ᠠᠪᠤ ᠡᠵᠢ ᠪᠣᠯᠣᠭᠰᠠᠳ ᠬᠡᠥᠭᠡᠳ ᠢᠶᠠᠨ ᠰᠣᠷᠭᠠᠬᠤ ᠬᠠᠮᠤᠬ ᠤᠨ ᠰᠠᠶᠢᠨ 10 ᠴᠠᠭ ᠲᠣᠬᠢᠶᠠᠯ
ᠨᠡᠶᠢᠲᠡᠯᠡᠭᠰᠡᠨ ᠴᠠᠭ᠄
2016/9/1
                                              ᠵᠣᠬᠢᠶᠠᠭᠴᠢ᠄  ᠣᠳᠬᠠᠠ         ᠨᠢᠭᠡ ᠳᠤ᠂ ᠰᠢᠨ᠎ᠡ ᠰᠣᠷᠣᠯᠭ᠎ᠠ ᠶᠢᠨ ᠬᠤᠭᠤᠴᠠᠭ᠎ᠠ ᠡᠬᠢᠯᠡᠬᠦ ᠥᠶᠡᠰ᠄ ᠰᠢᠨ᠎ᠡ ᠰᠣᠷᠣᠯᠭ᠎ᠠ ᠶᠢᠨ ᠬᠤᠭᠤᠴᠠᠭ᠎ᠠ  ᠡᠬᠢᠯᠡᠬᠦ ᠪᠣᠯᠣᠭᠰᠠᠭᠠᠷ ᠣᠯᠠᠩᠬᠢ ᠬᠡᠥᠭᠡᠳ ᠨᠢᠭᠡ ᠵᠥᠢᠯ ᠤᠨ ᠰᠢᠨ᠎ᠡ ᠣᠬᠠᠮᠰᠠᠷ᠂ ᠰᠢᠨ᠎ᠡ ᠴᠢᠳᠠᠪᠣᠷᠢ ᠲᠠᠢ ᠪᠣᠯᠳᠠᠭ᠃  ᠡᠨᠡ ᠥᠶ᠎ᠡ ᠳᠤ ᠡᠵᠢ ᠠᠪᠤ ᠪᠣᠯᠣᠭᠰᠠᠳ ᠪᠠᠶᠢᠳᠠᠯ ᠢ ᠥᠵᠡᠵᠥ ᠪᠠᠶᠢᠭᠠᠳ ᠬᠡᠥᠭᠡᠳ ᠢᠶᠠᠨ ᠵᠢᠭᠠᠠ ᠵᠢᠯᠣᠭᠤᠳᠪᠠᠯ ︽ ᠠᠪᠣᠠ ᠲᠣᠣᠷ᠎ᠠ ᠪᠠᠨ ᠠᠮᠵᠢᠯᠳᠠ ᠣᠯᠵᠣ ᠴᠢᠳᠠᠨ᠎ᠠ︾᠃             ᠬᠤᠶᠠᠷ ᠲᠤ᠂ ᠬᠡᠥᠭᠡᠳ ᠠᠮᠵᠢᠯᠳᠠ ᠣᠯᠣᠭᠠᠳ ᠪᠠᠶᠠᠷᠯᠠᠵᠣ ᠪᠠᠶᠢᠬᠤ ᠥᠶᠡᠰ᠄ ᠡᠵᠢ ᠠᠪᠤ ᠪᠣᠯᠣᠬᠰᠠᠳ  ᠬᠡᠥᠬᠡᠳ ᠲᠤ ᠪᠠᠨ ᠪᠠᠶᠠᠷ ᠬᠥᠷᠭᠡᠵᠥ ᠵᠣᠷᠢᠬᠵᠢᠭᠤᠯᠬᠤ ᠰᠠᠭᠤᠷᠢᠨ ᠲᠡᠭᠡᠷ᠎ᠡ ᠬᠡᠥᠭᠡᠳ ᠲᠤ ᠪᠠᠨ ᠲᠣᠳᠣᠷᠬᠠᠢ ᠪᠣᠳᠠᠳᠠᠢ  ᠱᠠᠭᠠᠷᠳᠠᠯᠭ᠎ᠠ ᠲᠣᠷᠠᠳᠪᠠᠯ ᠰᠡᠳᠬᠢᠯ ᠬᠠᠨᠣᠮᠵᠢᠳᠠᠢ ᠥᠷ᠎ᠡ ᠳ᠋ᠥᠡᠭ ᠣᠯᠵᠣ ᠴᠢᠳᠠᠨ᠎ᠠ᠃             ᠭᠤᠷᠪᠠ ᠳᠤ᠂ ᠬᠡᠥᠭᠡᠳ ᠴᠢᠨᠢ ᠭᠤᠮᠣᠳᠠᠵᠣ ᠬᠢᠯᠢᠰᠳᠡᠬᠦ ᠥᠶᠡᠰ᠄ ᠡᠵᠢ ᠠᠪᠤ ᠪᠣᠯᠣᠭᠰᠠᠳ  ᠰᠠᠨᠠᠭᠠᠴᠢᠯᠠᠭ᠎ᠠ ᠠᠴᠠ ᠪᠠᠨ ᠲᠣᠭᠳᠠᠭᠤᠠ᠂ ᠠᠭᠤᠳᠠᠮ ᠪᠠᠭᠳᠠᠭᠠᠮᠵᠢ ᠲᠠᠢ ᠪᠠᠷ ᠥᠷᠥ ᠡᠪᠡᠳᠬᠦ ᠣᠪᠣᠷ ᠢᠶᠠᠷ  ᠭᠡᠥᠭᠡᠳ ᠢᠶᠠᠨ ᠬᠠᠪᠰᠣᠷᠴᠣ ᠲᠠᠶᠢᠯᠪᠣᠷᠢᠯᠠᠵᠣ ᠥᠭᠪᠡᠯ ᠬᠡᠥᠬᠡᠳ ᠴᠢᠨᠢ ᠪᠠᠶᠠᠷᠯᠠᠵᠣ ᠲᠠᠯᠠᠷᠬᠠᠬᠤ ᠪᠥᠭᠡᠳ ᠡᠵᠢ  ᠠᠪᠤ ᠶᠢᠨ ᠢᠶᠠᠨ ᠰᠡᠷᠡᠮᠵᠢᠯᠡᠭᠦᠯᠥᠯ ᠢ ᠬᠢᠯᠪᠠᠷᠬᠠᠠ ᠬᠥᠯᠢᠶᠡᠡ ᠠᠪᠬᠤ ᠶᠣᠮ᠃            ᠲᠥᠷᠪᠡ ᠳᠤ᠂ ᠡᠵᠢ ᠠᠪᠤ ᠪᠣᠯᠣᠭᠰᠠᠳ ᠬᠡᠥᠬᠡᠳ ᠲᠠᠢ ᠪᠠᠨ ᠪᠣᠳᠣᠯ ᠰᠠᠨᠠᠯ ᠢᠶᠠᠨ ᠰᠣᠯᠢᠯᠴᠠᠬᠤ ᠥᠶᠡᠰ᠄  ᠡᠵᠢ ᠠᠪᠤ ᠪᠣᠯᠣᠭᠰᠠᠳ ᠬᠡᠥᠭᠡᠳ ᠤᠨ ᠢᠶᠠᠨ ᠰᠠᠶᠢᠨ ᠲᠠᠢ ᠲᠠᠯ᠎ᠠ ᠶᠢ ᠪᠠᠭᠰᠢ ᠳᠤ ᠨᠢ ᠬᠡᠯᠡᠬᠦ ᠶᠢᠨ ᠲᠠᠭᠠᠣ ᠬᠥᠰᠡᠵᠥ  ᠬᠥᠯᠢᠶᠡᠬᠦ ᠠᠶᠠᠰ ᠢᠶᠠᠷ ᠬᠡᠥᠭᠡᠳ ᠤᠨ ᠢᠶᠠᠨ ᠲᠣᠳᠠᠭᠳᠠᠯ ᠲᠠᠢ ᠲᠠᠯ᠎ᠠ ᠶᠢ ᠵᠢᠭᠠᠠ ᠭᠠᠷᠭᠠᠪᠠᠯ ᠵᠣᠬᠢᠨ᠎ᠠ᠂ ᠬᠠᠷᠢᠨ  ᠭᠠᠭᠴᠠ ᠬᠦ ︽ᠵᠠᠭᠠᠯᠳᠣᠭᠠᠳ︾ ᠪᠠᠶᠢᠵᠣ ᠪᠣᠯᠬᠤ ᠥᠭᠡᠢ᠃            ᠲᠠᠪᠤ ᠳᠤ᠂ ᠬᠡᠥᠭᠡᠳ ᠴᠢᠨᠢ ᠬᠥᠴᠢᠷᠳᠡᠯ ᠳᠤ ᠲᠣᠯᠭᠠᠷᠠᠬᠤ ᠪᠣᠶᠣ ᠢᠯᠠᠭᠳᠠᠯ ᠳᠤ ᠣᠴᠠᠷᠠᠬᠤ ᠥᠶᠡᠰ᠄ ᠡᠵᠢ  ᠠᠪᠤ ᠪᠣᠯᠣᠭᠰᠠᠳ ᠵᠥᠭᠡᠷ ᠪᠣᠷᠣᠭᠤᠰᠢᠶᠠᠭᠠᠳ ᠪᠠᠶᠢᠵᠣ ᠪᠣᠯᠬᠤ ᠥᠭᠡᠢ᠂ ᠬᠠᠷᠢᠨ ᠬᠡᠥᠬᠡᠳ ᠤᠨ ᠢᠶᠠᠨ ᠴᠢᠷᠮᠠᠶᠢᠯᠭ᠎ᠠ ᠶᠢ  ᠨᠣᠳᠠᠯᠠᠵᠣ ᠂ ᠬᠡᠥᠭᠡᠳ ᠤᠨ ᠢᠶᠠᠨ ᠬᠥᠷᠥᠯᠴᠡᠬᠦ ᠥᠭᠡᠢ ᠲᠠᠯ᠎ᠠ ᠶᠢ ᠵᠢᠭᠠᠠ ᠭᠠᠷᠭᠠᠵᠣ᠂ ᠬᠡᠥᠬᠡᠳ ᠢᠶᠠᠨ ᠬᠠᠪᠰᠣᠷᠴᠣ ︽ ᠬᠥᠴᠢᠷᠳᠡᠯᠳᠥ ᠣᠷᠴᠢᠨ︾᠎ ᠠᠴᠠ ᠨᠢ ᠮᠣᠯᠳᠣᠷᠠᠭᠤᠯᠪᠠᠯ ᠵᠣᠬᠢᠨ᠎ᠠ᠃            ᠵᠢᠷᠭᠤᠭ᠎ᠠ ᠳᠤ᠂ ᠬᠡᠥᠭᠡᠳ ᠴᠢᠨᠢ ᠶᠡᠭᠡ ᠠᠯᠳᠠᠭ᠎ᠠ ᠭᠠᠷᠭᠠᠬᠤ ᠥᠶᠡᠰ᠄ ᠡᠨᠡ ᠥᠶ᠎ᠡ ᠳᠤ ᠡᠵᠢ ᠠᠪᠤ  ᠪᠣᠯᠣᠭᠰᠠᠳ ᠭᠡᠥᠭᠡᠳ ᠢᠶᠠᠨ ᠣᠢᠢᠯᠠᠭᠠᠵᠣ᠂ ᠥᠷᠥ ᠡᠪᠡᠳᠴᠥ᠂ ᠠᠭᠤᠴᠢᠯᠠᠬᠤ ᠶᠢ ᠬᠡᠥᠭᠡᠳ ᠴᠢᠨᠢ ᠲᠣᠩ ᠬᠥᠰᠡᠳᠡᠭ  ᠃ ᠣᠯᠠᠩᠬᠢ ᠪᠠᠶᠢᠳᠠᠯ ᠲᠣᠣᠷ᠎ᠠ ᠰᠠᠶᠢᠨ ᠵᠥᠭ ᠲᠤ ᠴᠢᠳᠠᠮᠠᠭᠠᠢ ᠲᠠᠭᠠᠭᠤᠯᠬᠤ ᠨᠢ ᠲᠣᠩ ᠰᠠᠶᠢᠨ ᠥᠷ᠎ᠠ ᠳ᠋ᠥᠡᠭ  ᠣᠯᠳᠠᠭ᠃            ᠲᠣᠯᠤᠭ᠎ᠠ ᠳᠤ᠂ ᠬᠡᠥᠭᠡᠳ ᠴᠢᠨᠢ ᠶᠠᠮᠠᠷ ᠨᠢᠭᠡ ᠣᠴᠢᠷ ᠶᠠᠪᠣᠳᠠᠯ ᠳᠤ ᠲᠣᠩ ᠣᠷᠮ᠎ᠠ ᠲᠠᠢ ᠪᠣᠯᠬᠤ ᠥᠶᠡᠰ᠄  ᠡᠵᠢ ᠠᠪᠤ ᠪᠣᠯᠣᠭᠰᠠᠳ ᠢᠳᠡᠪᠬᠢᠳᠡᠢ ᠲᠡᠮᠵᠢᠵᠥ ᠵᠣᠷᠢᠬᠵᠢᠭᠤᠯᠣᠠ᠂ ᠬᠡᠥᠬᠡᠳ ᠲᠤ ᠪᠠᠨ ᠡᠷᠳᠡᠮ ᠮᠡᠳᠡᠯᠭᠡ  ᠡᠵᠡᠮᠰᠢᠭᠦᠯᠬᠦ ᠪᠠᠷ ᠵᠣᠷᠢᠬᠵᠢᠭᠤᠯᠵᠣ᠂ ᠬᠡᠥᠭᠡᠳ ᠢᠶᠠᠨ ᠰᠢᠮᠳᠠᠠ ᠰᠣᠷᠣᠯᠴᠠᠭᠤᠯᠬᠤ ᠪᠠᠷ ᠣᠷᠮᠠᠰᠢᠭᠤᠯᠣᠠ  ᠵᠣᠷᠢᠬᠵᠢᠭᠤᠯᠬᠤ ᠭᠡᠷᠡᠭᠳᠡᠢ᠃            ᠨᠠᠢᠮᠠ ᠳᠤ᠂ ᠨᠡᠯᠢᠶᠡᠳ ᠶᠡᠭᠡ ᠬᠡᠪᠴᠢᠶᠡᠡ ᠤ ᠨᠡᠶᠢᠳᠡ ᠶᠢᠨ ᠬᠥᠳᠡᠯᠭᠡᠭᠡᠡ ᠳᠤ ᠣᠷᠣᠯᠴᠠᠬᠤ ᠥᠶᠡᠰ᠄ ᠡᠨᠡ  ᠪᠣᠯ ᠬᠡᠥᠭᠡᠳ ᠢᠶᠠᠨ ᠰᠠᠬᠢᠯᠭ᠎ᠠ ᠪᠠᠳᠣ ᠶᠢ ᠵᠢᠷᠣᠮᠯᠠᠭᠤᠯᠣᠠ᠂ ᠬᠠᠮᠳᠣ ᠨᠡᠶᠢᠳᠡ ᠳᠤ ᠪᠠᠨ ᠥᠡᠭᠭᠡ ᠭᠡᠷᠡᠯ ᠣᠯᠵᠣ  ᠥᠭᠬᠦᠨ᠂ ᠬᠠᠮᠳᠣ ᠶᠢᠨ ᠥᠵᠡᠯᠳᠡ ᠶᠢ ᠨᠢ ᠪᠤᠶᠢᠵᠢᠭᠤᠯᠬᠤ ᠬᠠᠮᠤᠭ ᠤᠨ ᠰᠠᠶᠢᠨ ᠴᠠᠭ ᠲᠣᠬᠢᠶᠠᠯ ᠮᠥᠨ᠃            ᠶᠢᠰᠥ ᠳᠤ᠂ ᠪᠣᠰᠣᠳ ᠬᠥᠮᠥᠨ ᠠᠮᠵᠢᠯᠳᠠ ᠣᠯᠬᠤ ᠥᠶᠡᠰ᠄ ᠡᠨᠡ ᠥᠶ᠎ᠡ ᠳᠤ ᠬᠡᠥᠬᠡᠳ ᠴᠢᠨᠢ ᠶᠡᠷᠥ ᠨᠢ  ᠰᠡᠮᠡᠭᠡᠷ ︽ᠪᠢ ᠪᠠᠰᠠ ᠰᠠᠶᠢᠨ ᠬᠢᠷᠢ ᠪᠥᠳᠥᠮᠵᠢ ᠣᠯᠬᠤ ᠶᠣᠮ︾ ᠭᠡᠵᠥ ᠵᠣᠷᠢᠬ ᠰᠢᠭᠤᠳᠬᠤ ᠶᠣᠮ᠃ ᠡᠵᠢ ᠠᠪᠤ  ᠪᠣᠯᠣᠭᠰᠠᠳ ᠡᠨᠡ ᠬᠦ ᠴᠠᠭ ᠲᠣᠬᠢᠶᠠᠯ ᠢ ᠠᠮᠵᠢᠵᠣ᠂ ᠬᠡᠥᠭᠡᠳ ᠲᠤ ᠪᠠᠨ ᠵᠥᠢ ᠵᠣᠬᠢᠰᠳᠠᠢ ᠬᠠᠷᠠᠯᠳᠠᠳᠣ ᠱᠠᠭᠠᠷᠳᠠᠯᠭ᠎ᠠ  ᠲᠣᠷᠠᠳᠴᠣ᠂ ᠬᠡᠥᠭᠡᠳ ᠤᠨ ᠢᠶᠠᠨ ᠨᠢᠭᠡ ᠴᠠᠭ ᠤᠨ ᠣᠷᠬᠢᠯᠣᠮ᠎ᠠ ᠬᠠᠯᠠᠭᠤᠠ ᠰᠡᠳᠬᠢᠯᠭᠡ ᠶᠢ ᠣᠳᠠᠭᠠᠠ ᠲᠠᠭᠠᠭᠠᠮᠠᠭᠠᠢ  ᠠᠵᠢᠯᠯᠠᠭ᠎ᠠ ᠪᠣᠯᠭᠠᠠ ᠬᠤᠪᠢᠷᠠᠭᠤᠯᠪᠠᠯ ᠵᠣᠬᠢᠨ᠎ᠠ᠃            ᠠᠷᠪᠠ ᠳᠤ᠂ ᠪᠣᠰᠣᠳ ᠲᠤ ᠵᠣᠴᠢᠯᠠᠬᠳᠠᠬᠤ ᠪᠣᠶᠣ ᠵᠣᠴᠢᠨ ᠢᠷᠡᠬᠦ ᠥᠶᠡᠰ᠄ ᠶᠡᠷᠥ ᠶᠢᠨ ᠪᠠᠶᠢᠳᠠᠯ ᠲᠣᠣᠷ᠎ᠠ  ᠭᠡᠥᠭᠡᠳ ᠪᠥᠷ ᠮᠠᠬᠳᠠᠬᠤ ᠥᠭᠡ ᠶᠢ ᠰᠣᠨᠣᠰᠬᠤ ᠲᠣᠷᠠᠳᠠᠢ ᠪᠠᠶᠢᠵᠣ᠂ ᠪᠣᠰᠣᠳ ᠤᠨ ᠡᠮᠥᠨ᠎ᠡ ᠨᠢᠭᠤᠷ ᠢᠶᠠᠨ ᠭᠡᠭᠡᠬᠦ ᠶᠢ  ᠰᠠᠨᠠᠬᠤ ᠥᠭᠡᠢ ᠶᠣᠮ᠃ ᠡᠶᠢᠮᠥ ᠠᠴᠠ ᠡᠨᠡ ᠥᠶ᠎ᠡ ᠳᠤ ᠬᠡᠥᠬᠡᠳ ᠤᠨ ᠨᠡᠷᠡᠯᠬᠡᠥ ᠰᠡᠳᠬᠢᠯ ᠢ ᠬᠠᠮᠠᠭᠠᠯᠠᠬᠤ ᠶᠢ  ᠠᠩᠬᠠᠷᠴᠣ᠂ ᠪᠣᠰᠣᠳ ᠤᠨ ᠡᠮᠥᠨ᠎ᠡ ︽ᠲᠣᠳᠠᠭᠳᠠᠯ︾᠎ ᠢ ᠨᠢ ᠪᠢᠳᠡᠬᠢ ᠬᠡᠯᠡᠭᠡᠷᠡᠢ᠂ ᠬᠡᠥᠬᠡᠳ ᠤᠨ ᠢᠶᠠᠨ ᠲᠠᠪᠠᠭᠤᠯᠢᠬ  ᠲᠠᠯ᠎ᠠ ᠪᠣᠯᠣᠠ ᠰᠠᠶᠢᠠᠳᠠᠢ ᠲᠠᠯ᠎ᠠ ᠶᠢ ᠨᠢ ᠢᠯᠡᠭᠦᠭᠡᠡ ᠬᠡᠯᠡᠵᠥ᠂ ᠬᠥᠰᠡᠯ ᠵᠣᠷᠢᠯᠳᠠ ᠪᠠᠨ ᠵᠣᠬᠢᠰᠳᠠᠢ ᠲᠣᠷᠠᠳᠴᠣ  ᠪᠣᠯᠣᠨ᠎ᠠ᠃                
 
ᠢᠷᠡᠯᠲᠡ᠄ ᠠᠷᠠᠳ ᠤᠨ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号