᠳ  ᠪᠠᠰᠠ ᠦᠭᠡ ᠬᠡᠯᠡᠯᠭᠡ  ᠎ ᠶᠢᠨ ᠪᠤᠭᠤᠮᠳᠠ ᠶᠢ ᠲᠠᠪᠠᠭᠰᠠᠨ ᠦᠭᠡᠢ ᠶᠤᠮ ᠪᠤᠯ᠂ ᠴᠢ ᠲᠠᠷᠤᠢ ᠬᠡᠥᠭᠡᠳ ᠲᠡᠭᠡᠨ ᠬᠢᠭᠰᠡᠨ   ᠬᠦᠮᠦᠵᠢᠯ  ᠴᠢᠨᠢ  ᠨᠢᠭᠡᠨᠳᠡ  ᠤᠷᠤᠶᠢᠳᠠᠭᠰᠠᠨ ᠶᠠᠪᠤᠳᠠᠯ ᠪᠤᠯᠤᠨ᠎ᠠ᠃ ᠶᠡᠷᠦ ᠎ ᠳᠡᠭᠡᠨ ᠬᠡᠥᠭᠡᠳ ᠲᠡᠭᠡᠨ ᠲᠤᠥᠷᠠᠬᠢ  ᠮᠡᠳᠦ ᠶᠢᠨ ᠲᠤᠷᠰᠢᠯᠳᠠ ᠬᠢᠵᠤ᠂ ᠶᠡᠭᠡ ᠲᠠᠷᠢᠬᠢ ᠶᠢ  ᠎ ᠨᠢ ᠪᠠᠶᠢᠴᠠᠭᠠᠵᠤ ᠪᠤᠯᠤᠨ᠎ᠠ᠃      ︵1︶  ᠬᠡᠥᠬᠡᠳ ᠲᠡᠭᠡᠨ ᠦᠷᠭᠦᠯᠵᠢ ᠶᠢᠨ ᠴᠢᠨᠠᠷᠳᠠᠢ ᠪᠠᠶᠢᠴᠠᠭᠠᠯᠳᠠ ᠬᠢᠵᠤ ᠪᠤᠯᠤᠨ᠎ᠠ᠂ ᠡᠭᠦᠨ ᠳᠤ ᠤᠨᠳᠠᠬᠤ  ᠦᠷᠦᠬᠡ  ᠎ ᠶᠢᠨ ᠢᠶᠠᠨ ᠠᠳᠠᠯᠢ ᠪᠤᠰᠤ ᠪᠤᠯᠤᠩ ᠠᠴᠠ ᠲᠠᠭᠤᠨ ᠭᠠᠷᠭᠠᠵᠤ᠂ ᠬᠡᠥᠬᠡᠳ ᠤᠨ ᠢᠶᠠᠨ ᠠᠵᠠᠭᠯᠠᠬᠤ  ᠴᠢᠳᠠᠪᠤᠷᠢ ᠬᠢᠭᠡᠳ ᠬᠠᠷᠢᠭᠤ ᠲᠤᠰᠬᠠᠯ ᠢ ᠨᠢ ᠦᠵᠡᠵᠤ ᠪᠤᠯᠤᠨ᠎ᠠ᠃        ︵2︶  ᠬᠡᠷᠪᠡ ᠬᠡᠥᠬᠡᠳ ᠤᠨ ᠴᠢᠨᠢ ᠴᠢᠬᠢ ᠨᠢ  ᠬᠡᠮᠳᠡᠭᠰᠡᠨ  ᠪᠤᠯ᠂  ᠵᠠᠪᠠᠯ  ᠲᠡᠭᠦᠨ  ᠎ ᠤ  ᠰᠤᠨᠤᠰᠬᠤ  ᠴᠢᠳᠠᠪᠤᠷᠢ ᠎ ᠶᠢ ᠨᠢ ᠨᠦᠯᠦᠭᠡᠯᠡᠵᠤ ᠪᠠᠶᠢᠬᠤ ᠡᠰᠡᠬᠦ ᠶᠢ ᠨᠢ ᠠᠩᠬᠠᠷᠤᠯ ᠳᠠᠭᠠᠨ ᠠᠪᠬᠤ ᠬᠡᠷᠡᠭᠳᠡᠢ᠃ ᠡᠨᠡ ᠮᠡᠳᠦ ᠶᠢᠨ  ᠰᠤᠨᠤᠰᠬᠤ ᠴᠢᠳᠠᠪᠤᠷᠢ ᠶᠢ ᠨᠦᠯᠦᠭᠡᠯᠡᠬᠦ ᠶᠢ ᠲᠤᠬᠠᠢ ᠶᠢᠨ ᠴᠠᠭ ᠲᠤᠨᠢ ᠠᠩᠬᠠᠷᠤᠯ ᠳᠠᠭᠠᠨ ᠠᠪᠬᠤ ᠦᠭᠡᠢ ᠠᠴᠠ  ᠪᠤᠯᠵᠤ᠂ ᠤᠳᠠᠭᠠᠨ  ᠎ ᠳᠠᠭᠠᠨ  ᠬᠠᠷᠢᠨ  ᠬᠡᠥᠬᠡᠳ  ᠎ ᠤᠨ ᠨᠢᠭᠡ ᠨᠠᠰᠤᠨ ᠤ ᠦᠰᠦᠯᠳᠡ ᠶᠢ ᠨᠦᠯᠦᠭᠡᠯᠡᠵᠤ ᠮᠡᠳᠡᠬᠦ  ᠲᠤᠯᠠ᠂ ᠵᠠᠪᠠᠯ ᠴᠠᠭ ᠲᠤᠬᠢᠶᠠᠯ ᠎ ᠢ ᠠᠰᠢᠭᠯᠠᠨ ᠲᠤᠭᠳᠠᠭᠰᠠᠨ ᠬᠤᠭᠤᠴᠠᠭ᠎ᠠ  ᠎ ᠲᠠᠢ ᠪᠠᠷ ᠡᠮᠨᠡᠯᠭᠡ ᠶᠢᠨ ᠬᠤᠷᠢᠶᠠᠨ ᠳᠤ  ᠬᠦᠷᠴᠦ ᠦᠷᠭᠦᠯᠵᠢ ᠶᠢᠨ ᠴᠢᠨᠠᠷᠳᠠᠢ ᠪᠠᠶᠢᠴᠠᠭᠠᠬᠤ ᠬᠡᠷᠡᠭᠳᠡᠢ᠃      ︵3︶  ᠬᠡᠷᠪᠡ ᠬᠡᠥᠬᠡᠳ ᠤᠨ ᠶᠠᠮᠠᠷ ᠨᠢᠭᠡᠨ ᠰᠡᠷᠡᠯ ᠤᠨ ᠡᠷᠭᠡᠳᠡᠨ ᠤ ᠬᠦᠭᠵᠢᠯᠳᠡ  ᠎ ᠨᠢ  ᠤᠳᠠᠭᠠᠨ  ᠪᠠᠶᠢᠬᠤ  ᠎ ᠶᠢ ᠮᠡᠳᠡᠪᠡᠯ᠂ ᠡᠭᠦᠨ ᠳᠤ ᠤᠷᠤᠭᠰᠢ ᠠᠯᠬᠤᠯᠠᠬᠤ ᠳᠤ ᠬᠦᠴᠢᠷᠳᠡᠭᠦ᠂ ᠭᠠᠷ ᠬᠦᠯ ᠢᠶᠠᠨ ᠬᠦᠳᠡᠯᠭᠡᠭᠦ ᠴᠢᠳᠠᠪᠤᠷᠢ ᠨᠢ  ᠡᠩ  ᠎ ᠤᠨ  ᠬᠡᠥᠬᠡᠳ  ᠎ ᠤᠨ ᠮᠡᠳᠦ ᠬᠤᠷᠴᠠ ᠪᠢᠰᠢ᠂ ᠡᠰᠡᠭᠦᠯ᠎ᠡ ᠰᠤᠷᠤᠯᠴᠠᠬᠤ ᠳᠤ ᠶᠠᠮᠠᠷ ᠨᠢᠭᠡᠨ ᠲᠠᠯ᠎ᠠ ᠪᠠᠷ  ᠬᠦᠴᠢᠷᠳᠡᠵᠤ ᠪᠠᠶᠢᠪᠠᠯ᠂ ᠴᠢ ᠲᠠᠷᠤᠢ ᠲᠦᠷᠭᠡᠨ ᠴᠠᠭ ᠲᠤᠬᠢᠶᠠᠯ ᠢ ᠠᠰᠢᠭᠯᠠᠨ ᠲᠤᠰᠬᠠᠢ ᠡᠷᠳᠡᠮᠳᠡᠨ ᠤᠷᠢᠵᠤ ᠪᠠᠶᠢᠭᠠᠳ  ᠠᠰᠠᠭᠤᠨ ᠯᠠᠪᠯᠠᠬᠤ᠂ ᠤᠨᠤᠰᠢᠯᠠᠭᠤᠯᠬᠤ ᠮᠡᠳᠦ  ᠎ ᠪᠠᠷ  ᠵᠦᠢ  ᠵᠤᠬᠢᠰᠳᠠᠢ  ᠠᠷᠭ᠎ᠠ ᠠᠪᠴᠠᠯ ᠠᠪᠬᠤ ᠬᠡᠷᠡᠭᠲᠡᠢ᠃      ᠬᠤᠶᠠᠷ᠂ ᠶᠡᠭᠡ ᠲᠠᠷᠢᠬᠢᠨ ᠤ ᠬᠦᠭᠵᠢᠯᠳᠡ ᠶᠢᠨ ᠬᠤᠭᠤᠴᠠᠭ᠎ᠠ ᠶᠢ ᠠᠮᠵᠢᠨ ᠠᠪᠬᠤ ᠬᠡᠷᠡᠭᠳᠡᠢ       ᠶᠡᠭᠡ ᠲᠠᠷᠢᠬᠢᠨ ᠤ ᠬᠦᠭᠵᠢᠯᠳᠡ ᠶᠢ ᠨᠡᠭᠡᠭᠳᠡᠭᠦᠯᠵᠤ᠂ ᠦᠰᠦᠯᠳᠡ ᠪᠤᠶᠢᠵᠢᠯᠳᠠ ᠶᠢᠨ ᠬᠡᠪ  ᠴᠢᠨᠠᠷ  ᠎ ᠢ  ᠲᠡᠭᠡᠭᠰᠢᠯᠡᠭᠦᠯᠬᠦ ᠎ ᠳᠤ᠂ ᠶᠠᠭᠤᠨ ᠤ ᠡᠮᠦᠨ᠎ᠡ ᠴᠠᠭ ᠲᠤᠬᠢᠶᠠᠯ ᠢ ᠰᠠᠶᠢᠳᠤᠷ ᠡᠵᠡᠮᠰᠢᠬᠦ ᠬᠡᠷᠡᠭᠳᠡᠢ᠃ ᠵᠢᠱᠢᠶᠡᠯᠡᠪᠡᠯ᠄  ᠡᠨᠡᠳᠭᠡᠭ ᠤᠨ 8 ᠨᠠᠰᠤᠳᠠᠢ ᠴᠢᠨ᠋ᠸ᠎ᠠ ᠬᠡᠥᠭᠡᠳ᠂ ᠬᠡᠳᠦᠶᠢᠪᠡᠷ ᠬᠦᠮᠦᠨ ᠤ ᠦᠰᠦᠯᠳᠡ ᠪᠤᠶᠢᠵᠢᠯᠳᠠ ᠶᠢᠨ ᠤᠯᠠᠮᠵᠢᠯᠠᠯᠳᠤ  ᠴᠢᠳᠠᠪᠬᠢ  ᠪᠠᠶᠢᠭᠰᠠᠨ  ᠪᠤᠯᠪᠠᠴᠤ ᠂  ᠤᠷᠴᠢᠨ ᠲᠤᠭᠤᠷᠢᠨ ᠤ ᠨᠦᠯᠦᠭᠡᠯᠡᠯ ᠠᠴᠠ ᠪᠤᠯᠵᠤ᠂᠂ ᠴᠢᠨ᠋ᠸ᠎ᠠ ᠲᠠᠢ ᠬᠠᠮᠳᠤ  ᠎ ᠪᠠᠷ ᠤᠳᠠᠭᠠᠨ ᠵᠢᠯ  ᠎ ᠤᠨ  ᠲᠤᠷᠰᠢ  ᠬᠡᠭᠡᠷ᠎ᠡ  ᠭᠠᠳᠠᠨᠠᠬᠢ  ᠤᠷᠴᠢᠨ ᠠᠬᠤᠢ ᠶᠢᠨ ᠨᠦᠯᠦᠭᠡᠯᠡᠯ ᠠᠴᠠ ᠪᠤᠯᠵᠤ᠂  ᠬᠦᠮᠦᠨ ᠤ ᠦᠨᠳᠦᠰᠦᠨ ᠴᠢᠳᠠᠪᠬᠢ ᠪᠠᠨ ᠠᠯᠳᠠᠵᠤ᠂ ᠬᠡᠳᠦᠶᠢᠪᠡᠷ ᠴᠢᠨ᠋ᠸ᠎ᠠ ᠶᠢᠨ ᠡᠭᠦᠷ  ᠎ ᠠᠴᠠ ᠠᠪᠤᠷᠠᠭᠰᠠ ᠪᠤᠯᠪᠠᠴᠤ᠂  ᠤᠯᠠᠨ ᠬᠦᠮᠦᠨ ᠤ ᠲᠤᠮᠳᠠ ᠲᠠᠬᠢᠨ ᠬᠦᠮᠦᠨ ᠎ ᠤ ᠠᠮᠢᠳᠤᠷᠠᠯ ᠢ ᠡᠬᠢᠯᠡᠨ ᠬᠢᠬᠦ ᠳᠤ ᠬᠡᠳᠦᠶᠢᠪᠡᠷ  ᠠᠷᠪᠠ ᠭᠠᠷᠤᠢ ᠵᠢᠯ  ᠎ ᠤᠨ ᠪᠤᠯᠪᠠᠰᠤᠷᠠᠯ ᠢ ᠲᠠᠬᠢᠨ ᠬᠦᠷᠳᠡᠭᠰᠡᠨ ᠪᠤᠯᠪᠠᠴᠤ ᠠᠷᠠᠢ ᠭᠡᠵᠤ ᠶᠠᠪᠤᠵᠤ ᠰᠠᠭᠤᠬᠤ᠂ ᠬᠠᠯᠪᠠᠭ᠎ᠠ  ᠎ ᠪᠠᠷ  ᠪᠤᠳᠠᠭ᠎ᠠ  ᠢᠳᠡᠭᠦ  ᠵᠢᠴᠢ ᠲᠦᠭᠦᠮ ᠲᠦᠳᠡ ᠬᠡᠳᠦᠨ ᠦᠭᠡ ᠬᠡᠯᠡᠬᠦ ᠮᠡᠳᠦ ᠶᠢᠨ ᠪᠠᠶᠢᠳᠠᠯ ᠠᠴᠠ ᠴᠢᠨᠠᠭᠰᠢ ᠡᠯ᠎ᠡ ᠲᠠᠯ᠎ᠠ ᠪᠠᠷ  ᠬᠦᠭᠵᠢᠵᠤ ᠴᠢᠳᠠᠭᠰᠠᠨ ᠦᠭᠡᠢ ᠶᠤᠮ᠃ ᠡᠶᠢᠮᠦ ᠠᠴᠠ ᠬᠡᠥᠬᠡᠳ ᠦᠶ᠎ᠡ ᠶᠢᠨ ᠤᠶᠤᠨ ᠤᠬᠠᠭᠠᠨ ᠤ ᠴᠢᠳᠠᠪᠤᠷᠢ ᠶᠢ  ᠬᠦᠮᠦᠵᠢᠭᠦᠯᠬᠦ ᠨᠢ  ᠶᠠᠭ  ᠯᠡ  ᠴᠡᠴᠡᠭ  ᠬᠤᠸᠠᠷ  ᠎ ᠢ  ᠦᠨᠳᠦᠰᠦ ᠬᠠᠳᠬᠤᠭᠤᠯᠵᠤ᠂ ᠨᠠᠪᠴᠢ ᠨᠠᠬᠢᠶ᠎ᠠ  ᠤᠷᠭᠤᠭᠤᠯᠵᠤ᠂ ᠤᠯᠠᠪᠢᠷ ᠰᠤᠷᠭᠤᠭ ᠴᠡᠴᠡᠭ ᠲᠡᠯᠭᠡᠷᠡᠭᠦᠯᠬᠦ ᠲᠠᠢ ᠶᠠᠭᠤᠨ ᠦᠭᠡᠷ᠎ᠡ ᠪᠤᠢ᠃     ᠭᠤᠷᠪᠠ᠂ ᠤᠶᠤᠨ ᠴᠢᠳᠠᠪᠤᠷᠢ ᠶᠢ ᠨᠡᠳᠡᠭᠳᠡᠭᠦᠯᠬᠦ ᠵᠠᠩᠭᠢᠯᠠᠭ᠎ᠠ ᠶᠢ ᠨᠢ ᠠᠳᠬᠤᠬᠤ ᠬᠡᠷᠡᠭᠳᠡᠢ᠃     ᠬᠠᠮᠤᠭ ᠴᠢᠬᠤᠯᠠ ᠨᠢ ᠬᠡᠥᠬᠡᠳ ᠤᠨ ᠪᠦᠳᠦᠭᠡᠯᠴᠢ ᠴᠢᠳᠠᠪᠤᠷᠢ ᠶᠢ ᠨᠢ ᠠᠩᠬᠠᠷᠴᠤ ᠪᠠᠶᠢᠬᠤ ᠬᠡᠷᠡᠭᠳᠡᠢ᠂  ᠲᠠᠷᠤᠢ ᠬᠡᠥᠬᠡᠳ  ᠎ ᠤᠨ ᠢᠶᠠᠨ ᠰᠠᠨᠠᠭᠠᠨ ᠳᠤ ᠦᠭᠡᠢ ᠪᠠᠷ ᠬᠡᠷᠡᠭ ᠪᠤᠳᠠᠰ ᠲᠤ ᠬᠠᠨᠳᠤᠬᠤ ᠤᠪᠤᠷ  ᠪᠠᠶᠢᠳᠠᠯ᠂  ᠦᠭᠡ   ᠬᠡᠯᠡᠯᠭᠡ᠂ ᠠᠩᠬᠠᠷᠤᠯ᠂ ᠠᠵᠢᠭᠯᠠᠬᠤ᠃ ᠴᠡᠭᠡᠵᠢᠯᠡᠬᠦ ᠴᠢᠳᠠᠪᠤᠷᠢ ᠵᠡᠷᠭᠡ ᠶᠢ ᠨᠢ ᠪᠦᠬᠦ ᠲᠠᠯ᠎ᠠ ᠪᠠᠷ ᠠᠩᠬᠠᠷᠬᠤ ᠬᠡᠷᠡᠭᠳᠡᠢ᠃  ᠬᠡᠥᠭᠡᠳ ᠴᠢᠨᠢ ᠬᠡᠷᠪᠡ ᠬᠠᠮᠤᠭ ᠨᠠᠭᠠᠳᠤ ᠵᠠᠬ᠎ᠠ ᠳᠠᠭᠠᠨ ᠲᠡᠭᠡᠷᠡᠭᠢ ᠮᠡᠳᠦ ᠶᠢᠨ ᠰᠡᠳᠬᠢᠭᠦᠢ ᠶᠢᠨ ᠪᠦᠷᠢᠯᠳᠦᠭᠦᠨ  ᠦᠭᠡᠢ ᠶᠤᠮ ᠪᠤᠯ ᠬᠠᠨᠠᠰᠠ  ᠪᠠᠰᠠ  ᠲᠤᠭᠤᠰᠤᠳᠤ  ᠶᠢᠷᠳᠢᠨᠴᠦ  ᠎ ᠶᠢᠨ ᠲᠤᠮᠳᠠ ᠪᠦᠳᠦᠭᠡᠯᠴᠢ ᠴᠢᠳᠠᠪᠤᠷᠢ ᠭᠡᠵᠤ  ᠪᠠᠶᠢᠬᠤ ᠶᠤᠮ ᠪᠤᠢ︖ ᠰᠤᠳᠤᠯᠤᠯᠳᠠ  ᠎ ᠶᠢ  ᠦᠨᠳᠦᠰᠦᠯᠡᠪᠡᠯ᠂  ᠬᠡᠥᠭᠡᠳ  ᠎ ᠤᠨ  ᠡᠯ᠎ᠡ  ᠵᠦᠢᠯ  ᠎ ᠤᠨ ᠴᠢᠳᠠᠪᠤᠷᠢ  ᠎ ᠶᠢᠨ ᠬᠦᠭᠵᠢᠯᠳᠡ ᠶᠢᠨ ᠵᠠᠩᠭᠢᠯᠠᠭ᠎ᠠ ᠱᠠᠳᠤ ᠭᠡᠵᠤ ᠪᠠᠶᠢᠳᠠᠭ᠃       ︵1︶ ᠬᠡᠥᠬᠡᠳ ᠤᠨ 2᠎ ᠠᠴᠠ 3 ᠨᠠᠰᠤ ᠪᠤᠯ ᠦᠭᠡ ᠬᠡᠯᠡᠯᠭᠡ ᠶᠢᠨ ᠵᠠᠩᠭᠢᠯᠠᠭ᠎ᠠ ᠶᠢᠨ ᠱᠠᠳᠤ ᠪᠤᠯᠤᠨ᠎ᠠ  ᠡᠩ  ᠎ ᠤᠨ  ᠦᠭᠡ ᠬᠡᠯᠡᠯᠭᠡ ᠶᠢᠨ ᠤᠷᠴᠢᠨ ᠳᠤ᠂ ᠡᠨᠡᠬᠦ ᠱᠠᠳᠤᠨ ᠳᠤ ᠬᠡᠥᠬᠡᠳ ᠤᠨ ᠦᠭᠡ  ᠬᠡᠯᠡᠨ  ᠎ ᠤ  ᠬᠦᠭᠵᠢᠯᠳᠡ ᠶᠢᠨ  ᠬᠠᠮᠤᠭ  ᠰᠠᠶᠢᠨ᠂ ᠬᠠᠮᠤᠭ ᠨᠠᠶᠢᠳᠠᠪᠤᠷᠢᠳᠠᠢ ᠪᠠᠶᠢᠳᠠᠭ ᠶᠤᠮ᠃ ᠬᠡᠷᠪᠡ ᠡᠨᠡᠬᠦ ᠵᠠᠩᠭᠢᠯᠠᠭ᠎ᠠ ᠶᠢᠨ ᠱᠠᠳᠤ ᠶᠢ ᠰᠠᠶᠢᠳᠤᠷ  ᠠᠰᠢᠭᠯᠠᠬᠤ ᠦᠭᠡᠢ ᠶᠤᠮ  ᠪᠤᠯ  ᠬᠡᠥᠬᠡᠳ  ᠎ ᠤᠨ ᠦᠰᠦᠯᠳᠡ ᠳᠤ ᠲᠦᠢᠯ ᠤᠨ ᠶᠡᠭᠡ ᠬᠤᠬᠢᠷᠠᠯ ᠪᠤᠶᠤ ᠬᠦᠯᠢᠶᠡᠰᠦ  ᠲᠤᠱᠠ ᠪᠤᠯᠳᠠᠭ ᠰᠠᠨ᠂ ᠴᠢᠨ᠋ᠸ᠎ᠠ ᠬᠡᠥᠬᠡᠳ  ᠪᠤᠯ  ᠲᠠᠷᠤᠢ  ᠨᠡᠶᠢᠳᠡᠯᠢᠭ ᠵᠢᠱᠢᠶ᠎ᠠ ᠪᠢᠰᠢᠦ︕      ︵2︶ 4 ᠨᠠᠰᠤ ᠠᠴᠠ ᠡᠮᠦᠨ᠎ᠡ ᠪᠤᠯ ᠬᠡᠥᠬᠡᠳ ᠤᠨ ᠵᠢᠷᠤᠭ  ᠲᠦᠷᠡᠰᠦ  ᠎ ᠶᠢ  ᠢᠯᠭᠠᠨ  ᠲᠠᠨᠢᠬᠤ  ᠵᠠᠩᠭᠢᠯᠭ᠎ᠠ  ᠎ ᠶᠢᠨ ᠱᠠᠳᠤ ᠪᠤᠯᠤᠨ᠎ᠠ᠃      ︵3︶ 4—5 ᠨᠠᠰᠤ ᠪᠤᠯ ᠨᠤᠮ ᠲᠡᠪᠳᠡᠷ ᠤᠨ ᠦᠭᠡ ᠬᠡᠯᠡᠯᠭᠡ ᠶᠢ ᠰᠤᠷᠤᠯᠴᠠᠬᠤ ᠬᠠᠮᠤᠭ ᠰᠠᠶᠢᠨ ᠱᠠᠳᠤ  ᠪᠤᠯᠤᠨ᠎ᠠ᠃      ︵4︶ 5—5.5 ᠨᠠᠰᠤ ᠪᠤᠯ ᠬᠡᠥᠭᠡᠳ ᠤᠨ ᠦᠭᠡ ᠬᠠᠷᠢᠯᠴᠠᠭᠠᠨ ᠤ ᠤᠬᠠᠭᠳᠠᠬᠤᠨ  ᠎ ᠢ  ᠡᠵᠡᠮᠰᠢᠬᠦ   ᠵᠤᠩᠭᠢᠯᠠᠭ᠎ᠠ  ᠎ ᠶᠢᠨ ᠱᠠᠳᠤ ᠪᠤᠯᠤᠨ᠎ᠠ᠃      ︵5︶ 5—6 ᠨᠠᠰᠤ ᠪᠤᠯ ᠬᠡᠥᠬᠡᠳ ᠤᠨ ᠦᠰᠦᠭ ᠲᠠᠨᠢᠬᠤ ᠬᠠᠮᠤᠭ ᠰᠠᠶᠢᠨ ᠱᠠᠳᠤ ᠪᠤᠯᠤᠨ᠎ᠠ᠃      ᠡᠶᠢᠮᠦ ᠠᠴᠠ ᠬᠡᠥᠬᠡᠳ ᠤᠨ ᠢᠶᠠᠨ ᠦᠰᠦᠯᠳᠡ ᠪᠤᠶᠢᠵᠢᠯᠳᠠ ᠶᠢᠨ ᠵᠠᠩᠭᠢᠯᠭ᠎ᠠ ᠶᠢᠨ ᠴᠠᠭ ᠲᠤ ᠵᠦᠢ ᠵᠤᠬᠢᠰᠳᠠᠢ  ᠎ ᠪᠠᠷ ᠬᠦᠮᠦᠵᠢᠯ ᠬᠢᠬᠦ ᠨᠢ᠂ ᠬᠡᠥᠬᠡᠳ ᠤᠨ ᠦᠰᠦᠯᠳᠡ ᠳᠤ ᠲᠤᠶᠢᠯ ᠤᠨ ᠶᠡᠭᠡ ᠠᠴᠢ ᠲᠤᠰᠠ ᠲᠠᠢ ᠪᠠᠶᠢᠳᠠᠭ᠃ ᠬᠡᠷᠪᠡ  ᠬᠡᠥᠬᠡᠳ ᠎ ᠲᠡᠭᠡᠨ ᠴᠠᠭ ᠲᠤᠬᠢᠶᠠᠯ ᠢ ᠠᠰᠢᠭᠯᠠᠨ ᠲᠤᠰᠬᠠᠢ ᠪᠤᠯᠪᠠᠰᠤᠷᠠᠯ ᠬᠦᠷᠳᠡᠭᠡᠭᠰᠡᠨ ᠦᠭᠡᠢ ᠶᠤᠮ ᠪᠤᠯ᠂ ᠶᠠᠮᠠᠷ  ᠨᠢᠭᠡ ᠰᠢᠯᠢᠳᠡᠭ ᠬᠡᠥᠬᠡᠳ ᠴᠦ  ᠭᠡᠳ ᠦᠪᠡᠷ ᠤᠨ ᠤᠶᠤᠨ ᠴᠢᠳᠠᠪᠤᠷᠢ ᠪᠠᠷ ᠢᠶᠠᠨ ᠨᠠᠰᠤᠨ ᠲᠤᠷᠰᠢᠳᠠ ᠴᠢᠷᠮᠠᠶᠢᠭᠰᠠᠨ  ᠴᠦ ᠬᠠᠷᠢᠨ ᠬᠦᠮᠦᠵᠢᠯ ᠬᠦᠷᠳᠡᠭᠡᠭᠰᠡᠨ ᠬᠠᠮᠤᠭ ᠰᠠᠶᠢᠨ ᠤᠷᠭᠢᠯ  ᠎ ᠤᠨ ᠬᠡᠮᠵᠢᠶ᠎ᠡ ᠳᠤ ᠬᠦᠷᠴᠦ ᠴᠢᠳᠠᠬᠤ ᠦᠭᠡᠢ ᠶᠤᠮ᠃  ᠡᠶᠢᠮᠦ ᠠᠴᠠ ᠵᠠᠷᠢᠮ ᠬᠡᠥᠬᠡᠳ ᠤᠨ ᠤᠶᠤᠨ ᠤ ᠴᠢᠳᠠᠪᠤᠷᠢ ᠨᠢ ᠠᠨᠢ ᠪᠠᠶᠢᠬᠤ ᠲᠤᠯᠠ᠂ ᠡᠬᠡ ᠡᠴᠢᠭᠡ ᠶᠢᠨ ᠬᠠᠯᠠᠭᠤᠨ  ᠲᠤᠯᠠᠭᠠᠨ ᠤᠪᠤᠷ ᠰᠤᠷᠳᠠᠯ᠂  ᠬᠦᠯᠢᠴᠡᠩᠭᠦᠢ  ᠯᠠᠪᠳᠠᠭᠤᠨ ᠰᠤᠷᠭᠠᠨ ᠬᠦᠮᠦᠵᠢᠯ  ᠬᠢᠭᠡᠳ ᠤᠳᠠᠭᠠᠨ ᠲᠠᠭᠠᠭᠠᠮᠠᠭᠠᠢ  ᠤᠷᠠᠮᠰᠢᠭᠤᠯᠤᠯ ᠵᠤᠷᠢᠭᠵᠢᠭᠤᠯᠤᠯ ᠢ ᠬᠦᠷᠳᠡᠭᠡᠭᠦ ᠦᠭᠡᠢ ᠶᠤᠮ ᠪᠤᠯ᠂ ᠬᠡᠥᠬᠡᠳ ᠬᠠᠷᠢᠨ ᠭᠤᠨᠢᠨ  ᠭᠤᠳᠤᠷᠠᠵᠤ᠂  ᠢᠳᠡᠭᠡᠯ ᠠᠯᠳᠠᠬᠤ᠂ ᠴᠢᠷᠮᠠᠶᠢᠬᠤ ᠦᠭᠡᠢ ᠪᠤᠶᠤ ᠴᠢᠨᠠᠭᠰᠢᠯᠠᠨ ᠬᠤᠵᠢᠮ ᠤᠨ ᠨᠢᠭᠡ ᠨᠠᠰᠤᠨ ᠤ ᠦᠰᠦᠯᠳᠡ  ᠪᠤᠶᠢᠵᠢᠯᠳᠠ ᠪᠠᠨ ᠴᠦ  ᠨᠦᠯᠦᠭᠡᠯᠡᠵᠤ ᠮᠡᠳᠡᠨ᠎ᠡ᠃          
 
ᠢᠷᠡᠯᠲᠡ᠄ ᠠᠷᠠᠳ ᠤᠨ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号