| | ︽ᠠᠶᠠᠭ᠎ᠠ ᠲᠠᠪᠠᠭ ᠢᠶᠠᠨ ᠦᠷᠦᠵᠦ ᠬᠤᠨᠤᠭᠤᠯᠪᠠᠯ ᠦᠷᠢᠨ ᠳᠤ ᠤᠷᠤᠨ᠎ᠠ︕︾ ᠬᠡᠵᠦ ᠪᠢᠳᠡᠨ ᠢ ᠪᠠᠭ᠎ᠠ | ᠪᠠᠶᠢᠬᠤ ᠳᠤ ᠡᠵᠢ ᠠᠪᠤ ᠮᠢᠨᠢ ᠰᠤᠷᠭᠠᠳᠠᠬ ᠪᠠᠶᠢᠬᠰᠠᠨ ᠪᠢᠯᠡ᠃ ᠤᠬᠠᠭᠠᠨᠳᠤ ᠠᠷᠠᠳ ᠤᠨ ᠮᠢᠨᠢ ᠡᠷᠳᠡᠨ ᠠᠴᠠ ᠮᠦᠷᠳᠡᠵᠦ | ᠤᠯᠠᠮᠵᠢᠯᠠᠵᠤ ᠢᠷᠡᠭᠰᠡᠨ ᠡᠨᠡ ᠮᠡᠳᠦ ᠬᠤᠷᠢᠭ᠎ᠠ ᠴᠡᠭᠡᠷ ᠨᠢ ᠵᠦᠬᠡᠷ ᠴᠤ ᠨᠢᠬᠡ ᠮᠤᠬᠤᠷ ᠰᠦᠰᠦᠭ ᠲᠡᠳᠦᠢ ᠪᠠᠶᠢᠬᠰᠠᠨ | ᠦᠬᠡᠢ᠃ ᠬᠡᠦᠬᠡᠳ ᠢᠶᠠᠨ ᠮᠤᠩᠭᠤᠯ ᠶᠤᠰᠤ ᠪᠠᠷ ᠬᠦᠮᠦᠵᠢᠭᠦᠯᠦᠶ᠎ᠡ᠃ | ᠬᠠᠷᠢᠨ ᠬᠡᠦᠬᠡᠳ ᠲᠤ ᠪᠠᠭ᠎ᠠ ᠠᠴᠠ ᠨᠢ ︽ᠪᠤᠯᠬᠤ︾᠂ ︽ᠪᠤᠯᠬᠤ ᠦᠬᠡᠢ︾ ᠶᠢ ᠮᠡᠳᠡᠭᠦᠯᠬᠦ᠂ ᠲᠡᠳᠡᠨ ᠢ ᠤᠰᠤᠯ | ᠭᠡᠮᠳᠦᠯ ᠠᠴᠠ ᠰᠡᠷᠬᠡᠶᠢᠯᠡᠬᠦ᠂ ᠬᠦᠮᠦᠰ ᠪᠤᠯᠤᠨ ᠡᠳ᠋ ᠵᠦᠢᠯᠡᠰ᠂ ᠪᠠᠶᠢᠭᠠᠯᠢ ᠲᠠᠢ ᠵᠦᠪ ᠬᠠᠷᠢᠴᠠᠬᠤ ᠳᠤ ᠰᠤᠷᠭᠠᠬᠤ ᠰᠠᠨᠠᠭ᠎ᠠ | ᠵᠤᠷᠢᠯᠭ᠎ᠠ ᠶᠢ ᠠᠬᠤᠭᠤᠯᠤᠬᠰᠠᠨ ᠪᠠᠶᠢᠳᠠᠬ ᠠᠵᠢ᠃ ᠮᠤᠩᠭᠤᠯᠴᠤᠳ ᠤᠨ ᠬᠡᠦᠬᠡᠳ ᠢᠶᠠᠨ ᠬᠦᠮᠦᠵᠢᠬᠦᠯᠬᠦ ᠳᠡᠭᠡᠨ ᠮᠦᠷᠳᠡᠳᠡᠭ | ᠪᠠᠶᠢᠬᠰᠠᠨ ᠶᠤᠰᠤ ᠵᠠᠩᠰᠢᠯ ᠠᠴᠠ ᠠᠳᠡ ᠵᠠᠷᠢᠮ ᠢ ᠲᠤᠷᠠᠳᠤᠯ᠎ᠠ᠃ | ᠵᠠᠩ ᠲᠦᠯᠦᠪ᠂ ᠬᠠᠷᠢᠯᠴᠠᠭ᠎ᠠ | ᠬᠤᠳᠠᠯ ᠬᠡᠯᠡᠳᠡᠭ ᠦᠬᠡᠢ | ᠬᠦᠮᠦᠰ ᠤᠨ ᠬᠤᠭᠤᠷᠤᠨᠳᠦ ᠬᠤᠪ ᠵᠦᠭᠡᠭᠡᠳᠡᠭ ᠦᠭᠡᠢ | ᠠᠬᠠᠮᠠᠳ ᠬᠦᠮᠦᠨ ᠤ ᠲᠡᠭᠡᠳᠦ ᠲᠠᠯ᠎ᠠ ᠳᠤ ᠰᠠᠭᠤᠳᠠᠭ ᠦᠬᠡᠢ | ᠠᠪᠤ᠂ ᠠᠬ᠎ᠠ ᠶᠢᠨ ᠢᠶᠠᠨ ᠲᠡᠷᠭᠡᠳᠡ ᠵᠠᠪᠢᠯᠠᠵᠤ ᠰᠠᠭᠤᠳᠠᠭ ᠦᠬᠡᠢ | ᠬᠦᠮᠦᠨ ᠤ ᠡᠮᠦᠨᠡᠭᠦᠷ ᠤᠷᠤᠵᠤ ᠶᠠᠷᠢᠳᠠᠬ ᠦᠬᠡᠢ | ᠵᠤᠴᠢᠨ ᠤ ᠡᠮᠦᠨᠡᠭᠦᠷ ᠬᠦᠶᠦᠳᠡᠭ ᠦᠬᠡᠢ | ᠬᠦᠮᠤᠨ ᠤ ᠶᠠᠭᠤᠮ᠎ᠠ ᠶᠢ ᠵᠦᠪᠰᠢᠶᠡᠷᠡᠯ ᠦᠬᠡᠢ ᠠᠪᠳᠠᠬ ᠦᠬᠡᠢ | ᠬᠦᠮᠦᠨ ᠤ ᠲᠤᠯᠤᠭᠠᠢ᠂ ᠮᠠᠯᠠᠭᠠᠢ ᠳᠤ ᠬᠦᠷᠳᠡᠭ ᠦᠬᠡᠢ | ᠬᠦᠮᠦᠨ ᠤᠷᠤᠭᠤ ᠬᠤᠷᠤᠭᠤ ᠪᠠᠷ ᠢᠶᠠᠨ ᠵᠢᠭᠠᠵᠦ ᠶᠠᠷᠢᠳᠠᠬ ᠦᠬᠡᠢ | ᠠᠬᠠᠮᠠᠳ ᠨᠠᠰᠤᠳᠠᠨ ᠤ ᠮᠦᠷᠦᠨ ᠲᠡᠭᠡᠷ᠎ᠡ ᠭᠠᠷ ᠢᠶᠠᠨ ᠲᠠᠯᠪᠢᠳᠠᠬ ᠦᠬᠡᠢ | ᠡᠮᠬᠢ ᠴᠢᠭᠡᠴᠢ | ᠠᠶᠠᠭ᠎ᠠ᠂ ᠲᠠᠪᠠᠬ ᠵᠶ᠋ᠠᠨᠦᠷᠦᠵᠦ ᠬᠤᠨᠤᠭᠤᠯᠳᠠᠬ ᠦᠬᠡᠢ | ᠴᠦᠩᠬᠦ ᠶᠢᠨ ᠠᠮᠠ ᠶᠢ ᠤᠩᠭᠤᠷᠬᠠᠢ ᠤᠷᠬᠢᠳᠠᠬ ᠦᠬᠡᠢ | ᠤᠷᠤ ᠪᠠᠨ ᠵᠠᠰᠠᠯ ᠦᠬᠡᠢ ᠤᠷᠬᠢᠳᠠᠬ ᠦᠬᠡᠢ | ᠠᠪᠳᠠᠷ᠎ᠠ ᠶᠢᠨ ᠲᠠᠭ ᠢ ᠤᠩᠭᠤᠷᠬᠠᠢ ᠤᠷᠬᠢᠳᠠᠬ ᠦᠬᠡᠢ | ᠬᠠᠯᠪᠠᠭ᠎ᠠ ᠪᠠᠨ ᠠᠶᠠᠭᠠᠨ ᠳᠠᠭᠠᠨ ᠬᠢᠵᠦ ᠲᠠᠯᠪᠢᠳᠠᠬ ᠦᠬᠡᠢ | ᠬᠤᠭᠤᠯᠠᠯᠳᠠ | ᠴᠠᠢ ᠪᠠᠨ ᠲᠤᠳᠠᠭᠤ ᠤᠤᠭᠤᠵᠤ ᠦᠯᠡᠳᠡᠭᠡᠳᠡᠭ ᠦᠬᠡᠢ | ᠵᠤᠬᠰᠤᠭ᠎ᠠ ᠪᠠᠷ ᠴᠠᠢ ᠤᠤᠭᠤᠳᠠᠭ ᠦᠬᠡᠢ | ᠬᠡᠪᠳᠡᠵᠦ ᠬᠤᠭᠤᠯᠠ ᠢᠳᠡᠳᠡᠭ ᠦᠬᠡᠢ ︵ᠡᠪᠡᠳᠴᠢᠨ ᠲᠤᠰᠤᠨ᠎ᠠ︶ | ᠪᠤᠷᠤᠭᠤ ᠬᠠᠷᠠᠵᠤ ᠰᠠᠭᠤᠵᠤ ᠬᠤᠭᠤᠯᠠ ᠢᠳᠡᠳᠡᠭ ᠦᠬᠡᠢ | ᠴᠠᠭᠠᠨ ᠪᠤᠳᠠᠭ᠎ᠠ ᠠᠰᠬᠠᠳᠠᠭ ᠦᠬᠡᠢ ︵ᠦᠷᠢᠨ ᠳᠤ ᠤᠷᠤᠨ᠎ᠠ︶ | ᠡᠷᠡᠭᠦᠯ ᠠᠬᠤᠢ | ᠬᠤᠷᠤᠭᠤ ᠪᠠᠨ ᠬᠦᠬᠦᠳᠡᠭ ᠦᠬᠡᠢ ︵ᠡᠵᠢ ᠪᠠᠨ ᠠᠯᠳᠠᠨ᠎ᠠ︶ | ᠰᠠᠮ ᠳᠠᠭᠠᠨ ᠰᠠᠪ ᠢᠶᠠᠨ ᠦᠯᠡᠳᠡᠭᠡᠳᠡᠭ ᠦᠬᠡᠢ | ᠵᠤᠤᠬᠠᠨ ᠤ ᠡᠭᠦᠳᠡᠨ ᠳᠤ ᠬᠤᠭ ᠲᠠᠢ ᠬᠤᠨᠤᠳᠠᠬ ᠦᠬᠡᠢ | ᠦᠰᠦᠨ ᠤ ᠪᠠᠨ ᠦᠵᠦᠭᠦᠷ ᠢ ᠠᠮᠠᠨ ᠳᠠᠭᠠᠨ ᠬᠢᠳᠡᠭ ᠦᠬᠡᠢ | ᠤᠷᠤᠢ ᠤᠰᠤᠨ ᠳᠤ ᠶᠠᠪᠤᠳᠠᠭ ᠦᠬᠡᠢ | ᠡᠮᠡᠭᠳᠡᠢ ᠬᠦᠮᠦᠨ ᠵᠠᠪᠢᠯᠠᠵᠤ ᠰᠠᠭᠤᠳᠠᠬ ᠦᠬᠡᠢ | ᠬᠦᠯ ᠤᠨ ᠢᠶᠠᠨ ᠤᠯᠠ ᠶᠢ ᠨᠡᠶᠢᠯᠡᠭᠦᠯᠳᠡᠭ ᠦᠬᠡᠢ ︵ᠮᠠᠭᠤᠳᠠᠯᠴᠠᠨᠠ︶ | ᠠᠮᠠ ᠪᠠᠷ ᠢᠶᠠᠨ ᠲᠤᠷᠭᠢᠳᠠᠭ ᠦᠬᠡᠢ ︵ᠪᠤᠷᠤᠭ᠎ᠠ ᠤᠷᠤᠨ᠎ᠠ︶ | ᠡᠳ᠋ ᠶᠠᠭᠤᠮᠠᠰ ᠲᠠᠢ ᠬᠠᠷᠢᠴᠠᠬᠤ | ᠪᠤᠱᠤᠭᠠᠨ ᠲᠡᠭᠡᠷ᠎ᠡ ᠬᠢᠰᠬᠢᠳᠡᠭ ᠦᠬᠡᠢ | ᠬᠠᠭᠠᠯᠭ᠎ᠠ ᠰᠠᠪᠠᠳᠠᠭ ᠦᠬᠡᠢ ︵ᠮᠠᠭᠤ ᠶᠤᠷᠤ︶ | ᠬᠠᠭᠠᠯᠭ᠎ᠠ ᠠᠯᠳᠠᠯᠳᠠᠭ ᠦᠬᠡᠢ ︵ᠤᠯᠵᠠᠨ ᠤ ᠡᠭᠦᠳᠡ ᠶᠢ ᠬᠠᠭᠠᠨ᠎ᠠ︶ | ᠲᠤᠳᠤᠭᠤᠨ ᠠᠴᠠ ᠵᠡᠭᠦᠭᠳᠡᠳᠡᠭ ᠦᠬᠡᠢ | ᠬᠠᠨ᠎ᠠ ᠲᠦᠷᠦᠬᠡᠯᠡᠳᠡᠭ ᠦᠬᠡᠢ ︵ᠮᠠᠭᠤ ᠶᠤᠷᠤ ᠵᠦᠩᠨᠠᠨᠡ︶ | ᠪᠠᠭᠠᠨ᠎ᠠ ᠲᠦᠰᠢᠳᠡᠭ ᠦᠬᠡᠢ ︵ᠪᠠᠭ᠎ᠠ ᠨᠢ ᠵᠤᠪᠠᠯᠠᠩ ᠢ ᠡᠭᠦᠷᠦᠨ᠎ᠡ︶ | ᠲᠠᠪᠤᠰᠤ ᠠᠰᠬᠠᠳᠠᠬ ᠦᠬᠡᠢ ︵ᠭᠠᠢ ᠲᠤᠬᠢᠶᠠᠯᠳᠤᠨ᠎ᠠ︶ | ᠠᠶᠠᠭ᠎ᠠ ᠶᠢ ᠬᠤᠭᠤᠷᠤᠨᠳᠤ ᠨᠢ ᠬᠠᠷᠰᠢᠭᠤᠯᠳᠠᠭ ᠦᠬᠡᠢ | ᠰᠢᠷᠡᠭᠡᠨ ᠲᠡᠭᠡᠷ᠎ᠡ ᠰᠠᠭᠤᠳᠠᠭ ᠦᠬᠡᠢ ︵ᠦᠷᠢᠨ ᠳᠤ ᠤᠷᠤᠨ᠎ᠠ︶ | ᠤᠬᠢᠶᠠᠬᠰᠠᠨ ᠬᠤᠪᠴᠠᠰᠤ ᠪᠠᠨ ᠭᠠᠳᠠᠭ᠎ᠠ ᠬᠤᠨᠤᠭᠤᠯᠳᠠᠭ ᠦᠬᠡᠢ | ᠡᠩᠬᠡᠷ ᠢᠶᠠᠨ ᠵᠠᠭᠤᠳᠠᠭ ᠦᠬᠡᠢ ︵ᠡᠵᠢ ᠪᠠᠨ ᠠᠯᠳᠠᠨ᠎ᠠ︶ | ᠮᠠᠯᠠᠭᠠᠢ ᠪᠠᠨ ᠪᠤᠷᠤᠭᠤ ᠬᠠᠷᠠᠭᠤᠯᠵᠤ ᠵᠡᠭᠦᠳᠡᠭ ᠦᠬᠡᠢ | ᠤᠷᠭᠠᠨ ᠲᠡᠭᠡᠭᠦᠷ ᠬᠢᠰᠭᠢᠳᠡᠭ ᠦᠬᠡᠢ | ᠤᠰᠤᠯ ᠬᠡᠮᠳᠦᠯ ᠠᠴᠠ ᠰᠡᠷᠭᠡᠶᠢᠯᠡᠬᠦ | ᠬᠠᠶᠢᠴᠢᠨ ᠤ ᠠᠮᠠ ᠠᠩᠭᠠᠢᠢᠯᠭᠠᠵᠤ ᠲᠠᠯᠪᠢᠳᠠᠭ ᠦᠬᠡᠢ | ᠪᠤᠷᠤᠭ᠎ᠠ ᠤᠷᠤᠬᠤ ᠳᠤ ᠬᠠᠭᠠᠯᠭ᠎ᠠ ᠭᠤᠤᠯᠯᠠᠵᠤ ᠰᠠᠭᠤᠳᠠᠭ ᠦᠬᠡᠢ | ᠲᠤᠯᠭ᠎ᠠ ᠲᠤᠭᠤᠷᠢᠵᠤ ᠬᠦᠶᠦᠵᠦ᠂ ᠬᠠᠷᠠᠶᠢᠳᠠᠭ ᠦᠬᠡᠢ | ᠬᠠᠷᠠᠩᠭᠤᠢ ᠰᠦᠨᠢ᠂ ᠬᠠᠷᠤᠢ ᠪᠦᠷᠦᠢ ᠪᠠᠷ ᠦᠰᠦ ᠬᠢᠮᠤᠰᠤ ᠠᠪᠳᠠᠬ ᠦᠬᠡᠢ | ᠭᠠᠯ ᠢᠶᠠᠷ ᠲᠤᠬᠯᠠᠳᠠᠭ ᠦᠬᠡᠢ | ᠬᠢᠳᠤᠭ᠎ᠠ ᠮᠡᠰᠡᠨ ᠤ ᠢᠷ ᠢ ᠲᠡᠭᠡᠭᠰᠢ ᠬᠠᠷᠠᠭᠤᠯᠵᠤ ᠲᠠᠯᠪᠢᠳᠠᠭ ᠦᠬᠡᠢ | ᠬᠠᠶᠢᠴᠢ᠂ ᠬᠢᠳᠤᠭᠠᠨ ᠤ ᠦᠵᠦᠭᠦᠷ ᠢ ᠬᠦᠮᠦᠨ ᠤᠷᠤᠭᠤ ᠬᠠᠷᠠᠭᠤᠯᠳᠠᠭ ᠦᠬᠡᠢ | ᠤᠨᠢᠨ ᠠᠴᠠ ᠵᠡᠭᠦᠭᠳᠡᠳᠡᠭ ᠦᠬᠡᠢ | ᠴᠢᠬᠢ ᠪᠠᠨ ᠲᠡᠮᠦᠷ ᠢᠶᠠᠷ ᠤᠬᠤᠳᠠᠭ ᠦᠬᠡᠢ ︵ᠪᠤᠶᠠᠨ ᠪᠠᠷᠠᠭᠳᠠᠨ᠎ᠠ︶ | | | |