ᠪᠡᠶ᠎ᠠ ᠶᠢᠨ ᠦᠨᠡᠮᠯᠡᠯ ᠳᠤ ᠰᠢᠨ᠎ᠠ ᠲᠦᠷᠢᠮ ᠲᠠᠢ ᠪᠣᠯᠪᠠ
ᠨᠡᠶᠢᠲᠡᠯᠡᠭᠰᠡᠨ ᠴᠠᠭ᠄
2016/9/7
         ᠲᠣᠳᠣᠭᠠᠳᠣ ᠶᠢ ᠬᠠᠮᠠᠭᠠᠯᠠᠬᠤ ᠶᠠᠮᠣᠨ ᠤ ᠠᠮᠣᠷ ᠢ ᠬᠠᠮᠠᠭᠠᠯᠠᠬᠤ ᠲᠣᠪᠴᠢᠶᠠᠨ ᠤ  ᠠᠯᠪᠠᠨ ᠤ  ᠲᠠᠯ᠎ᠠ ᠶᠢᠨ ᠬᠢᠨ ᠤ  ᠪᠢᠴᠢᠯ ᠪᠦᠷᠭᠡ ᠶᠢᠨ ᠮᠡᠳᠡᠭᠡ ᠶᠢ ᠦᠨᠳᠣᠰᠣᠯᠠᠪᠠᠯ᠂ ᠣᠢᠢᠷ᠎ᠠ ᠶᠢᠨ ᠡᠳᠣᠷ ᠲᠣᠳᠣᠭᠠᠳᠣ ᠶᠢ ᠬᠠᠮᠠᠭᠠᠯᠠᠬᠤ ᠶᠠᠮᠣᠨ᠂ ᠲᠦᠪ ᠤᠨ ᠨᠡᠶᠢᠭᠡᠮ ᠤᠨ ᠠᠮᠣᠷ ᠲᠦᠪᠰᠢᠨ ᠢ ᠶᠡᠷᠣᠩᠬᠡᠶᠢᠯᠡᠨ ᠵᠠᠰᠠᠬᠤ ᠠᠯᠪᠠᠨ ᠬᠡᠷ᠂ ᠣᠯᠣᠰ ᠤᠨ ᠬᠦᠭᠵᠢᠬᠦᠯᠣᠯᠳᠠ ᠦᠬᠡᠷᠡᠴᠢᠯᠡᠯᠳᠡ ᠶᠢᠨ ᠵᠦᠪᠯᠠᠯ᠂ ᠠᠵᠣ ᠦᠢᠯᠡᠳᠪᠦᠷᠢ ᠪᠠ  ᠮᠡᠳᠡᠭᠡ  ᠵᠠᠩᠬᠢᠴᠢᠯᠠᠯᠳᠠ ᠶᠢᠨ  ᠶᠠᠮᠣᠨ᠂  ᠬᠦᠮᠦᠨ ᠤ  ᠬᠦᠴᠣᠨ ᠤ  ᠡᠬᠢ  ᠪᠠᠶᠠᠯᠢᠭ  ᠬᠢᠭᠡᠳ  ᠨᠡᠶᠢᠭᠡᠮ ᠤᠨ ᠪᠠᠳᠣᠯᠠᠪᠦᠷᠢ ᠶᠢᠨ ᠶᠠᠮᠣᠨ᠂ ᠣᠷᠣᠨ ᠰᠠᠭᠤᠴᠠ  ᠪᠠ  ᠬᠤᠳᠠ  ᠬᠦᠳᠡᠭᠡ ᠶᠢᠨ  ᠪᠦᠳᠣᠭᠡᠨ  ᠪᠠᠶᠢᠭᠤᠯᠣᠯᠳᠠ ᠶᠢᠨ  ᠶᠠᠮᠣᠨ  ᠵᠢᠴᠢ ᠲᠣᠮᠳᠠᠳᠣ ᠣᠯᠣᠰ ᠤᠨ ᠠᠷᠠᠳ ᠪᠠᠩᠬᠢ ᠵᠡᠷᠭᠡ ᠨᠡᠢᠮᠠᠨ  ᠰᠠᠯᠠᠭ᠎ᠠ  ᠮᠦᠴᠢᠷ  ᠬᠠᠮᠳᠣᠷᠠᠨ  ︽ᠰᠠᠭᠤᠭᠠᠯᠢ  ᠠᠷᠠᠳ ᠤᠨ  ᠪᠡᠶ᠎ᠠ ᠶᠢᠨ ᠦᠨᠡᠮᠯᠡᠯ ᠤᠨ ᠬᠡᠷᠡᠭᠯᠡᠭᠡ ᠶᠢ ᠲᠦᠷᠢᠮᠵᠢᠬᠦᠯᠵᠣ ᠬᠠᠮᠢᠶᠠᠷᠬᠤ ᠲᠣᠬᠠᠢ ᠠᠯᠪᠠᠨ ᠵᠠᠷᠯᠠᠯ︾ ᠨᠡᠶᠢᠳᠡᠯᠡᠪᠡ᠃          ᠰᠠᠭᠤᠭᠠᠯᠢ ᠠᠷᠠᠳ ᠤᠨ ᠪᠡᠶ᠎ᠠ ᠶᠢᠨ ᠦᠨᠡᠮᠯᠡᠯ ᠪᠣᠯ ᠮᠠᠨ ᠤ ᠣᠯᠣᠰ ᠤᠨ ᠠᠷᠠᠳ ᠢᠷᠭᠡᠨ ᠤ ᠬᠠᠣᠯᠢ ᠪᠠᠷ ᠲᠣᠬᠳᠠᠭᠠᠬᠰᠠᠨ ᠪᠡᠶ᠎ᠠ ᠶᠢᠨ ᠦᠨᠡᠮᠯᠡᠯ ᠪᠣᠯᠣᠨ᠎ᠠ᠃ ᠠᠷᠠᠳ ᠢᠷᠭᠡᠳ ᠤᠨ ᠬᠠᠣᠯᠢ ᠶᠣᠰᠣᠨ ᠤ ᠡᠷᠭᠡ ᠠᠰᠢᠭ  ᠪᠠ  ᠠᠷᠠᠳ  ᠢᠷᠭᠡᠳ ᠤᠨ  ᠬᠤᠪᠢ ᠬᠦᠮᠦᠨ ᠤ ᠮᠡᠳᠡᠭᠡ ᠵᠠᠩᠬᠢ ᠶᠢ ᠬᠠᠮᠠᠭᠠᠯᠠᠵᠣ᠂ ᠨᠡᠶᠢᠳᠡ ᠶᠢᠨ ᠣᠢᠢᠯᠡᠴᠢᠯᠡᠭᠡ ᠶᠢᠨ ᠬᠢᠷᠢ ᠲᠦᠪᠰᠢᠨ ᠢ ᠲᠡᠭᠡᠭᠰᠢᠯᠡᠬᠦᠯᠵᠣ᠂ ᠨᠡᠶᠢᠭᠡᠮ ᠤᠨ ᠢᠳᠡᠭᠡᠮᠵᠢ ᠶᠢᠨ  ᠰᠢᠰᠲᠧᠮ ᠤᠨ  ᠪᠦᠳᠣᠭᠡᠨ  ᠪᠠᠶᠢᠭᠤᠯᠣᠯᠳᠠ ᠶᠢ  ᠲᠦᠷᠭᠡᠳᠭᠡᠨ  ᠠᠬᠢᠭᠤᠯᠬᠤ ᠶᠢᠨ   ᠲᠦᠯᠦᠬᠡ   ︽ᠪᠦᠬᠦᠳᠡ ᠨᠠᠶᠢᠷᠠᠮᠳᠠᠬᠤ ᠲᠣᠮᠳᠠᠳᠣ ᠠᠷᠠᠳ ᠣᠯᠣᠰ ᠤᠨ ᠰᠠᠭᠤᠭᠠᠯᠢ ᠠᠷᠠᠳ ᠤᠨ  ᠪᠡᠶ᠎ᠠ ᠶᠢᠨ  ᠦᠨᠡᠮᠯᠡᠯ ᠤᠨ  ᠬᠠᠣᠯᠢ︾  ᠪᠠ  ︽ᠪᠦᠬᠦᠳᠡ ᠨᠠᠶᠢᠷᠠᠮᠳᠠᠬᠤ ᠲᠣᠮᠳᠠᠳᠣ ᠠᠷᠠᠳ ᠣᠯᠣᠰ ᠤᠨ ᠨᠡᠶᠢᠭᠡᠮ ᠤᠨ ᠠᠮᠣᠷ ᠲᠦᠪᠰᠢᠨ ᠤ ᠬᠠᠮᠢᠶᠠᠷᠤᠯᠳᠠ ᠶᠢᠨ ᠲᠣᠷᠭᠠᠭᠤᠯᠢ ᠶᠢᠨ ᠬᠠᠣᠯᠢ︾ ᠵᠡᠷᠭᠡ ᠬᠠᠣᠯᠢ ᠴᠠᠭᠠᠵᠠ ᠬᠠᠣᠯᠢ ᠲᠦᠷᠢᠮ ᠢ ᠦᠨᠳᠣᠰᠣᠯᠠᠨ  ᠰᠠᠭᠤᠭᠠᠯᠢ  ᠠᠷᠠᠳ ᠤᠨ  ᠪᠡᠶ᠎ᠠ ᠶᠢᠨ  ᠦᠨᠡᠮᠯᠡᠯ ᠤᠨ  ᠬᠡᠷᠡᠭᠯᠡᠭᠡ ᠶᠢ ᠲᠦᠷᠢᠮᠵᠢᠬᠦᠯᠵᠣ ᠬᠠᠷᠭᠤᠭᠤᠯᠣᠨ ᠪᠠᠶᠢᠴᠠᠭᠠᠬᠤ ᠲᠣᠬᠠᠢ ᠠᠯᠪᠠᠨ ᠵᠠᠷᠯᠠᠯ ᠢ ᠨᠡᠶᠢᠳᠡᠯᠡᠪᠡ᠃          ᠠᠷᠠᠳ ᠢᠷᠭᠡᠨ ᠳᠤ ᠵᠤᠷᠢᠭᠤᠯᠤᠬᠰᠡᠨ 7 ᠰᠠᠨᠠᠭᠤᠯᠣᠮᠵᠢ᠄          ᠨᠢᠬᠡ᠂ ᠠᠷᠠᠳ ᠢᠷᠭᠡᠨ ᠬᠠᠣᠯᠢ ᠶᠣᠰᠣᠭᠠᠷ ᠪᠡᠶ᠎ᠠ ᠶᠢᠨ ᠦᠨᠡᠮᠯᠡᠯ ᠢᠶᠠᠨ ᠭᠤᠶᠣᠴᠢᠯᠠᠨ ᠠᠪᠴᠣ᠂ ᠰᠣᠯᠢᠬᠤ ᠪᠠ  ᠨᠦᠬᠦᠨ ᠠᠪᠣᠨ᠎ᠠ᠃          ᠬᠤᠶᠠᠷ᠂ ᠠᠷᠠᠳ ᠢᠷᠭᠡᠨ ᠬᠠᠣᠯᠢ ᠶᠣᠰᠣᠭᠠᠷ ᠪᠡᠶ᠎ᠠ ᠶᠢᠨ ᠦᠨᠡᠮᠯᠡᠯ ᠢᠶᠠᠨ ᠬᠡᠷᠡᠭᠯᠡᠵᠣ᠂ ᠲᠦᠷᠢᠶᠡᠰᠣᠯᠠᠬᠦᠯᠬᠦ᠂  ᠵᠢᠬᠡᠯᠡᠬᠦᠯᠬᠦ ᠪᠠ ᠪᠣᠰᠣᠳ ᠲᠤ ᠪᠡᠶ᠎ᠠ ᠶᠢᠨ ᠦᠨᠡᠮᠯᠡᠯ ᠢᠶᠠᠨ ᠰᠢᠯᠵᠢᠬᠦᠯᠣᠨ ᠦᠭᠴᠣ ᠪᠣᠯᠬᠤ ᠦᠭᠡᠢ᠃        ᠭᠤᠷᠪᠠ᠂  ᠠᠷᠠᠳ  ᠢᠷᠭᠡᠨ  ᠪᠡᠶ᠎ᠠ ᠶᠢᠨ   ᠦᠨᠡᠮᠯᠡᠯ ᠤᠨ   ᠠᠮᠣᠷ   ᠲᠦᠪᠰᠢᠨ ᠢ   ᠬᠠᠮᠠᠭᠠᠯᠠᠬᠤ   ᠣᠬᠠᠮᠰᠠᠷ ᠢᠶᠠᠨ ᠲᠡᠭᠡᠭᠰᠢᠯᠡᠬᠦᠯᠵᠣ᠂   ᠪᠡᠶ᠎ᠠ ᠶᠢᠨ   ᠦᠨᠡᠮᠯᠡᠯ ᠢᠶᠠᠨ   ᠰᠠᠶᠢᠳᠣᠷ   ᠬᠠᠮᠠᠭᠠᠯᠠᠨ   ᠬᠠᠮᠢᠶᠠᠷᠴᠣ᠂   ᠬᠡᠬᠡᠵᠣ   ᠣᠷᠬᠢᠬᠤ    ᠪᠣᠶᠣ ᠬᠤᠯᠠᠭᠠᠢᠢᠯᠠᠬᠳᠠᠬᠤ ᠠᠴᠠ ᠰᠡᠷᠭᠡᠶᠢᠯᠡᠬᠦ ᠬᠡᠷᠡᠭᠳᠡᠢ᠃         ᠲᠦᠷᠪᠡ᠂ ᠬᠤᠷᠣᠭᠤᠨ ᠣᠷᠣᠮ ᠤᠨ ᠮᠡᠳᠡᠭᠡ ᠵᠠᠩᠬᠢ ᠪᠠᠨ ᠲᠠᠩᠰᠠᠯᠠᠭᠤᠯᠣᠬᠰᠠᠨ ᠪᠡᠶ᠎ᠠ ᠶᠢᠨ ᠦᠨᠡᠮᠯᠡᠯ ᠪᠣᠰᠣᠳ ᠬᠦᠮᠦᠨ ᠣᠷᠣᠯᠠᠨ ᠬᠡᠷᠡᠭᠯᠡᠬᠦ ᠶᠢ ᠬᠤᠷᠢᠬᠯᠠᠵᠣ ᠴᠢᠳᠠᠨ᠎ᠠ᠃ ᠠᠷᠠᠳ  ᠢᠷᠭᠡᠨ  ᠦᠪᠡᠷ ᠤᠨ  ᠰᠠᠶᠢᠨ  ᠲᠣᠷ᠎ᠠ ᠠᠴᠠ ᠪᠠᠨ  ᠢᠳᠡᠪᠬᠢᠳᠠᠢ ᠪᠠᠷ ᠲᠣᠳᠣᠭᠠᠳᠣ ᠶᠢ ᠬᠠᠮᠠᠭᠠᠯᠠᠬᠤ ᠪᠠᠶᠢᠭᠤᠯᠣᠯᠭ᠎ᠠ ᠳᠤ ᠣᠴᠢᠵᠣ ᠬᠤᠷᠣᠭᠤᠨ ᠣᠷᠣᠮ ᠤᠨ ᠮᠡᠳᠡᠭᠡ ᠵᠠᠩᠬᠢ ᠪᠠᠨ  ᠲᠠᠩᠰᠠᠯᠠᠭᠤᠯᠣᠬᠰᠠᠨ ᠪᠡᠶ᠎ᠠ ᠶᠢᠨ ᠦᠨᠡᠮᠯᠡᠯ ᠰᠣᠯᠢᠵᠣ ᠠᠪᠬᠤ ᠬᠡᠷᠡᠭᠳᠡᠢ᠃         ᠲᠠᠪᠤ᠂ ᠠᠷᠠᠳ ᠢᠷᠭᠡᠨ  ᠦᠪᠡᠷ ᠤᠨ  ᠰᠠᠶᠢᠨ  ᠲᠣᠷ᠎ᠠ ᠠᠴᠠ ᠪᠠᠨ  ᠰᠠᠭᠤᠭᠠᠯᠢ  ᠠᠷᠠᠳ ᠤᠨ  ᠪᠡᠶ᠎ᠠ ᠶᠢᠨ  ᠦᠨᠡᠮᠯᠡᠯ ᠢ ᠬᠠᠷᠭᠤᠭᠤᠯᠣᠨ ᠪᠠᠶᠢᠴᠠᠭᠠᠬᠤ ᠠᠵᠢᠯ ᠢ ᠲᠡᠮᠵᠢᠵᠣ᠂ ᠬᠠᠣᠯᠢ ᠶᠣᠰᠣᠭᠠᠷ ᠬᠤᠪᠢ ᠪᠡᠶ᠎ᠠ ᠶᠢᠨ ᠬᠠᠣᠯᠢ ᠶᠣᠰᠣᠨ ᠤ ᠡᠷᠭᠡ ᠠᠰᠢᠭ ᠢᠶᠠᠨ ᠬᠠᠮᠠᠭᠠᠯᠠᠬᠤ ᠬᠡᠷᠡᠭᠳᠡᠢ᠃         ᠵᠢᠷᠭᠤᠭ᠎ᠠ᠂  ᠠᠷᠠᠳ  ᠢᠷᠭᠡᠨ  ᠵᠦᠪᠰᠢᠶᠡᠷᠡᠯ  ᠦᠭᠡᠢ ᠪᠠᠷ  ᠪᠣᠰᠣᠳ  ᠬᠦᠮᠦᠨ   ᠪᠡᠶ᠎ᠠ ᠶᠢᠨ   ᠦᠨᠡᠮᠯᠡᠯ ᠢ   ᠴᠢᠨᠢ ᠬᠠᠭᠤᠯᠪᠦᠷᠢᠯᠠᠬᠤ᠂ ᠰᠢᠷᠪᠢᠵᠣ ᠰᠠᠭᠤᠯᠭᠠᠬᠤ ᠪᠣᠶᠣ ᠪᠡᠶ᠎ᠠ ᠶᠢᠨ ᠦᠨᠡᠮᠯᠡᠯ ᠢ  ᠴᠢᠨᠢ  ᠲᠠᠷᠣᠵᠣ  ᠦᠯᠡᠳᠡᠭᠡᠬᠦ  ᠠᠵᠢᠯᠯᠠᠭ᠎ᠠ ᠶᠢ  ᠡᠷᠡᠰ ᠡᠰᠡᠷᠬᠦᠴᠡᠬᠦ ᠬᠡᠷᠡᠭᠳᠡᠢ᠃         ᠲᠣᠯᠤᠭ᠎ᠠ᠂ ᠪᠣᠰᠣᠳ ᠬᠦᠮᠦᠨ ᠠᠷᠠᠳ ᠢᠷᠭᠡᠨ ᠤ ᠪᠡᠶ᠎ᠠ ᠶᠢᠨ ᠦᠨᠡᠮᠯᠡᠯ ᠢ ᠬᠠᠭᠤᠷᠮᠠᠬᠯᠠᠨ  ᠵᠣᠬᠢᠶᠠᠬᠤ᠂  ᠦᠬᠡᠷᠡᠴᠢᠯᠡᠨ ᠵᠣᠬᠢᠶᠠᠬᠤ᠂ ᠠᠷᠠᠯᠵᠢᠶᠠᠯᠠᠬᠤ  ᠪᠠ  ᠣᠷᠣᠯᠠᠨ  ᠬᠡᠷᠡᠭᠯᠡᠬᠦ  ᠵᠢᠴᠢ  ᠠᠷᠠᠳ  ᠢᠷᠭᠡᠨ ᠤ  ᠬᠤᠪᠢ  ᠬᠦᠮᠦᠨ ᠤ  ᠮᠡᠳᠡᠭᠡ  ᠵᠠᠩᠬᠢ ᠶᠢ ᠵᠠᠳᠠᠷᠠᠭᠤᠯᠬᠤ᠂ ᠬᠤᠯᠠᠭᠠᠢᠢᠯᠠᠬᠤ᠂ ᠠᠷᠠᠯᠵᠢᠶᠠᠯᠠᠬᠤ ᠪᠠ ᠣᠷᠣᠯᠠᠨ  ᠬᠡᠷᠡᠭᠯᠡᠬᠦ  ᠵᠡᠷᠭᠡ  ᠬᠠᠣᠯᠢ  ᠪᠣᠰᠣ  ᠠᠵᠢᠯᠯᠠᠭ᠎ᠠ ᠶᠢ  ᠢᠯᠡᠴᠢᠯᠡᠨ ᠵᠠᠭᠠᠯᠳᠣᠬᠤ ᠬᠡᠷᠡᠭᠳᠡᠢ᠃          ᠣᠯᠣᠰ ᠤᠨ ᠪᠠᠶᠢᠭᠤᠯᠣᠯᠭ᠎ᠠ ᠨᠢᠬᠡᠴᠡ ᠳᠤ ᠵᠣᠷᠢᠭᠤᠯᠤᠬᠰᠡᠨ 5 ᠵᠣᠷᠪᠣᠰ ᠣᠯᠠᠭᠠᠨ ᠱᠣᠭᠤᠮ 1 ᠲᠣᠭᠳᠠᠴᠠ         5 ᠵᠣᠷᠪᠣᠰ ᠣᠯᠠᠭᠠᠨ ᠱᠣᠭᠤᠮ          ᠨᠢᠬᠡ᠂ ᠣᠯᠣᠰ ᠤᠨ  ᠪᠠᠶᠢᠭᠤᠯᠣᠯᠭ᠎ᠠ  ᠨᠢᠬᠡᠴᠡ  ᠪᠣᠶᠣ  ᠬᠤᠯᠪᠣᠬᠳᠠᠯ  ᠪᠦᠬᠦᠢ  ᠪᠠᠶᠢᠭᠤᠯᠣᠯᠭ᠎ᠠ  ᠵᠢᠴᠢ  ᠠᠵᠢᠯᠳᠠᠳ ᠰᠠᠭᠤᠭᠠᠯᠢ ᠠᠷᠠᠳ ᠤᠨ ᠪᠡᠶ᠎ᠠ ᠶᠢᠨ  ᠦᠨᠡᠮᠯᠡᠯ ᠢ  ᠬᠠᠷᠭᠤᠭᠤᠯᠣᠨ  ᠪᠠᠶᠢᠴᠠᠭᠠᠬᠤ  ᠡᠭᠦᠷᠭᠡ ᠶᠢ  ᠨᠠᠷᠢᠨ  ᠬᠢᠨᠠᠮᠠᠭᠠᠢ  ᠬᠦᠢᠴᠡᠳᠭᠡᠬᠦ ᠬᠡᠷᠡᠭᠳᠡᠢ᠃ ᠰᠠᠭᠤᠭᠠᠯᠢ ᠠᠷᠠᠳ ᠤᠨ ᠪᠡᠶ᠎ᠠ ᠶᠢᠨ ᠦᠨᠡᠮᠯᠡᠯ ᠢ  ᠬᠠᠷᠭᠤᠭᠤᠯᠣᠨ  ᠪᠠᠶᠢᠴᠠᠭᠠᠬᠤ  ᠡᠬᠦᠷᠭᠡ ᠪᠠᠨ  ᠬᠠᠣᠯᠢ  ᠶᠣᠰᠣ ᠪᠠᠷ ᠬᠦᠢᠴᠡᠳᠭᠡᠭᠰᠡᠨ ᠦᠭᠡᠢ ᠠᠴᠠ ᠪᠣᠯᠵᠣ ᠠᠷᠠᠳ ᠢᠷᠭᠡᠨ ᠤ ᠬᠠᠣᠯᠢ  ᠶᠣᠰᠣᠨ ᠤ  ᠡᠷᠭᠡ  ᠠᠰᠢᠭ  ᠪᠣᠶᠣ  ᠨᠡᠶᠢᠳᠡ ᠶᠢᠨ  ᠠᠰᠢᠭ ᠲᠣᠰᠠ ᠳᠤ ᠬᠤᠬᠢᠷᠠᠯ ᠠᠮᠰᠠᠭᠤᠯᠣᠬᠰᠠᠨ ᠪᠣᠯ ᠬᠤᠯᠪᠣᠬᠳᠠᠯ ᠪᠦᠬᠦᠢ ᠲᠣᠭᠳᠠᠭᠠᠯ ᠢᠶᠠᠷ ᠬᠠᠷᠢᠭᠤᠴᠠᠯᠭ᠎ᠠ ᠨᠡᠬᠡᠮᠵᠢᠯᠠᠨ᠎ᠠ᠃          ᠬᠤᠶᠠᠷ᠂ ᠣᠯᠣᠰ ᠤᠨ  ᠪᠠᠶᠢᠭᠤᠯᠣᠯᠭ᠎ᠠ  ᠨᠢᠬᠡᠴᠡ  ᠪᠣᠶᠣ  ᠬᠤᠯᠪᠣᠬᠳᠠᠯ  ᠪᠦᠬᠦᠢ  ᠪᠠᠶᠢᠭᠤᠯᠣᠯᠭ᠎ᠠ ᠶᠢᠨ  ᠠᠵᠢᠯᠳᠠᠳ ᠬᠠᠷᠢᠭᠤᠴᠠᠯᠭ᠎ᠠ ᠪᠠᠨ ᠬᠦᠢᠴᠡᠳᠭᠡᠬᠦ ᠪᠣᠶᠣ ᠣᠢᠢᠯᠡᠴᠢᠯᠡᠭᠡ ᠬᠠᠨᠭ᠍ᠭᠠᠬᠤ ᠳᠠᠭᠠᠨ  ᠵᠠᠪᠠᠯ  ᠲᠣᠬᠠᠢ ᠶᠢᠨ  ᠲᠠᠯᠠᠪᠠᠢ ᠳᠤ  ᠬᠠᠷᠭᠤᠭᠤᠯᠣᠨ ᠪᠠᠶᠢᠴᠠᠭᠠᠬᠤ ᠬᠡᠷᠡᠭᠳᠡᠢ᠂ ᠲᠣᠷ᠎ᠠ ᠵᠣᠷᠢᠭ ᠢᠶᠠᠷ ᠢᠶᠠᠨ ᠰᠠᠭᠤᠭᠠᠯᠢ ᠠᠷᠠᠳ ᠤᠨ  ᠪᠡᠶ᠎ᠠ ᠶᠢᠨ  ᠦᠨᠡᠮᠯᠡᠯ  ᠲᠣᠳᠣᠷ᠎ᠠ  ᠪᠠᠶᠢᠭ᠎ᠠ  ᠠᠷᠠᠳ ᠢᠷᠭᠡᠨ ᠤ ᠬᠤᠪᠢ ᠬᠦᠮᠦᠨ ᠤ ᠮᠡᠳᠡᠭᠡ ᠵᠠᠩᠬᠢ ᠶᠢ ᠲᠡᠮᠳᠡᠭᠯᠡᠵᠣ ᠪᠣᠯᠬᠤ ᠦᠭᠡᠢ᠃         ᠭᠤᠷᠪᠠ᠂ ᠣᠯᠣᠰ ᠤᠨ ᠪᠠᠶᠢᠭᠤᠯᠣᠯᠭ᠎ᠠ ᠨᠢᠬᠡᠴᠡ ᠪᠣᠶᠣ ᠬᠤᠯᠪᠣᠬᠳᠠᠯ ᠪᠦᠬᠦᠢ ᠪᠠᠶᠢᠭᠤᠯᠣᠯᠭ᠎ᠠ ᠵᠢᠴᠢ ᠠᠵᠢᠯᠳᠠᠳ ᠠᠷᠠᠳ ᠢᠷᠭᠡᠨ ᠤ ᠰᠠᠭᠤᠭᠠᠯᠢ ᠠᠷᠠᠳ ᠤᠨ ᠪᠡᠶ᠎ᠠ ᠶᠢᠨ ᠦᠨᠡᠮᠯᠡᠯ ᠢ ᠲᠣᠷ᠎ᠠ ᠵᠣᠷᠢᠭ ᠢᠶᠠᠷ ᠢᠶᠠᠨ ᠬᠠᠭᠤᠯᠪᠦᠷᠢᠯᠠᠵᠣ ᠰᠢᠷᠪᠢᠵᠣ  ᠰᠠᠭᠤᠯᠭᠠᠬᠤ᠂ ᠦᠯᠡᠳᠡᠭᠡᠵᠣ ᠠᠪᠬᠤ ᠪᠣᠶᠣ ᠪᠠᠷᠢᠴᠠᠭᠠᠯᠠᠵᠣ ᠲᠠᠷᠣᠵᠣ ᠪᠣᠯᠬᠤ ᠦᠭᠡᠢ᠃         ᠲᠦᠷᠪᠡ᠂ ᠣᠯᠣᠰ ᠤᠨ ᠪᠠᠶᠢᠭᠤᠯᠣᠯᠭ᠎ᠠ ᠨᠢᠬᠡᠴᠡ ᠪᠣᠶᠣ ᠬᠤᠯᠪᠣᠬᠳᠠᠯ ᠪᠦᠬᠦᠢ ᠪᠠᠶᠢᠭᠤᠯᠣᠯᠭ᠎ᠠ ᠠᠷᠠᠳ ᠢᠷᠭᠡᠨ ᠤ ᠬᠤᠪᠢ ᠬᠦᠮᠦᠨ ᠤ  ᠮᠡᠳᠡᠭᠡ  ᠵᠠᠩᠬᠢ ᠶᠢᠨ  ᠠᠮᠣᠷ  ᠲᠦᠪᠰᠢᠨ ᠤ  ᠬᠠᠮᠢᠶᠠᠷᠣᠯᠳᠠ ᠶᠢᠨ  ᠲᠦᠷᠢᠮ ᠢ  ᠪᠠᠶᠢᠭᠤᠯᠣᠨ  ᠲᠡᠬᠦᠯᠳᠡᠷᠵᠢᠬᠦᠯᠵᠣ᠂ ᠬᠠᠷᠢᠭᠤᠴᠠᠯᠭ᠎ᠠ ᠪᠠᠨ ᠬᠦᠢᠴᠡᠳᠭᠡᠬᠦ ᠪᠣᠶᠣ ᠣᠢᠢᠯᠡᠴᠢᠯᠡᠭᠡ ᠬᠠᠨᠭ᠍ᠭᠠᠬᠤ ᠳᠠᠭᠠᠨ ᠣᠯᠵᠣ ᠮᠡᠳᠡᠭᠰᠡᠨ ᠰᠠᠭᠤᠭᠠᠯᠢ ᠠᠷᠠᠳ ᠤᠨ ᠪᠡᠶ᠎ᠠ ᠶᠢᠨ ᠦᠨᠡᠮᠯᠡᠯ ᠲᠣᠳᠣᠷ᠎ᠠ ᠪᠠᠶᠢᠭ᠎ᠠ ᠠᠷᠠᠳ ᠢᠷᠭᠡᠨ ᠤ ᠬᠤᠪᠢ  ᠬᠦᠮᠦᠨ ᠤ  ᠮᠡᠳᠡᠭᠡ  ᠵᠠᠩᠬᠢ ᠶᠢᠨ  ᠨᠢᠭᠤᠴᠠ ᠶᠢ  ᠡᠷᠡᠰ  ᠬᠠᠮᠠᠭᠠᠯᠠᠬᠤ ᠬᠡᠷᠡᠭᠳᠡᠢ᠃         ᠲᠠᠪᠤ᠂ ᠣᠯᠣᠰ ᠤᠨ ᠪᠠᠶᠢᠭᠤᠯᠣᠯᠭ᠎ᠠ ᠨᠢᠬᠡᠴᠡ ᠪᠣᠶᠣ ᠬᠤᠯᠪᠣᠬᠳᠠᠯ ᠪᠦᠬᠦᠢ ᠪᠠᠶᠢᠭᠤᠯᠣᠯᠭ᠎ᠠ ᠨᠢᠬᠡᠴᠡ ᠪᠠᠶᠢᠭᠤᠯᠣᠯᠭ᠎ᠠ ᠶᠢᠨ ᠲᠣᠳᠣᠷ᠎ᠠ ᠪᠠᠨ ᠪᠠᠶᠢᠭᠤᠯᠣᠬᠰᠠᠨ ᠠᠷᠠᠳ ᠢᠷᠭᠡᠨ ᠤ ᠬᠤᠪᠢ ᠬᠦᠮᠦᠨ ᠤ ᠮᠡᠳᠡᠭᠡ ᠵᠠᠩᠬᠢ ᠶᠢ ᠬᠠᠳᠠᠭᠠᠯᠠᠵᠣ ᠪᠠᠶᠢᠭ᠎ᠠ ᠰᠢᠰᠲᠧᠮ ᠢᠶᠠᠨ ᠴᠢᠩᠭ᠎ᠠ ᠬᠠᠮᠢᠶᠠᠷᠴᠣ᠂  ᠪᠠᠶᠢᠴᠠᠭᠠᠨ  ᠯᠠᠪᠯᠠᠬᠤ  ᠡᠷᠭᠡ ᠶᠢᠨ  ᠬᠢᠵᠠᠭᠠᠷ ᠢ  ᠡᠷᠡᠰ  ᠴᠢᠩᠭ᠎ᠠ  ᠲᠣᠭᠳᠠᠭᠠᠵᠣ᠂  ᠵᠠᠳᠠᠷᠠᠬᠤ  ᠬᠦᠷᠢᠶ᠎ᠠ ᠬᠡᠪᠴᠢᠶ᠎ᠠ ᠶᠢ ᠡᠷᠡᠰ ᠬᠢᠵᠠᠭᠠᠷᠯᠠᠵᠣ᠂ ᠮᠡᠷᠭᠡᠵᠢᠯ ᠤᠨ ᠰᠡᠷᠭᠡᠶᠢᠯᠡᠯᠳᠡ ᠬᠠᠮᠠᠭᠠᠯᠠᠯᠳᠠ ᠶᠢᠨ ᠠᠷᠭ᠎ᠠ ᠪᠠᠷᠢᠯ ᠢᠶᠠᠨ ᠴᠢᠩᠭᠠᠳᠬᠠᠵᠣ᠂ ᠮᠡᠳᠡᠭᠡ ᠵᠠᠩᠬᠢ ᠶᠢᠨ ᠵᠠᠳᠠᠷᠠᠬᠤ ᠪᠣᠶᠣ ᠬᠤᠯᠠᠭᠠᠢᠢᠯᠠᠬᠳᠠᠬᠤ ᠶᠢ ᠲᠠᠰᠣ ᠰᠡᠷᠭᠡᠶᠢᠯᠡᠬᠦ ᠬᠡᠷᠡᠭᠳᠡᠢ᠃         1 ᠲᠣᠭᠳᠠᠴᠠ         ᠣᠯᠣᠰ ᠤᠨ ᠪᠠᠶᠢᠭᠤᠯᠣᠯᠭ᠎ᠠ ᠨᠢᠬᠡᠴᠡ ᠪᠣᠶᠣ ᠬᠤᠯᠪᠣᠬᠳᠠᠯ ᠪᠦᠬᠦᠢ ᠪᠠᠶᠢᠭᠤᠯᠣᠯᠭ᠎ᠠ ᠢᠳᠡᠭᠡᠮᠵᠢ  ᠦᠭᠡᠢ  ᠲᠡᠮᠳᠡᠭᠯᠡᠯ ᠳᠤ ᠤᠷᠤᠬᠰᠡᠨ ᠬᠦᠮᠦᠰ ᠤᠨ ︽ᠬᠠᠷ᠎ᠠ ᠲᠠᠩᠰᠠ︾᠎ ᠶᠢᠨ ᠲᠦᠷᠢᠮ ᠢ ᠪᠠᠶᠢᠭᠤᠯᠵᠣ᠂  ᠪᠣᠰᠣᠳ  ᠬᠦᠮᠦᠨ ᠤ  ᠰᠠᠭᠤᠭᠠᠯᠢ  ᠠᠷᠠᠳ ᠤᠨ ᠪᠡᠶ᠎ᠠ ᠶᠢᠨ ᠦᠨᠡᠮᠯᠡᠯ ᠢ ᠣᠷᠣᠯᠠᠨ ᠬᠡᠷᠡᠭᠯᠡᠵᠣ ᠪᠠᠶᠢᠭ᠎ᠠ  ᠬᠦᠮᠦᠨ ᠢ  ᠢᠳᠡᠭᠡᠮᠵᠢ  ᠦᠭᠡᠢ  ᠬᠦᠮᠦᠰ ᠤᠨ  ︽ᠬᠠᠷ᠎ᠠ  ᠲᠠᠩᠰᠠ︾᠎ ᠳᠤ ᠣᠷᠣᠭᠤᠯᠵᠣ᠂ ᠡᠶᠢᠮᠣᠷᠬᠦ ᠮᠡᠳᠡᠭᠡ ᠵᠠᠩᠬᠢ ᠶᠢ ᠬᠠᠮᠳᠣᠪᠡᠷ ᠡᠳ᠋ᠯᠡᠬᠦ ᠲᠣᠭᠳᠠᠴᠠ ᠶᠢ ᠪᠠᠶᠢᠭᠤᠯᠵᠣ᠂ ᠬᠠᠷᠢᠭᠤᠴᠠᠯᠭ᠎ᠠ ᠪᠠᠨ ᠬᠦᠢᠴᠡᠳᠭᠡᠬᠦ ᠪᠣᠶᠣ ᠣᠢᠢᠯᠡᠴᠢᠯᠡᠭᠡ ᠬᠠᠨᠭ᠍ᠭᠠᠬᠤ ᠶᠢ ᠵᠣᠬᠢᠰᠳᠠᠢ ᠬᠢᠵᠠᠭᠠᠷᠯᠠᠵᠣ᠂ ᠬᠤᠯᠪᠣᠭᠠᠯᠠᠨ ᠵᠠᠯᠬᠠᠭᠠᠬᠤ ᠲᠣᠬᠳᠠᠴᠠ ᠶᠢ ᠬᠡᠷᠡᠭᠵᠢᠬᠦᠯᠣᠨ᠎ᠠ᠃          ᠰᠠᠭᠤᠭᠠᠯᠢ ᠠᠷᠠᠳ ᠤᠨ ᠪᠡᠶ᠎ᠠ ᠶᠢᠨ ᠦᠨᠡᠮᠯᠡᠯ ᠤᠨ ᠣᠢᠢᠯᠡᠳᠣᠯ          ᠰᠣᠩᠭᠤᠭᠤᠯᠢ ᠶᠢᠨ ᠳᠤ ᠣᠷᠣᠯᠴᠠᠬᠤ᠂ ᠡᠷᠣᠬᠡ ᠠᠮᠠ ᠶᠢᠨ ᠲᠠᠩᠰᠠ ᠲᠬᠠᠯᠠᠬᠤ᠂ ᠴᠡᠷᠢᠭ ᠤᠨ ᠠᠯᠪᠠ ᠬᠠᠭᠠᠬᠤ᠂ ᠬᠤᠪᠢ ᠬᠦᠮᠦᠨ ᠤ  ᠢᠳᠡᠭᠡᠮᠵᠢᠳᠣ  ᠵᠢᠬᠡᠯᠡᠯᠭᠡ  ᠠᠪᠬᠤ᠂  ᠨᠡᠶᠢᠭᠡᠮ ᠤᠨ  ᠲᠠᠭᠠᠳᠬᠠᠯ ᠳᠤ  ᠣᠷᠣᠯᠴᠠᠬᠤ᠂  ᠨᠡᠶᠢᠭᠡᠮ ᠤᠨ  ᠲᠡᠳᠬᠦᠮᠵᠢ ᠶᠢ ᠬᠦᠷᠳᠡᠬᠦ᠂ ᠨᠢᠰᠭᠡᠯ ᠳᠤ ᠰᠠᠭᠤᠬᠤ᠂ ᠪᠠᠭᠤᠳᠠᠯ ᠳᠤ ᠪᠠᠭᠤᠬᠤ᠂ ᠭᠤᠪᠢᠭᠤᠯᠭ᠎ᠠ ᠪᠠᠨ ᠭᠠᠷᠭᠠᠨ  ᠠᠪᠬᠤ᠂  ᠰᠢᠣᠳᠠᠨ  ᠶᠠᠪᠣᠭᠤᠯᠬᠤ᠂ ᠣᠷᠤᠭ ᠬᠤᠷᠢᠮ ᠢᠶᠠᠨ ᠲᠠᠩᠰᠠᠯᠠᠬᠤ᠂ ᠰᠣᠷᠭᠠᠭᠤᠯᠢ ᠳᠤ ᠣᠷᠣᠬᠤ᠂ ᠠᠵᠢᠯ ᠣᠯᠬᠤ᠂ ᠠᠯᠪᠠᠨ  ᠬᠡᠷᠡᠴᠢᠯᠡᠭᠡ  ᠬᠢᠯᠬᠡᠬᠦ᠂  ᠬᠢᠯᠢ ᠶᠢᠨ ᠬᠠᠮᠢᠶᠠᠷᠣᠯᠳᠠ ᠶᠢᠨ ᠭᠠᠵᠠᠷ  ᠣᠷᠣᠨ ᠢᠶᠠᠷ  ᠵᠣᠭᠠᠴᠠᠬᠤ᠂  ᠬᠢᠯᠢ ᠠᠴᠠ  ᠭᠠᠷᠬᠤ  ᠭᠤᠶᠣᠴᠢᠯᠠᠯ ᠤᠨ  ᠭᠠᠷ  ᠬᠦᠢᠴᠡᠳᠭᠡᠯ  ᠬᠢᠬᠦ᠂ ᠵᠠᠭᠠᠯᠳᠣᠯᠭ᠎ᠠ ᠬᠢᠬᠦ᠂ ᠮᠠᠰᠢᠨ ᠲᠡᠷᠭᠡ ᠬᠤᠳᠠᠯᠳᠣᠨ ᠠᠪᠬᠤ ᠪᠠ  ᠵᠢᠯᠣᠭᠤᠴᠢ ᠶᠢᠨ  ᠦᠨᠡᠮᠯᠡᠯ  ᠠᠪᠬᠤ  ᠵᠢᠴᠢ  ᠠᠶᠠᠯᠠᠬᠤ  ᠬᠡᠷᠡᠴᠢ ᠠᠪᠬᠤ᠂ ᠬᠤᠪᠢ ᠶᠢᠨ ᠡᠵᠡᠩᠨᠡᠯᠳᠡ ᠶᠢᠨ ᠦᠨᠡᠮᠯᠠᠯ ᠠᠪᠬᠤ᠂ ᠪᠠᠷᠠᠭ᠎ᠠ ᠲᠠᠸᠠᠷ  ᠬᠤᠳᠠᠯᠳᠣᠨ  ᠠᠪᠴᠣ  ᠪᠣᠷᠣᠯᠠᠭᠤᠯᠬᠤ  ᠵᠡᠷᠭᠡ ᠳᠤ ᠰᠠᠭᠤᠭᠠᠯᠢ ᠠᠷᠠᠳ ᠤᠨ ᠪᠡᠶ᠎ᠠ ᠶᠢᠨ ᠦᠨᠡᠮᠯᠡᠯ ᠲᠣᠳᠠᠬᠳᠠᠵᠣ ᠪᠣᠯᠣᠰᠢ ᠦᠭᠡᠢ ᠣᠢᠢᠯᠡᠳᠣᠯ ᠲᠠᠢ᠃            ᠶᠠᠭᠤᠨ ᠳᠤ ︽ᠬᠠᠷ᠎ᠠ ᠨᠡᠷ᠎ᠠ ᠶᠢᠨ ᠲᠠᠩᠰᠠ︾᠎ ᠶᠢᠨ ᠲᠦᠷᠢᠮ ᠢ ᠪᠠᠶᠢᠭᠤᠯᠬᠤ ᠪᠣᠢ︖           ᠠᠷᠠᠳ ᠢᠷᠭᠡᠨ ᠤ ᠬᠠᠣᠯᠢ ᠶᠣᠰᠣᠨ ᠤ ᠡᠷᠭᠡ ᠠᠰᠢᠭ ᠪᠠ ᠠᠷᠠᠳ ᠢᠷᠭᠡᠨ ᠤ ᠬᠤᠪᠢ ᠬᠦᠮᠦᠨ ᠤ ᠮᠡᠳᠡᠭᠡ  ᠵᠠᠩᠬᠢ ᠶᠢᠨ ᠨᠢᠭᠤᠴᠠ ᠶᠢ ᠨᠡᠩ ᠰᠠᠶᠢᠳᠣᠷ ᠬᠠᠮᠠᠭᠠᠯᠠᠬᠤ ᠶᠢᠨ ᠲᠦᠯᠦᠬᠡ ᠣᠢᠢᠷ᠎ᠠ ᠶᠢᠨ ᠡᠳᠣᠷ᠂ ᠲᠣᠳᠣᠭᠠᠳᠣ ᠶᠢ ᠬᠠᠮᠠᠭᠠᠯᠠᠬᠤ ᠶᠠᠮᠣᠨ ᠵᠡᠷᠭᠡ 8 ᠰᠠᠯᠠᠭ᠎ᠠ  ᠮᠦᠴᠢᠷ  ᠬᠠᠮᠳᠣᠷᠠᠨ  ︽ᠰᠠᠭᠤᠭᠠᠯᠢ  ᠠᠷᠠᠳ ᠤᠨ  ᠪᠡᠶ᠎ᠠ ᠶᠢᠨ   ᠦᠨᠡᠮᠯᠡᠯ ᠤᠨ   ᠬᠡᠷᠡᠭᠯᠡᠭᠡ ᠶᠢᠨ   ᠬᠠᠮᠢᠶᠠᠷᠤᠯᠳᠠ ᠶᠢ ᠳᠦᠷᠢᠮᠵᠢᠭᠦᠯᠭᠦ ᠲᠣᠬᠠᠢ ᠠᠯᠪᠠᠨ ᠵᠠᠷᠯᠠᠯ︾ ᠨᠡᠶᠢᠳᠡᠯᠡᠵᠣ ᠣᠯᠣᠰ ᠤᠨ ᠪᠠᠶᠢᠭᠤᠯᠣᠯᠭ᠎ᠠ ᠨᠢᠬᠡᠴᠡ ᠪᠣᠶᠣ ᠬᠤᠯᠪᠣᠬᠳᠠᠯ  ᠪᠠᠶᠢᠭᠤᠯᠣᠯᠭ᠎ᠠ ᠵᠢᠴᠢ ᠠᠵᠢᠯᠳᠠᠳ ᠲᠣᠷ᠎ᠠ ᠵᠣᠷᠢᠭ ᠢᠶᠠᠷ ᠢᠶᠠᠨ ᠰᠠᠭᠤᠭᠠᠯᠢ ᠠᠷᠠᠳ ᠤᠨ ᠪᠡᠶ᠎ᠠ ᠶᠢᠨ  ᠦᠨᠡᠮᠯᠡᠯ ᠢ  ᠬᠠᠭᠤᠯᠪᠦᠷᠢᠯᠠᠵᠣ  ᠰᠢᠷᠪᠢᠭᠦ  ᠵᠢᠴᠢ ᠦᠯᠡᠳᠡᠭᠡᠵᠣ ᠠᠪᠬᠤ ᠪᠣᠶᠣ ᠲᠠᠷᠣᠵᠣ ᠪᠣᠯᠬᠤ ᠦᠭᠡᠢ᠂  ᠬᠡᠷᠪᠡ  ᠪᠣᠰᠣᠳ ᠤᠨ  ᠪᠡᠶ᠎ᠠ ᠶᠢᠨ  ᠦᠨᠡᠮᠯᠡᠯ ᠢ  ᠬᠡᠷᠡᠭᠯᠡᠪᠡᠯ  ︽ᠬᠠᠷ᠎ᠠ ᠨᠡᠷ᠎ᠠ ᠶᠢᠨ ᠲᠠᠩᠰᠠ︾᠎ ᠳᠤ ᠣᠷᠣᠭᠤᠯᠣᠨ᠎ᠠ ᠬᠡᠵᠣ ᠲᠣᠬᠳᠠᠭᠠᠬᠰᠠᠨ ᠪᠠᠶᠢᠨ᠎ᠠ᠃         ᠲᠣᠰᠬᠠᠢ ᠮᠡᠷᠭᠡᠵᠢᠯᠳᠡᠳ ᠤᠨ ᠶᠠᠷᠢᠬᠤ ᠪᠠᠷ᠂ ︽ᠵᠠᠷᠯᠠᠯ︾᠎ ᠢ ᠨᠡᠶᠢᠳᠡᠯᠡᠭᠰᠡᠨ ᠨᠢ ᠮᠠᠰᠢ ᠴᠢᠬᠤᠯᠠ ᠠᠴᠢ ᠬᠤᠯᠪᠣᠬᠳᠠᠯ ᠲᠠᠢ᠂ ᠦᠩᠭᠡᠷᠡᠭᠰᠡᠨ ᠤ ᠬᠠᠣᠯᠢ ᠲᠤᠬᠳᠠᠭᠠᠬᠤ ᠦᠶ᠎ᠠ ᠶᠢᠨ ᠬᠦᠷᠦᠯᠴᠡᠭᠦ ᠦᠭᠡᠢ ᠲᠠᠯ᠎ᠠ ᠶᠢ  ᠨᠦᠬᠦᠪᠦᠷᠢᠯᠡᠵᠣ᠂  ᠰᠠᠭᠤᠭᠠᠯᠢ  ᠠᠷᠠᠳ ᠤᠨ ᠪᠡᠶ᠎ᠠ ᠶᠢᠨ ᠦᠨᠡᠮᠯᠡᠯ ᠤᠨ ᠬᠡᠷᠡᠭᠯᠡᠭᠡ ᠶᠢᠨ ᠬᠠᠮᠢᠶᠠᠷᠣᠯᠳᠠ ᠶᠢ ᠲᠦᠷᠢᠮᠵᠢᠬᠦᠯᠵᠣ᠂ ᠠᠷᠠᠳ  ᠢᠷᠭᠡᠨ ᠤ  ᠬᠠᠣᠯᠢ  ᠶᠣᠰᠣᠨ ᠤ  ᠡᠷᠭᠡ ᠠᠰᠢᠭ ᠪᠠ ᠣᠯᠠᠨ ᠨᠡᠶᠢᠳᠡ ᠶᠢᠨ ᠮᠡᠳᠡᠭᠡ ᠵᠠᠩᠬᠢ ᠶᠢᠨ ᠨᠢᠭᠤᠴᠠ ᠶᠢ ᠬᠠᠮᠠᠭᠠᠯᠠᠬᠤ ᠳᠤ ᠨᠡᠩ ᠠᠰᠢᠭ ᠲᠠᠢ ᠪᠣᠯᠭᠠᠬᠰᠠᠨ ᠪᠠᠶᠢᠨ᠎ᠠ᠃         ᠰᠠᠭᠤᠭᠠᠯᠢ  ᠠᠷᠠᠳ ᠤᠨ  ᠪᠡᠶ᠎ᠠ ᠶᠢᠨ  ᠦᠨᠡᠮᠯᠡᠯ ᠢ  ᠵᠣᠬᠢᠶᠠᠬᠤ ᠳᠤ  ᠬᠤᠷᠣᠭᠤᠨ  ᠣᠷᠣᠮ ᠤᠨ  ᠮᠡᠳᠡᠭᠡ  ᠵᠠᠩᠬᠢ ᠶᠢ ᠴᠣᠬᠯᠠᠭᠤᠯᠬᠤ ᠨᠢ ᠪᠡᠶ᠎ᠠ ᠶᠢᠨ ᠦᠨᠡᠮᠯᠡᠯ ᠢ ᠬᠠᠭᠤᠷᠮᠠᠭᠯᠠᠨ  ᠵᠣᠬᠢᠶᠠᠬᠤ ᠶᠢ  ᠰᠡᠷᠭᠡᠶᠢᠯᠡᠬᠦ  ᠴᠢᠨᠠᠷ ᠢ  ᠲᠡᠭᠡᠭᠰᠢᠯᠡᠬᠦᠯᠵᠣ᠂  ᠰᠠᠭᠤᠭᠠᠯᠢ ᠠᠷᠠᠳ ᠤᠨ ᠪᠡᠶ᠎ᠠ ᠶᠢᠨ ᠦᠨᠡᠮᠯᠡᠯ ᠢ ᠪᠣᠰᠤᠳ ᠬᠦᠮᠦᠨ ᠣᠷᠣᠯᠠᠨ ᠬᠡᠷᠡᠭᠯᠡᠬᠦ ᠪᠠ ᠰᠠᠭᠤᠭᠠᠯᠢ  ᠠᠷᠠᠳ ᠤᠨ  ᠪᠡᠶ᠎ᠠ ᠶᠢᠨ  ᠦᠨᠡᠮᠯᠡᠯ ᠢ ᠦᠬᠡᠷᠡᠴᠢᠯᠡᠬᠦ ᠵᠡᠷᠭᠡ ᠬᠠᠣᠯᠢ ᠪᠣᠰᠣ ᠠᠵᠢᠯᠯᠠᠭ᠎ᠠ ᠶᠢ  ᠬᠤᠷᠢᠬᠯᠠᠵᠣ  ᠴᠢᠳᠠᠨ᠎ᠠ᠃  ᠣᠢᠢᠯᠠᠭᠠᠬᠰᠠᠨ ᠢᠶᠠᠷ  ᠣᠳᠣᠬᠠᠨ ᠳᠤ  ᠮᠠᠨ ᠤ ᠣᠯᠣᠰ ᠤᠨ ᠰᠠᠭᠤᠭᠠᠯᠢ ᠠᠷᠠᠳ ᠤᠨ  ᠪᠡᠶ᠎ᠠ ᠶᠢᠨ  ᠦᠨᠡᠮᠯᠡᠯ ᠢ  ᠬᠦᠴᠣᠨ  ᠦᠭᠡᠢ  ᠪᠣᠯᠭᠠᠬᠤ  ᠠᠷᠭ᠎ᠠ  ᠦᠭᠡᠢ  ᠪᠠᠶᠢᠬᠰᠠᠭᠠᠷ᠂ ᠬᠤᠶᠠᠳᠣᠭᠠᠷ ᠦᠶ᠎ᠠ ᠶᠢᠨ ᠪᠡᠶ᠎ᠠ ᠶᠢᠨ ᠦᠨᠡᠮᠯᠡᠯ ᠢᠶᠠᠨ ᠬᠡᠭᠡᠭᠰᠡᠨ ᠤ ᠲᠠᠷᠠᠭ᠎ᠠ ᠢᠯᠡᠷᠭᠡᠶᠢᠯᠡᠯᠳᠡ ᠨᠡᠶᠢᠳᠡᠯᠡᠵᠣ ᠨᠦᠬᠦᠵᠣ ᠬᠢᠭᠰᠡᠨ  ᠴᠤ ᠣᠣᠯ ᠤᠨ ᠪᠡᠶ᠎ᠠ ᠶᠢᠨ ᠦᠨᠡᠮᠯᠡᠯ ᠢ ᠨᠢ  ᠦᠷᠬᠦᠯᠵᠢᠯᠡᠨ  ᠬᠡᠪ ᠤᠨ  ᠶᠣᠰᠣᠭᠠᠷ  ᠬᠡᠷᠡᠭᠯᠡᠵᠣ  ᠪᠣᠯᠣᠨ᠎ᠠ᠂  ᠵᠢᠱᠢᠶᠡᠯᠡᠪᠡᠯ  ᠪᠢᠯᠧᠲ ᠬᠤᠳᠠᠯᠳᠣᠨ ᠠᠪᠬᠤ᠂ ᠪᠠᠭᠤᠳᠠᠯ ᠳᠤ ᠪᠠᠭᠤᠬᠤ᠂ ᠪᠠᠩᠬᠢ ᠶᠢᠨ ᠺᠠᠷᠲ ᠬᠢᠬᠦ᠂ ᠭᠠᠷ ᠣᠳᠠᠰᠣᠨ ᠤ ᠺᠠᠷᠲ ᠬᠢᠬᠦ  ᠵᠡᠷᠭᠡ᠃  ᠬᠡᠪᠡᠴᠣ ᠬᠤᠷᠣᠭᠤᠨ ᠣᠷᠣᠮ ᠤᠨ ᠮᠡᠳᠡᠭᠡ ᠵᠠᠩᠬᠢ ᠲᠠᠢ ᠪᠤᠰᠤᠳ ᠤᠨ ᠰᠠᠭᠤᠭᠠᠯᠢ ᠠᠷᠠᠳ ᠤᠨ  ᠪᠡᠶ᠎ᠠ ᠶᠢᠨ  ᠦᠨᠡᠮᠯᠡᠯ ᠢ  ᠤᠷᠤᠯᠠᠭᠤᠯᠤᠨ ᠬᠡᠷᠡᠭᠯᠡᠵᠣ ᠲᠡᠶᠢᠯᠬᠦ ᠦᠭᠡᠢ ᠪᠣᠯᠬᠤᠷ ᠠᠷᠠᠳ ᠢᠷᠭᠡᠨ ᠤ ᠬᠤᠪᠢ ᠬᠦᠮᠦᠨ ᠤ ᠮᠡᠳᠡᠭᠡ ᠵᠠᠩᠬᠢ ᠶᠢᠨ  ᠨᠢᠭᠤᠴᠠ ᠶᠢ  ᠬᠠᠮᠠᠭᠠᠯᠠᠬᠤ ᠳᠤ ᠠᠰᠢᠬᠳᠠᠢ᠃         ︽ᠲᠣᠮᠣ ᠳ᠋ᠠᠶᠢᠲ᠋ᠠ ᠶᠢᠨ ᠴᠠᠭ ᠦᠶ᠎ᠠ︾᠎ ᠳᠤ ᠣᠷᠣᠬᠰᠠᠨ ᠦᠨᠣᠳᠣᠷ ᠨᠢᠬᠡ ᠪᠦᠯᠦᠭ ᠰᠠᠭᠤᠭᠠᠯᠢ  ᠠᠷᠠᠳ ᠤᠨ  ᠬᠤᠪᠢ ᠬᠦᠮᠦᠨ ᠤ ᠮᠡᠳᠡᠭᠡ ᠵᠠᠩᠬᠢ ᠮᠠᠰᠢ ᠠᠮᠠᠷᠬᠠᠨ ᠢᠶᠠᠷ ᠵᠠᠳᠠᠷᠠᠵᠤ  ᠪᠠᠶᠢᠨ᠎ᠠ᠃  ᠵᠢᠱᠢᠶᠡᠯᠡᠪᠡᠯ  ᠪᠣᠰᠣᠳ ᠤᠨ  ᠰᠠᠭᠤᠭᠠᠯᠢ  ᠠᠷᠠᠳ ᠤᠨ ᠪᠡᠶ᠎ᠠ ᠶᠢᠨ ᠦᠨᠡᠮᠯᠡᠯ ᠢ ᠣᠷᠣᠯᠠᠭᠤᠯᠤᠨ ᠬᠡᠷᠡᠭᠯᠡᠵᠣ ᠪᠠᠩᠬᠢ ᠶᠢᠨ ᠺᠠᠷᠲ ᠬᠢᠬᠦ᠂ ᠰᠣᠷᠭᠠᠭᠤᠯᠢ ᠲᠡᠪᠰᠢᠬᠦ ᠪᠠ  ᠵᠣᠭᠤᠰ  ᠮᠦᠷᠦ᠋ᠢᠴᠡᠬᠦ ᠵᠡᠷᠭᠡ ᠬᠠᠣᠯᠢ ᠪᠣᠰᠣ ᠠᠵᠢᠯᠯᠠᠭ᠎ᠠ ᠨᠡᠶᠢᠳᠡᠮ ᠣᠷᠣᠰᠢᠵᠣ ᠪᠠᠶᠢᠨ᠎ᠠ᠃         ︽ᠣᠬᠠᠭᠠᠯᠠᠨ ᠪᠣᠷᠣᠯᠠᠭᠤᠯᠬᠤ ᠣᠳᠠᠰᠣ ᠶᠢ ᠦᠷᠬᠦᠯᠵᠢ ᠲᠣᠰᠳᠠᠭ᠂ ᠵᠠᠷᠢᠮ ᠨᠢ ᠪᠠᠰᠠ ᠮᠢᠨᠣ ᠬᠤᠪᠢ ᠬᠦᠮᠦᠨ ᠤ  ᠨᠡᠷ᠎ᠠ ᠣᠪᠣᠭ ᠪᠠ ᠪᠡᠶ᠎ᠠ ᠶᠢᠨ ᠦᠨᠡᠮᠯᠡᠯ ᠵᠡᠷᠭᠡ ᠮᠡᠳᠡᠭᠡ ᠵᠠᠩᠬᠢ ᠶᠢ ᠠᠨᠳᠠᠯ ᠦᠭᠡᠢ ᠬᠡᠯᠡᠵᠣ  ᠭᠠᠷᠭᠠᠳᠠᠭ᠂  ᠶᠡᠷᠣ ᠶᠢᠨ  ᠴᠠᠭ ᠲᠠᠭᠠᠨ  ᠪᠢ ᠦᠪᠡᠷ ᠤᠨ ᠮᠡᠳᠡᠭᠡ ᠵᠠᠩᠬᠢ ᠶᠢᠨ ᠨᠢᠭᠤᠴᠠ ᠪᠠᠨ ᠮᠠᠰᠢ ᠬᠢᠴᠢᠶᠡᠳᠡᠭ᠂ ᠬᠡᠪᠡᠴᠣ ᠶᠠᠭᠠᠬᠢᠵᠣ  ᠵᠠᠳᠠᠷᠠᠭᠤᠯᠣᠬᠰᠠᠨ ᠢᠶᠠᠨ  ᠪᠣᠳᠣᠭᠠᠳ ᠣᠯᠬᠤ ᠦᠭᠡᠢ︾ ᠬᠡᠵᠣ ᠯᠢ ᠠᠪᠣᠭᠠᠢ ᠶᠠᠷᠢᠨ᠎ᠠ᠃         ᠲᠣᠰᠬᠠᠢ ᠮᠡᠷᠭᠡᠵᠢᠯᠳᠡᠳ ᠤᠨ ᠶᠠᠷᠢᠬᠤ ᠪᠠᠷ᠂ ᠰᠠᠭᠤᠭᠠᠯᠢ ᠠᠷᠠᠳ ᠤᠨ ᠮᠡᠳᠡᠭᠡ  ᠵᠠᠩᠬᠢ ᠶᠢ  ᠠᠰᠢᠬᠯᠠᠵᠣ  ᠪᠤᠰᠤᠳ ᠤᠨ ᠪᠡᠶ᠎ᠠ ᠶᠢᠨ ᠦᠨᠡᠮᠯᠡᠯ ᠢ ᠣᠷᠣᠯᠠᠭᠤᠯᠤᠨ ᠬᠡᠷᠡᠭᠯᠡᠪᠡᠯ ᠴᠢᠩᠭ᠎ᠠ ᠰᠢᠳᠭᠡᠵᠣ᠂ ᠣᠷᠣᠰᠢᠬᠤ ᠣᠷᠣᠨ ᠵᠠᠢ ᠦᠭᠡᠢ  ᠪᠣᠯᠭᠠᠨ᠎ᠠ᠃  ᠲᠣᠰ ᠣᠳᠠᠭᠠᠨ ᠤ  ᠰᠠᠭᠤᠭᠠᠯᠢ  ᠠᠷᠠᠳ ᠤᠨ  ᠪᠡᠶ᠎ᠠ ᠶᠢᠨ  ᠦᠨᠡᠮᠯᠡᠯ ᠤᠨ   ᠰᠢᠨ᠎ᠠ   ᠲᠦᠷᠢᠮ   ᠬᠠᠣᠯᠢ ᠶᠢᠨ   ᠬᠦᠴᠣᠨ ᠢ   ᠨᠡᠩ ᠲᠡᠬᠦᠯᠳᠡᠷᠵᠢᠬᠦᠯᠵᠣ᠂ ᠬᠠᠣᠯᠢ ᠠᠴᠠ ᠵᠦᠷᠢᠴᠡᠭᠰᠡᠳ ᠲᠤ ᠴᠣᠬᠢᠯᠳᠠ ᠦᠭᠬᠦ ᠡᠷᠴᠢᠮ ᠢ ᠨᠡᠩ ᠴᠢᠩᠭᠠᠷᠠᠭᠤᠯᠵᠤ ᠴᠢᠳᠠᠨ᠎ᠠ᠃         ᠪᠡᠶ᠎ᠠ ᠶᠢᠨ ᠦᠨᠡᠮᠯᠡᠯ ᠢᠶᠠᠨ ᠬᠡᠬᠡᠪᠡᠯ ᠶᠠᠭᠠᠬᠢᠬᠤ ᠪᠣᠢ︖          ᠡᠷᠣᠬᠡ ᠠᠮᠠ ᠶᠢᠨ ᠲᠠᠩᠰᠠ ᠪᠠᠶᠢᠭ᠎ᠠ ᠭᠠᠵᠠᠷ ᠤᠨ ᠲᠣᠳᠣᠭᠠᠳᠣ ᠶᠢ ᠬᠠᠮᠠᠭᠠᠯᠠᠬᠤ ᠪᠠᠶᠢᠭᠤᠯᠣᠯᠭ᠎ᠠ ᠳᠤ ᠣᠴᠢᠵᠣ ᠨᠦᠬᠦᠨ ᠬᠢᠯᠬᠡᠨ᠎ᠠ᠄         1᠂ ᠨᠦᠬᠦᠨ ᠬᠢᠯᠭᠡᠭᠴᠢ ᠲᠣᠰ ᠬᠦᠮᠦᠨ ᠤ ᠪᠠᠨ ᠰᠠᠭᠤᠭᠠᠯᠢ ᠠᠷᠠᠳ ᠤᠨ  ᠡᠷᠣᠬᠡ  ᠠᠮᠠ ᠶᠢᠨ  ᠲᠠᠩᠰᠠ ᠪᠠᠨ  ᠠᠪᠴᠣ ᠪᠠᠶᠢᠩᠭᠤ ᠰᠠᠭᠤᠭ᠎ᠠ ᠡᠷᠣᠬᠡ ᠠᠮᠠ ᠶᠢᠨ ᠲᠠᠩᠰᠠ ᠪᠠᠶᠢᠭ᠎ᠠ ᠭᠠᠵᠠᠷ ᠤᠨ ᠲᠣᠳᠣᠭᠠᠳᠣ ᠶᠢ ᠬᠠᠮᠠᠭᠠᠯᠠᠬᠤ ᠪᠠᠶᠢᠭᠤᠯᠣᠯᠭ᠎ᠠ ᠳᠤ ᠣᠴᠢᠵᠣ ᠭᠠᠷ ᠬᠦᠢᠴᠡᠳᠭᠡᠯ ᠬᠢᠨ᠎ᠠ᠃         2᠂ ᠠᠵᠢᠯᠳᠠᠳ ᠠᠴᠠ ᠬᠠᠷᠭᠤᠭᠤᠯᠣᠨ ᠪᠠᠶᠢᠴᠠᠭᠠᠭᠠᠳ ᠠᠰᠠᠭᠤᠳᠠᠯ ᠦᠭᠡᠢ ᠪᠣᠯ ᠲᠣᠯᠣᠭᠠᠢ ᠶᠢᠨ  ᠵᠢᠷᠤᠭ  ᠰᠡᠬᠦᠳᠡᠷ ᠢ ᠪᠠᠭᠤᠯᠭᠠᠵᠣ᠂ ᠬᠤᠷᠣᠭᠤᠨ ᠣᠷᠣᠮ ᠤᠨ ᠮᠡᠳᠡᠭᠡ ᠵᠠᠩᠬᠢ ᠶᠢ ᠬᠠᠳᠠᠭᠠᠯᠠᠵᠣ ᠲᠠᠯᠪᠢᠨ᠎ᠠ᠃         3᠂ ︽ᠰᠠᠭᠤᠭᠠᠯᠢ ᠠᠷᠠᠳ ᠤᠨ ᠪᠡᠶ᠎ᠠ ᠵᠨ  ᠦᠨᠡᠮᠯᠡᠯ ᠢᠶᠠᠨ  ᠭᠤᠶᠣᠴᠢᠯᠠᠨ  ᠠᠪᠬᠤ  ᠲᠡᠮᠳᠡᠭᠯᠡᠯ ᠤᠨ  ᠬᠦᠰᠦᠨᠦᠭ︾᠎ ᠢ ᠲᠠᠬᠯᠠᠨ᠎ᠠ᠃         4᠂ ᠠᠯᠪᠠᠨ ᠲᠡᠪᠳᠡᠷ ᠤᠨ ᠰᠦᠢᠳᠭᠡᠯ ᠢᠶᠠᠨ ᠲᠣᠰᠢᠶᠠᠨ᠎ᠠ᠂ ᠲᠡᠪᠳᠡᠷ ᠪᠦᠷᠢ 40 ᠲᠦᠭᠦᠷᠢᠭ᠃         5᠂ ︽ᠰᠠᠭᠤᠭᠠᠯᠢ ᠠᠷᠠᠳ ᠤᠨ ᠪᠡᠶ᠎ᠠ ᠵᠨ ᠦᠨᠡᠮᠯᠡᠯ ᠢᠶᠠᠨ ᠭᠤᠶᠣᠴᠢᠯᠠᠨ ᠠᠪᠬᠤ  ᠲᠡᠮᠳᠡᠭᠯᠡᠯ ᠤᠨ  ᠬᠦᠰᠦᠨᠦᠭ︾᠎ ᠢᠶᠠᠨ ᠲᠣᠰᠢᠶᠠᠭᠰᠠᠨ ᠤ ᠲᠠᠷᠠᠭ᠎ᠠ 60 ᠡᠳᠣᠷ ᠤᠨ ᠲᠣᠳᠣᠷ᠎ᠠ ᠰᠠᠭᠤᠭᠠᠯᠢ ᠠᠷᠠᠳ ᠤᠨ ᠪᠡᠶ᠎ᠠ ᠶᠢᠨ ᠦᠨᠡᠮᠯᠡᠯ ᠢᠶᠠᠨ  ᠠᠪᠴᠣ  ᠪᠣᠯᠣᠨ᠎ᠠ᠂ ᠵᠠᠮ ᠬᠠᠷᠢᠯᠴᠠᠭ᠎ᠠ ᠲᠦᠭᠦᠮ ᠦᠭᠡᠢ ᠭᠠᠵᠠᠷ ᠴᠠᠭ ᠨᠢ ᠵᠢᠭᠠᠬᠠᠨ ᠣᠷᠳᠣ ᠪᠠᠶᠢᠵᠣ ᠪᠣᠯᠣᠨ᠎ᠠ᠂ ᠬᠡᠪᠡᠴᠣ  90  ᠡᠳᠣᠷ ᠢ  ᠬᠡᠳᠣᠷᠡᠵᠣ ᠪᠣᠯᠬᠤ ᠦᠭᠡᠢ᠃           ᠪᠣᠰᠣᠳ ᠬᠦᠮᠦᠨ ᠤ ᠪᠡᠶ᠎ᠠ ᠶᠢᠨ ᠦᠨᠡᠮᠯᠡᠯ ᠢ  ᠬᠡᠷᠡᠭᠯᠡᠪᠡᠯ ︽ᠬᠠᠷ ᠎ᠠ ᠨᠡᠷ᠎ᠠ ᠶᠢᠨ ᠲᠠᠩᠰᠠᠨ︾᠎ ᠳᠤ ᠣᠷᠣᠭᠤᠯᠣᠨ᠎ᠠ            ︽ᠰᠠᠭᠤᠭᠠᠯᠢ ᠠᠷᠠᠳ ᠤᠨ ᠪᠡᠶ᠎ᠠ ᠶᠢᠨ ᠦᠨᠡᠮᠯᠡᠯ ᠤᠨ ᠬᠡᠷᠡᠭᠯᠡᠭᠡ  ᠬᠠᠮᠢᠶᠠᠷᠤᠯᠳᠠ ᠶᠢ  ᠳᠦᠷᠢᠮᠵᠢᠭᠦᠯᠭᠦ  ᠲᠣᠬᠠᠢ  ᠠᠯᠪᠠᠨ ᠵᠠᠷᠯᠠᠯ︾᠎ ᠳᠤ  ᠣᠯᠣᠰ ᠤᠨ  ᠪᠠᠶᠢᠭᠤᠯᠣᠯᠭ᠎ᠠ  ᠨᠢᠬᠡᠴᠡ  ᠪᠣᠶᠣ  ᠬᠤᠯᠪᠣᠬᠳᠠᠯ  ᠪᠦᠬᠦᠢ  ᠪᠠᠶᠢᠭᠤᠯᠣᠯᠭ᠎ᠠ  ︽ᠬᠠᠷ᠎ᠠ   ᠨᠡᠷ᠎ᠠ ᠶᠢᠨ ᠲᠠᠩᠰᠠ︾᠎ ᠶᠢᠨ ᠲᠦᠷᠢᠮ ᠢ ᠪᠠᠶᠢᠭᠤᠯᠵᠣ᠂ ᠪᠣᠰᠣᠳ ᠪᠡᠶ᠎ᠠ ᠶᠢᠨ ᠦᠨᠡᠮᠯᠡᠯ ᠢ ᠣᠷᠣᠯᠠᠭᠤᠯᠤᠨ  ᠬᠡᠷᠡᠭᠯᠡᠵᠤ  ᠢᠳᠡᠭᠡᠮᠵᠢ  ᠦᠭᠡᠢ ᠪᠠᠷ ᠲᠡᠮᠳᠡᠭᠯᠡᠭᠦᠯᠦᠭᠰᠡᠳ ᠢ ︽ᠬᠠᠷ᠎ᠠ ᠨᠡᠷ᠎ᠠ ᠶᠢᠨ ᠲᠠᠩᠰᠠᠨ︾ ᠬᠦᠮᠦᠷᠭᠡ ᠳᠤ ᠣᠷᠣᠭᠤᠯᠵᠣ᠂ ᠬᠠᠷᠢᠭᠤᠴᠠᠯᠭ᠎ᠠ ᠪᠠᠨ ᠬᠦᠢᠴᠡᠳᠭᠡᠬᠦ  ᠪᠣᠶᠣ ᠣᠢᠢᠯᠡᠴᠢᠯᠡᠭᠡ ᠬᠠᠨᠭ᠍ᠭᠠᠬᠤ ᠦᠶ᠎ᠠ ᠳᠤ ᠴᠢᠬᠤᠯᠠ ᠪᠦᠬᠦᠢ ᠬᠢᠵᠠᠭᠠᠷ  ᠲᠣᠭᠳᠠᠭᠠᠵᠣ᠂  ᠬᠤᠯᠪᠣᠭᠠᠯᠠᠨ  ᠵᠠᠯᠬᠠᠭᠠᠬᠤ  ᠲᠣᠭᠳᠠᠴᠠ ᠶᠢ ᠨᠠᠶᠢᠳᠠᠪᠦᠷᠢᠵᠢᠭᠤᠯᠣᠨ ᠬᠡᠷᠡᠭᠵᠢᠬᠦᠯᠣᠨ᠎ᠠ᠃          ᠪᠡᠶ᠎ᠠ ᠶᠢᠨ ᠦᠨᠡᠮᠯᠡᠯ ᠭᠢᠯᠭᠡᠬᠦ ᠪᠡᠯᠡᠳᠭᠡᠯ          ᠨᠢᠬᠡᠨ ᠬᠤᠪᠢ ᠪᠡᠶ᠎ᠠ ᠶᠢᠨ ᠦᠨᠡᠮᠯᠡᠯ ᠤᠨ ᠡᠯᠧᠺᠳ᠋ᠷᠣᠨ ᠲᠤᠭ᠎ᠠ ᠪᠠᠷᠢᠮᠳᠠ — ᠰᠣᠯᠠ ᠴᠠᠭ ᠲᠠᠭᠠᠨ ᠪᠡᠶ᠎ᠠ ᠶᠢᠨ ᠦᠨᠡᠮᠯᠡᠯ ᠵᠡᠷᠭᠡ ᠦᠨᠡᠮᠯᠡᠯ ᠢᠶᠠᠨ ᠰᠢᠷᠪᠢᠵᠣ ᠺᠣᠮᠫᠢᠣᠲᠧᠷ ᠲᠣᠳᠣᠷ᠎ᠠ ᠪᠠᠨ ᠣᠷᠣᠭᠤᠯᠵᠣ᠂ ᠭᠠᠷ  ᠣᠳᠠᠰᠣ  ᠪᠣᠶᠣ  ᠢᠮᠧᠯ  ᠲᠣᠳᠣᠷ᠎ᠠ ᠪᠠᠨ ᠨᠦᠬᠡᠴᠡᠯᠡᠵᠣ ᠲᠠᠯᠪᠢᠪᠠᠯ ᠭᠠᠴᠢᠬᠳᠠᠬᠤ ᠦᠶᠡᠰ ᠭᠠᠷ ᠨᠣᠬᠤᠯᠠᠬᠤ ᠦᠭᠡᠢ ᠪᠣᠯᠣᠨ᠎ᠠ᠂ ᠣᠳᠣᠬᠠᠨ ᠳᠤ  ᠲᠡᠮᠣᠷ  ᠵᠠᠮ ᠤᠨ  ᠰᠠᠯᠠᠭ᠎ᠠ ᠮᠦᠴᠢᠷ 25 ᠵᠦᠢᠯ ᠤᠨ ᠬᠦᠴᠣᠨ ᠪᠦᠬᠦᠢ ᠪᠡᠶ᠎ᠠ ᠶᠢᠨ ᠭᠠᠷᠣᠯ ᠤᠨ ᠬᠡᠷᠡᠴᠢ ᠶᠢ ᠲᠣᠳᠣᠯᠠᠨ  ᠬᠡᠷᠡᠴᠢᠯᠡᠵᠣ  ᠲᠡᠶᠢᠯᠣᠨ᠎ᠠ᠂  ᠡᠷᠣᠬᠡ ᠠᠮᠠ ᠶᠢᠨ ᠲᠠᠩᠰᠠ ᠪᠣᠶᠣ ᠵᠢᠯᠣᠭᠤᠴᠢ ᠶᠢᠨ ᠦᠨᠡᠮᠯᠡᠯ ᠵᠡᠷᠭᠡ ᠪᠠᠨ ᠪᠦᠷ ᠡᠯᠧᠺᠲᠷᠣᠨ ᠤ ᠪᠡᠯᠡᠳᠭᠡᠯ ᠪᠣᠯᠭᠠᠵᠣ ᠪᠣᠯᠣᠨ᠎ᠠ          ᠲᠣᠰᠠᠯᠠᠮᠵᠢ ᠶᠢᠨ ᠦᠷᠳᠡᠭᠡᠨ ᠠᠴᠠ ᠲᠣᠰᠠᠯᠠᠮᠵᠢ ᠬᠦᠰᠡᠬᠦ — ᠬᠡᠷᠪᠡ ᠦᠪᠡᠷ ᠢᠶᠠᠨ ᠵᠣᠭᠤᠰ  ᠮᠦᠩᠬᠦ ᠪᠠᠨ  ᠠᠯᠳᠠᠵᠣ ᠢᠳᠡᠵᠣ ᠣᠣᠭᠤᠵᠣ ᠬᠤᠨᠣᠵᠣ ᠬᠡᠪᠳᠡᠬᠦ ᠪᠠᠨ ᠰᠢᠢᠳᠪᠦᠷᠢᠯᠡᠵᠣ ᠲᠡᠶᠢᠯᠬᠦ ᠦᠭᠡᠢ ᠶᠢᠨ ᠲᠡᠭᠡᠷ᠎ᠠ ᠲᠦᠷᠦᠯ ᠰᠠᠳᠣᠨ ᠨᠠᠶᠢᠵᠢ ᠨᠦᠬᠦᠳ ᠴᠤ ᠦᠭᠡᠢ ᠪᠣᠯ ᠲᠣᠰᠠᠯᠠᠮᠵᠢ ᠶᠢᠨ ᠦᠷᠳᠡᠭᠡᠨ ᠠᠴᠠ ᠰᠢᠭᠤᠳ ᠲᠣᠰᠠᠯᠠᠮᠵᠢ ᠭᠤᠶᠣᠵᠣ ᠪᠣᠯᠣᠨ᠎ᠠ᠂  ᠶᠠᠮᠠᠷᠴᠣ  ᠬᠡᠷᠡᠴᠢ  ᠪᠠᠷᠢᠮᠳᠠ ᠬᠡᠷᠡᠭᠰᠡᠬᠦ ᠦᠭᠡᠢ ᠪᠠᠷ ᠠᠶᠠᠨᠴᠢᠨ ᠢ ᠬᠡᠷ ᠲᠡᠭᠡᠨ ᠲᠤᠨᠢ ᠬᠠᠷᠢᠭᠤᠯᠬᠤ ᠪᠠᠷ ᠲᠣᠬᠢᠷᠠᠭᠤᠯᠣᠨ᠎ᠠ          ᠨᠢᠬᠡᠨ ᠬᠤᠪᠢ ᠪᠠᠷᠢᠮᠵᠢᠶᠠᠳᠣ ᠰᠡᠬᠦᠳᠡᠷ — ᠲᠣᠳᠣᠭᠠᠳᠣ ᠶᠢ ᠬᠠᠮᠠᠭᠠᠯᠠᠬᠤ ᠲᠣᠮᠢᠯᠠᠬᠰᠠᠨ ᠰᠠᠯᠪᠦᠷᠢ  ᠪᠦᠬᠦᠨ ᠳᠤ  ᠪᠦᠷ ᠰᠡᠬᠦᠳᠡᠷ ᠠᠪᠬᠤ ᠮᠠᠰᠢᠨ ᠪᠠᠶᠢᠨ᠎ᠠ ᠬᠡᠰᠡᠨ ᠶᠠᠪᠣᠳᠠᠯ  ᠪᠢᠰᠢ᠂  ᠵᠠᠷᠢᠮ  ᠦᠶ᠎ᠠ ᠳᠤ  ᠲᠣᠳᠣᠭᠠᠳᠣ ᠶᠢ  ᠬᠠᠮᠠᠭᠠᠯᠠᠬᠤ  ᠲᠣᠮᠢᠯᠠᠬᠰᠠᠨ ᠰᠠᠯᠪᠦᠷᠢ ᠨᠢᠬᠡ ᠢᠮᠠᠬᠤ ᠶᠢᠨ ᠪᠠᠷᠢᠮᠵᠢᠶᠠᠳᠣ ᠲᠣᠯᠣᠭᠠᠢ ᠶᠢᠨ ᠰᠡᠬᠦᠳᠡᠷ ᠪᠠᠶᠢᠪᠠᠯ ᠰᠠᠶ᠋ᠢ ᠲᠦᠷ ᠴᠠᠭ ᠤᠨ ᠦᠨᠡᠮᠯᠡᠯ ᠬᠢᠵᠣ ᠦᠭᠬᠦᠨ᠎ᠠ ᠬᠡᠵᠣ ᠱᠠᠭᠠᠷᠳᠠᠳᠠᠭ᠂ ᠡᠶᠢᠮᠣ ᠠᠴᠠ ᠪᠡᠶ᠎ᠠ ᠲᠡᠭᠡᠷ᠎ᠠ ᠪᠠᠨ ᠰᠠᠨᠳᠣᠷᠣᠬᠰᠠᠨ  ᠦᠶ᠎ᠠ ᠳᠤ  ᠬᠡᠷᠡᠭᠯᠡᠬᠦ  ᠪᠠᠷᠢᠮᠵᠢᠶᠠᠳᠣ  ᠰᠡᠬᠦᠳᠡᠷ  ᠠᠪᠴᠣ ᠪᠠᠶᠢᠪᠠᠯ ᠭᠠᠴᠢᠬᠳᠠᠬᠤ ᠦᠭᠡᠢ ᠪᠣᠯᠣᠨ᠎ᠠ          ᠪᠡᠶ᠎ᠠ ᠶᠢᠨ ᠦᠨᠡᠮᠯᠡᠯ ᠢᠶᠠᠨ ᠭᠡᠭᠡᠭᠰᠡᠤᠨ ᠲᠤ ᠥᠭᠬᠦ ᠰᠠᠨᠠᠭᠤᠯᠭ᠎ᠠ          ᠨᠢᠰᠭᠡᠯ ᠤᠨ ᠪᠠᠭᠤᠳᠠᠯ ᠤᠨ ᠲᠣᠳᠣᠭᠠᠳᠣ ᠶᠢ ᠬᠠᠮᠠᠭᠠᠯᠠᠬᠤ  ᠲᠣᠮᠢᠯᠠᠬᠰᠠᠨ  ᠰᠠᠯᠪᠦᠷᠢ ᠲᠤ  ᠲᠦᠷ  ᠴᠠᠭ ᠤᠨ  ᠪᠡᠶ᠎ᠠ ᠶᠢᠨ ᠦᠨᠡᠮᠯᠡᠯ ᠢ ᠬᠢᠵᠣ ᠪᠣᠯᠣᠨ᠎ᠠ — ᠡᠩ ᠤᠨ ᠪᠠᠶᠢᠳᠠᠯ ᠳᠤ ᠬᠦᠴᠣᠨ ᠪᠦᠬᠦᠢ ᠬᠡᠷᠡᠴᠢ ᠶᠢᠨ ᠭᠠᠷᠳᠠᠮ  ᠬᠢᠵᠣ  ᠠᠮᠵᠢᠬᠰᠠᠨ  ᠦᠭᠡᠢ ᠠᠶᠠᠨᠴᠢᠨ ᠡᠷᠣᠬᠡ ᠠᠮᠠ ᠶᠢᠨ ᠲᠠᠩᠰᠠ ᠪᠣᠶᠣ  ᠠᠵᠢᠯ ᠤᠨ  ᠦᠨᠡᠮᠯᠡᠯ᠂  ᠵᠢᠯᠣᠭᠤᠴᠢ ᠶᠢᠨ  ᠦᠨᠡᠮᠯᠡᠯ᠂  ᠲᠠᠨᠢᠯᠴᠠᠭᠤᠯᠭ᠎ᠠ  ᠪᠣᠶᠣ ᠦᠪᠡᠷ ᠤᠨ ᠪᠡᠶ᠎ᠠ ᠪᠠᠨ ᠬᠡᠷᠡᠴᠢᠯᠡᠬᠦ ᠬᠦᠴᠣᠨ ᠪᠦᠬᠦᠢ ᠬᠡᠷᠡᠴᠢ ᠲᠡᠮᠳᠡᠭ ᠢᠶᠠᠨ ᠠᠪᠴᠣ ᠨᠢᠰᠭᠡᠯ ᠤᠨ ᠪᠠᠭᠤᠳᠠᠯ ᠤᠨ  ᠲᠣᠳᠣᠭᠠᠳᠣ ᠶᠢ ᠬᠠᠮᠠᠭᠠᠯᠠᠬᠤ ᠲᠣᠮᠢᠯᠠᠬᠰᠠᠨ ᠰᠠᠯᠪᠦᠷᠢ ᠳᠤ ᠣᠴᠢᠵᠣ ᠨᠢᠰᠭᠡᠯ ᠳᠤ ᠭᠠᠷᠬᠤ ᠲᠦᠷ ᠴᠠᠭ ᠤᠨ ᠬᠡᠷᠡᠴᠢ  ᠬᠢᠯᠬᠡᠵᠣ  ᠪᠣᠯᠣᠨ᠎ᠠ᠂  ᠬᠡᠪᠡᠴᠣ ᠪᠡᠶ᠎ᠠ ᠶᠢᠨ ᠦᠨᠡᠮᠯᠡᠯ ᠢᠶᠠᠨ ᠬᠡᠭᠡᠭᠰᠡᠨ ᠠᠴᠠ ᠪᠣᠯᠵᠣ ᠪᠣᠰᠣᠳ  ᠬᠤᠳᠠᠯ  ᠬᠠᠭᠤᠷᠮᠠᠭ  ᠬᠡᠷᠡᠴᠢ  ᠬᠢᠯᠬᠡᠬᠦ ᠪᠠᠷ  ᠭᠤᠷᠢᠳᠠᠵᠣ  ᠪᠣᠯᠬᠤ ᠦᠭᠡᠢ᠂ ᠢᠩᠬᠢᠪᠠᠯ ᠨᠢᠰᠭᠡᠯ ᠳᠤ  ᠭᠠᠷᠭᠠᠬᠤ  ᠦᠭᠡᠢ  ᠮᠦᠷᠳᠡᠭᠡᠨ  ᠠᠵᠣ  ᠠᠬᠤᠢ ᠶᠢᠨ  ᠬᠤᠬᠢᠷᠠᠯ  ᠭᠠᠷᠭᠠᠬᠰᠠᠨ  ᠪᠣᠯ  ᠪᠦᠬᠦ ᠬᠠᠷᠢᠭᠤᠴᠠᠯᠭ᠎ᠠ ᠶᠢ ᠡᠬᠦᠷᠭᠡᠯᠡᠨ᠎ᠠ          ᠭᠠᠯᠳᠣ ᠲᠡᠷᠭᠡᠨ ᠳᠤ ᠰᠠᠭᠤᠬᠤ ᠳᠤ ᠲᠦᠷ ᠴᠠᠭ ᠤᠨ ᠪᠡᠶ᠎ᠠ ᠶᠢᠨ ᠦᠨᠡᠮᠯᠡᠯ ᠢᠶᠠᠷ ᠪᠢᠯᠧᠲ ᠬᠤᠳᠠᠯᠳᠣᠨ ᠠᠪᠴᠤ ᠪᠣᠯᠣᠨ᠎ᠠ — ᠪᠡᠶ᠎ᠠ ᠶᠢᠨ ᠦᠨᠡᠮᠯᠡᠯ ᠢᠶᠠᠨ ᠬᠡᠭᠡᠭᠰᠡᠨ ᠠᠶᠠᠨᠴᠢᠨ ᠭᠠᠯᠳᠣ ᠲᠡᠷᠭᠡᠨ ᠦᠷᠳᠡᠭᠡᠨ ᠤ ᠲᠦᠷ ᠴᠠᠭ ᠤᠨ ᠪᠡᠶ᠎ᠠ ᠶᠢᠨ ᠦᠨᠡᠮᠯᠡᠯ  ᠬᠢᠬᠦ ᠭᠠᠵᠠᠷ ᠣᠴᠢᠵᠣ ᠪᠡᠶ᠎ᠠ ᠶᠢᠨ ᠦᠨᠡᠮᠯᠡᠯ ᠤᠨ ᠨᠣᠮᠧᠷ᠂ ᠨᠡᠷ᠎ᠠ ᠣᠪᠣᠭ᠂ ᠰᠠᠭᠤᠭ᠎ᠠ ᠭᠠᠵᠠᠷ  ᠣᠷᠣᠨ  ᠵᠡᠷᠭᠡ  ᠮᠡᠳᠡᠭᠡ  ᠵᠠᠩᠬᠢ ᠪᠠᠨ ᠲᠠᠬᠯᠠᠨ ᠪᠢᠴᠢᠵᠣ ᠦᠭᠪᠡᠯ ᠬᠠᠣᠯᠢ ᠬᠡᠷᠡᠭᠵᠢᠬᠦᠯᠦᠭᠴᠢ ᠴᠠᠬᠳᠠᠭ᠎ᠠ ᠰᠦᠯᠵᠢᠶᠡᠨ ᠤ ᠰᠢᠰᠲᠧᠮ ᠢᠶᠠᠷ ᠬᠠᠷᠭᠤᠭᠤᠯᠣᠨ  ᠪᠠᠶᠢᠴᠠᠭᠠᠵᠣ᠂ ᠲᠦᠷ ᠴᠠᠭ ᠤᠨ ᠱᠧ ᠰᠢᠶᠠᠩ ᠲᠸᠣ ᠪᠠᠷ ᠠᠶᠠᠨᠴᠢᠨ ᠤ ᠰᠡᠬᠦᠳᠡᠷ ᠢ  ᠪᠠᠭᠤᠯᠭᠠᠵᠣ᠂  ᠲᠦᠷ  ᠴᠠᠭ ᠤᠨ  ᠪᠡᠶ᠎ᠠ ᠶᠢᠨ  ᠦᠨᠡᠮᠯᠡᠯ ᠤᠨ ᠬᠡᠷᠡᠴᠢ ᠶᠢ ᠲᠠᠷᠣᠮᠠᠯᠯᠠᠨ ᠭᠠᠷᠭᠠᠵᠣ ᠦᠭᠬᠦᠨ᠎ᠠ᠃ ᠲᠦᠷ ᠴᠠᠭ ᠤᠨ ᠪᠡᠶ᠎ᠠ ᠶᠢᠨ ᠦᠨᠡᠮᠯᠡᠯ ᠨᠢ  ᠨᠢᠬᠡ  ᠡᠳᠣᠷ ᠤᠨ  ᠬᠦᠴᠣᠨ ᠲᠠᠢ᠂ ᠵᠦᠪᠬᠡᠨ ᠲᠣᠰ ᠡᠳᠣᠷ ᠤᠨ ᠪᠢᠯᠧᠲ ᠢ ᠬᠤᠳᠠᠯᠳᠣᠨ ᠠᠪᠴᠣ ᠲᠡᠷᠭᠡᠨ ᠰᠠᠭᠤᠬᠤ ᠪᠠᠷ ᠬᠢᠵᠠᠭᠠᠷᠯᠠᠨ᠎ᠠ᠃          ᠪᠠᠭᠤᠳᠠᠯ ᠳᠤ ᠪᠠᠭᠤᠬᠤ ᠳᠤ ᠲᠣᠬᠠᠢ ᠶᠢᠨ  ᠭᠠᠵᠠᠷ ᠤᠨ  ᠲᠣᠳᠣᠭᠠᠳᠣ ᠶᠢ  ᠬᠠᠮᠠᠭᠠᠯᠠᠬᠤ  ᠲᠣᠮᠢᠯᠠᠬᠰᠠᠨ  ᠰᠠᠯᠪᠦᠷᠢ ᠳᠤ ᠣᠴᠢᠵᠣ ᠬᠠᠷᠭᠤᠭᠤᠯᠣᠨ ᠨᠣᠳᠠᠯᠠᠨ᠎ᠠ — ᠠᠳᠠᠯᠢ ᠪᠣᠰᠣ ᠭᠠᠵᠠᠷ ᠤᠨ ᠰᠢᠢᠳᠪᠦᠷᠢᠯᠡᠬᠦ  ᠠᠷᠭ᠎ᠠ ᠨᠢ  ᠪᠠᠰᠠ  ᠬᠠᠷᠢᠯᠴᠠᠨ  ᠠᠳᠠᠯᠢ ᠦᠭᠡᠢ᠂ ᠶᠡᠷᠣ ᠶᠢᠨ ᠪᠠᠶᠢᠳᠠᠯ ᠳᠤ ᠪᠠᠭᠤᠳᠠᠯ ᠤᠨ ᠪᠠᠶᠢᠭ᠎ᠠ ᠭᠠᠵᠠᠷ ᠤᠨ ᠬᠠᠷᠢᠶᠠᠨ ᠳᠠᠬᠢ ᠲᠣᠳᠣᠭᠠᠳᠣ ᠶᠢ ᠬᠠᠮᠠᠭᠠᠯᠠᠬᠤ ᠲᠣᠮᠢᠯᠠᠬᠰᠠᠨ ᠰᠠᠯᠪᠦᠷᠢ ᠳᠤ ᠣᠴᠢᠵᠣ ᠦᠪᠡᠷ ᠤᠨ ᠦᠨᠡᠨ ᠪᠠᠶᠢᠳᠠᠯ ᠢᠶᠠᠨ ᠬᠠᠷᠭᠤᠭᠤᠯᠣᠨ  ᠨᠣᠳᠠᠯᠠᠭᠤᠯᠪᠠᠯ  ᠲᠠᠷᠣᠢ  ᠪᠠᠭᠤᠳᠠᠯ ᠳᠤ  ᠪᠠᠭᠤᠵᠣ ᠪᠣᠯᠣᠨ᠎ᠠ᠂  ᠨᠢᠬᠡ  ᠬᠦᠮᠦᠨ ᠤ  ᠪᠡᠶ᠎ᠠ ᠶᠢᠨ  ᠦᠨᠡᠮᠯᠡᠯ ᠢᠶᠠᠷ  ᠬᠤᠶᠠᠷ  ᠬᠦᠮᠦᠨ  ᠪᠠᠭᠤᠳᠠᠯ ᠳᠤ  ᠪᠠᠭᠤᠵᠣ  ᠪᠣᠯᠣᠨ᠎ᠠ  ᠤᠤ︖ ᠴᠠᠬᠳᠠᠭ᠎ᠠ ᠶᠢᠨ ᠬᠡᠯᠡᠬᠦ ᠪᠠᠷ᠂ ᠬᠡᠷᠪᠡ ᠦᠨᠡᠮᠯᠡᠯ ᠢᠶᠠᠨ ᠬᠡᠭᠡᠭᠰᠡᠨ ᠬᠦᠮᠦᠨ ᠨᠢ  ᠰᠡᠵᠢᠭ ᠲᠠᠢ  ᠬᠡᠵᠣ  ᠰᠡᠵᠢᠭᠯᠡᠭᠳᠡᠪᠡᠯ  ᠪᠠᠭᠤᠳᠠᠯ ᠳᠤ ᠬᠤᠨᠣᠬᠤ ᠶᠢ ᠨᠢ ᠲᠡᠪᠴᠢᠵᠣ ᠪᠣᠯᠣᠨ᠎ᠠ᠃            
 
ᠢᠷᠡᠯᠲᠡ᠄ ᠠᠷᠠᠳ ᠤᠨ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号