ᠲ᠊᠂ ᠠᠭᠤᠯᠠ | ᠭᠡᠷ ᠪᠥᠯᠢ ᠨᠢ ᠬᠡᠥᠬᠡᠳ ᠲᠤ ᠡᠷᠡᠭᠦᠯ ᠴᠢᠬᠢᠷᠠᠭ᠂ ᠪᠠᠶᠠᠷ ᠭᠥᠷ ᠲᠠᠢ ᠥᠰᠥᠨ ᠪᠣᠶᠢᠵᠢᠬᠤ ᠣᠷᠴᠢᠨ | ᠲᠣᠭᠤᠷᠢᠨ ᠤ ᠠᠭᠤᠷ ᠠᠮᠢᠰᠬᠤᠯ ᠢ ᠪᠥᠷᠢᠯᠳᠥᠭᠦᠯᠥᠨ ᠥᠭᠪᠡᠯ ᠵᠣᠬᠢᠨ᠎ᠠ᠃ ᠣᠴᠢᠷ ᠨᠢ ᠭᠡᠷ ᠤᠨ ᠠᠭᠤᠷ ᠠᠮᠢᠰᠬᠤᠯ ᠨᠢ | ᠬᠡᠥᠭᠡᠳ ᠤᠨ ᠪᠠᠯᠴᠢᠷ ᠣᠶᠣᠨ ᠢ ᠨᠥᠯᠥᠭᠡᠯᠡᠵᠣ᠂ ᠬᠡᠥᠬᠡᠳ ᠤᠨ ᠥᠪᠡᠷᠮᠢᠴᠡ ᠵᠠᠩ ᠤᠨ ᠪᠥᠷᠢᠯᠳᠥᠨ ᠲᠣᠭᠳᠠᠬᠤ ᠳᠤ | ᠣᠮᠳᠣᠭᠠᠶᠢᠯᠠᠵᠣ ᠪᠣᠯᠣᠰᠢ ᠥᠭᠡᠢ ᠥᠢᠯᠡᠳᠥᠯ ᠥᠵᠡᠭᠦᠯᠵᠣ ᠪᠠᠶᠢᠳᠠᠭ ᠶᠣᠮ᠃ ᠡᠶᠢᠮᠣ ᠠᠴᠠ ᠭᠡᠷ ᠪᠥᠯᠢ ᠨᠢ ᠡᠷᠭᠡᠪᠰᠢ | ᠬᠡᠣᠭᠡᠳ ᠤᠨ ᠥᠰᠴᠣ ᠪᠣᠶᠢᠵᠢᠬᠤ ᠶᠠᠪᠣᠴᠠ ᠶᠢ ᠭᠥᠨᠳᠥᠳᠭᠡᠨ ᠥᠵᠡᠭᠦ ᠴᠢᠬᠤᠯᠠ ᠲᠠᠢ᠂ ᠣᠨᠴᠠᠭᠠᠶᠢᠯᠠᠨ ᠬᠡᠥᠬᠡᠳ ᠤᠨ | ᠰᠡᠳᠭᠢᠯ ᠤᠨ ᠡᠷᠡᠭᠦᠯ ᠴᠢᠬᠢᠷᠠᠭ ᠥᠰᠥᠨ ᠪᠣᠶᠢᠵᠢᠯᠳᠠ ᠶᠢ ᠠᠩᠬᠠᠷᠣᠨ ᠬᠠᠯᠠᠮᠵᠢᠯᠠᠬᠤ ᠭᠡᠷᠡᠭᠳᠡᠢ᠃ ᠭᠡᠳᠡᠯ᠎ᠡ ᠣᠯᠠᠩᠭᠢ ᠭᠡᠷ | ᠪᠥᠯᠢ ᠡᠨᠡ ᠠᠰᠠᠭᠤᠳᠠᠯ ᠢ ᠣᠮᠳᠣᠭᠠᠶᠢᠯᠠᠵᠣ᠂ ᠥᠪᠡᠷ ᠢᠶᠠᠨ ᠨᠠᠭᠠᠳᠣᠨ ᠵᠢᠷᠭᠠᠬᠤ ᠶᠢ ᠯᠡ ᠡᠷᠭᠢᠮᠯᠡᠵᠣ᠂ ᠬᠡᠥᠭᠡᠳ ᠤᠨ | ᠲᠥᠯᠥᠭᠡ ᠪᠣᠳᠣᠯᠬᠢᠯᠠᠬᠤ ᠥᠭᠡᠢ ᠪᠠᠶᠢᠳᠠᠭ ᠨᠢ ᠭᠡᠥᠭᠡᠳ ᠤᠨ ᠡᠷᠡᠭᠦᠯ ᠴᠢᠬᠢᠷᠠᠭ ᠥᠰᠣᠨ ᠪᠣᠶᠢᠵᠢᠯᠳᠠ ᠳᠤ ᠮᠠᠰᠢ ᠶᠡᠭᠡ | ᠬᠠᠷᠰᠢ ᠨᠥᠯᠥᠭᠡ ᠪᠣᠯᠵᠣ ᠪᠠᠶᠢᠭ᠎ᠠ ᠨᠢ ᠰᠡᠳᠭᠢᠭᠦᠰᠢᠳᠡᠢ ᠶᠠᠪᠣᠳᠠᠯ ᠪᠣᠯᠣᠨ᠎ᠠ᠃ | ᠨᠢᠭᠡ᠂ ᠭᠡᠷ ᠤᠨ ᠠᠷᠰᠠᠷ ᠣᠴᠢᠷ ᠠᠴᠠ ᠪᠣᠯᠵᠣ ᠡᠷ᠎ᠡ ᠡᠮ᠎ᠡ ᠬᠤᠶᠠᠭᠤᠯᠠ ᠪᠠᠨ ᠥᠷᠭᠦᠯᠵᠢ ᠬᠡᠯᠡ ᠠᠮᠠ | ᠪᠣᠯᠵᠣ᠂ ᠬᠡᠷᠡᠭᠦᠯ ᠪᠣᠯᠵᠣ ᠭᠡᠭᠰᠡᠶᠢᠵᠣ ᠰᠠᠭᠤᠳᠠᠭ᠃ ᠡᠷᠡᠭᠳᠡᠢ ᠨᠢ ᠬᠠᠷᠢᠶᠠᠯ ᠲᠠᠯᠪᠢᠵᠣ ᠪᠠᠶᠢᠭᠰᠠᠨ ᠠᠴᠠ ᠪᠠᠨ ᠭᠠᠷ | ᠬᠥᠳᠡᠯᠥᠨ ᠡᠭᠡᠨᠡᠷ ᠢᠶᠠᠨ ᠴᠣᠬᠢᠵᠣ ᠰᠢᠷᠬᠠᠳᠣᠭᠤᠯᠣᠨ ᠰᠡᠳᠭᠢᠯ ᠢ ᠨᠢ ᠰᠡᠪᠳᠥᠭᠦᠯᠳᠡᠭ᠃ ᠡᠵᠢ ᠠᠪᠤ ᠶᠢᠨ ᠬᠢᠨᠢ ᠡᠨᠡᠭᠦ | ᠭᠡᠳᠥᠷᠭᠡᠢ ᠵᠡᠷᠯᠢᠭ ᠥᠢᠯᠡ ᠬᠥᠳᠡᠯᠥᠯ ᠨᠢ ᠬᠡᠣᠭᠡᠳ ᠤᠨ ᠪᠠᠯᠴᠢᠷ ᠣᠶᠣᠨ ᠳᠤ ᠬᠤᠰᠣᠵᠣ ᠠᠷᠢᠯᠭᠠᠵᠣ ᠲᠡᠶᠢᠯᠣᠰᠢ ᠥᠭᠡᠢ | ᠪᠠᠷᠠᠭᠠᠨ ᠰᠡᠭᠦᠳᠡᠷ ᠢ ᠪᠣᠢ ᠪᠣᠯᠭᠠᠨ ᠥᠭᠳᠡᠭ᠃ ᠭᠡᠷ ᠪᠥᠯᠢ ᠶᠢᠨ ᠬᠢᠨᠢ ᠡᠶ᠎ᠡ ᠨᠠᠶᠢᠷᠠᠮᠳᠠᠭᠤ ᠪᠣᠰᠣ᠂ ᠡᠵᠢ ᠠᠪᠤ ᠶᠢᠨ ᠬᠢᠨᠢ | ᠵᠡᠷᠯᠢᠭ ᠪᠠᠯᠠᠮᠠᠳ ᠨᠢ ᠬᠡᠣᠭᠡᠳ ᠢ ᠠᠷᠭ᠎ᠠ ᠠᠭᠠᠰᠢ ᠠᠯᠳᠠᠷᠠᠭᠤᠯᠵᠣ᠂ ᠭᠡᠷ ᠪᠥᠯᠢ ᠨᠢ ᠭᠡᠥᠭᠡᠳ ᠲᠤ ᠵᠥᠪᠭᠡᠨ ᠭᠡᠳᠡᠰᠥ ᠪᠠᠨ | ᠲᠥᠭᠦᠷᠬᠡᠵᠣ᠂ ᠣᠨᠳᠠᠵᠣ ᠣᠷᠣᠩᠨᠠᠳᠠᠭ ᠭᠠᠵᠠᠷ ᠲᠡᠳᠥᠢ ᠯᠡ ᠰᠡᠳᠭᠢᠭᠳᠡᠯ ᠢ ᠪᠣᠢ ᠪᠣᠯᠭᠠᠨ ᠥᠭᠳᠡᠭ᠃ ᠡᠨᠡᠭᠦ ᠣᠷᠴᠢᠨ ᠳᠤ | ᠭᠡᠥᠭᠡᠳ ᠠᠶᠠᠨᠳᠠᠭᠠᠨ ᠭᠠᠭᠴᠠᠭᠠᠷᠳᠠᠮᠠᠯ ᠰᠡᠳᠭᠢᠯᠭᠡ ᠲᠠᠢ ᠪᠣᠯᠵᠣ᠂ ᠡᠵᠢ ᠠᠪᠤ ᠲᠠᠢ ᠪᠠᠨ ᠰᠡᠳᠭᠢᠯ ᠢᠶᠠᠨ ᠴᠣ᠋ ᠰᠣᠯᠢᠯᠴᠠᠬᠤ | ᠥᠭᠡᠢ᠂ ᠬᠠᠮᠳᠣ ᠰᠣᠷᠣᠭᠴᠢ ᠲᠠᠢ ᠪᠠᠨ ᠥᠭᠡ ᠴᠣ᠋ ᠬᠡᠯᠡᠯᠴᠡᠭᠦ ᠥᠭᠡᠢ ᠥᠪᠡᠷ ᠢ ᠪᠠᠨ ᠪᠢᠳᠡᠭᠦᠮᠵᠢᠯᠡᠵᠣ ᠲᠠᠯᠪᠢᠳᠠᠭ᠃ ᠡᠶᠢᠮᠣ | ᠭᠡᠷ ᠪᠥᠯᠢ ᠳᠤ ᠥᠰᠭᠦ ᠭᠡᠥᠭᠡᠳ ᠡᠳᠥᠷᠵᠢᠨ ᠪᠠᠶᠠᠷ ᠪᠠᠶᠠᠰᠣᠯ ᠥᠬᠡᠢ᠂ ᠣᠷᠣᠭᠤ ᠴᠢᠷᠠᠶᠢᠯᠠᠨ ᠭᠤᠳᠣᠷᠠᠨ ᠭᠤᠨᠢᠵᠣ᠂ | ᠥᠪᠡᠷ ᠢ ᠪᠠᠨ ᠭᠤᠯᠣᠬᠤ ᠲᠣᠮᠳᠠ ᠡᠳᠣᠷ ᠥᠩᠭᠡᠷᠡᠭᠡᠵᠣ᠂ ᠰᠡᠳᠭᠢᠯ ᠳᠤ ᠨᠢ ᠰᠢᠷᠬᠠᠯᠠᠯ ᠰᠠᠭᠤᠵᠣ ᠰᠡᠪᠳᠥᠳᠡᠭ᠃ ᠡᠨᠡ ᠨᠢ | ᠭᠡᠥᠭᠡᠳ ᠤᠨ ᠪᠡᠶ᠎ᠡ ᠰᠡᠳᠭᠢᠯ ᠤᠨ ᠡᠷᠡᠭᠦᠯ ᠴᠢᠭᠢᠷᠠᠭ ᠭᠥᠭᠵᠢᠯᠳᠡ ᠶᠢ ᠨᠥᠯᠥᠭᠡᠯᠡᠭᠦ ᠬᠠᠷᠰᠢ ᠰᠢᠯᠳᠠᠭᠠᠨ ᠤ ᠨᠢᠭᠡ ᠪᠣᠯᠣᠨ᠎ᠠ᠃ | | ᠬᠤᠶᠠᠷ᠂ ᠡᠵᠢ ᠠᠪᠤ ᠨᠢ ᠴᠡᠩᠭᠡᠯᠳᠣᠨ ᠨᠠᠭᠠᠳᠴᠣ ᠭᠡᠷ ᠢᠶᠠᠨ ᠬᠠᠮᠢᠶᠠᠷᠬᠤ ᠥᠭᠡᠢ᠂ ᠬᠡᠥᠭᠡᠳ ᠤᠨ ᠢᠶᠠᠨ | ᠰᠣᠷᠣᠯᠭ᠎ᠠ᠂ ᠠᠮᠢᠳᠣᠷᠠᠯ ᠢ ᠨᠢ ᠬᠠᠯᠠᠮᠵᠢᠯᠠᠳᠠᠭ ᠥᠭᠡᠢ᠃ ᠪᠣᠳᠠᠳᠣ ᠠᠮᠢᠳᠣᠷᠠᠯ ᠤᠨ ᠲᠣᠮᠳᠠ ᠡᠵᠢ ᠠᠪᠤ ᠨᠢ ᠥᠪᠡᠰᠣᠪᠡᠨ ᠯᠡ | ᠨᠠᠭᠠᠳᠴᠣ ᠴᠡᠩᠭᠡᠨ ᠠᠳᠠᠯ ᠠᠮᠢᠳᠣᠷᠠᠯ ᠢᠶᠠᠨ ᠬᠠᠮᠢᠶᠠᠷᠬᠤ ᠥᠭᠡᠢ ᠮᠥᠷᠳᠡᠭᠡᠨ ᠬᠡᠥᠭᠡᠳ ᠤᠨ ᠢᠶᠠᠨ ᠰᠣᠷᠣᠯᠭ᠎ᠠ᠂ | ᠠᠮᠢᠳᠣᠷᠠᠯ ᠢ ᠨᠢ ᠴᠣ᠋ ᠬᠠᠯᠠᠮᠵᠢᠯᠠᠨ ᠠᠩᠬᠠᠷᠳᠠᠭ ᠥᠭᠡᠢ ᠶᠠᠪᠣᠳᠠᠭ᠃ ᠡᠨᠡ ᠪᠣᠯ ᠬᠡᠥᠭᠡᠳ ᠤᠨ ᠡᠷᠡᠭᠦᠯ ᠴᠢᠬᠢᠷᠠᠭ ᠥᠰᠥᠯᠳᠡ | ᠪᠣᠶᠢᠵᠢᠯᠳᠠ ᠳᠤ ᠲᠣᠶᠢᠯ ᠤᠨ ᠠᠰᠢᠭ ᠥᠭᠡᠢ ᠣᠴᠢᠷ ᠪᠣᠯᠣᠨ᠎ᠠ ᠭᠡᠳᠡᠭ ᠢ ᠡᠵᠢ ᠠᠪᠤ ᠨᠢ ᠰᠡᠷᠡᠵᠣ ᠮᠡᠳᠡᠳᠡᠭ ᠥᠭᠡᠢ ᠨᠢ | ᠬᠠᠷᠠᠮᠰᠠᠯᠳᠠᠢ᠃ ᠡᠵᠢ ᠠᠪᠤ ᠶᠢᠨ ᠬᠠᠯᠠᠮᠵᠢᠯᠠᠯ ᠢᠶᠠᠷ ᠲᠣᠯᠢᠳᠠᠭᠰᠠᠨ ᠭᠡᠥᠭᠡᠳ ᠨᠢ ᠴᠢᠩᠭ᠎ᠠ ᠬᠠᠮᠢᠶᠠᠷᠣᠯᠳᠠ ᠪᠠᠷ ᠬᠤᠮᠰᠠ | ᠥᠰᠴᠣ᠂ ᠲᠣᠷ᠎ᠠ ᠵᠣᠷᠢᠭ ᠤᠨ ᠥᠵᠡᠯ ᠤᠨ ᠵᠠᠩ ᠠᠷᠠᠨᠰᠢᠨ ᠲᠠᠢ ᠪᠣᠯᠵᠣ ᠪᠣᠶᠢᠵᠢᠨ᠂ ᠪᠣᠰᠣᠳ ᠢ ᠬᠠᠯᠠᠮᠵᠢᠯᠠᠨ ᠬᠠᠶᠢᠷᠠᠯᠠᠵᠣ | ᠭᠥᠨᠳᠥᠳᠭᠡᠭᠦ ᠶᠢ ᠮᠡᠳᠡᠳᠡᠭ ᠥᠭᠡᠢ ᠪᠠᠶᠢᠳᠠᠭ᠃ ᠵᠠᠷᠢᠮ ᠭᠡᠥᠭᠡᠳ ᠲᠣᠣᠷ ᠰᠥᠯᠵᠢᠶᠡᠨ ᠳᠤ ᠰᠢᠨᠣᠬᠠᠶᠢᠷᠠᠵᠣ᠂ ᠨᠡᠶᠢᠭᠡᠮ ᠤᠨ | ᠪᠣᠯᠢᠬᠠᠢ ᠡᠳᠡᠭᠡᠳ ᠲᠠᠢ ᠨᠥᠭᠦᠴᠡᠵᠣ᠂ ᠬᠤᠣᠷ ᠲᠠᠳᠠᠨ ᠰᠠᠷᠢᠭᠠᠯᠠᠵᠣ᠂ ᠬᠡᠷᠡᠭ ᠵᠠᠷᠭᠤ ᠲᠠᠳᠠᠨ ᠭᠡᠷᠡᠭᠦᠯ ᠶᠠᠷᠭᠢᠶᠠᠨ | ᠡᠭᠦᠰᠭᠡᠵᠣ᠂ ᠬᠥᠯ ᠠᠯᠳᠠᠨ ᠬᠥᠰᠡᠯ ᠶᠡᠭᠡ ᠲᠠᠢ ᠨᠢᠭᠡ ᠨᠠᠰᠣ ᠪᠠᠨ ᠬᠠᠷᠠᠯᠠᠭᠤᠯᠳᠠᠭ᠃ ᠡᠨᠡ ᠥᠶ᠎ᠡ ᠳᠤ ᠬᠡᠥᠭᠡᠳ ᠢᠶᠠᠨ | ᠬᠠᠯᠠᠮᠵᠢᠯᠠᠳᠠᠭ ᠥᠭᠡᠢ᠂ ᠴᠢᠩᠭᠠᠯᠠᠵᠣ ᠲᠣᠳᠣᠮᠳᠠᠳᠠᠭ ᠥᠭᠡᠢ ᠡᠵᠢ ᠠᠪᠤ ᠪᠣᠯᠣᠭᠰᠠᠳ ᠬᠡᠮᠰᠢᠵᠣ ᠭᠤᠳᠣᠷᠠᠪᠠᠴᠣ ᠨᠢᠭᠡᠨᠳᠡ | ᠣᠷᠣᠶᠢᠳᠠᠬᠤ ᠪᠣᠯᠠᠢ᠃ ᠡᠨᠡ ᠨᠢ ᠭᠡᠥᠭᠡᠳ ᠤᠨ ᠪᠡᠶ᠎ᠡ ᠰᠡᠳᠭᠢᠯ ᠤᠨ ᠡᠷᠡᠭᠦᠯ ᠴᠢᠭᠢᠷᠠᠭ ᠭᠥᠭᠵᠢᠯᠳᠡ ᠶᠢ ᠨᠥᠯᠥᠭᠡᠯᠡᠭᠦ ᠬᠠᠷᠰᠢ | ᠰᠢᠯᠳᠠᠭᠠᠨ ᠤ ᠪᠠᠰᠠ ᠨᠢᠭᠡ ᠪᠣᠯᠣᠨ᠎ᠠ᠃ | ᠭᠤᠷᠪᠠ᠂ ᠨᠠᠶᠢᠵᠢ ᠨᠥᠭᠦᠳ ᠢᠶᠠᠨ ᠣᠷᠢᠵᠣ ᠭᠡᠷ ᠲᠡᠭᠡᠨ ᠥᠷᠭᠦᠯᠵᠢ ᠮᠠᠵᠢᠶᠠᠩ ᠫᠠᠢ ᠨᠠᠭᠠᠳᠬᠤ ᠨᠢ | ᠭᠡᠣᠭᠡᠳ ᠤᠨ ᠰᠣᠷᠣᠯᠭ᠎ᠠ ᠬᠢᠭᠡᠳ ᠥᠰᠥᠯᠳᠡ ᠪᠣᠶᠢᠵᠢᠯᠳᠠ ᠶᠢ ᠨᠣᠴᠢᠳᠠᠢ ᠬᠠᠷᠰᠢᠯᠠᠳᠠᠭ᠃ ᠡᠶᠢᠮᠣ ᠣᠷᠴᠢᠨ ᠳᠤ | ᠭᠡᠣᠭᠡᠳ ᠨᠢ ᠰᠡᠳᠭᠢᠯ ᠲᠣᠭᠳᠠᠭᠤᠨ ᠠᠮᠣᠷ ᠵᠢᠮᠣᠷ ᠰᠣᠷᠣᠯᠴᠠᠬᠤ ᠶᠢᠨ ᠠᠷᠭ᠎ᠠ ᠥᠬᠡᠢ ᠪᠠᠶᠢᠵᠣ᠂ ᠰᠣᠷᠣᠯᠭ᠎ᠠ ᠨᠢ ᠢᠯᠡᠳᠳᠡ | ᠪᠠᠭᠤᠷᠠᠨ ᠲᠣᠷᠣᠭᠰᠢᠯᠠᠵᠣ᠂ ᠰᠣᠷᠣᠯᠴᠠᠬᠤ ᠢᠳᠡᠭᠡᠯ ᠢᠶᠠᠨ ᠠᠯᠳᠠᠵᠣ᠂ ᠰᠣᠷᠣᠯᠭ᠎ᠠ ᠠᠯᠳᠠᠬᠤ ᠨᠢ ᠠᠶᠠᠨᠳᠠᠭᠠᠨ ᠤ ᠬᠡᠷᠡᠭ | ᠪᠣᠯᠳᠠᠭ᠃ ᠰᠣᠷᠣᠯᠭ᠎ᠠ ᠲᠣᠷᠭᠤᠨ ᠵᠣᠭᠰᠣᠭᠰᠠᠨ ᠭᠡᠣᠭᠡᠳ ᠨᠢ ᠬᠢᠳᠡᠯ ᠠᠯᠳᠠᠬᠤ ᠳᠠᠭᠠᠨ ᠡᠵᠢ ᠠᠪᠤ ᠪᠠᠨ ᠲᠠᠭᠤᠷᠢᠶᠠᠨ | ᠮᠠᠵᠢᠶᠠᠩ ᠫᠠᠢ ᠨᠠᠭᠠᠳᠣᠨ ᠰᠣᠷᠴᠣ᠂ ᠮᠠᠵᠢᠶᠠᠩ ᠫᠠᠢ ᠪᠠᠷ ᠲᠣᠭᠯᠠᠬᠤ ᠠᠮᠢᠳᠣᠷᠠᠯ ᠤᠨ ᠵᠠᠮ ᠢᠶᠠᠨ ︽ᠵᠣᠯᠪᠣᠭᠠᠳᠠᠶᠢᠬᠠᠨ︾ | ᠡᠯᠭᠦᠨ ᠠᠪᠳᠠᠭ ᠨᠢ ᠭᠤᠳᠣᠮᠰᠢᠭ ᠲᠠᠢ ᠳ᠋ᠠ᠃ ᠭᠡᠷ ᠲᠡᠭᠡᠨ ᠥᠷᠭᠦᠯᠵᠢ ᠮᠠᠵᠢᠶᠠᠩ ᠫᠠᠢ ᠨᠠᠭᠠᠳᠬᠤ ᠨᠢ ᠬᠡᠣᠭᠡᠳ ᠢᠶᠠᠨ | ᠬᠤᠣᠷᠯᠠᠭᠰᠠᠨ ᠢᠶᠠᠷ ᠪᠠᠷᠠᠬᠤ ᠥᠭᠡᠢ᠂ ᠭᠡᠣᠭᠡᠳ ᠤᠨ ᠢᠶᠠᠨ ᠢᠷᠡᠭᠡᠳᠥᠢ ᠶᠢ ᠪᠠᠯᠠᠷᠠᠭᠤᠯᠵᠣ᠂ ᠭᠡᠥᠭᠡᠳ ᠤᠨ ᠢᠶᠠᠨ ᠨᠢᠭᠡ | ᠨᠠᠰᠣ ᠶᠢ ᠬᠠᠷᠠᠯᠠᠭᠤᠯᠣᠭᠰᠠᠨ ᠪᠠᠶᠢᠳᠠᠭ᠃ ᠡᠨᠡ ᠨᠢ ᠬᠡᠴᠢᠨᠡᠨ ᠡᠪᠭᠡᠷᠡᠯᠳᠡᠢ ᠣᠴᠢᠷ ᠪᠣᠯᠬᠤ ᠠᠵᠠᠢ︕ | ᠡᠵᠢ ᠠᠪᠤ ᠪᠣᠯᠣᠭᠰᠠᠨ ᠤ ᠬᠤᠪᠢ ᠳᠤ ᠭᠡᠥᠭᠡᠳ ᠤᠨ ᠢᠶᠠᠨ ᠡᠷᠡᠭᠦᠯ ᠴᠢᠭᠢᠷᠠᠭ ᠢᠶᠠᠷ ᠥᠰᠥᠨ ᠪᠣᠶᠢᠵᠢᠬᠤ ᠳᠤ | ᠬᠠᠷᠢᠭᠤᠴᠠᠪᠠᠯ ᠵᠣᠬᠢᠨ᠎ᠠ᠂ ᠬᠡᠣᠭᠡᠳ ᠤᠨ ᠢᠶᠠᠨ ᠢᠷᠡᠭᠡᠳᠥᠢ ᠳᠤ ᠬᠠᠷᠢᠭᠤᠴᠠᠪᠠᠯ ᠵᠣᠬᠢᠨ᠎ᠠ᠃ ᠡᠶᠢᠮᠣ ᠠᠴᠠ ᠥᠪᠡᠷ ᠢ ᠪᠠᠨ | ᠴᠢᠩᠭ᠎ᠠ ᠱᠠᠭᠠᠷᠳᠠᠵᠣ᠂ ᠭᠡᠣᠭᠡᠳ ᠲᠡᠭᠡᠨ ᠥᠯᠢᠬᠡᠷ ᠲᠠᠭᠤᠷᠢᠶᠠᠯ ᠪᠣᠯᠵᠣ᠂ ᠭᠡᠣᠭᠡᠳ ᠲᠡᠭᠡᠨ ᠡᠶ᠎ᠡ ᠨᠠᠶᠢᠷᠠᠮᠳᠠᠭᠤ᠂ ᠪᠠᠶᠠᠷ | ᠪᠠᠶᠠᠰᠣᠯ ᠲᠠᠢ᠂ ᠵᠣᠯ ᠵᠢᠷᠭᠠᠯ ᠲᠠᠢ᠂ ᠲᠣᠯᠠᠭᠠᠨ ᠬᠠᠯᠠᠮᠵᠢ ᠲᠠᠢ ᠥᠰᠴᠣ ᠪᠣᠶᠢᠵᠢᠬᠤ ᠣᠷᠴᠢᠨ ᠲᠣᠭᠤᠷᠢᠨ ᠢ ᠡᠭᠦᠳᠥᠨ | ᠥᠭᠴᠥ᠂ ᠬᠡᠥᠭᠡᠳ ᠤᠨ ᠢᠶᠠᠨ ᠡᠷᠡᠭᠦᠯ ᠴᠢᠬᠢᠷᠠᠭ ᠥᠰᠥᠯᠳᠡ ᠪᠣᠶᠢᠵᠢᠯᠳᠠ ᠶᠢ ᠲᠥᠯᠬᠢᠨ ᠠᠬᠢᠭᠤᠯᠬᠤ ᠨᠢ ᠭᠡᠷ ᠤᠨ ᠠᠬᠠᠮᠠᠳ | ᠪᠣᠯᠣᠭᠰᠠᠳ ᠤᠨ ᠵᠠᠶᠢᠯᠠᠭᠤᠯᠵᠣ ᠪᠣᠯᠣᠰᠢ ᠥᠬᠡᠢ ᠲᠠᠷᠬᠠᠨ ᠬᠠᠷᠢᠭᠤᠴᠠᠯᠭ᠎ᠠ ᠪᠣᠯᠣᠨ᠎ᠠ᠃ | |