ᠦᠨᠳᠦᠰᠦᠳᠡᠨ ᠤ ᠪᠦᠵᠢᠭᠳᠦ ᠵᠦᠴᠦᠭᠡ ︽ᠮᠠᠷᠺᠤ· ᠫᠤᠯᠣ᠋ ᠶᠢᠨ ᠳᠤᠮᠤᠭ︾  ᠪᠡᠭᠡᠵᠢᠩ ᠤᠨ ᠲᠢᠶᠠᠨ ᠴᠢᠶᠤᠤ ᠵᠦᠴᠦᠭᠡ ᠶᠢᠨ ᠤᠷᠳᠤᠨ ᠢ ᠲᠤᠩᠰᠤᠯᠭᠠᠯ᠎ᠠ
ᠨᠡᠶᠢᠲᠡᠯᠡᠭᠰᠡᠨ ᠴᠠᠭ᠄
2016/9/14
                                        ᠰᠤᠷᠪᠤᠯᠵᠢᠯᠠᠭᠴᠢ ᠪᠤᠤ ᠰᠠᠷᠠᠭᠤᠯ          9 ᠰᠠᠷ᠎ᠠ ᠶᠢᠨ 10 ᠤ ᠤᠷᠤᠢ᠂ ᠤᠯᠤᠰ ᠤᠨ ᠦᠨᠳᠦᠰᠦᠲᠡᠨ ᠤ ᠬᠡᠷᠡᠭ ᠡᠷᠬᠢᠯᠡᠬᠦ ᠵᠦᠪᠯᠡᠯ᠂  ᠰᠤᠶᠤᠯ ᠤᠨ  ᠶᠠᠮᠤᠨ᠂ ᠤᠯᠤᠰ ᠤᠨ ᠰᠤᠨᠢᠨ  ᠮᠡᠳᠡᠭᠡ  ᠬᠡᠪᠯᠡᠯ  ᠷᠠᠳᠢᠣ᠋  ᠲᠧᠯᠸᠢᠰ ᠤᠨ  ᠶᠡᠷᠦᠩᠬᠡᠢ  ᠲᠤᠪᠴᠢᠶ᠎ᠠ᠂  ᠪᠡᠭᠡᠵᠢᠩ  ᠬᠤᠳᠠ ᠶᠢᠨ  ᠵᠠᠰᠠᠭ ᠤᠨ ᠤᠷᠳᠤᠨ ᠠᠴᠠ ᠭᠤᠤᠯᠯᠠᠨ ᠡᠷᠬᠢᠯᠡᠭᠰᠡᠨ ᠳᠠᠪᠤᠳᠤᠭᠠᠷ ᠬᠤᠭᠤᠴᠠᠭᠠᠨ ᠤ ᠪᠦᠬᠦ ᠤᠯᠤᠰ ᠤᠨ ᠴᠦᠭᠡᠨ ᠳᠤᠭᠠᠳᠤ ᠦᠨᠳᠦᠰᠦᠲᠡᠨ ᠤ ᠤᠷᠠᠨ ᠰᠠᠶᠢᠬᠠᠨ ᠤ ᠲᠤᠭᠯᠠᠯᠳᠠ ᠶᠢᠨ ᠨᠢᠭᠡ ᠪᠤᠯᠬᠤ ᠮᠠᠨ ᠤ ᠤᠷᠤᠨ ᠤ ᠪᠦᠵᠢᠭᠳᠦ ᠵᠦᠴᠦᠭᠡ ︽ᠮᠠᠷᠺᠤ · ᠫᠤᠯᠣ᠋ ᠶᠢᠨ ᠳᠤᠮᠤᠭ︾ ᠢ ᠪᠡᠭᠡᠵᠢᠩ ᠤᠨ ᠲᠢᠶᠠᠨ ᠴᠢᠶᠤᠤ ᠵᠦᠴᠦᠭᠡ ᠶᠢᠨ ᠤᠷᠳᠤᠨ ᠳᠤ ᠲᠤᠭᠯᠠᠯ᠎ᠠ᠃        ᠪᠦᠬᠦ ᠤᠯᠤᠰ ᠤᠨ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ  ᠪᠠᠶᠢᠩᠭᠤ ᠶᠢᠨ  ᠬᠤᠷᠢᠶ᠎ᠡ ᠶᠢᠨ  ᠤᠤᠯ ᠤᠨ ᠪᠠᠶᠢᠩᠭᠤ ᠶᠢᠨ ᠳᠡᠳ᠋ ᠳᠠᠷᠤᠭ᠎ᠠ ᠤᠶᠤᠨᠴᠢᠮᠡᠭ᠂ ᠦᠪᠦᠷ ᠮᠤᠩᠭᠤᠯ ᠤᠨ ᠦᠪᠡᠷᠳᠡᠭᠡᠨ ᠵᠠᠰᠠᠬᠤ  ᠤᠷᠤᠨ ᠤ  ᠳᠡᠳ᠋  ᠳᠡᠷᠢᠭᠦᠯᠡᠭᠴᠢ ᠯᠢᠦ ᠰᠢᠨ ᠯᠧ᠂ ᠤᠯᠤᠰ ᠤᠨ ᠦᠨᠳᠦᠰᠦᠲᠡᠨ ᠤ ᠬᠡᠷᠡᠭ ᠡᠷᠬᠢᠯᠡᠭᠦ ᠵᠦᠪᠯᠡᠯ ᠤᠨ ᠲᠤᠰᠬᠠᠢ  ᠠᠵᠢᠯ ᠤᠨ  ᠬᠡᠰᠢᠭᠦᠨ᠂  ᠲᠦᠪ ᠤᠨ ᠦᠨᠳᠦᠰᠦᠲᠡᠨ ᠤ ᠶᠡᠭᠡ ᠰᠤᠷᠭᠠᠭᠤᠯᠢ ᠶᠢᠨ ᠨᠠᠮ ᠤᠨ ᠬᠤᠷᠢᠶ᠎ᠠ ᠶᠢᠨ ᠱᠦᠵᠢ ᠡᠶᠡᠳᠠᠢ ᠵᠢᠴᠢ ᠦᠪᠦᠷ ᠮᠤᠩᠭᠤᠯ ᠨᠤᠳᠤᠭᠳᠠᠢ ᠪᠤᠶᠤ ᠦᠪᠦᠷ ᠮᠤᠩᠭᠤᠯ ᠳᠤ ᠠᠵᠢᠯᠯᠠᠵᠤ ᠪᠠᠶᠢᠭᠰᠠᠨ ᠤᠳᠤᠷᠢᠳᠤᠯᠭ᠎ᠠ ᠨᠠᠷ ᠲᠤᠭᠯᠠᠯᠳᠠ ᠶᠢ ᠰᠤᠨᠢᠷᠬᠠᠪᠠ᠃        ᠪᠦᠵᠢᠭᠳᠦ ᠵᠦᠴᠦᠭᠡ ︽ᠮᠠᠷᠺᠤ · ᠫᠤᠯᠣ᠋ ᠶᠢᠨ ᠳᠤᠮᠤᠭ︾ ᠪᠤᠯ ᠬᠦᠬᠡᠬᠤᠳᠠ ᠶᠢᠨ  ᠦᠨᠳᠦᠰᠦᠲᠡᠨ ᠤ  ᠳᠤᠭᠯᠠᠯᠳᠠ ᠶᠢᠨ ᠪᠦᠯᠦᠭᠯᠡᠯ ᠠᠴᠠ  ᠦᠢᠯᠡᠳᠦᠭᠰᠡᠨ  ᠳᠡᠦᠭᠡ  ᠬᠢᠬᠡᠳ  ᠤᠳᠤ  ᠦᠶ᠎ᠡ᠂  ᠦᠨᠳᠦᠰᠦᠳᠡᠨ  ᠬᠢᠭᠡᠳ  ᠳᠡᠯᠡᠭᠡᠢ ᠶᠢᠨ  ᠡᠯᠧᠮᠧᠨ᠋ᠲ ᠢ ᠠᠭᠤᠰᠤᠯᠴᠠᠭᠤᠯᠤᠭᠰᠠᠨ ᠳᠤᠮᠤᠭᠳᠤ ᠵᠦᠴᠦᠭᠡ ᠪᠤᠯᠤᠨ᠎ᠠ᠃ ᠲᠤᠰ ᠵᠦᠴᠦᠭᠡ ᠤᠷᠤᠰᠢᠯ  ︽ᠲᠤᠷᠤᠨᠠᠳᠠᠬᠢᠨ ᠳᠤ  ᠮᠤᠷᠳᠠᠭᠰᠠᠨ︾ ᠵᠢᠴᠢ ︽ᠮᠤᠩᠭᠤᠯ ᠤᠨ ᠳᠠᠯ᠎ᠠ ᠨᠤᠳᠤᠭ ᠲᠤ ᠢᠷᠡᠭᠰᠡᠨ︾᠂ ︽ᠶᠤᠸᠠᠨ ᠤ ᠳᠡᠭᠡᠳᠦ ᠨᠡᠶᠢᠰᠯᠡᠯ ᠳᠤ  ᠤᠷᠤᠭᠰᠠᠨ︾᠂  ︽ᠵᠢᠶᠠᠩᠨᠠᠨ ᠤᠷᠤᠨ ᠢᠶᠠᠷ ᠠᠶᠢᠯᠴᠢᠯᠠᠭᠰᠠᠨ︾᠂ ︽ᠳᠤᠮᠳᠠᠳᠤ ᠠᠴᠠ ᠠᠶᠠᠷᠯᠠᠭᠰᠠᠨ︾ ᠬᠡᠬᠦ ᠲᠠᠪᠤᠨ ᠦᠵᠡᠭᠳᠡᠯ ᠬᠢᠭᠡᠳ ᠳᠡᠭᠦᠰᠭᠡᠯ ︽ᠰᠠᠷᠠᠨ ᠳᠤ ᠨᠠᠶᠢᠳᠠᠭᠰᠠᠨ ᠬᠠᠶᠢᠷ᠎ᠠ︾ ᠬᠡᠬᠦ 6 ᠪᠦᠯᠦᠭ ᠢᠶᠠᠷ ᠪᠦᠷᠢᠯᠳᠦᠵᠤ᠂ ᠮᠠᠷᠺᠤ · ᠫᠤᠯᠣ᠋ ᠶᠢᠨ ᠬᠠᠷᠠᠴᠠ ᠪᠠᠷ ᠮᠠᠨ ᠤ ᠤᠯᠤᠰ ᠤᠨ ᠶᠤᠸᠠᠨ ᠤ ᠦᠶ᠎ᠡ ᠶᠢᠨ ᠦᠷᠨᠢᠯ ᠪᠠᠳᠠᠷᠠᠯ᠂ ᠡᠶ᠎ᠡ  ᠵᠤᠬᠢᠴᠠᠯ ᠢ  ᠬᠠᠷᠠᠭᠤᠯᠵᠤ᠂  ᠳᠠᠭᠤᠤ  ᠬᠦᠭᠵᠢᠮ᠂  ᠪᠦᠵᠢᠭ᠂  ᠼᠢᠷᠺ᠂  ᠶᠧᠯᠸᠢ  ᠵᠡᠷᠭᠡ ᠤᠷᠠᠯᠢᠭ ᠢᠶᠠᠷ ᠬᠦᠮᠦᠨ ᠲᠦᠷᠦᠯᠬᠢᠳᠡᠨ ᠤ ᠡᠩᠭᠡ ᠳᠠᠶᠢᠪᠤᠩ᠂ ᠰᠠᠶᠢᠨ ᠰᠠᠶᠢᠬᠠᠨ ᠠᠮᠢᠳᠤᠷᠠᠯ ᠢ ᠬᠦᠬᠡᠬᠡᠴᠡᠯᠳᠦᠬᠦ ᠬᠦᠰᠡᠯ ᠡᠷᠡᠮᠡᠯᠵᠡᠯ ᠢ ᠳᠤᠰᠬᠠᠪᠠ᠃         ᠲᠤᠰ ᠵᠦᠴᠦᠭᠡ ᠶᠢ 2013 ᠤᠨ ᠤ 7 ᠰᠠᠷ᠎ᠠ ᠠᠴᠠ ᠡᠬᠢᠯᠡᠨ ᠤᠯᠤᠰ ᠤᠨ ᠳᠤᠳᠤᠭᠠᠳᠤ ᠭᠠᠳᠠᠭᠠᠳᠤ ᠳᠤ  ᠨᠡᠶᠢᠳᠡ 630 ᠭᠠᠷᠤᠢ ᠳᠠᠯᠠᠪᠤᠷ ᠲᠤᠭᠯᠠᠨ ᠦᠵᠡᠭᠦᠯᠵᠤ᠂ ᠠᠮᠧᠷᠢᠺᠠ᠂  ᠬᠠᠩᠭᠠᠷᠢ᠂  ᠢᠲ᠋ᠠᠯᠢ᠂  ᠺᠠᠨᠠᠳᠠ  ᠵᠡᠷᠭᠡ  ᠤᠯᠤᠰ ᠲᠤ  593 ᠤᠳᠠᠭ᠎ᠠ ᠲᠤᠭᠯᠠᠨ ᠦᠵᠡᠭᠴᠢ ᠤᠯᠠᠨ ᠤ ᠰᠤᠨᠢᠷᠬᠠᠯ ᠢ ᠳᠠᠳᠠᠵᠤ ᠬᠦᠷᠢᠶᠡᠯᠡᠯ ᠢ  ᠤᠯᠵᠤ  ᠪᠠᠶᠢᠯ᠎ᠠ᠃  ᠤᠨᠴᠠᠭᠠᠢᠢᠯᠠᠨ  2015 ᠤᠨ ᠤ 9 ᠰᠠᠷ᠎ᠠ ᠳᠤ᠂ ᠲᠤᠰ ᠵᠦᠴᠦᠭᠡ  ᠮᠠᠷᠺᠤ  ·  ᠫᠤᠯᠣ᠋ ᠶᠢᠨ  ᠨᠤᠳᠤᠭ  ᠢᠲ᠋ᠠᠯᠢ ᠳᠤ  ᠬᠦᠷᠴᠦ᠂  ᠮᠢᠯᠠᠨ ᠳᠤ  ᠪᠤᠯᠤᠭᠰᠠᠨ ᠳᠡᠯᠡᠭᠡᠢ ᠶᠢᠨ ᠦᠵᠡᠰᠭᠦᠯᠡᠩ ᠲᠡᠭᠡᠷ᠎ᠡ ᠨᠤᠳᠤᠭ ᠤᠨ ᠬᠦᠮᠦᠰ ᠲᠠᠢ ᠪᠠᠨ  ᠵᠤᠯᠭᠠᠵᠤ᠂  ᠲᠢᠪ  ᠰᠤᠨᠳᠠᠯᠠᠵᠤ  ᠵᠠᠭᠤᠨ  ᠠᠯᠤᠰᠯᠠᠭᠰᠠᠨ ᠦᠯᠢᠭᠡᠷ ᠢᠶᠠᠷ ᠬᠤᠶᠠᠷ ᠤᠯᠤᠰ ᠤᠨ ᠰᠤᠶᠤᠯ ᠤᠨ ᠰᠤᠯᠢᠯᠴᠠᠭ᠎ᠠ ᠶᠢ ᠤᠯᠠᠮ ᠨᠢᠭᠡ ᠠᠯᠬᠤᠮ ᠲᠦᠯᠬᠢᠨ  ᠠᠬᠢᠭᠤᠯᠤᠭᠰᠠᠨ  ᠪᠠᠶᠢᠨ᠎ᠠ ᠬᠡᠵᠤ ᠲᠤᠰ ᠵᠦᠴᠦᠭᠡ ᠶᠢᠨ ᠶᠡᠷᠦᠩᠬᠡᠢ ᠤᠳᠤᠷᠢᠳᠤᠭᠠᠴᠢ  ᠼᠤᠤ  ᠰᠢᠶᠤᠤ  ᠨᠢᠩ  ᠰᠤᠷᠪᠤᠯᠵᠢᠯᠠᠭ᠎ᠠ  ᠬᠦᠯᠢᠶᠡᠭᠦ ᠳᠡᠭᠡᠨ  ᠶᠠᠷᠢᠵᠤ ᠪᠠᠶᠢᠯ᠎ᠠ᠃ ᠵᠦᠴᠦᠭᠡ ᠶᠢᠨ ᠨᠢᠬᠡᠳᠦᠭᠡᠷ  ᠳᠠᠯᠠᠪᠠᠢ  ᠲᠤᠭᠯᠠᠯᠳᠠ ᠶᠢ  ᠮᠢᠩᠭ᠎ᠠ  ᠭᠠᠷᠤᠢ  ᠦᠵᠡᠭᠴᠢᠳ  ᠰᠤᠨᠢᠷᠭᠠᠵᠤ᠂  ᠦᠵᠡᠭᠴᠢ ᠲᠤᠭᠠᠷᠰᠦ᠋ᠷᠦᠩ ᠰᠤᠷᠪᠤᠯᠵᠢᠯᠠᠭ᠎ᠠ ᠬᠦᠯᠢᠶᠡᠬᠦ ᠳᠡᠭᠡᠨ᠂ ᠪᠡᠭᠡᠵᠢᠩ ᠳᠤ ᠰᠠᠭᠤᠭ᠎ᠠ  ᠮᠤᠩᠭᠤᠯ  ᠬᠦᠮᠦᠨ  ᠪᠤᠯᠤᠭᠰᠠᠨ ᠤ  ᠬᠤᠪᠢ ᠳᠤ ᠬᠡᠷ ᠤᠨ ᠢᠶᠠᠨ ᠡᠭᠦᠳᠡᠨ ᠳᠤ ᠮᠤᠩᠭᠤᠯ ᠪᠦᠵᠢᠭᠳᠦ ᠵᠦᠴᠦᠭᠡ ᠪᠠᠨ ᠦᠵᠡᠭᠦ ᠬᠡᠵᠤ ᠮᠠᠰᠢ ᠪᠠᠶᠠᠷᠳᠠᠢ ᠶᠠᠪᠤᠳᠠᠯ᠂ ᠤᠨᠴᠠᠭᠠᠢᠢᠯᠠᠨ ︽ᠮᠠᠷᠺᠤ·  ᠫᠤᠯᠣ᠋ ᠶᠢᠨ ᠳᠤᠮᠤᠭ︾ ᠬᠡᠬᠦ ᠲᠤᠮᠤ ᠰᠡᠳᠦᠪ ᠢᠶᠠᠷ ᠶᠤᠸᠠᠨ ᠤᠯᠤᠰ ᠤᠨ ᠦᠶ᠎ᠡ ᠳᠤ ᠡᠯ᠎ᠡ ᠦᠨᠳᠦᠰᠤᠲᠡᠨ  ᠶᠠᠰᠤᠳᠠᠨ ᠤ  ᠶᠡᠭᠡ ᠪᠦᠯᠬᠦᠮᠳᠡᠯ᠂  ᠡᠶ᠎ᠡ  ᠵᠤᠬᠢᠴᠠᠯ ᠢ  ᠤᠷᠠᠯᠢᠭ ᠢᠶᠠᠷ  ᠬᠠᠷᠠᠭᠤᠯᠤᠭᠰᠠᠨ ᠨᠢ  ᠨᠡᠩ  ᠴᠤ  ᠬᠦᠮᠦᠰ ᠤᠨ  ᠤᠷᠮ᠎ᠠ ᠶᠢ  ᠬᠦᠭᠵᠢᠬᠡᠵᠤ᠂ ᠬᠠᠶᠢᠷ᠎ᠠ ᠪᠠᠷ ᠰᠢᠵᠢᠮᠯᠡᠭᠰᠡᠨ  ᠦᠯᠢᠭᠡᠷ ᠨᠢ  ᠬᠦᠮᠦᠰ ᠤᠨ  ᠰᠡᠳᠬᠢᠯ ᠢ  ᠲᠤᠭᠳᠤᠯᠤᠭᠤᠯᠤᠭᠰᠠᠨ  ᠪᠠᠶᠢᠨ᠎ᠠ  ᠬᠡᠵᠤ  ᠪᠠᠶᠠᠷᠳᠠᠶᠢᠬᠠᠨ ᠶᠠᠷᠢᠨ᠎ᠠ᠃        ᠳᠠᠪᠤᠳᠤᠭᠠᠷ ᠬᠤᠭᠤᠴᠠᠭᠠᠨ ᠤ  ᠪᠦᠬᠦ  ᠤᠯᠤᠰ ᠤᠨ  ᠴᠦᠭᠡᠨ  ᠳᠤᠭᠠᠳᠤ  ᠦᠨᠳᠦᠰᠦᠲᠡᠨ ᠤ  ᠤᠷᠠᠨ  ᠰᠠᠶᠢᠬᠠᠨ ᠤ ᠲᠤᠭᠯᠠᠯᠳᠠ 8 ᠰᠠᠷ᠎ᠠ ᠶᠢᠨ 16 ᠠᠴᠠ ᠡᠬᠢᠯᠡᠨ 43 ᠳᠠᠯᠠᠪᠠᠢ ᠰᠢᠯᠢᠳᠡᠭ ᠵᠦᠴᠦᠭᠡ ᠶᠢ ᠲᠤᠭᠯᠠᠨ ᠦᠵᠡᠭᠦᠯᠵᠤ  9  ᠰᠠᠷ᠎ᠠ ᠶᠢᠨ 14 ᠤ ᠡᠳᠤᠷ ᠦᠨᠳᠦᠷᠯᠡᠬᠦ ᠪᠤᠯᠤᠨ᠎ᠠ᠃ ᠮᠠᠨ ᠤ ᠤᠷᠤᠨ ᠤ ᠵᠦᠴᠦᠭᠡ ︽ᠮᠠᠷᠺᠤ ·  ᠫᠤᠯᠣ᠋ ᠶᠢᠨ  ᠳᠤᠮᠤᠭ︾ ᠢ  9  ᠰᠠᠷ᠎ᠠ ᠶᠢᠨ 11 ᠤ ᠤᠷᠤᠢ ᠪᠠᠰᠠ ᠨᠢᠭᠡ ᠳᠠᠯᠠᠪᠠᠢ ᠲᠤᠭᠯᠠᠵᠤ᠂ ︽ᠳᠠᠯ᠎ᠠ ᠨᠤᠳᠤᠭ ᠤᠨ ᠤᠯᠠᠭᠠᠨᠮᠦ᠋ᠴᠢᠷ︾ ᠢ 9 ᠰᠠᠷ᠎ᠠ ᠶᠢᠨ 12 ᠠᠴᠠ 13 ᠪᠤᠯᠳᠠᠯ᠎ᠠ ᠬᠤᠶᠠᠷ ᠳᠠᠯᠠᠪᠠᠢ ᠲᠤᠭᠯᠠᠬᠤ ᠪᠤᠯᠤᠨ᠎ᠠ᠃    
 
ᠢᠷᠡᠯᠲᠡ᠄ ᠦᠪᠦᠷ ᠮᠣᠩᠭᠤᠯ ᠤᠨ ᠡᠳᠦᠷ ᠤᠨ ᠰᠣᠨᠢᠨ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号