ᠰᠢᠯᠣᠭᠤᠨ ᠬᠦᠬᠡ ᠬᠤᠰᠢᠭᠤᠨ ᠤ ᠠᠷᠪᠠᠨ ᠲᠦᠷᠪᠡᠳᠦᠭᠡᠷ ᠬᠤᠭᠤᠴᠠᠭᠠᠨ ᠤ ᠠᠷᠠᠳ ᠤᠨ | ᠲᠦᠯᠦᠭᠡᠯᠡᠭᠴᠢᠳ ᠤᠨ ᠶᠡᠭᠡ ᠬᠤᠷᠠᠯ ᠤᠨ ᠠᠩᠬᠠᠳᠣᠭᠠᠷ ᠬᠤᠷᠠᠯ ᠤᠨ ᠮᠠᠲ᠋ᠧᠷᠢᠶᠠᠯ ︵ᠠᠷᠪᠠᠨ ᠲᠠᠪᠤ︶ | ᠵᠠᠰᠠᠭ ᠤᠨ ᠣᠷᠳᠣᠨ ᠤ ᠠᠵᠢᠯ ᠤᠨ ᠢᠯᠡᠳᠬᠡᠯ | ᠰᠢᠯᠣᠭᠤᠨ ᠬᠦᠬᠡ ᠬᠤᠰᠢᠭᠤᠨ ᠤ ᠠᠷᠪᠠᠨ ᠲᠦᠷᠪᠡᠳᠦᠬᠡᠷ ᠬᠤᠭᠤᠴᠠᠭᠠᠨ ᠤ ᠠᠷᠠᠳ ᠤᠨ | ᠲᠦᠯᠦᠭᠡᠯᠡᠭᠴᠢᠳ ᠤᠨ ᠶᠡᠭᠡ ᠬᠤᠷᠠᠯ ᠤᠨ ᠠᠩᠬᠠᠳᠤᠭᠠᠷ ᠣᠳᠠᠭᠠᠨ ᠤ ᠬᠤᠷᠠᠯ ᠳᠡᠭᠡᠷ᠎ᠡ | | ᠰᠢᠯᠣᠭᠤᠨ ᠬᠦᠬᠡ ᠬᠤᠰᠢᠭᠤᠨ ᠤ ᠣᠷᠣᠯᠠᠭᠴᠢ ᠬᠤᠰᠢᠭᠤ ᠳᠠᠷᠤᠭ᠎ᠠ ᠪᠣᠶᠠᠨᠳᠣ | ᠲᠦᠯᠦᠭᠡᠯᠡᠭᠴᠢᠳ ᠡ᠄ | ᠣᠳᠣ ᠪᠢ ᠬᠤᠰᠢᠭᠤ ᠵᠠᠰᠠᠭ ᠤᠨ ᠣᠷᠳᠣᠨ ᠢ ᠲᠦᠯᠦᠭᠡᠯᠡᠵᠣ ᠬᠤᠷᠠᠯ ᠳᠤ ᠠᠵᠢᠯ ᠤᠨ ᠮᠡᠳᠡᠭᠦᠯᠦᠯᠳᠡ ᠬᠢᠶ᠎ᠡ᠂ | ᠬᠢᠨᠠᠨ ᠵᠦᠪᠯᠡᠬᠦ ᠪᠣᠯᠪᠠᠣ︕ ᠣᠯᠣᠰ ᠲᠦᠷᠦ ᠶᠢᠨ ᠵᠦᠪᠯᠡᠯᠬᠡᠨ ᠤ ᠬᠡᠰᠢᠭᠦᠳ ᠵᠢᠴᠢ ᠪᠤᠰᠤᠳ ᠣᠷᠣᠯᠴᠠᠭᠰᠠᠳ ᠰᠠᠨᠠᠯ ᠢᠶᠠᠨ | ᠲᠡᠪᠰᠢᠬᠦᠯᠬᠦ ᠶᠢ ᠬᠦᠰᠡᠵᠦ ᠪᠠᠶᠢᠨ᠎ᠠ᠃ | ᠨᠢᠬᠡ᠂ ᠦᠩᠬᠡᠷᠡᠭᠰᠡᠨ ᠲᠠᠪᠣᠨ ᠵᠢᠯ ᠤᠨ ᠠᠵᠢᠯ ᠤᠨ ᠡᠷᠬᠢᠴᠡᠬᠦᠯᠦᠯ | ᠦᠩᠬᠡᠷᠡᠭᠰᠡᠨ ᠲᠠᠪᠣᠨ ᠵᠢᠯ ᠪᠣᠯ ᠮᠠᠨ ᠤ ᠬᠤᠰᠢᠭᠤᠨ ᠤ ᠠᠵᠣ ᠠᠬᠤᠢ ᠨᠡᠶᠢᠬᠡᠮ ᠲᠤᠭᠳᠠᠭᠤᠨ ᠢᠶᠠᠷ ᠲᠦᠷᠭᠡᠨ | ᠬᠦᠭᠵᠢᠵᠣ᠂ ᠠᠷᠠᠳ ᠤᠨ ᠠᠮᠢᠳᠣᠷᠠᠯ ᠤᠨ ᠬᠢᠷᠢ ᠲᠦᠪᠰᠢᠨ ᠲᠠᠰᠣᠷᠠᠯᠳᠠ ᠦᠬᠡᠢ ᠳᠡᠭᠡᠭᠰᠢᠯᠡᠨ᠂ ᠨᠡᠶᠢᠬᠡᠮ ᠤᠨ ᠡᠯ᠎ᠡ | ᠲᠦᠷᠦᠯ ᠤᠨ ᠠᠵᠢᠯ ᠦᠢᠯᠡᠰ ᠦᠷᠨᠢᠬᠦᠨ ᠬᠦᠭᠵᠢᠭᠰᠡᠨ ᠲᠠᠪᠣᠨ ᠵᠢᠯ ᠪᠤᠯᠬᠤ ᠶᠤᠮ᠃ ᠲᠠᠪᠣᠨ ᠵᠢᠯ ᠤᠨ ᠲᠣᠷᠰᠢ᠂ | ᠬᠤᠰᠢᠭᠤ ᠨᠠᠮ ᠤᠨ ᠬᠤᠷᠢᠶᠠᠨ ᠤ ᠵᠦᠪ ᠣᠨᠣᠪᠴᠢᠳᠠᠢ ᠣᠳᠣᠷᠢᠳᠣᠯᠭ᠎ᠠ ᠵᠢᠴᠢ ᠬᠤᠰᠢᠭᠤ ᠠᠷᠠᠳ ᠤᠨ ᠲᠦᠯᠦᠭᠡᠯᠡᠭᠴᠢᠳ | ᠤᠨ ᠶᠡᠭᠡ ᠬᠤᠷᠠᠯ ᠪᠤᠯᠤᠨ ᠤᠯᠤᠰ ᠲᠦᠷᠤ ᠶᠢᠨ ᠵᠦᠪᠯᠡᠯᠭᠡᠨ ᠤ ᠬᠢᠨᠠᠯᠳᠠ ᠬᠠᠪᠰᠤᠷᠤᠯᠭ᠎ᠠ ᠲᠣᠣᠷ᠎ᠠ ᠪᠦᠬᠦ ᠬᠤᠰᠢᠭᠤ ᠪᠠᠷ | ᠢᠶᠠᠨ ᠰᠡᠳᠬᠢᠯ ᠨᠢᠭᠡᠳᠤᠨ ᠪᠦᠯᠬᠦᠮᠳᠠᠨ ᠲᠡᠮᠡᠴᠡᠵᠥ᠂ ᠪᠠᠶᠢᠭᠠᠯᠢ ᠶᠢᠨ ᠭᠠᠮᠰᠢᠭ᠂ ᠠᠵᠣ ᠠᠬᠤᠢ ᠶᠢᠨ ᠬᠢᠮᠣᠷᠠᠯ ᠵᠡᠷᠭᠡ ᠮᠠᠰᠢ | ᠣᠯᠠᠨ ᠰᠦᠷᠭᠡᠤ ᠨᠦᠯᠦᠭᠡᠯᠡᠯ ᠤᠳ ᠢ ᠢᠯᠠᠨ ᠲᠠᠪᠠᠯ᠎ᠠ᠃ ︽ᠠᠷᠪᠠᠨ ᠨᠢᠬᠡᠳᠦᠬᠡᠷ ᠲᠠᠪᠣᠨ ᠵᠢᠯ︾ ᠤᠨ ᠲᠦᠯᠦᠪᠯᠡᠭᠡ ᠶᠢᠨ | ᠡᠬᠦᠷᠭᠡ ᠬᠠᠷᠠᠯᠳᠠ ᠤᠳ ᠢᠶᠠᠨ ᠠᠮᠵᠢᠯᠳᠠᠳᠠᠢ ᠪᠡᠶᠡᠯᠡᠬᠦᠯᠵᠥ ︽ᠠᠷᠪᠠᠨ ᠬᠤᠶᠠᠳᠣᠭᠠᠷ ᠲᠠᠪᠣᠨ ᠵᠢᠯ︾ ᠤᠨ ᠲᠦᠯᠦᠪᠯᠡᠭᠡ ᠶᠢ | ᠡᠬᠢᠯᠡᠨ ᠭᠡᠷᠡᠭᠵᠢᠬᠦᠯᠦᠭᠰᠡᠨ ᠢᠶᠠᠷ ᠠᠵᠣ ᠠᠬᠤᠢ ᠨᠡᠶᠢᠬᠡᠮ ᠤᠨ ᠬᠦᠭᠵᠢᠯᠳᠡ ᠰᠢᠨ᠎ᠡ ᠨᠢᠬᠡᠨ ᠱᠠᠳᠣᠨ ᠳᠤ ᠲᠠᠪᠰᠢᠨ | ᠤᠷᠤᠭᠰᠠᠨ ᠪᠠᠶᠢᠨ᠎ᠠ᠃ | — — ᠲᠠᠪᠣᠨ ᠵᠢᠯ ᠤᠨ ᠲᠣᠷᠰᠢ᠂ ᠶᠡᠷᠦᠩᠬᠡᠶᠢᠯᠡᠭᠰᠡᠨ ᠪᠣᠳᠠᠳᠣ ᠬᠦᠴᠦᠨ ᠯᠠᠪᠳᠠᠭᠤᠨ ᠢᠶᠠᠷ ᠨᠡᠮᠡᠭᠳᠡᠪᠡ᠃ | ᠤᠷᠢᠳᠴᠢᠯᠠᠭᠰᠠᠨ ᠬᠦᠢᠴᠡᠳᠭᠡᠯ ᠢᠶᠠᠷ ᠪᠦᠬᠦ ᠬᠤᠰᠢᠭᠤᠨ ᠤ 2012 ᠤᠨ ᠤ ᠣᠷᠣᠨ ᠨᠣᠳᠤᠭ ᠤᠨ ᠦᠢᠯᠡᠳᠪᠦᠷᠢᠯᠡᠯ ᠤᠨ | ᠶᠡᠷᠦᠩᠬᠡᠢ ᠦᠷᠳᠡᠭ 51.6 ᠳ᠋ᠦ᠋ᠩᠰᠢᠭᠤᠷ ᠲᠤ ᠬᠦᠷᠴᠤ ᠵᠢᠯ ᠪᠦᠷᠢ ᠶᠢᠨ ᠨᠡᠮᠡᠭᠳᠡᠯ ᠬᠤᠷᠳᠤᠴᠨ 11.3% ᠲᠤ ᠬᠦᠷᠬᠦ | ᠪᠤᠯᠤᠨ᠎ᠠ᠃ ᠠᠵᠤ ᠦᠢᠯᠡᠰ ᠤᠨ ᠪᠦᠳᠤᠴᠨ ᠠᠴᠠ ᠦᠵᠡᠪᠡᠯ ᠭᠤᠷᠪᠠᠨ ᠠᠵᠤ ᠦᠢᠯᠡᠰ ᠤᠨ ᠲᠤᠰ ᠲᠤᠰ ᠤᠨ ᠡᠵᠡᠯᠡᠬᠦ | ᠬᠠᠷᠢᠴᠠᠯ 10.7᠄ 67.8᠄ 21.5 ᠪᠤᠯᠤᠭᠰᠠᠨ ᠨᠢ ᠦᠢᠯᠡᠳᠪᠦᠷᠢ ᠶᠢᠨ ᠠᠵᠤ ᠠᠬᠤᠢ ᠪᠠᠷ ᠭᠤᠤᠯ ᠠᠵᠤ ᠦᠢᠯᠡᠰ ᠢᠶᠠᠨ | ᠪᠤᠯᠭᠠᠭᠰᠠᠨ ᠬᠦᠭᠵᠢᠯᠳᠠ ᠶᠢᠨ ᠭᠡᠯᠪᠡᠷᠢ ᠪᠦᠷᠢᠯᠳᠦᠭᠰᠡᠨ ᠢ ᠬᠠᠷᠠᠭᠤᠯᠵᠥ ᠪᠠᠶᠢᠨ᠎ᠠ᠃ ᠣᠷᠣᠨ ᠨᠣᠳᠤᠭ ᠤᠨ ᠡᠳ᠋ ᠤᠨ ᠵᠠᠰᠠᠭ | ᠤᠨ ᠣᠷᠣᠯᠭ᠎ᠠ 10.64 ᠳ᠋ᠦᠩᠰᠢᠭᠤᠷ ᠲᠦᠭᠦᠷᠢᠭ ᠲᠤ ᠬᠦᠷᠴᠤ ᠵᠢᠯ ᠤᠨ ᠲᠡᠭᠰᠢᠳᠭᠡᠭᠰᠡᠨ ᠨᠡᠮᠡᠭᠳᠡᠯ ᠬᠤᠷᠳᠤᠴᠨ 21. | 1% ᠳᠤ ᠬᠦᠷᠪᠡ᠃ ᠲᠦᠰᠦᠪᠯᠡᠭᠰᠡᠨ ᠢᠶᠠᠷ ᠪᠦᠬᠦ ᠨᠡᠶᠢᠭᠡᠮ ᠤᠨ ᠲᠣᠭᠳᠠᠮᠠᠯ ᠬᠦᠷᠦᠩᠭᠡ ᠶᠢᠨ ᠪᠡᠯᠨ ᠣᠷᠣᠭᠤᠯᠣᠯᠳᠠ 42 | ᠳ᠋ᠦᠩᠰᠢᠭᠤᠷ ᠲᠦᠬᠦᠷᠢᠭ ᠲᠤ ᠬᠦᠷᠬᠦ ᠪᠦᠭᠡᠳ ᠠᠵᠤ ᠠᠬᠤᠢ ᠶᠢᠨ ᠬᠦᠭᠵᠢᠯᠳᠠ ᠶᠢᠨ ᠨᠦᠯᠦᠭᠡᠯᠡᠭᠳᠡᠯ ᠠᠴᠠ ᠪᠤᠯᠵᠥ ᠬᠠᠷᠢᠨ | ᠵᠢᠯ ᠪᠦᠷᠢ 3% ᠪᠠᠷ ᠪᠠᠭᠤᠷᠠᠭᠰᠠᠨ ᠪᠠᠶᠢᠨ᠎ᠠ᠃ ᠨᠡᠶᠢᠬᠡᠮ ᠤᠨ ᠭᠡᠷᠡᠭᠯᠡᠬᠡᠨ ᠤ ᠪᠠᠷᠠᠭ᠎ᠠ ᠲᠠᠸᠠᠷ ᠤᠨ ᠵᠢᠵᠢᠭᠯᠡᠨ | ᠪᠤᠷᠤᠯᠠᠭᠤᠯᠤᠯᠳᠠ ᠶᠢᠨ ᠭᠡᠮᠵᠢᠶ᠎ᠡ 9.1 ᠳ᠋ᠦᠩᠰᠢᠭᠤᠷ ᠲᠦᠭᠦᠷᠢᠭ ᠲᠤ ᠬᠦᠷᠴᠦ᠂ ᠵᠢᠯ ᠪᠦᠷᠢ ᠶᠢᠨ ᠨᠡᠮᠡᠭᠳᠡᠯ ᠬᠤᠷᠳᠤᠴᠨ | 19.8% ᠳᠤ ᠬᠦᠷᠬᠦ ᠪᠦᠭᠡᠳ ᠲᠦᠰᠦᠪᠯᠡᠯᠳᠠ ᠪᠠᠷ ᠬᠤᠳᠠ ᠪᠠᠯᠭᠠᠰᠤᠨ ᠤ ᠰᠠᠭᠤᠭᠠᠯᠢ ᠠᠷᠠᠳ ᠤᠨ ᠡᠵᠡᠮᠳᠡᠵᠥ | ᠪᠤᠯᠬᠤᠶᠢᠴᠨ ᠲᠡᠭᠰᠢᠳᠭᠡᠭᠰᠡᠨ ᠤᠷᠤᠯᠭ᠎ᠠ 19610 ᠲᠦᠬᠦᠷᠢᠭ ᠲᠤ ᠬᠦᠷᠴᠦ᠂ ᠵᠢᠯ ᠪᠦᠷᠢ ᠶᠢᠨ ᠨᠡᠮᠡᠭᠳᠡᠯ ᠬᠤᠷᠳᠣᠴᠠ | 14% ᠳᠤ ᠬᠦᠷᠦᠨ ᠮᠠᠯᠴᠢᠨ ᠲᠠᠷᠢᠶᠠᠴᠢᠨ ᠤ ᠲᠡᠭᠰᠢᠳᠭᠡᠭᠰᠡᠨ ᠴᠡᠪᠡᠷ ᠤᠷᠤᠯᠭ᠎ᠠ 9400 ᠲᠦᠬᠦᠷᠢᠭ ᠲᠤ ᠬᠦᠷᠴᠤ ᠵᠢᠯ | ᠪᠦᠷᠢ ᠶᠢᠨ ᠨᠠᠮᠡᠭᠳᠡᠯ ᠬᠤᠷᠳᠤᠴᠨ 18.5 % ᠳᠤ ᠬᠦᠷᠬᠦ ᠪᠤᠯᠤᠨ᠎ᠠ᠃ | — — ᠲᠠᠪᠣᠨ ᠵᠢᠯ ᠤᠨ ᠲᠣᠷᠰᠢ᠂ ᠦᠢᠯᠡᠳᠪᠦᠷᠢ ᠶᠢᠨ ᠠᠵᠣ ᠠᠬᠤᠶᠢᠯᠠᠯ ᠦᠳᠳᠡᠷ ᠬᠦᠭᠵᠢᠪᠡ᠃ ᠨᠡᠶᠢᠳᠡ | 82 ᠲᠦᠷᠤᠯ ᠤᠨ ᠭᠤᠣᠯᠳᠠᠯᠭ᠎ᠠ ᠲᠠᠢ ᠲᠦᠰᠦᠯ ᠢ ᠬᠦᠭᠵᠢᠬᠦᠯᠦᠨ ᠠᠬᠢᠭᠤᠯᠤᠭᠰᠠᠨ ᠪᠦᠭᠡᠳ ᠳ᠋ᠦᠩᠰᠢᠭᠤᠷ ᠲᠠᠪᠠᠭᠰᠠᠨ | ᠪᠡᠯᠨ ᠣᠷᠣᠭᠤᠯᠣᠯᠳᠠ ᠪᠦᠬᠦᠢ 31 ᠲᠦᠰᠦᠯ ᠤᠨ ᠲᠤᠳᠤᠷ᠎ᠠ 8 ᠨᠢ ᠨᠢᠭᠡᠨᠳᠠ ᠪᠠᠶᠢᠭᠤᠯᠤᠭᠳᠠᠵᠥ 23 ᠨᠢ ᠶᠠᠭ | ᠪᠠᠶᠢᠭᠤᠯᠤᠯᠳᠠ ᠲᠤᠮᠳᠠ ᠪᠠᠨ ᠪᠠᠶᠢᠨ᠎ᠠ᠃ ᠪᠦᠬᠦ ᠬᠤᠰᠢᠭᠤᠨ ᠳᠤ ᠦᠢᠯᠡᠳᠪᠦᠷᠢ ᠶᠢᠨ ᠠᠵᠣ ᠠᠬᠤᠶᠢᠯᠠᠯ ᠨᠠᠶᠢᠳᠠ 100 | ᠡᠷᠤᠭᠡ ᠪᠠᠶᠢᠬᠤ ᠪᠦᠭᠡᠳ ᠡᠬᠦᠨ ᠤ ᠲᠤᠳᠤᠷ᠎ᠠ ᠭᠡᠪᠴᠢᠶ᠎ᠠ ᠲᠠᠪᠠᠭᠰᠠᠨ ᠠᠵᠣ ᠠᠬᠤᠶᠢᠯᠠᠯ 9 ᠡᠷᠤᠭᠡ᠂ ᠦᠢᠯᠡᠳᠪᠤᠷᠢᠯᠡᠯ ᠤᠨ | ᠦᠷᠳᠡᠭ ᠨᠢ ᠳ᠋ᠦᠩᠰᠢᠭᠤᠷ ᠲᠠᠪᠠᠭᠰᠠᠨ ᠠᠵᠤ ᠠᠬᠤᠶᠢᠯᠠᠯ 4 ᠪᠠᠶᠢᠨ᠎ᠠ᠃ ᠲᠦᠰᠦᠪᠯᠡᠭᠰᠡᠨ ᠢᠶᠠᠷ 2012 ᠣᠨ ᠤ ᠠᠵᠤ | ᠦᠢᠯᠡᠳᠪᠦᠷᠢ ᠶᠢᠨ ᠨᠡᠮᠡᠭᠳᠡᠯ ᠦᠷᠳᠡᠭ 32 ᠳ᠋ᠦᠩᠰᠢᠭᠤᠷ ᠲᠤ ᠬᠦᠷᠴᠤ ᠵᠢᠯ ᠪᠦᠷᠢ ᠶᠢᠨ ᠨᠡᠮᠡᠭᠳᠡᠯ ᠬᠤᠷᠳᠣᠴᠠ 11.6% | ᠳᠤ ᠬᠦᠷᠦᠨ᠎ᠡ᠃ ᠱᠠᠩᠳᠣ ᠴᠠᠬᠢᠯᠭᠠᠨ ᠦᠢᠯᠡᠳᠪᠦᠷᠢ ᠶᠢᠨ ᠨᠢᠬᠡ᠂ ᠬᠤᠶᠠᠷ᠂ ᠭᠤᠷᠪᠠᠳᠣᠭᠠᠷ ᠬᠤᠭᠤᠴᠠᠭᠠᠨ ᠤ 6 ᠰᠠᠣᠷᠢ | ᠴᠠᠬᠢᠯᠭᠠᠨ ᠭᠠᠷᠭᠠᠬᠤ ᠮᠠᠰᠢᠨ ᠨᠡᠶᠢᠳᠡ 825.9 ᠳ᠋ᠦᠩᠰᠢᠭᠤᠷ ᠭᠷᠠᠳᠦ᠋ᠰ ᠴᠠᠬᠢᠯᠭᠠᠨ ᠬᠠᠩᠭᠠᠵᠣ᠂ 270.7 ᠳ᠋ᠦᠩᠰᠢᠭᠤᠷ | ᠲᠦᠬᠦᠷᠢᠭ ᠤᠨ ᠦᠢᠯᠡᠳᠪᠦᠷᠢᠯᠡᠯ ᠤᠨ ᠦᠷᠳᠡᠭ ᠡᠬᠦᠳᠪᠡ᠃ ᠤᠳᠤ ᠲᠦᠷᠪᠡ ᠲᠠᠪᠣᠳᠣᠭᠠᠷ ᠬᠤᠭᠤᠴᠠᠭᠠᠨ ᠤ ᠪᠠᠷᠢᠯᠭ᠎ᠠ | ᠪᠠᠶᠢᠭᠤᠯᠤᠯᠳᠠ ᠶᠠᠭ ᠡᠬᠢᠨ ᠤ ᠠᠵᠢᠯ ᠳᠤ ᠪᠠᠨ ᠤᠷᠤᠭᠠᠳ ᠪᠠᠶᠢᠨ᠎ᠠ᠃ ︽ᠵᠢᠶᠠ ᠶᠣᠣ︾ ᠰᠠᠯᠬᠢᠨ ᠬᠦᠴᠦᠨ ᠤ ᠴᠠᠬᠢᠯᠭᠠᠨ | ᠦᠢᠯᠡᠳᠪᠦᠷᠢ᠂ ︽ᠯᠥᠩ ᠶᠤᠸᠠᠨ︾ ᠤᠯᠤᠰ ᠤᠨ ᠴᠠᠬᠢᠯᠭᠠᠨ ᠦᠢᠯᠡᠳᠪᠦᠷᠢ ᠪᠠ ︽ᠬᠤᠸ᠋ᠨ ᠢ︾ ᠰᠠᠯᠬᠢᠨ ᠬᠦᠴᠤᠨ ᠤ | ᠴᠠᠬᠢᠯᠭᠠᠨ ᠦᠢᠯᠡᠳᠪᠦᠷᠢ ᠶᠢᠨ ᠲᠦᠰᠤᠯ ᠨᠢᠬᠡᠨᠳᠡ ᠪᠠᠶᠢᠭᠤᠯᠤᠭᠳᠠᠵᠥ ᠡᠬᠢᠯᠡᠪᠡ᠃ ︽ᠷᠧᠨ ᠴᠤᠸᠠᠩ ᠲᠧᠭᠨᠢᠭ ᠮᠡᠷᠭᠡᠵᠢᠯ︾ | — ᠬᠤᠷᠠᠮᠠᠯ ᠡᠯᠡᠰᠤ ᠶᠢ ᠶᠡᠷᠦᠩᠬᠡᠶᠢᠯᠡᠨ ᠠᠰᠢᠬᠯᠠᠬᠤ ᠦᠢᠯᠡᠳᠪᠦᠷᠢ ᠨᠢ ᠪᠠᠶᠢᠭᠤᠯᠣᠯᠳᠠ ᠶᠢᠨ ᠠᠯᠬᠤᠴᠠ ᠪᠠᠨ | ᠲᠦᠷᠭᠡᠳᠭᠡᠭᠰᠡᠨ ᠤ ᠬᠠᠮᠳᠤ ︽ᠰᠢᠯᠣᠭᠤᠨ ᠬᠦᠬᠡ ᠬᠤᠰᠢᠭᠤᠨ ᠤ ︿ᠷᠧᠨ ᠴᠤᠸᠠᠩ﹀ ᠡᠯᠡᠰᠦᠨ ᠤ ᠠᠵᠣ ᠦᠢᠯᠡᠰ ᠤᠨ | ᠬᠦᠷᠢᠶᠡᠯᠡᠩ︾ ᠢ ᠪᠠᠶᠢᠭᠤᠯᠵᠣ ᠡᠬᠢᠯᠡᠪᠡ᠃ ᠪᠣᠷᠣᠬᠤᠳᠠ ᠶᠢᠨ ᠲᠦᠮᠦᠰᠦᠨ ᠤ ᠰᠠᠭᠤᠷᠢᠨ ᠭᠠᠵᠠᠷ᠂ ︽ᠬᠤᠸᠠ ᠢ︾ | ᠦᠨᠳᠦᠷ ᠳᠣᠣᠷ᠎ᠠ ᠬᠦᠴᠤᠳᠡᠯ ᠤᠨ ᠴᠠᠬᠢᠯᠭᠠᠨ ᠬᠦᠴᠤᠨ ᠤ ᠦᠢᠯᠡᠳᠪᠦᠷᠢ᠂ ︽ᠬᠤᠩ ᠵᠢᠶᠠᠩ︾ ᠨᠡᠬᠦᠷᠡᠰᠤᠨ ᠤ ᠦᠨᠡᠰᠤ | ᠴᠢᠨᠳᠠᠷᠤᠤ ᠶᠢ ᠶᠡᠷᠦᠩᠬᠡᠶᠢᠯᠡᠨ ᠠᠰᠢᠭᠯᠠᠬᠤ ᠦᠢᠯᠡᠳᠪᠦᠷᠢ ᠵᠡᠷᠭᠡ ᠭᠤᠣᠯᠳᠠᠯᠭ᠎ᠠ ᠲᠠᠢ ᠲᠦᠰᠦᠯ ᠤᠳ ᠢ ᠪᠦᠬᠦ ᠲᠠᠯ᠎ᠠ ᠪᠠᠷ | ᠲᠦᠯᠬᠢᠨ ᠠᠬᠢᠭᠤᠯᠪᠠ᠃ ᠠᠵᠤ ᠦᠢᠯᠡᠳᠪᠦᠷᠢ ᠶᠢᠨ ᠲᠤᠭᠤᠷᠢᠭ ᠲᠠᠬᠢ ᠡᠯ᠎ᠡ ᠠᠵᠤ ᠦᠢᠯᠡᠰ ᠤᠳ ᠤᠨ ᠬᠤᠭᠤᠷᠤᠨᠳᠤᠬᠢ | ᠰᠢᠳᠤᠯᠴᠡᠨ ᠬᠦᠭᠵᠢᠯᠳᠠ ᠰᠠᠶᠢᠨ ᠬᠠᠨᠳᠤᠰᠢ ᠲᠠᠢ ᠪᠠᠶᠢᠵᠣ᠂ ᠡᠳᠦᠬᠡ ᠲᠣᠰ ᠤᠳᠤ ᠲᠤᠭᠤᠷᠢᠭ ᠲᠤ ᠨᠢᠭᠡᠨᠳᠠ 70 ᠠᠵᠤ | ᠠᠬᠤᠶᠢᠯᠠᠯ ᠤᠷᠤᠵᠥ ᠰᠠᠭᠤᠷᠢᠰᠢᠭᠰᠠᠨ ᠪᠦᠭᠡᠳ ᠨᠢᠭᠡᠨᠳᠠ ᠦᠢᠯᠡᠳᠪᠦᠷᠢᠯᠡᠯ ᠡᠬᠢᠯᠡᠬᠦᠯᠦᠭᠰᠡᠨ ᠨᠢ 34 ᠡᠷᠤᠭᠡ ᠪᠣᠯᠵᠣ᠂ | ᠬᠦᠷᠦᠩᠭᠡ ᠤᠷᠤᠭᠤᠯᠤᠯᠳᠠ ᠶᠢᠨ ᠨᠡᠶᠢᠳᠠ ᠭᠡᠮᠵᠢᠶ᠎ᠡ 205 ᠳ᠋ᠦᠩᠰᠢᠭᠤᠷ ᠲᠦᠬᠦᠷᠢᠭ ᠲᠤ ᠬᠦᠷᠦᠭᠰᠡᠨ ᠪᠦᠭᠡᠳ ᠨᠠᠶᠢᠭᠡᠮ | ᠳᠤ ᠨᠠᠶᠢᠳᠠ 3340 ᠠᠵᠢᠯ ᠤᠨ ᠪᠠᠶᠢᠷᠢ ᠬᠠᠩᠭᠠᠭᠰᠠᠨ ᠪᠠᠶᠢᠨ᠎ᠠ᠃ ᠠᠷᠠᠯᠵᠢᠶᠠᠴᠢᠨ ᠤᠷᠢᠵᠥ ᠪᠡᠯᠨ ᠤᠷᠤᠭᠤᠯᠬᠤ ᠠᠵᠢᠯ | ᠡᠷᠴᠢᠮᠳᠠᠢ ᠦᠷᠨᠢᠭᠰᠡᠨ ᠪᠦᠭᠡᠳ ᠨᠡᠶᠢᠳᠠ 83 ᠲᠦᠰᠤᠯ ᠳᠤ ᠰᠠᠨᠠᠯ ᠨᠢᠭᠡᠳᠴᠤ ᠭᠡᠷ᠎ᠡ ᠲᠤᠭᠳᠠᠭᠰᠠᠨ ᠤ ᠬᠠᠮᠳᠤ ᠡᠳᠡᠭᠡᠷ | ᠪᠡᠯᠨ ᠤᠷᠤᠭᠤᠯᠤᠯᠳᠠ ᠲᠤᠮᠳᠠ ᠠᠶᠢᠮᠠᠭ ᠤᠨ ᠲᠤᠳᠤᠭᠠᠳᠤ ᠭᠠᠳᠠᠭᠠᠳᠤ ᠠᠴᠠ ᠤᠷᠤᠭᠤᠯᠤᠭᠰᠠᠨ ᠪᠡᠯᠨ ᠮᠦᠩᠬᠦ ᠨᠠᠶᠢᠳᠠ | 120.7 ᠳ᠋ᠦᠩᠰᠢᠭᠤᠷ ᠲᠦᠬᠦᠷᠢᠭ ᠲᠤ ᠬᠦᠷᠦᠭᠰᠡᠨ ᠪᠠᠶᠢᠨ᠎ᠠ᠃ ᠲᠠᠬᠢᠪᠠᠯ ᠬᠤᠰᠢᠭᠤᠨ ᠤ ᠬᠢᠯᠢ ᠲᠤᠳᠤᠷᠠᠬᠢ 546 ᠳᠡᠭᠰᠢ | ᠲᠦᠷᠪᠡᠯᠵᠢᠨ ᠺᠢᠯᠣᠮᠧᠲᠷ ᠭᠠᠵᠠᠷ ᠨᠤᠳᠤᠭ ᠲᠠᠬᠢ ᠴᠢᠯᠠᠭᠤᠨ ᠲᠣᠰᠣ ᠬᠠᠶᠢᠨ ᠰᠢᠨᠵᠢᠯᠡᠬᠦ ᠠᠵᠢᠯ ᠴᠢᠬᠤᠯᠨ ᠠᠬᠢᠯᠳᠠ ᠲᠠᠢ | ᠪᠤᠯᠤᠭᠰᠠᠨ ᠪᠦᠭᠡᠳ ᠡᠨᠡᠬᠦ ᠬᠠᠶᠢᠨ ᠰᠢᠨᠵᠢᠯᠡᠯᠳᠡ ᠶᠢᠨ ᠠᠵᠢᠯ ᠳᠤ ᠨᠠᠶᠢᠳᠠ 2.16 ᠳ᠋ᠦᠩᠰᠢᠭᠤᠷ ᠲᠦᠭᠦᠷᠢᠭ ᠤᠨ ᠪᠡᠯᠨ | ᠤᠷᠤᠭᠤᠯᠤᠭᠠᠳ ᠪᠠᠶᠢᠨ᠎ᠠ᠃ ︽ᠣᠷᠴᠢᠨ ᠠᠬᠤᠢ ᠳᠤ ᠦᠵᠡᠬᠦᠯᠬᠦ ᠨᠦᠯᠦᠭᠡᠯᠡᠯ ᠢ ᠬᠢᠨᠠᠨ ᠪᠠᠶᠢᠴᠠᠭᠠᠬᠤ ᠲᠦᠷᠢᠮ︾ ᠵᠢᠴᠢ | ︽ᠭᠤᠷᠪᠠᠨ ᠲᠠᠯ᠎ᠠ ᠲᠠᠢ ᠤᠶᠠᠯᠳᠤᠭᠤᠯᠬᠤ︾ ᠲᠦᠷᠢᠮ ︵ᠤᠷᠴᠢᠨ ᠲᠤᠭᠤᠷᠢᠨ ᠢ ᠰᠡᠷᠭᠡᠶᠢᠯᠡᠬᠦ ᠠᠷᠭ᠎ᠠ ᠠᠪᠴᠢᠯ ᠢ ᠪᠠᠷᠢᠯᠭ᠎ᠠ | ᠪᠠᠶᠢᠭᠤᠯᠤᠯᠳᠠ ᠶᠢᠨ ᠲᠦᠰᠤᠪ᠂ ᠠᠵᠢᠯ ᠤᠨ ᠶᠠᠪᠤᠴᠨ᠂ ᠠᠰᠢᠭᠯᠠᠯᠳᠠ ᠯᠤᠭ᠎ᠠ ᠤᠶᠠᠯᠳᠤᠭᠤᠯᠬᠤ ᠶᠢ ᠵᠢᠭᠠᠨ᠎ᠠ︶ ᠢ ᠴᠢᠩᠭ᠎ᠠ | ᠬᠡᠷᠡᠭᠵᠢᠬᠦᠯᠦᠨ ᠲᠣᠭᠳᠠᠭᠰᠠᠨ ᠡᠭᠦᠷᠭᠡ ᠬᠠᠷᠠᠯᠳᠠ ᠪᠠᠨ ᠠᠮᠵᠢᠯᠳᠠᠳᠠᠢ ᠪᠡᠶᠡᠯᠡᠬᠦᠯᠪᠡ᠃ | — — ᠲᠠᠪᠣᠨ ᠵᠢᠯ ᠤᠨ ᠲᠣᠷᠰᠢ᠂ ᠮᠠᠯ ᠲᠠᠷᠢᠶᠠᠯᠠᠩ ᠤᠨ ᠦᠢᠯᠡᠰ ᠲᠤᠭᠳᠠᠭᠤᠨ ᠢᠶᠠᠷ ᠬᠦᠭᠵᠢᠪᠡ᠃ ᠠᠮᠢ | ᠠᠬᠤᠢ ᠶᠢᠨ ᠪᠦᠳᠦᠭᠡᠨ ᠪᠠᠶᠢᠭᠤᠯᠣᠯᠳᠠ ᠶᠢᠨ ᠲᠠᠯ᠎ᠠ ᠪᠠᠷ ᠲᠠᠪᠤᠨ ᠵᠢᠯ ᠲᠤᠳᠤᠷ᠎ᠠ ᠨᠡᠶᠢᠳᠠ 2.4 ᠳ᠋ᠦᠩᠰᠢᠭᠤᠷ ᠲᠦᠭᠦᠷᠢᠭ | ᠤᠨ ᠪᠡᠯᠨ ᠤᠷᠤᠭᠤᠯᠤᠭᠰᠠᠨ ᠪᠦᠭᠡᠳ ᠪᠡᠭᠡᠵᠢᠩ ᠲᠢᠶᠠᠨᠵᠢᠨ ᠤᠨ ᠡᠯᠡᠰᠤᠨ ᠰᠢᠭᠤᠷᠭᠠᠨ ᠤ ᠡᠬᠢ ᠶᠢ ᠵᠠᠰᠠᠬᠤ ᠢᠨᠵᠧᠨᠧᠷᠢᠩ | ᠤᠨ ᠨᠢᠭᠡᠳᠤᠭᠡᠷ ᠬᠤᠭᠤᠴᠠᠭᠠᠨ ᠤ ᠠᠵᠢᠯ ᠢ ᠪᠦᠬᠦ ᠲᠠᠯ᠎ᠠ ᠪᠠᠷ ᠶᠠᠪᠤᠭᠳᠠᠭᠤᠯᠵᠥ ᠨᠡᠶᠢᠳᠠ 113.8 ᠲᠦᠮᠡᠨ ᠮᠤ᠋ ᠲᠠᠯᠠᠪᠠᠢ | ᠨᠤᠳᠤᠭ ᠪᠡᠯᠴᠢᠭᠡᠷ ᠤᠨ ᠠᠮᠢ ᠠᠬᠤᠢ ᠶᠢ ᠤᠶᠢᠵᠢᠭᠤᠯᠤᠨ ᠰᠡᠷᠭᠦᠭᠡᠪᠡ᠃ ᠲᠠᠯ᠎ᠠ ᠨᠣᠳᠤᠭ ᠤᠨ ᠠᠮᠢ ᠠᠬᠤᠢ ᠶᠢᠨ | ᠬᠠᠮᠠᠭᠠᠯᠠᠯᠳᠠ ᠶᠢᠨ ᠱᠠᠩᠨᠠᠯ ᠨᠦᠬᠦᠪᠦᠷᠢ ᠶᠢᠨ ᠲᠦᠷᠢᠮ ᠢ ᠭᠡᠷᠡᠭᠵᠢᠬᠦᠯᠦᠭᠰᠡᠨ ᠨᠤᠳᠤᠭ ᠪᠡᠯᠴᠢᠭᠡᠷ ᠤᠨ ᠲᠠᠯᠠᠪᠠᠢ ᠨᠡᠶᠢᠳᠠ | 1457.7 ᠲᠦᠮᠡᠨ ᠮᠤ᠋ ᠳᠤ ᠬᠦᠷᠴᠦ᠂ 1548 ᠠᠷᠠᠳ ᠢ ᠨᠡᠬᠦᠯᠬᠡᠨ ᠰᠢᠯᠵᠢᠬᠦᠯᠦᠭᠰᠡᠨ ᠪᠦᠭᠡᠳ ᠡᠯᠡᠰᠤᠷᠭᠡᠭᠵᠢᠭᠰᠡᠨ | ᠲᠠᠯᠠᠪᠠᠢ 354 ᠲᠦᠮᠡᠨ ᠮᠤ᠋ ᠪᠠᠷ ᠬᠠᠰᠤᠭᠳᠠᠵᠥ ᠤᠷᠭᠤᠮᠠᠯ ᠤᠨ ᠬᠤᠴᠢᠯᠳᠠ ᠶᠢᠨ ᠨᠤᠷᠮ᠎ᠡ ᠤᠤᠯ ᠤᠨ 55% ᠪᠠᠶᠢᠭᠰᠠᠨ | ᠠᠴᠠ ᠪᠠᠨ 65% ᠳᠤ ᠬᠦᠷᠦᠭᠰᠡᠨ ᠪᠠᠶᠢᠨ᠎ᠠ᠃ ᠪᠡᠭᠡᠵᠢᠩ ᠲᠢᠶᠠᠨᠵᠢᠨ ᠤᠨ ᠡᠯᠡᠰᠦᠨ ᠰᠢᠭᠤᠷᠭᠠᠨ ᠤ ᠡᠬᠢ ᠶᠢ ᠵᠠᠰᠠᠬᠤ | ᠵᠢᠴᠢ ᠠᠮᠢ ᠠᠬᠤᠢ ᠶᠢᠨ ᠪᠦᠲᠦᠭᠡᠨ ᠪᠠᠶᠢᠭᠤᠯᠣᠯᠳᠠ ᠶᠢᠨ ᠪᠦᠬᠦ ᠠᠶᠢᠮᠠᠭ ᠤᠨ ᠲᠣᠬᠠᠢ ᠶᠢᠨ ᠲᠠᠯᠠᠪᠠᠢ ᠶᠢᠨ ᠬᠤᠷᠠᠯ ᠢ | ᠠᠮᠵᠢᠯᠳᠠ ᠲᠠᠢ ᠡᠷᠬᠢᠯᠡᠨ ᠬᠤᠷᠠᠯᠳᠣᠪᠠ᠃ ᠲᠡᠷᠡᠴᠢᠯᠡᠨ ᠡᠯ᠎ᠡ ᠲᠦᠷᠦᠯ ᠤᠨ ᠮᠠᠯ ᠲᠠᠷᠢᠶᠠᠯᠠᠩ ᠤᠨ ᠬᠠᠷᠠᠭᠠᠯᠵᠠᠯᠳᠣ ᠲᠦᠷᠦ | ᠶᠢᠨ ᠪᠣᠳᠣᠯᠭ᠎ᠠ ᠶᠢ ᠬᠢᠨᠠᠮᠠᠭᠠᠢ ᠨᠠᠶᠢᠳᠠᠪᠤᠷᠢᠵᠢᠭᠤᠯᠵᠥ ︽ᠤᠶᠤᠳᠤ ᠺᠠᠷᠲ︾ ᠢᠶᠠᠷ ᠲᠠᠮᠵᠢᠭᠤᠯᠣᠨ 4.7 ᠳ᠋ᠦᠩᠰᠢᠭᠤᠷ | ᠲᠦᠭᠦᠷᠢᠭ ᠤᠨ ᠬᠠᠷᠠᠭᠠᠯᠵᠠᠯ ᠤᠨ ᠨᠦᠬᠦᠪᠦᠷᠢ ᠮᠦᠩᠬᠦ ᠶᠢ ᠲᠤᠷᠤᠭᠰᠢ ᠪᠠᠭᠤᠯᠭᠠᠪᠠ᠃ ᠤᠳᠤᠬᠠᠨ ᠳᠤ ᠡᠳᠡᠭᠡᠷ ᠲᠦᠰᠦᠯ | ᠤᠨ ᠬᠦᠷᠢᠶᠡᠨ ᠳᠤ ᠪᠠᠭᠳᠠᠭᠰᠠᠨ ᠭᠠᠵᠠᠷ ᠤᠷᠤᠨ ᠤ ᠮᠠᠯ ᠪᠤᠷᠤᠭᠤᠯᠤᠯᠳᠠ ᠶᠢᠨ ᠠᠵᠢᠯ ᠤᠷᠤᠭᠰᠢᠳᠠᠢ ᠶᠠᠪᠤᠭᠳᠠᠭᠰᠠᠭᠠᠷ | ᠪᠠᠶᠢᠨ᠎ᠠ᠃ ᠮᠠᠯᠵᠢᠯ ᠤᠨ ᠤᠨ ᠤ ᠲᠤᠭᠠᠯᠠᠯᠭ᠎ᠠ ᠶᠢᠨ ᠳ᠋ᠦᠩ ᠲᠤ ᠨᠠᠶᠢᠳᠠ ᠮᠠᠯ ᠤᠨ ᠲᠤᠭ᠎ᠠ ᠲᠤᠯᠤᠭᠠᠢ 53 ᠲᠦᠮᠨ ᠪᠣᠯᠵᠣ | ᠬᠢᠵᠠᠭᠠᠷᠯᠠᠭᠳᠠᠭᠰᠠᠨ ᠪᠦᠭᠡᠳ ᠮᠠᠯ ᠤᠨ ᠡᠬᠦᠯᠳᠡᠷ ᠰᠠᠶᠢᠵᠢᠷᠠᠭᠤᠯᠤᠭᠰᠠᠨ ᠨᠤᠷᠮ᠎ᠠ 98.7% ᠪᠠᠶᠢᠭᠰᠠᠨ ᠠᠴᠠ ᠪᠠᠨ 99. | 4% ᠳᠤ ᠬᠦᠷᠪᠡ᠃ ᠠᠮᠣ ᠪᠣᠳᠠᠭᠠᠨ ᠤ ᠶᠡᠷᠦᠩᠬᠡᠢ ᠣᠨᠠᠯᠳᠠ ᠬᠤᠷᠢᠶᠠᠯᠳᠠ ᠶᠢᠨ ᠬᠡᠮᠵᠢᠶ᠎ᠡ 0.28 ᠳ᠋ᠦᠩᠰᠢᠭᠤᠷ ᠺᠢᠯᠣᠭ᠍ᠷᠠᠮ | ᠳᠤ ᠬᠦᠷᠪᠡ᠃ ᠠᠵᠤ ᠦᠢᠯᠡᠰᠵᠢᠬᠦᠯᠦᠭᠰᠡᠨ ᠰᠠᠭᠤᠷᠢᠨ ᠭᠠᠵᠠᠷ 6 ᠶᠢ ᠪᠠᠶᠢᠭᠤᠯᠤᠭᠰᠠᠨ ᠪᠠ ᠡᠯ᠎ᠡ ᠲᠦᠷᠦᠯ ᠤᠨ ᠠᠵᠣ | ᠠᠬᠤᠢ ᠶᠢᠨ ᠬᠤᠷᠰᠢᠭᠰᠠᠨ ᠵᠤᠬᠢᠶᠠᠨ ᠪᠠᠶᠢᠭᠤᠯᠤᠯᠳᠠ 257 ᠶᠢ ᠪᠠᠶᠢᠭᠤᠯᠪᠠ᠃ ᠱᠦᠨ ᠴᠧᠩ᠂ ᠶᠥᠩ ᠴᠢᠤᠸᠠᠨ ᠵᠡᠷᠭᠡ | ᠮᠠᠯ ᠲᠠᠷᠢᠶᠠᠯᠠᠩ ᠤᠨ ᠪᠦᠳᠦᠭᠡᠭᠳᠡᠬᠦᠨ ᠢ ᠨᠠᠷᠢᠯᠢᠭ ᠪᠤᠯᠪᠠᠰᠤᠷᠠᠭᠤᠯᠬᠤ ᠠᠵᠣ ᠠᠬᠤᠶᠢᠯᠠᠯ ᠤᠳ ᠢ ᠬᠦᠴᠦᠯᠡᠨ ᠲᠡᠮᠵᠢᠭᠰᠡᠨ | ᠢᠶᠠᠷ ᠮᠠᠯ ᠲᠠᠷᠢᠶᠠᠯᠠᠩ ᠤᠨ ᠠᠵᠤ ᠦᠢᠯᠡᠰ ᠢ ᠵᠣᠬᠢᠶᠠᠨ ᠪᠠᠶᠢᠭᠤᠯᠤᠯᠳᠠ ᠲᠠᠢ ᠪᠣᠯᠭᠠᠨ ᠬᠡᠪᠴᠢᠶᠡᠵᠢᠬᠦᠯᠬᠦ ᠲᠠᠯ᠎ᠠ ᠪᠠᠷ ᠣᠯᠠᠮ | ᠨᠢᠬᠡ ᠠᠯᠬᠤᠮ ᠠᠬᠢᠭᠤᠯᠤᠭᠰᠠᠨ ᠪᠠᠶᠢᠨ᠎ᠠ᠃ ᠮᠠᠯ ᠲᠠᠷᠢᠶᠠᠯᠠᠩ ᠤᠨ ᠰᠠᠭᠤᠷᠢ ᠲᠦᠬᠦᠭᠡᠷᠦᠮᠵᠢ ᠶᠢᠨ ᠲᠠᠯ᠎ᠠ ᠪᠠᠷ ᠲᠠᠰᠤᠷᠠᠯᠳᠠ | ᠦᠭᠡᠢ ᠲᠡᠬᠦᠯᠳᠡᠷᠵᠢᠪᠠ᠃ ᠲᠠᠪᠣᠨ ᠵᠢᠯ ᠤᠨ ᠲᠣᠷᠰᠢ᠂ ᠨᠠᠶᠢᠳᠠ 15.5 ᠲᠦᠮᠡᠨ ᠮᠤ᠋ ᠨᠤᠳᠤᠭ ᠪᠡᠯᠴᠢᠬᠡᠷ ᠤᠨ ᠲᠣᠣᠷ | ᠬᠦᠷᠢᠶ᠎ᠡ᠂ 291 ᠫᠧᠩ ᠰᠠᠷᠠᠪᠴᠢ᠂ 279 ᠬᠦᠯᠡᠮᠵᠢ ᠶᠢᠨ ᠲᠣᠯᠠᠭᠠᠨ ᠫᠧᠩ᠂ 2.3 ᠲᠦᠮᠡᠨ ᠪᠤᠰᠤᠭ᠎ᠠ ᠲᠦᠷᠪᠡᠯᠵᠢᠨ | ᠮᠧᠲᠷ ᠤᠨ ᠨᠠᠶᠢᠳᠠ ᠭᠡᠮᠵᠢᠶ᠎ᠡ ᠪᠦᠬᠦᠢ ᠨᠣᠭᠤᠭᠠᠨ ᠳᠠᠷᠣᠰᠢ ᠶᠢᠨ ᠵᠣᠭᠤᠷᠢ ᠶᠢ ᠲᠣᠰ ᠲᠣᠰ ᠰᠢᠨ᠎ᠡ ᠪᠠᠷ ᠪᠠᠶᠢᠭᠤᠯᠪᠠ᠃ | ᠮᠠᠯᠵᠢᠬᠤ ᠲᠠᠷᠢᠶᠠᠯᠠᠬᠤ ᠣᠷᠣᠨ ᠤ ᠣᠣᠭᠤᠬᠤ ᠣᠰᠣᠨ ᠤ ᠠᠶᠣᠯᠬᠦᠢ ᠶᠢᠨ ᠢᠨᠵᠧᠨᠧᠷᠢᠩ ᠤᠨ ᠲᠦᠰᠤᠯ ᠢᠶᠠᠷ 69 ᠭᠠᠵᠠᠷ | ᠤᠨ ᠤᠰᠤ ᠬᠠᠩᠭᠠᠯᠭ᠎ᠠ ᠶᠢ ᠪᠡᠶᠡᠯᠡᠬᠦᠯᠦᠭᠰᠡᠨ ᠪᠠ ᠡᠬᠦᠨ ᠤ ᠲᠠᠭᠠᠤ ᠳᠤ ᠨᠠᠶᠢᠳᠠ 2.6 ᠲᠦᠮᠡᠨ ᠬᠦᠮᠦᠨ ᠠᠮᠠ ᠵᠢᠴᠢ 11. | 6 ᠲᠦᠮᠡᠨ ᠮᠠᠯ ᠤᠨᠤᠭᠠᠨ ᠤ ᠤᠰᠤ ᠤᠮᠳᠠᠨ ᠤ ᠠᠰᠠᠭᠤᠳᠠᠯ ᠢ ᠰᠢᠢᠳᠪᠦᠷᠢᠯᠡᠪᠡ᠃ ᠣᠰᠣᠨ ᠠᠰᠢᠭᠯᠠᠯᠳᠠ ᠶᠢᠨ | ᠦᠨᠳᠤᠰᠤᠨ ᠪᠠᠶᠢᠭᠤᠯᠣᠯᠳᠠ ᠶᠢᠨ ᠠᠵᠢᠯ ᠲᠠᠰᠤᠷᠠᠯᠳᠠ ᠦᠭᠡᠢ ᠴᠢᠩᠭᠠᠷᠠᠪᠠ᠃ ᠲᠣᠮᠳᠠ ᠪᠠᠭ᠎ᠠ ᠭᠤᠣᠯ ᠣᠷᠣᠰᠬᠠᠯ ᠢ | ᠵᠠᠰᠠᠬᠤ ᠢᠨᠵᠧᠨᠧᠷᠢᠩ ᠤᠨ ᠱᠠᠩᠳᠣ ᠶᠢᠨ ᠭᠤᠣᠯ ᠤᠨ ᠦᠶᠡᠷ ᠢ ᠰᠡᠷᠬᠡᠶᠢᠯᠡᠵᠣ ᠯᠠᠶᠢᠳᠠᠬᠤ ᠵᠡᠷᠭᠡ ᠭᠤᠣᠯ ᠤᠰᠤ ᠶᠢ ᠵᠠᠰᠠᠵᠥ | ᠵᠠᠯᠠᠬᠤ ᠠᠵᠢᠯ ᠢ ᠡᠬᠢᠯᠡᠬᠦᠯᠦᠭᠰᠡᠨ ᠪᠦᠭᠡᠳ ᠪᠦᠬᠦ ᠬᠤᠰᠢᠭᠤᠨ ᠤ ᠦᠶᠡᠷ ᠤᠰᠠᠳᠤᠯ ᠠᠴᠠ ᠰᠡᠷᠬᠡᠶᠢᠯᠡᠬᠦ ᠤᠷᠢᠳᠴᠢᠯᠠᠭᠰᠠᠨ | ᠰᠡᠷᠡᠮᠵᠢ ᠲᠤᠬᠢᠶᠠᠨ ᠤ ᠰᠢᠰᠲ᠋ᠧᠮ ᠢ ᠪᠠᠶᠢᠭᠤᠯᠪᠠ᠃ ᠨᠠᠶᠢᠳᠠ 593.9 ᠲᠦᠮᠡᠨ ᠮᠤ᠋ ᠬᠠᠮᠳᠤ ᠶᠢᠨ ᠠᠰᠢᠭᠳᠤ ᠤᠢ ᠰᠢᠭᠤᠢ | ᠳᠤ ᠦᠮᠴᠢᠯᠡᠬᠦ ᠡᠷᠭᠡ ᠶᠢᠨ ᠲᠦᠷᠢᠮ ᠤᠨ ᠦᠭᠡᠷᠡᠴᠢᠯᠡᠯᠳᠠ ᠶᠠᠪᠤᠭᠤᠯᠪᠠ᠃ ᠮᠠᠨ ᠤ ᠬᠤᠰᠢᠭᠤᠨ ᠤ ᠤᠢ ᠰᠢᠭᠤᠢ ᠶᠢᠨ | ᠪᠦᠷᠬᠦᠴᠨ ᠶᠢᠨ ᠭᠡᠮᠵᠢᠶ᠎ᠡ 12.04% ᠪᠠᠶᠢᠭᠰᠠᠨ ᠠᠴᠠ ᠪᠠᠨ ᠤᠳᠤ 20.8% ᠳᠤ ᠬᠦᠷᠦᠭᠰᠡᠨ ᠪᠠᠶᠢᠨ᠎ᠠ᠃ ᠲᠠᠪᠤᠨ ᠵᠢᠯ | ᠤᠨ ᠬᠤᠭᠤᠴᠠᠭᠠᠨ ᠳᠤ ᠡᠳ᠋ ᠤᠨ ᠵᠠᠰᠠᠭ ᠠᠴᠠ ᠨᠡᠶᠢᠳᠡ 5300 ᠲᠦᠮᠡᠨ ᠲᠦᠭᠦᠷᠢᠭ ᠤᠨ ᠶᠠᠳᠠᠭᠤ ᠶᠢ ᠳᠡᠳᠬᠦᠬᠦ ᠪᠡᠯᠨ | ᠮᠦᠩᠬᠦ ᠭᠠᠷᠭᠠᠨ 712 ᠡᠷᠦᠬᠡ ᠶᠢᠨ 2492 ᠬᠦᠮᠦᠨ ᠠᠮᠨ ᠶᠢ ᠨᠡᠬᠦᠯᠬᠡᠨ ᠰᠢᠯᠵᠢᠬᠦᠯᠦᠭᠰᠡᠨ ᠪᠦᠭᠡᠳ ᠶᠠᠳᠠᠭᠤ ᠶᠢ | ᠳᠡᠳᠬᠦᠨ ᠨᠡᠬᠡᠬᠡᠨ ᠬᠦᠭᠵᠢᠬᠦᠯᠬᠦ ᠲᠦᠰᠦᠯ 30 ᠶᠢ ᠭᠡᠷᠡᠭᠵᠢᠬᠦᠯᠦᠭᠰᠡᠨ ᠪᠠ ᠰᠢᠨ᠎ᠡ ᠬᠦᠳᠡᠭᠡ ᠲᠣᠰᠬᠤᠨ ᠤ ᠳᠣᠷᠰᠢᠯᠳᠠ | ᠶᠢᠨ ᠴᠡᠭ 15 ᠶᠢ ᠪᠠᠶᠢᠭᠤᠯᠪᠠ᠃ ᠬᠦᠨᠳᠦ ᠶᠡᠭᠡ ᠬᠢᠵᠢᠭ ᠲᠠᠬᠤᠯ ᠢ ᠰᠡᠷᠬᠡᠶᠢᠯᠡᠬᠦ ᠲᠠᠯ᠎ᠠ ᠪᠠᠷ ᠬᠦᠴᠤᠨ ᠢᠶᠠᠨ ᠨᠠᠮᠡᠭᠳᠡᠬᠦᠯᠵᠥ | ᠂ ᠮᠠᠯ ᠤᠨ ᠬᠢᠵᠢᠭ ᠢ ᠪᠠᠶᠢᠴᠠᠭᠠᠬᠤ᠂ ᠬᠢᠵᠢᠭ ᠤᠨ ᠪᠠᠶᠢᠳᠠᠯ ᠢ ᠰᠡᠷᠬᠡᠶᠢᠯᠡᠨ ᠡᠵᠡᠮᠰᠢᠬᠦ ᠠᠵᠢᠯ ᠢ ᠴᠢᠩᠭ᠎ᠠ | ᠨᠠᠶᠢᠳᠠᠪᠤᠷᠢᠵᠢᠭᠤᠯᠤᠭᠰᠠᠨ ᠪᠦᠭᠡᠳ ᠬᠦᠮᠦᠨ ᠠᠷᠠᠳ ᠤᠨ ᠲᠤᠮᠳᠠ ᠲᠡᠯᠭᠡᠷᠴᠤ ᠪᠠᠶᠢᠭ᠎ᠠ ᠪᠷᠦ᠋ᠽᠢᠯ ᠡᠪᠡᠳᠴᠢᠨ ᠵᠡᠷᠭᠡ | ᠡᠪᠡᠳᠴᠢᠨ ᠬᠢᠵᠢᠭ ᠤᠨ ᠪᠠᠶᠢᠳᠠᠯ ᠢ ᠪᠠᠳᠤᠳᠠᠢ ᠡᠵᠡᠮᠰᠢᠨ᠂ ᠮᠠᠯ ᠲᠠᠷᠢᠶᠠᠯᠠᠩ ᠤᠨ ᠦᠢᠯᠡᠰ ᠤᠨ ᠠᠶᠣᠯᠬᠦᠢ ᠦᠢᠯᠡᠳᠪᠦᠷᠢᠯᠡᠯ | ᠪᠠ ᠦᠷᠬᠡᠨ ᠣᠯᠠᠨ ᠰᠠᠭᠤᠭᠠᠯᠢ ᠠᠷᠠᠳ ᠤᠨ ᠢᠳᠡᠭᠡᠨ ᠣᠮᠳᠠᠭᠠᠨ ᠤ ᠠᠶᠣᠯᠬᠦᠢ ᠶᠢ ᠦᠨᠡᠨᠬᠦ ᠪᠠᠳᠣᠯᠠᠪᠠ᠃ | — — ᠲᠠᠪᠣᠨ ᠵᠢᠯ ᠤᠨ ᠲᠣᠷᠰᠢ᠂ ᠬᠤᠳᠠ ᠪᠠᠯᠭᠠᠰᠣᠨ ᠤ ᠲᠦᠷᠢ ᠲᠦᠷᠬᠦ ᠢᠯᠡᠳᠳᠠ ᠦᠭᠡᠷᠡᠴᠢᠯᠡᠭᠳᠡᠪᠡ᠃ | ᠱᠠᠩᠳᠣ ᠪᠠᠯᠭᠠᠰᠣᠨ ᠤ ᠶᠡᠷᠦᠩᠬᠡᠶᠢᠯᠡᠭᠰᠡᠨ ᠲᠦᠯᠦᠪᠯᠡᠭᠡ ᠶᠢ ᠵᠠᠰᠠᠨ ᠨᠠᠶᠢᠷᠠᠭᠤᠯᠤᠭᠰᠠᠨ ᠪᠠ ᠡᠯ᠎ᠡ ᠰᠤᠮᠤ ᠪᠠᠯᠭᠠᠰᠤᠨ ᠤ | ᠲᠦᠯᠦᠪᠵᠢᠬᠦᠯᠭᠡ ᠶᠢ ᠴᠤ ᠨᠠᠶᠢᠷᠠᠭᠤᠯᠤᠭᠰᠠᠨ ᠤ ᠬᠠᠮᠳᠤ ᠬᠤᠳᠠ ᠪᠠᠯᠭᠠᠰᠤᠨ ᠤ ᠲᠦᠯᠦᠪᠵᠢᠬᠦᠯᠭᠡ ᠪᠠᠶᠢᠷᠢᠯᠠᠭᠤᠯᠤᠯᠳᠠ ᠶᠢ | ᠴᠢᠩᠭ᠎ᠠ ᠨᠠᠶᠢᠳᠠᠪᠣᠷᠢᠵᠢᠭᠤᠯᠵᠣ ︽ᠬᠠᠤᠯᠢ ᠪᠤᠰᠤ ᠪᠠᠷ ᠭᠠᠵᠠᠷ ᠰᠢᠷᠤᠢ ᠭᠡᠷᠡᠭᠯᠡᠬᠦ᠂ ᠲᠦᠷᠢᠮ ᠲᠤᠭᠳᠠᠭᠠᠯ ᠠᠴᠠ ᠵᠦᠷᠢᠴᠡᠨ | ᠪᠠᠷᠢᠯᠭ᠎ᠠ ᠪᠠᠷᠢᠬᠤ︾ ᠠᠵᠢᠯᠯᠠᠭ᠎ᠠ ᠶᠢ ᠴᠢᠩᠭ᠎ᠠ ᠪᠠᠶᠢᠴᠠᠭᠠᠨ ᠰᠢᠢᠳᠪᠦᠷᠢᠯᠡᠪᠡ᠃ ᠬᠤᠳᠠ ᠶᠢᠨ ᠪᠠᠶᠢᠭᠤᠯᠤᠯᠳᠠ ᠳᠤ 7.8 | ᠳ᠋ᠦᠩᠰᠢᠭᠤᠷ ᠲᠦᠬᠦᠷᠢᠭ ᠤᠨ ᠬᠦᠷᠦᠩᠭᠡ ᠣᠷᠣᠭᠤᠯᠵᠣ᠂ ᠬᠤᠳᠠ ᠶᠢᠨ ᠲᠣᠭᠤᠷᠢᠭ ᠤᠨ ᠬᠠᠳᠠᠭᠤᠵᠢᠭᠤᠯᠣᠯᠳᠠ᠂ | ᠴᠢᠮᠡᠭᠯᠡᠯᠳᠡ᠂ ᠨᠣᠭᠤᠭᠠᠷᠠᠭᠤᠯᠣᠯᠳᠠ᠂ ᠭᠡᠷᠡᠯᠳᠦᠬᠦᠯᠬᠡ ᠪᠠ ᠵᠡᠬᠡᠯᠢ ᠭᠤᠳᠣᠮᠵᠢ ᠶᠢ ᠵᠠᠰᠠᠨ ᠪᠠᠶᠢᠭᠤᠯᠬᠤ ᠢᠨᠵᠧᠨᠧᠷᠢᠩ ᠢ | ᠬᠦᠴᠦᠯᠡᠨ ᠬᠡᠷᠡᠭᠵᠢᠬᠦᠯᠪᠡ᠃ ᠤᠳᠤ ᠪᠤᠯᠬᠤ ᠳᠤ ᠱᠠᠩᠳᠣ ᠪᠠᠯᠭᠠᠰᠣᠨ ᠤ ᠪᠠᠷᠢᠯᠭ᠎ᠠ ᠪᠠᠶᠢᠭᠤᠯᠤᠯᠳᠠ ᠶᠢᠨ ᠶᠡᠷᠦᠩᠬᠡᠢ ᠳᠠᠯᠠᠪᠠᠢ | 13.7 ᠳᠡᠭᠰᠢ ᠲᠦᠷᠪᠡᠯᠵᠢᠨ ᠺᠢᠯᠣᠮᠧᠲᠷ ᠬᠦᠷᠴᠦ᠂ ᠬᠤᠳᠠᠵᠢᠭᠰᠠᠨ ᠨᠣᠷᠮ᠎ᠠ ︵ᠬᠦᠮᠥᠨ ᠠᠷᠠᠳ ᠤᠨ ᠬᠤᠳᠠ ᠳᠤ | ᠲᠦᠪᠯᠡᠷᠡᠭᠰᠡᠨ ᠭᠡᠮᠵᠢᠶ᠎ᠡ︶ 52% ᠳᠤ ᠬᠦᠷᠪᠡ᠃ ᠰᠢᠳᠠᠭᠠᠯᠭ᠎ᠠ ᠬᠡᠢ ᠬᠠᠩᠭᠠᠬᠤ ᠲᠦᠰᠦᠯ᠂ ᠱᠠᠩᠳᠣ ᠪᠠᠯᠭᠠᠰᠣᠨ ᠤ | ᠪᠠᠷᠠᠭᠤᠨᠳᠠᠬᠢ ᠲᠦᠭᠡᠭᠡᠯ ᠣᠰᠣᠨ ᠤ ᠦᠢᠯᠡᠳᠪᠦᠷᠢ᠂ ᠪᠣᠬᠢᠷ ᠣᠰᠣ ᠰᠢᠢᠳᠪᠦᠷᠢᠯᠡᠬᠦ ᠦᠢᠯᠡᠳᠪᠦᠷᠢ᠂ ᠬᠤᠭ ᠤᠨ ᠪᠤᠯᠠᠰᠢᠨ ᠤ | ᠭᠠᠵᠠᠷ᠂ ᠰᠢᠷ᠎ᠠ ᠲᠠᠯ᠎ᠠ ᠶᠢᠨ ᠵᠦᠯᠭᠡᠳᠤ ᠴᠡᠴᠡᠷᠯᠢᠭ᠂ ᠢᠯᠴᠢᠨ ᠬᠦᠴᠤᠨ ᠤ ᠰᠢᠨ᠎ᠡ ᠦᠢᠯᠡᠳᠪᠦᠷᠢ ᠶᠢ ᠦᠷᠭᠡᠳᠬᠡᠨ | ᠪᠠᠶᠢᠭᠤᠯᠬᠤ ᠵᠡᠷᠭᠡ ᠪᠠᠷᠢᠯᠭ᠎ᠠ ᠪᠠᠶᠢᠭᠤᠯᠤᠯᠳᠠ ᠶᠢ ᠲᠠᠭᠤᠰᠬᠠᠪᠠ᠃ ᠠᠮᠢ ᠠᠬᠤᠢ ᠶᠢᠨ ᠬᠦᠷᠢᠶᠡᠯᠡᠩ᠂ ᠮᠣᠷᠢᠨ ᠬᠤᠭᠤᠷ | ᠠᠭᠤᠳᠠᠮ ᠲᠠᠯᠠᠪᠠᠢ ᠵᠡᠷᠭᠡ ᠰᠤᠶᠤᠯ ᠵᠤᠭᠠᠴᠠᠯ ᠤᠨ ᠲᠠᠯᠠᠪᠠᠢ ᠶᠢ ᠠᠰᠢᠭᠯᠠᠯᠳᠠ ᠳᠤ ᠤᠷᠤᠭᠤᠯᠪᠠ᠃ ᠲᠡᠷᠡᠴᠢᠯᠡᠨ | ᠪᠠᠶᠢᠷᠢᠯᠠᠭᠤᠯᠤᠯᠳᠠ ᠲᠦᠯᠦᠪᠯᠡᠯᠭᠡ ᠨᠢ ᠲᠣᠬᠢᠷᠠᠮᠵᠢᠳᠠᠢ᠂ ᠦᠢᠯᠡᠴᠢᠯᠡᠭᠡ ᠴᠢᠳᠠᠪᠬᠢ ᠨᠢ ᠪᠦᠷᠢᠨᠰᠢᠭᠰᠡᠨ ᠲᠤᠮᠤᠬᠠᠨ ᠭᠡᠮᠵᠢᠶᠡᠨ | ᠤ ᠰᠠᠭᠤᠭᠠᠯᠢ ᠠᠷᠠᠳ ᠤᠨ ᠲᠣᠭᠤᠷᠢᠭ ᠢ ᠪᠠᠶᠢᠭᠤᠯᠤᠭᠰᠠᠨ ᠪᠠᠶᠢᠨ᠎ᠠ᠃ ᠰᠧ ᠯᠠᠩ ᠴᠧᠩ ᠵᠠᠮ᠂ ᠨᠠᠶᠢᠷ ᠤᠨ ᠰᠢᠷᠡᠭᠡ ᠵᠡᠬᠡᠯᠢ | ᠂ ᠬᠤᠪᠢᠯᠠᠢ ᠲᠠᠯᠠᠪᠠᠢ ᠶᠢᠨ ᠡᠮᠦᠨ᠎ᠡ ᠵᠡᠬᠡᠯᠢ᠂ ᠲᠦᠷᠪᠡᠳᠦᠭᠡᠷ ᠵᠡᠭᠡᠯᠢ ᠵᠡᠷᠭᠡ ᠭᠤᠣᠯ ᠴᠢᠬᠤᠯᠨ ᠵᠠᠮ ᠵᠡᠭᠡᠯᠢ ᠶᠢᠨ ᠴᠠᠬᠢᠯᠭᠠᠨ ᠤ | ᠪᠤᠯᠤᠨ ᠮᠡᠳᠡᠭᠡ ᠬᠤᠯᠪᠤᠭᠠᠨ ᠤ ᠲᠠᠮᠵᠢᠭᠤᠯᠭ᠎ᠠ ᠤᠳᠠᠰᠤ ᠶᠢ ᠭᠠᠵᠠᠷ ᠲᠤᠤᠭᠤᠷ ᠶᠠᠪᠤᠭᠤᠯᠬᠤ ᠦᠬᠡᠷᠡᠴᠢᠯᠡᠯᠳᠡ ᠶᠢᠨ ᠠᠵᠢᠯ ᠢ | ᠬᠢᠵᠥ ᠳᠠᠭᠤᠰᠬᠠᠪᠠ᠃ ᠰᠠᠩ ᠤᠨ ᠳᠠᠯᠠᠢ᠂ ᠬᠠᠪᠢᠷᠭ᠎ᠠ᠂ 5.1 ᠮᠠᠯᠵᠢᠯ ᠤᠨ ᠲᠠᠯᠠᠪᠠᠢ ᠵᠡᠷᠭᠡ ᠵᠢᠵᠢᠭ ᠬᠤᠳᠠ ᠪᠠᠯᠭᠠᠰᠣᠨ ᠤ | ᠪᠦᠳᠦᠭᠡᠨ ᠪᠠᠶᠢᠭᠤᠯᠤᠯᠳᠠ ᠶᠢᠨ ᠠᠵᠢᠯ ᠢ ᠴᠢᠬᠤᠯᠠᠴᠢᠯᠠᠭᠰᠠᠨ ᠢᠶᠠᠷ ᠰᠠᠩ ᠤᠨ ᠲᠠᠯᠠᠢ ᠪᠠᠯᠭᠠᠰᠤᠨ ᠤ ᠤᠰᠤ ᠬᠠᠩᠭᠠᠯᠭ᠎ᠠ᠂ | ᠲᠤᠯᠠᠭᠠᠨ ᠬᠠᠩᠭᠠᠯᠭ᠎ᠠ ᠵᠡᠷᠭᠡ ᠪᠠᠷᠢᠯᠭ᠎ᠠ ᠪᠠᠶᠢᠭᠤᠯᠤᠯᠳᠠ ᠶᠢᠨ ᠠᠵᠢᠯ ᠢ ᠳᠠᠭᠤᠰᠬᠠᠨ᠂ ᠨᠡᠶᠢᠭᠡᠮ ᠤᠨ ᠨᠡᠶᠢᠳᠠ ᠶᠢᠨ | ᠦᠢᠯᠡᠴᠢᠯᠡᠭᠡᠨ ᠤ ᠬᠢᠷᠢ ᠲᠦᠪᠰᠢᠨ ᠲᠠᠰᠤᠷᠠᠯᠳᠠ ᠦᠭᠡᠢ ᠲᠡᠭᠡᠭᠰᠢᠯᠡᠪᠡ᠃ ᠬᠤᠳᠠ ᠪᠠᠯᠭᠠᠰᠣᠨ ᠤ ᠣᠷᠴᠢᠨ ᠲᠣᠭᠤᠷᠢᠨ ᠤ | ᠠᠷᠢᠭᠤᠨ ᠴᠡᠪᠡᠷ᠂ ᠨᠡᠶᠢᠬᠡᠮ ᠲᠣᠭᠤᠷᠢᠭ ᠤᠨ ᠬᠠᠮᠢᠶᠠᠷᠣᠯᠳᠠ ᠵᠡᠷᠭᠡ ᠡᠯ᠎ᠡ ᠠᠵᠢᠯ ᠲᠦᠷᠦᠯ ᠳᠣᠪᠣᠶᠢᠮ᠎ᠠ ᠦᠷ᠎ᠡ ᠪᠦᠳᠦᠮᠵᠢ | ᠣᠯᠪᠠ᠃ ᠲᠦᠷᠢᠶᠡᠰᠦᠨ ᠮᠠᠰᠢᠨ ᠤ ᠵᠦᠭᠡᠭᠡᠪᠦᠷᠢ ᠶᠢᠨ ᠲᠠᠯ᠎ᠠ ᠪᠠᠷ ᠬᠢ ᠦᠬᠡᠷᠡᠴᠢᠯᠡᠯᠳᠡ ᠶᠢ ᠴᠢᠩᠭ᠎ᠠ ᠶᠠᠪᠤᠭᠳᠠᠭᠤᠯᠵᠥ | ᠲᠦᠷᠢᠶᠡᠰᠦᠨ ᠮᠠᠰᠢᠨ ᠤ ᠶᠡᠷᠦᠩᠬᠡᠢ ᠲᠤᠭ᠎ᠠ ᠨᠢᠭᠡᠨᠳᠠ 269 ᠳᠤ ᠬᠦᠷᠴᠦ᠂ ︽ᠬᠠᠷ᠎ᠠ ᠳᠡᠷᠬᠡ︾ ᠪᠠᠷ ᠠᠶᠠᠨᠴᠢᠨ | ᠵᠦᠭᠡᠭᠡᠪᠦᠷᠢᠯᠡᠵᠦ ᠪᠠᠶᠢᠭ᠎ᠠ ᠬᠠᠤᠯᠢ ᠪᠤᠰᠤ ᠠᠵᠢᠯᠯᠠᠭ᠎ᠠ ᠳᠤ ᠴᠢᠩᠭ᠎ᠠ ᠴᠣᠬᠢᠯᠳᠠ ᠦᠭᠬᠦᠭᠰᠡᠨ ᠪᠠᠶᠢᠨ᠎ᠠ᠃ ᠰᠣᠮᠣ ᠪᠠᠯᠭᠠᠰᠣᠨ | ᠳᠤ ᠨᠠᠶᠢᠳᠠ 273.4 ᠺᠢᠯᠤᠮᠧᠲᠷ ᠵᠠᠰᠠᠮᠠᠯ ᠵᠠᠮ ᠲᠡᠪᠢᠰᠴᠤ 100% ᠪᠠᠷ ᠠᠶᠠᠨᠴᠢᠨ ᠤ ᠮᠠᠰᠢᠨ ᠨᠡᠪᠳᠡᠷᠡᠭᠰᠡᠨ ᠪᠠ | ᠭᠠᠴᠠᠭ᠎ᠠ ᠲᠣᠰᠬᠤᠨ ᠳᠤ ᠨᠠᠶᠢᠳᠠ 647.6 ᠺᠢᠯᠣᠮᠧᠲᠷ ᠤᠨ ᠵᠠᠮ ᠲᠡᠪᠢᠰᠴᠤ ᠮᠠᠰᠢᠨ ᠨᠡᠪᠳᠡᠷᠡᠭᠰᠡᠨ ᠨᠣᠷᠮ᠎ᠠ 95% ᠳᠤ | ᠬᠦᠷᠪᠡ᠃ ᠣᠯᠣᠰ ᠤᠨ ᠵᠠᠮ 207 ᠱᠣᠭᠤᠮ ᠤᠨ ᠰᠠᠩ ᠤᠨ ᠲᠠᠯᠠᠢ ᠠᠴᠠ ᠪᠣᠣᠴᠠᠩ ᠬᠦᠷᠬᠦ ᠬᠡᠰᠡᠭ ᠪᠠ ᠰᠢᠯᠢᠩᠬᠤᠳᠠ | ᠠᠴᠠ ᠰᠠᠩ ᠤᠨ ᠲᠠᠯᠠᠢ ᠬᠦᠷᠬᠦ ᠬᠡᠰᠡᠭ ᠤᠨ ᠲᠦᠷᠭᠡᠨ ᠵᠠᠮ ᠤᠨ ᠲᠦᠰᠦᠯ᠂ ᠰᠢᠯᠢᠨ ᠭᠤᠣᠯ ᠠᠶᠢᠮᠠᠭ ᠠᠴᠠ ᠪᠡᠭᠡᠵᠢᠩ | ᠣᠷᠣᠬᠤ ᠵᠠᠮ ᠤᠨ ᠰᠠᠩ ᠤᠨ ᠲᠠᠯᠠᠢ ᠠᠴᠠ ᠱᠠᠩᠳᠣ ᠬᠦᠷᠬᠦ ᠬᠡᠰᠡᠭ ᠪᠠ ᠱᠠᠩᠳᠣ ᠪᠠᠯᠭᠠᠰᠤᠨ ᠠᠴᠠ 15 ᠳ᠋ᠤᠭᠠᠷ ᠦᠷᠳᠡᠭᠡ | ᠬᠦᠷᠬᠦ ᠵᠠᠰᠠᠮᠠᠯ ᠵᠠᠮ ᠤᠨ ᠲᠦᠰᠦᠯ ᠵᠢᠴᠢ ᠰᠢᠯᠢᠩᠬᠤᠳᠠ ᠠᠴᠠ ᠳᠣᠯᠣᠨᠨᠠᠭᠤᠷ ᠬᠦᠷᠬᠦ ᠲᠡᠮᠤᠷ ᠵᠠᠮ᠂ ᠵᠢᠨᠢᠩ ᠠᠴᠠ | ᠲᠦᠩᠯᠢᠶᠤᠤ ᠬᠦᠷᠬᠦ ᠲᠡᠮᠤᠷ ᠵᠠᠮ ᠤᠨ ᠲᠠᠭᠠᠯᠳᠠ ᠱᠤᠭᠤᠮ ᠵᠡᠷᠭᠡ ᠣᠯᠣᠰ ᠤᠨ ᠪᠤᠯᠤᠨ ᠦᠪᠡᠷᠳᠡᠭᠡᠨ ᠵᠠᠰᠠᠬᠤ ᠣᠷᠣᠨ ᠤ | ᠨᠢᠬᠡ ᠪᠦᠯᠦᠭ ᠭᠤᠣᠯᠳᠠᠯᠭᠠᠳᠣ ᠲᠦᠰᠦᠯ ᠤᠨ ᠪᠦᠳᠦᠭᠡᠨ ᠪᠠᠶᠢᠭᠤᠯᠣᠯᠳᠠ ᠶᠢ ᠡᠬᠢᠯᠡᠬᠦᠯᠵᠠᠢ᠃ ᠱᠠᠩᠳᠣ ᠨᠢᠰᠬᠡᠯ ᠤᠨ | ᠪᠠᠭᠤᠳᠠᠯ ᠤᠨ ᠪᠠᠶᠢᠷᠢᠯᠠᠯ ᠢ ᠰᠣᠩᠭᠤᠬᠤ ᠠᠵᠢᠯ ᠪᠤᠳᠠᠳᠠᠢ ᠠᠬᠢᠯᠳᠠ ᠲᠠᠢ ᠪᠤᠯᠪᠠ᠃ ᠨᠠᠷᠠᠳᠤ ᠪᠤᠯᠤᠨ 5.1 ᠮᠠᠯᠵᠢᠯ ᠤᠨ | ᠲᠠᠯᠠᠪᠠᠢ ᠳᠤ 35 ᠺᠢᠯᠣᠸᠠᠲ ᠤᠨ ᠬᠦᠴᠦᠳᠡᠯ ᠦᠬᠡᠷᠡᠴᠢᠯᠡᠬᠦ ᠦᠷᠳᠡᠭᠡ᠂ ᠰᠠᠩ ᠤᠨ ᠲᠠᠯᠠᠢ ᠳᠤ 110 ᠺᠢᠯᠣᠸᠠᠲ ᠤᠨ | ᠬᠦᠴᠦᠳᠡᠯ ᠦᠭᠡᠷᠡᠴᠢᠯᠡᠬᠦ ᠦᠷᠳᠡᠭᠡ ᠶᠢ ᠲᠤᠰ ᠲᠤᠰ ᠰᠢᠨ᠎ᠡ ᠪᠠᠷ ᠪᠠᠶᠢᠭᠤᠯᠤᠭᠰᠠᠨ ᠪᠦᠭᠡᠳ ᠬᠠᠪᠢᠷᠭ᠎ᠠ ᠶᠢᠨ 35 | ᠺᠢᠯᠣᠸᠠᠲ ᠤᠨ ᠬᠦᠴᠦᠳᠡᠯ ᠦᠬᠡᠷᠡᠴᠢᠯᠡᠬᠦ ᠦᠷᠳᠡᠭᠡ ᠶᠢ ᠦᠭᠡᠷᠡᠴᠢᠯᠡᠨ ᠪᠠᠶᠢᠭᠤᠯᠪᠠ᠃ ᠪᠦᠬᠦ ᠬᠤᠰᠢᠭᠤᠨ ᠤ ᠭᠠᠴᠠᠭ᠎ᠠ | ᠲᠤᠰᠬᠤᠨ ᠪᠠ ᠮᠠᠯᠵᠢᠬᠤ ᠲᠠᠷᠢᠶᠠᠯᠠᠬᠤ ᠡᠷᠦᠬᠡ ᠳᠤ ᠴᠠᠬᠢᠯᠭᠠᠨ ᠨᠡᠪᠳᠡᠷᠡᠭᠰᠡᠨ ᠨᠤᠷᠮ᠎ᠠ ᠲᠣᠰ ᠲᠣᠰ 100% ᠪᠠ 75% | ᠳᠤ ᠬᠦᠷᠪᠠ᠃ | — — ᠲᠠᠪᠣᠨ ᠵᠢᠯ ᠤᠨ ᠲᠣᠷᠰᠢ᠂ ᠦᠢᠯᠡᠴᠢᠯᠡᠬᠡᠨ ᠤ ᠦᠢᠯᠡᠰ ᠲᠦᠷᠭᠡᠨ ᠬᠦᠭᠵᠢᠪᠡ᠃ ᠱᠠᠩᠳᠣ ᠨᠠᠭᠤᠷ᠂ ᠳ᠋ᠠ | ᠵᠦᠩ ᠬᠤᠸ᠋ᠨ᠂ ᠪᠣᠷᠣᠬᠤᠳᠠ ᠶᠢᠨ ︽ᠶᠢᠨ ᠺᠠᠩ︾ ᠵᠡᠷᠭᠡ ᠵᠢᠭᠤᠯᠴᠢᠯᠠᠯ ᠤᠨ ᠭᠠᠵᠠᠷ ᠢ ᠡᠬᠢᠯᠡᠨ ᠪᠠᠶᠢᠭᠤᠯᠤᠭᠰᠠᠨ ᠪᠦᠬᠡᠳ | ᠶᠣᠸᠠᠨ ᠤ ᠳᠡᠭᠡᠳᠦ ᠨᠡᠶᠢᠰᠯᠡᠯ ᠤᠨ ᠪᠠᠭᠤᠷᠢ᠂ ᠠᠯᠳᠠᠩᠬᠤᠸ᠎ᠠ ᠶᠢᠨ ᠲᠠᠯ᠎ᠠ᠂ ᠦᠬᠡᠷᠴᠢᠨ ᠣᠪᠣᠭ᠎ᠠ᠂ ᠪᠠᠭ᠎ᠠ ᠵᠢᠭᠠᠰᠣᠳᠠᠢ | ᠨᠠᠭᠤᠷ᠂ ᠬᠡᠶᠢᠪᠡᠩ ᠭᠤᠣᠯ᠂ ᠭᠤᠭᠤᠰᠣᠳᠠᠢ ᠶᠢᠨ ᠭᠤᠣᠯ ᠵᠡᠷᠭᠡ ᠨᠢᠬᠡ ᠪᠦᠯᠦᠭ ᠲᠠᠯ᠎ᠠ ᠨᠣᠳᠤᠭ ᠤᠨ ᠵᠢᠭᠤᠯᠴᠢᠯᠠᠯ ᠤᠨ | ᠦᠵᠡᠮᠵᠢᠳᠤ ᠴᠡᠭ ᠢ ᠨᠡᠭᠡᠭᠡᠨ ᠬᠦᠭᠵᠢᠬᠦᠯᠪᠡ᠃ ᠮᠠᠨ ᠤ ᠬᠤᠰᠢᠭᠤᠨ ᠳᠤ A ᠲᠡᠰ ᠤᠨ ᠵᠢᠭᠤᠯᠴᠢᠯᠠᠯ ᠤᠨ ᠭᠠᠵᠠᠷ ᠤᠳᠤ | ᠪᠠᠷ 2 ᠪᠠᠶᠢᠨ᠎ᠠ᠃ ᠡᠬᠦᠨ ᠤ ᠣᠯᠠᠮ ᠢᠶᠠᠷ ᠵᠢᠭᠤᠯᠴᠢᠯᠠᠯ ᠳᠤ ᠵᠣᠷᠢᠭᠤᠯᠣᠭᠳᠠᠭᠰᠠᠨ ᠢᠳᠡᠭᠡᠨ ᠣᠮᠳᠠᠭᠠᠨ᠂ ᠬᠤᠨᠤᠭ | ᠪᠠᠭᠤᠴᠠ᠂ ᠵᠤᠭ᠎ᠠ ᠴᠡᠩᠭᠦᠨ᠂ ᠰᠡᠯᠡᠬᠦᠴᠡᠯ ᠤᠨ ᠠᠵᠢᠯ ᠲᠦᠷᠦᠯ ᠪᠦᠬᠦ ᠲᠠᠯ᠎ᠠ ᠪᠠᠷ ᠬᠦᠭᠵᠢᠵᠣ ᠴᠢᠳᠠᠪᠠ᠃ ︽ᠮᠠᠯᠴᠢᠨ | ᠡᠷᠤᠭᠡ︾ ᠵᠢᠭᠤᠯᠴᠢᠯᠠᠯ ᠤᠨ ᠴᠡᠭ 56 ᠳᠤ ᠬᠦᠷᠦᠭᠰᠡᠨ ᠪᠠ ᠦᠨᠳᠦᠰᠦᠳᠡᠨ ᠤ ᠭᠠᠷ ᠣᠷᠠᠯᠠᠯ ᠤᠨ ᠳᠡᠯᠭᠡᠭᠦᠷ ᠤᠨ ᠲᠤᠭ᠎ᠠ | 34 ᠪᠤᠯᠪᠠ᠃ ᠲᠠᠪᠣᠨ ᠵᠢᠯ ᠳᠤ ᠮᠠᠨ ᠤ ᠬᠤᠰᠢᠭᠤᠨ ᠳᠤ ᠢᠷᠡᠭᠰᠡᠨ ᠵᠢᠭᠤᠯᠴᠢᠳ ᠤᠨ ᠨᠠᠶᠢᠳᠠ ᠲᠤᠭ᠎ᠠ 160.6 ᠲᠦᠮᠡᠨ | ᠬᠦᠮᠦᠨ ᠣᠳᠠᠭ᠎ᠠ ᠶᠢ ᠲᠠᠪᠠᠵᠥ 7.29 ᠳ᠋ᠦᠩᠰᠢᠭᠤᠷ ᠲᠦᠭᠦᠷᠢᠭ ᠤᠨ ᠬᠠᠮᠢᠶ᠎ᠠ ᠪᠦᠬᠦᠢ ᠣᠷᠣᠯᠭ᠎ᠠ ᠶᠢ ᠡᠬᠦᠳᠴᠠᠢ᠃ ︽ᠯᠢ | ᠲᠥᠩ︾᠂ ︽ᠱᠦᠨ ᠹᠧᠩ︾ ᠵᠡᠷᠭᠡ ᠪᠠᠷᠠᠭᠠᠨ ᠤ ᠵᠦᠬᠡᠬᠡᠪᠦᠷᠢ ᠶᠢᠨ ᠠᠵᠣ ᠠᠬᠤᠶᠢᠯᠠᠯ ᠢ ᠳᠠᠳᠠᠨ ᠤᠷᠤᠭᠤᠯᠤᠭᠰᠠᠨ ᠪᠠ | ᠱᠠᠩᠳᠣ ᠪᠠᠭᠤᠳᠠᠯ᠂ ᠬᠤᠸᠠᠩ ᠴᠣᠣ ᠪᠠᠭᠤᠳᠠᠯ᠂ ᠨᠠᠷᠠᠨ ᠭᠡᠷᠡᠯ ᠬᠡᠳᠦ ᠳᠡᠯᠭᠡᠭᠦᠷ ᠵᠡᠷᠭᠡ ᠵᠣᠴᠢᠳ ᠪᠠᠭᠤᠳᠠᠯ᠂ ᠬᠤᠭᠤᠯᠠᠨ | ᠬᠡᠷ᠂ ᠬᠤᠯᠪᠣᠭᠠᠳᠣ ᠳᠡᠯᠬᠡᠬᠦᠷ ᠶᠢ ᠰᠢᠨ᠎ᠡ ᠪᠠᠷ ᠪᠣᠶᠣ ᠵᠠᠰᠠᠨ ᠪᠠᠶᠢᠭᠤᠯᠪᠠ᠃ ︽ᠲᠥᠮᠡᠨ ᠲᠣᠰᠬᠤᠨ ᠮᠢᠩᠭᠠᠨ ᠭᠠᠴᠠᠭᠠᠨ ᠤ | ᠵᠠᠬ᠎ᠠ ᠳᠡᠯᠭᠡᠭᠦᠷ ᠤᠨ ᠢᠨᠵᠧᠨᠧᠷᠢᠩ︾ ᠪᠤᠯᠤᠨ ︽ᠭᠡᠷ ᠤᠨ ᠴᠠᠬᠢᠯᠭᠠᠨ ᠬᠡᠷᠡᠭᠰᠡᠯ ᠢ ᠬᠥᠳᠡᠭᠡ ᠪᠠᠭᠤᠯᠭᠠᠬᠤ︾ ᠢᠨᠵᠧᠨᠧᠷᠢᠩ | ᠢ ᠢᠳᠡᠪᠬᠢᠳᠠᠢ ᠠᠬᠢᠭᠤᠯᠵᠥ᠂ ᠨᠠᠶᠢᠳᠠ 602 ᠲᠦᠮᠡᠨ ᠲᠦᠭᠦᠷᠢᠭ ᠤᠨ ᠬᠠᠷᠠᠭᠠᠯᠵᠠᠭᠰᠠᠨ ᠨᠦᠬᠦᠪᠤᠷᠢ ᠶᠢ ᠠᠷᠠᠳ ᠲᠤ | ᠤᠯᠭᠤᠪᠠ᠃ ᠤᠳᠤ ᠪᠠᠶᠢᠭᠤᠯᠤᠭᠳᠠᠭᠠᠳ ᠪᠠᠶᠢᠭ᠎ᠠ ᠠᠴᠢᠶ᠎ᠠ ᠵᠦᠭᠡᠭᠡᠪᠦᠷᠢ ᠲᠤᠬᠢᠷᠠᠭᠤᠯᠬᠤ ᠭᠠᠵᠠᠷ 2᠂ ︽ᠬᠦᠳᠡᠭᠡ | ᠲᠣᠰᠬᠤᠨ ᠤ ᠳᠡᠯᠭᠡᠭᠦᠷ︾ 106 ᠪᠠᠶᠢᠵᠣ᠂ ︽ᠮᠧᠩ ᠯᠦᠩ︾ ᠮᠠᠯ ᠲᠠᠷᠢᠶᠠᠯᠠᠩ ᠤᠨ ᠪᠦᠳᠦᠭᠡᠭᠳᠡᠬᠦᠨ ᠪᠤᠷᠤᠯᠠᠭᠤᠯᠬᠤ | ᠵᠠᠬ᠎ᠠ ᠲᠡᠯᠭᠡᠬᠦᠷ ᠲᠦᠷᠭᠡᠨ ᠬᠦᠭᠵᠢᠯᠳᠠ ᠲᠠᠢ ᠪᠤᠯᠤᠭᠰᠠᠨ ᠮᠦᠷᠳᠡᠭᠡᠨ ᠬᠤᠳᠠ ᠪᠠᠯᠭᠠᠰᠤᠨ ᠤ ᠵᠠᠬ᠎ᠠ ᠲᠡᠯᠭᠡᠬᠦᠷ ᠤᠨ | ᠰᠦᠯᠵᠢᠶ᠎ᠡ ᠤᠯᠠᠮ ᠢᠶᠠᠷ ᠲᠡᠬᠦᠯᠳᠡᠷᠵᠢᠭᠰᠡᠭᠡᠷ ᠪᠠᠶᠢᠨ᠎ᠠ᠃ ᠠᠷᠠᠳ ᠠᠴᠠ ᠡᠷᠬᠢᠯᠡᠭᠰᠡᠨ ᠠᠵᠣ ᠠᠬᠤᠢ ᠦᠷᠬᠦᠯᠵᠢᠯᠡᠨ | ᠬᠦᠭᠵᠢᠵᠣ ᠲᠠᠪᠣᠨ ᠵᠢᠯ ᠳᠤ ᠨᠠᠶᠢᠳᠠ 2691 ᠡᠷᠦᠬᠡ ᠨᠡᠮᠡᠭᠳᠡᠪᠡ᠃ ᠠᠮᠣ ᠪᠣᠳᠠᠭᠠᠨ ᠤ ᠨᠦᠬᠡᠴᠡᠯᠡᠨ ᠬᠠᠳᠠᠭᠠᠯᠠᠬᠤ ᠪᠠ | ᠬᠦᠢᠯᠭᠡᠭᠡ ᠵᠦᠭᠡᠭᠡᠪᠦᠷᠢ ᠶᠢᠨ ᠬᠦᠴᠤᠨ ᠮᠡᠳᠡᠭᠳᠡᠮ᠎ᠡ ᠴᠢᠩᠭᠠᠷᠠᠪᠠ᠃ ᠰᠣᠮᠣ ᠪᠠᠯᠭᠠᠰᠤ ᠪᠤᠯᠭᠠᠨ ᠳᠤ ᠠᠷᠠᠳ ᠲᠤ | ᠦᠢᠯᠡᠴᠢᠯᠡᠭᠡ ᠬᠠᠩᠭᠠᠬᠤ ᠲᠢᠩᠬᠢᠮ ᠪᠠᠶᠢᠭᠤᠯᠤᠭᠳᠠᠭᠰᠠᠨ ᠪᠠ 128 ᠭᠠᠴᠠᠭ᠎ᠠ ᠲᠣᠰᠬᠤᠨ ᠳᠤ ᠣᠷᠣᠯᠠᠨ ᠬᠦᠢᠴᠡᠳᠬᠡᠬᠦ | ᠴᠡᠭ ᠪᠠᠶᠢᠭᠤᠯᠤᠭᠳᠠᠪᠠ᠃ 2012 ᠣᠨ ᠤ ᠵᠢᠯ ᠤᠨ ᠰᠡᠬᠦᠯᠴᠢ ᠶᠢᠨ ᠮᠦᠩᠬᠦᠨ ᠬᠦᠢᠯᠬᠡᠬᠡᠨ ᠤ ᠪᠠᠶᠢᠭᠤᠯᠤᠮᠵᠢ ᠶᠢᠨ | ᠬᠠᠳᠠᠭᠠᠯᠠᠮᠵᠢ ᠪᠤᠯᠤᠨ ᠵᠢᠬᠡᠯᠡᠯᠬᠡ ᠶᠢᠨ ᠦᠯᠡᠳᠡᠪᠦᠷᠢ ᠲᠤᠭ᠎ᠠ ᠲᠣᠰ ᠲᠣᠰ 48.4 ᠳ᠋ᠦᠩᠰᠢᠭᠤᠷ ᠲᠦᠭᠦᠷᠢᠭ ᠪᠠ 56.4 | ᠳ᠋ᠦᠩᠰᠢᠭᠤᠷ ᠲᠦᠭᠦᠷᠢᠭ ᠲᠤ ᠬᠦᠷᠴᠠᠢ᠃ | — — ᠲᠠᠪᠣᠨ ᠵᠢᠯ ᠤᠨ ᠲᠣᠷᠰᠢ᠂ ᠳᠡᠯᠡᠬᠡᠢ ᠶᠢᠨ ᠰᠣᠶᠣᠯ ᠤᠨ ᠦᠪ ᠳᠤ ᠡᠷᠡᠮᠡᠯᠵᠡᠯᠡᠬᠦ ᠠᠵᠢᠯ ᠲᠦᠭᠦᠷᠡᠩ | ᠠᠮᠵᠢᠯᠳᠠ ᠣᠯᠪᠠ᠃ ᠶᠣᠸᠠᠨ ᠤ ᠳᠡᠭᠡᠳᠦ ᠨᠡᠶᠢᠰᠯᠡᠯ ᠤᠨ ᠪᠠᠭᠤᠷᠢ ᠨᠢ ᠳᠡᠯᠡᠬᠡᠢ ᠶᠢᠨ ᠰᠣᠶᠣᠯ ᠤᠨ ᠦᠪ ᠲᠤ ᠡᠷᠡᠮᠡᠯᠵᠡᠯᠡᠬᠦ | ᠪᠡᠯᠡᠳᠬᠡᠯ ᠨᠡᠷᠡᠰ ᠲᠤ ᠨᠡᠷ᠎ᠡ ᠲᠡᠪᠰᠢᠭᠰᠡᠨ ᠠᠴᠠ ᠨᠠᠰᠢ ᠳᠡᠭᠡᠳᠦ ᠱᠠᠳᠣᠨ ᠤ ᠨᠠᠮ ᠵᠠᠰᠠᠭ ᠤᠨ ᠵᠦᠪ ᠣᠨᠣᠪᠴᠢᠳᠠᠢ | ᠣᠳᠣᠷᠢᠳᠣᠯᠭ᠎ᠠ ᠲᠣᠣᠷ᠎ᠠ᠂ ᠲᠦᠷᠦᠬᠦᠤ ᠲᠦᠷᠦᠬᠦᠴᠢ ᠶᠢᠨ ᠤᠳᠤᠷᠢᠳᠬᠤ ᠪᠠᠭ ᠤᠨ ᠬᠢᠨ ᠡᠨᠡᠬᠦ ᠬᠦᠨᠳᠤ ᠠᠵᠢᠯ ᠢ | ᠵᠠᠯᠭᠠᠮᠵᠢᠯᠠᠨ ᠡᠬᠦᠷᠭᠡᠯᠡᠵᠥ᠂ ᠬᠤᠰᠢᠭᠤᠨ ᠤ ᠲᠦᠭ ᠲᠦᠮᠡᠨ ᠠᠷᠠᠳ ᠤᠯᠠᠨ ᠢ ᠪᠦᠯᠬᠦᠮᠳᠡᠬᠦᠯᠦᠨ ᠳᠠᠶᠢᠴᠢᠯᠠᠵᠣ 16 ᠵᠢᠯ | ᠰᠢᠷᠭᠠᠭᠠᠤ ᠲᠡᠮᠡᠴᠡᠭᠰᠡᠨ ᠤ ᠳ᠋ᠦᠩ ᠲᠤ ᠡᠴᠤᠰ ᠤᠨ ᠢᠯᠠᠯᠳᠠ ᠶᠢ ᠤᠭᠳᠤᠨ ᠠᠪᠴᠢᠷᠠᠭᠰᠠᠨ ᠪᠢᠯᠨ᠃ ᠡᠨᠡᠬᠦ ᠶᠠᠪᠤᠳᠠᠯ ᠨᠢ | ᠦᠪᠦᠷ ᠮᠣᠩᠭᠤᠯ ᠳᠤ ᠲᠡᠯᠡᠬᠡᠢ ᠶᠢᠨ ᠰᠣᠶᠣᠯ ᠤᠨ ᠦᠪ ᠦᠭᠡᠢ ᠪᠠᠶᠢᠭᠰᠠᠨ ᠲᠡᠦᠭᠡ ᠶᠢ ᠡᠴᠦᠰᠯᠡᠬᠦᠯᠦᠭᠰᠡᠨ ᠮᠦᠷᠳᠡᠭᠡᠨ | ᠲᠡᠯᠡᠬᠡᠢ ᠶᠢᠨ ᠰᠣᠶᠣᠯ ᠤᠨ ᠦᠪ ᠦᠯᠡᠳᠡᠭᠳᠡᠯ ᠪᠤᠯᠤᠭᠰᠠᠨ ᠶᠣᠸᠠᠨ ᠤ ᠳᠡᠭᠡᠳᠦ ᠨᠡᠶᠢᠰᠯᠡᠯ ᠤᠨ ᠪᠠᠭᠤᠷᠢ ᠶᠢ ᠨᠡᠩ ᠰᠠᠶᠢᠨ | ᠬᠠᠮᠢᠶᠠᠷᠤᠨ ᠬᠠᠮᠠᠭᠠᠯᠠᠬᠤ ᠵᠢᠴᠢ ᠠᠰᠢᠭᠯᠠᠬᠤ ᠲᠠᠯ᠎ᠠ ᠲᠡᠭᠡᠷ᠎ᠡ ᠪᠠᠳᠣ ᠰᠠᠭᠤᠷᠢ ᠶᠢ ᠲᠠᠯᠪᠢᠵᠣ ᠦᠭᠬᠦᠭᠰᠡᠨ ᠶᠤᠮ᠃ | — — ᠲᠠᠪᠣᠨ ᠵᠢᠯ ᠤᠨ ᠲᠣᠷᠰᠢ᠂ ᠠᠷᠠᠳ ᠤᠨ ᠠᠮᠢᠳᠣᠷᠠᠯ ᠳᠤ ᠬᠤᠯᠪᠤᠭᠳᠠᠭᠰᠠᠨ ᠠᠵᠢᠯ ᠲᠦᠷᠦᠯ ᠲᠦᠷᠭᠡᠨ | ᠠᠬᠢᠪᠠ᠃ ᠲᠠᠪᠣᠨ ᠵᠢᠯ ᠳᠤ ᠠᠷᠠᠳ ᠤᠨ ᠠᠮᠢᠳᠣᠷᠠᠯ ᠤᠨ ᠴᠠᠷ᠎ᠠ ᠬᠦᠷᠢᠶᠡᠨ ᠳᠤ ᠨᠡᠶᠢᠳᠡ 18.98 ᠳ᠋ᠦᠩᠰᠢᠭᠤᠷ | ᠲᠦᠭᠦᠷᠢᠭ ᠤᠨ ᠪᠡᠯᠨ ᠣᠷᠣᠭᠤᠯᠣᠨ᠂ ᠵᠢᠯ ᠪᠦᠷᠢ ᠶᠢᠨ ᠳᠡᠭᠰᠢᠳᠭᠡᠭᠰᠡᠨ ᠨᠡᠮᠡᠭᠳᠡᠯ ᠬᠤᠷᠳᠣᠴᠠ 14.4% ᠳᠤ ᠬᠦᠷᠪᠡ᠃ | ᠬᠤᠳᠠ ᠬᠦᠳᠡᠭᠡ ᠶᠢᠨ ᠰᠠᠭᠤᠭᠠᠯᠢ ᠠᠷᠠᠳ ᠤᠨ ᠨᠡᠶᠢᠬᠡᠮ ᠤᠨ ᠨᠠᠰᠣᠵᠢᠯ ᠤᠨ ᠲᠠᠭᠠᠳᠬᠠᠯ ᠪᠦᠬᠦ ᠲᠠᠯ᠎ᠠ ᠶᠢ ᠬᠠᠮᠤᠷᠤᠪᠠ᠃ | ᠲᠠᠭᠠᠳᠬᠠᠯ ᠳᠤ ᠤᠷᠤᠭᠰᠠᠨ ᠬᠦᠮᠥᠨ ᠤ ᠲᠤᠭᠠᠨ ᠠᠴᠠ ᠦᠵᠡᠪᠡᠯ᠂ ᠨᠠᠰᠣᠵᠢᠯ ᠤᠨ ᠳᠠᠭᠠᠳᠬᠠᠯ ᠳᠤ 4.63 ᠲᠦᠮᠡᠨ | ᠬᠦᠮᠥᠨ᠂ ᠡᠮ ᠡᠮᠨᠡᠯᠬᠡ ᠶᠢᠨ ᠳᠠᠭᠠᠳᠬᠠᠯ ᠳᠤ 2.25 ᠲᠦᠮᠡᠨ ᠬᠦᠮᠥᠨ᠂ ᠠᠵᠢᠯ ᠠᠯᠳᠠᠭᠰᠠᠳ ᠤᠨ ᠳᠠᠭᠠᠳᠬᠠᠯ ᠳᠤ 0. | 28 ᠲᠦᠮᠡᠨ ᠬᠦᠮᠥᠨ᠂ ᠠᠵᠢᠯ ᠠᠴᠠ ᠪᠤᠯᠤᠭᠰᠠᠨ ᠭᠡᠮᠳᠤᠯ ᠤᠨ ᠲᠠᠭᠠᠳᠬᠠᠯ ᠳᠤ 0.49 ᠲᠦᠮᠡᠨ ᠬᠦᠮᠥᠨ᠂ ᠦᠷᠡᠵᠢᠯ | ᠤᠨ ᠲᠠᠭᠠᠳᠬᠠᠯ ᠳᠤ 0.55 ᠲᠦᠮᠡᠨ ᠬᠦᠮᠥᠨ ᠲᠤᠰ ᠲᠤᠰ ᠤᠷᠤᠯᠴᠠᠭᠰᠠᠨ ᠪᠠᠶᠢᠨ᠎ᠠ᠃ ᠶᠠᠳᠠᠭᠤ ᠬᠦᠴᠢᠷᠳᠠᠢ ᠠᠷᠠᠳ ᠢ | ᠲᠡᠳᠬᠦᠨ ᠲᠤᠰᠠᠯᠠᠬᠤ ᠬᠦᠴᠤᠯᠡᠴᠨ ᠪᠠᠨ ᠨᠡᠮᠡᠭᠳᠡᠬᠦᠯᠪᠡ᠃ ᠬᠤᠳᠠ ᠪᠠᠯᠭᠠᠰᠤᠨ ᠤ ᠦᠨᠳᠦᠰᠦᠨ ᠠᠮᠢᠵᠢᠷᠠᠭᠠᠨ ᠤ | ᠪᠠᠳᠤᠯᠠᠭᠠᠨ ᠳᠤ ᠨᠡᠶᠢᠳᠠ ᠤᠷᠤᠯᠴᠠᠭᠰᠠᠨ ᠬᠦᠮᠥᠨ ᠤ ᠲᠤᠭ᠎ᠠ 4.2 ᠲᠦᠮᠡᠨ ᠬᠦᠮᠥᠨ ᠤᠳᠠᠭ᠎ᠠ ᠳᠤ ᠬᠦᠷᠴᠤ ᠣᠷᠢᠳ | ᠬᠤᠵᠢᠳ ᠨᠠᠶᠢᠳᠠ 9890 ᠲᠦᠮᠡᠨ ᠲᠦᠬᠦᠷᠢᠭ ᠤᠨ ᠲᠡᠳᠬᠦᠮᠵᠢ ᠶᠢᠨ ᠮᠦᠩᠬᠦ ᠪᠠᠭᠤᠯᠭᠠᠪᠠ᠃ ᠠᠮᠢᠳᠤᠷᠠᠯ ᠬᠦᠴᠢᠷᠳᠠᠢ | 9215 ᠬᠦᠮᠦᠨ ᠲᠤ ᠨᠠᠶᠢᠳᠠ 829.4 ᠲᠦᠮᠡᠨ ᠲᠦᠬᠦᠷᠢᠭ ᠤᠨ ᠡᠮᠴᠢᠯᠡᠭᠡᠨ ᠤ ᠲᠤᠰᠠᠯᠠᠮᠵᠢ ᠶᠢᠨ ᠮᠦᠩᠬᠦ ᠤᠯᠭᠤᠪᠠ᠃ | ᠪᠦᠬᠦ ᠬᠤᠰᠢᠭᠤᠨ ᠤ ︽ᠳᠠᠪᠣᠨ ᠪᠠᠳᠣᠯᠠᠭᠠᠳᠣ︾ ᠡᠷᠦᠬᠡ ᠶᠢ ᠲᠦᠪᠯᠡᠷᠡᠬᠦᠯᠦᠨ ᠠᠰᠠᠷᠠᠬᠤ ᠨᠣᠷᠮ᠎ᠠ 43% ᠳᠤ ᠬᠦᠷᠦᠭᠰᠡᠨ | ᠪᠠᠶᠢᠨ᠎ᠠ᠃ ᠠᠵᠢᠯ ᠤᠯᠬᠤ᠂ ᠦᠢᠯᠡᠰ ᠪᠤᠰᠬᠠᠬᠤ ᠶᠢ ᠲᠡᠮᠵᠢᠬᠦ ᠡᠯ᠎ᠡ ᠲᠦᠷᠦᠯ ᠤᠨ ᠲᠦᠷᠦ ᠶᠢᠨ ᠪᠣᠳᠣᠯᠭ᠎ᠠ ᠶᠢ ᠬᠢᠨᠠᠮᠠᠭᠠᠢ | ᠨᠠᠶᠢᠳᠠᠪᠤᠷᠢᠵᠢᠭᠤᠯᠤᠭᠰᠠᠨ ᠮᠦᠷᠳᠡᠭᠡᠨ ᠨᠡᠶᠢᠳᠡ 3.8 ᠲᠦᠮᠡᠨ ᠠᠵᠢᠯ ᠤᠨ ᠪᠠᠶᠢᠷᠢ ᠲᠠᠩᠰᠠᠯᠠᠨ ᠴᠤᠭᠯᠠᠭᠤᠯᠤᠭᠰᠠᠨ ᠪᠠᠶᠢᠨ᠎ᠠ᠃ | ᠬᠤᠳᠠ ᠪᠠᠯᠭᠠᠰᠣᠨ ᠤ ᠰᠢᠨ᠎ᠡ ᠪᠠᠷ ᠨᠡᠮᠡᠭᠳᠡᠭᠰᠡᠨ ᠠᠵᠢᠯ ᠣᠯᠣᠭᠰᠠᠳ ᠤᠨ ᠲᠤᠭ᠎ᠠ 9153 ᠬᠦᠮᠦᠨ ᠣᠳᠠᠭ᠎ᠠ ᠳᠤ | ᠬᠦᠷᠴᠤ᠂ ᠳᠠᠬᠢᠨ ᠠᠵᠢᠯ ᠣᠯᠣᠭᠰᠠᠳ ᠤᠨ ᠲᠤᠭ᠎ᠠ 2704 ᠳᠤ ᠬᠦᠷᠪᠡ᠃ ᠬᠤᠳᠠ ᠪᠠᠯᠭᠠᠰᠣᠨ ᠤ ᠲᠠᠩᠰᠠᠯᠠᠭᠳᠠᠭᠰᠠᠨ | ᠠᠵᠢᠯ ᠠᠯᠳᠠᠭᠰᠠᠳ ᠤᠨ ᠨᠣᠷᠮ᠎ᠠ ᠶᠢ 3.8% ᠶᠢᠨ ᠲᠣᠳᠣᠷ᠎ᠠ ᠬᠢᠵᠠᠭᠠᠷᠯᠠᠪᠠ᠃ ᠡᠬᠦᠨ ᠤ ᠬᠠᠮᠳᠤ 500 ᠲᠦᠮᠡᠨ | ᠲᠦᠬᠦᠷᠢᠭ ᠤᠨ ᠶᠡᠭᠡ ᠰᠣᠷᠭᠠᠭᠤᠯᠢ ᠳᠡᠬᠦᠰᠦᠭᠰᠡᠨ ᠣᠶᠣᠳᠠᠳ ᠤᠨ ᠠᠵᠢᠯ ᠦᠢᠯᠡᠰ ᠡᠷᠬᠢᠯᠡᠬᠦ ᠶᠢ ᠲᠡᠮᠵᠢᠬᠦ ᠪᠡᠯᠨ ᠮᠦᠩᠬᠦ | ᠭᠠᠷᠭᠠᠭᠰᠠᠨ ᠪᠦᠭᠡᠳ ᠤᠳᠤ ᠪᠤᠯᠬᠤ ᠳᠤ ᠨᠦᠬᠦᠴᠡᠯ ᠳᠤ ᠲᠤᠬᠢᠷᠠᠭᠰᠠᠨ 52 ᠨᠡᠷ᠎ᠡ ᠤᠶᠤᠳᠠᠨ ᠡᠨᠡᠬᠦ ᠲᠡᠮᠵᠢᠯᠭᠡ ᠶᠢ | ᠬᠦᠷᠳᠡᠭᠡᠳ ᠪᠠᠶᠢᠨ᠎ᠠ᠃ ᠨᠡᠶᠢᠭᠡᠮ ᠠᠴᠠ ᠢᠯᠨ ᠪᠠᠷ ᠡᠯᠰᠡᠬᠦ ᠰᠢᠯᠭᠠᠯᠳᠠ ᠪᠠᠷ ᠲᠠᠮᠵᠢᠭᠤᠯᠵᠥ ᠮᠠᠨ ᠤ ᠬᠤᠰᠢᠭᠤᠨ ᠤ 213 | ᠨᠡᠷ᠎ᠡ ᠤᠶᠤᠳᠠᠳ ᠲᠤ ᠠᠵᠢᠯ ᠤᠯᠭᠤᠭᠰᠠᠨ ᠪᠠᠶᠢᠨ᠎ᠠ᠃ ᠮᠠᠯᠵᠢᠬᠤ ᠳᠠᠷᠢᠶᠠᠯᠠᠬᠤ ᠤᠷᠤᠨ ᠤ ᠨᠠᠶᠢᠳᠠ 1350 ᠡᠷᠤᠭᠡ ᠶᠢᠨ | ᠬᠠᠭᠤᠴᠢᠨ ᠭᠡᠷ ᠤᠷᠤᠨ ᠢ ᠰᠡᠯᠪᠢᠨ ᠵᠠᠰᠠᠭᠰᠠᠨ ᠪᠦᠭᠡᠳ 1100 ᠳᠦᠷᠢᠶᠡᠰᠦᠨ ᠤ ᠭᠡᠷ ᠣᠷᠣᠨ ᠪᠠ 192 ᠬᠢᠮᠳᠠ | ᠦᠨ᠎ᠡ ᠶᠢᠨ ᠣᠷᠣᠨ ᠰᠠᠭᠤᠴᠠ ᠶᠢ ᠰᠢᠨ᠎ᠡ ᠪᠠᠷ ᠪᠠᠶᠢᠭᠤᠯᠵᠣ᠂ ᠬᠤᠳᠠ ᠬᠦᠳᠡᠭᠡ ᠶᠢᠨ ᠰᠠᠭᠤᠭᠠᠯᠢ ᠠᠷᠠᠳ ᠤᠨ ᠣᠷᠣᠨ | ᠰᠠᠭᠤᠴᠠ ᠶᠢᠨ ᠨᠦᠬᠦᠴᠡᠯ ᠦᠷᠬᠦᠯᠵᠢᠯᠡᠨ ᠰᠠᠶᠢᠵᠢᠷᠠᠪᠠ᠃ | — — ᠲᠠᠪᠣᠨ ᠵᠢᠯ ᠤᠨ ᠲᠣᠷᠰᠢ᠂ ᠨᠡᠶᠢᠬᠡᠮ ᠤᠨ ᠠᠵᠢᠯ ᠦᠢᠯᠡᠰ ᠳᠠᠰᠣᠷᠠᠯᠳᠠ ᠦᠬᠡᠢ ᠴᠢᠩᠭᠠᠷᠠᠪᠠ᠃ ᠰᠣᠷᠭᠠᠨ | ᠬᠦᠮᠦᠵᠢᠯ ᠵᠢᠭᠠᠨ ᠰᠣᠷᠭᠠᠯᠳᠠ ᠶᠢᠨ ᠲᠦᠪᠰᠢᠨ ᠯᠠᠪᠳᠠᠭᠤᠨ ᠳᠡᠭᠡᠭᠰᠢᠯᠡᠵᠣ᠂ ᠰᠣᠷᠬᠤ ᠨᠠᠰᠣᠨ ᠠᠴᠠ ᠡᠮᠦᠨᠡᠬᠢ ᠰᠣᠷᠭᠠᠨ | ᠬᠦᠮᠦᠵᠢᠯ᠂ ᠠᠯᠪᠠᠨ ᠵᠢᠷᠣᠮ ᠤᠨ ᠰᠣᠷᠭᠠᠨ ᠬᠦᠮᠦᠵᠢᠯ᠂ ᠲᠡᠭᠡᠳᠤ ᠳᠣᠮᠳᠠᠳᠣ ᠶᠢᠨ ᠰᠣᠷᠭᠠᠨ ᠬᠦᠮᠦᠵᠢᠯ ᠪᠡ ᠠᠵᠢᠯ | ᠮᠡᠷᠭᠡᠵᠢᠯ ᠤᠨ ᠰᠣᠷᠭᠠᠨ ᠬᠦᠮᠦᠵᠢᠯ ᠲᠣᠭᠳᠠᠭᠤᠨ ᠬᠦᠭᠵᠢᠪᠡ᠃ ᠳᠠᠪᠣᠨ ᠵᠢᠯ ᠲᠤᠳᠤᠷ᠎ᠠ ᠨᠠᠶᠢᠳᠠ 244 ᠨᠡᠷ᠎ᠡ ᠰᠣᠷᠣᠭᠴᠢ | ᠲᠡᠭᠡᠳᠤ ᠳᠣᠮᠳᠠᠳᠣ ᠠᠴᠠ ᠶᠡᠭᠡ ᠰᠣᠷᠭᠠᠭᠤᠯᠢ ᠶᠢᠨ ᠵᠢᠩᠬᠢᠨᠢ ᠠᠩᠬᠢ ᠳᠤ ᠰᠢᠯᠭᠠᠭᠳᠠᠨ ᠤᠷᠤᠪᠠ᠃ ᠬᠢᠳᠠᠳ ᠮᠣᠩᠭᠤᠯ | ᠰᠤᠷᠭᠠᠭᠤᠯᠢ ᠳᠤ 15 ᠵᠢᠯ ᠤᠨ ᠲᠦᠯᠦᠪᠦᠷᠢ ᠦᠬᠡᠢ ᠰᠣᠷᠭᠠᠨ ᠬᠦᠮᠦᠵᠢᠯ ᠶᠠᠪᠤᠭᠤᠯᠤᠭᠰᠠᠨ ᠪᠦᠭᠡᠳ 5 ᠵᠢᠯ ᠳᠤ ᠨᠡᠶᠢᠳᠡ | 141 ᠨᠡᠷ᠎ᠡ ᠪᠠᠭᠰᠢ ᠬᠢᠬᠡᠳ ᠰᠣᠷᠭᠠᠭᠤᠯᠢ ᠶᠢᠨ ᠠᠵᠢᠯᠳᠠᠨ ᠢ ᠢᠯᠨ ᠪᠠᠷ ᠰᠢᠯᠭᠠᠨ ᠡᠯᠰᠡᠪᠡ᠃ ᠰᠣᠷᠭᠠᠭᠤᠯᠢ ᠶᠢᠨ | ᠠᠶᠣᠯᠬᠦᠢ ᠢᠨᠵᠧᠨᠧᠷᠢᠩ ᠢ ᠪᠦᠬᠦ ᠲᠠᠯ᠎ᠠ ᠪᠠᠷ ᠬᠡᠷᠡᠭᠵᠢᠬᠦᠯᠵᠦ᠂ ᠣᠷᠢᠳ ᠬᠤᠵᠢᠳ 9623 ᠲᠦᠮᠡᠨ ᠲᠦᠭᠦᠷᠢᠭ ᠤᠨ ᠪᠡᠯᠨ | ᠣᠷᠣᠭᠤᠯᠣᠨ᠂ ᠡᠯ᠎ᠡ ᠰᠣᠷᠭᠠᠭᠤᠯᠢ ᠶᠢᠨ ᠬᠢᠴᠢᠶᠡᠯ ᠤᠨ ᠠᠰᠠᠷ᠂ ᠪᠠᠶᠢᠷᠢ ᠶᠢᠨ ᠠᠰᠠᠷ᠂ ᠬᠤᠭᠤᠯᠠᠨ ᠲᠢᠩᠬᠢᠮ᠂ ᠲᠠᠮᠢᠷ ᠤᠨ | ᠲᠠᠯᠠᠪᠣᠷ ᠵᠡᠷᠭᠡ ᠦᠨᠳᠤᠰᠤᠨ ᠪᠠᠷᠢᠯᠭ᠎ᠠ ᠲᠦᠬᠦᠭᠡᠷᠤᠮᠵᠢ ᠶᠢ ᠵᠠᠰᠠᠨ ᠰᠢᠨᠡᠳᠭᠡᠵᠥ ᠰᠣᠷᠭᠠᠭᠤᠯᠢ ᠶᠢᠨ ᠨᠦᠬᠦᠴᠡᠯ ᠢ | ᠲᠠᠰᠣᠷᠠᠯᠳᠠ ᠦᠬᠡᠢ ᠰᠠᠶᠢᠵᠢᠷᠠᠭᠤᠯᠪᠠ᠃ ᠣᠯᠣᠰ ᠤᠨ ᠭᠤᠷᠪᠠᠳᠤᠭᠠᠷ ᠳᠡᠰ ᠤᠨ ᠬᠤᠳᠠ ᠶᠢᠨ ᠦᠬᠡ ᠬᠡᠯᠨ ᠦᠰᠦᠭ | ᠪᠢᠴᠢᠭ ᠤᠨ ᠬᠢᠨᠠᠨ ᠦᠨᠡᠯᠡᠯᠳᠠ ᠳᠤ ᠮᠠᠨ ᠤ ᠬᠤᠰᠢᠭᠤ ᠬᠢᠷᠢ ᠲᠡᠩᠴᠡᠭᠰᠡᠨ ᠪᠠᠶᠢᠨ᠎ᠠ᠃ ︽ᠰᠣᠷᠭᠠᠨ ᠬᠦᠮᠦᠵᠢᠯ ᠤᠨ | ᠲᠤᠳᠤᠭᠠᠳᠤ ᠰᠦᠯᠵᠢᠶ᠎ᠡ ︵MAN︶︾᠂ ︽ᠮᠣᠩᠭᠤᠯ ᠬᠢᠳᠠᠳ ᠡᠬᠢ ᠰᠣᠷᠪᠣᠯᠵᠢ ᠶᠢᠨ ᠨᠧᠲ︾ ᠪᠠᠶᠢᠭᠤᠯᠤᠭᠳᠠᠵᠥ | ᠬᠡᠷᠡᠭᠯᠡᠬᠡᠨ ᠳᠤ ᠤᠷᠤᠭᠰᠠᠨ ᠪᠠᠶᠢᠨ᠎ᠠ᠃ ᠰᠢᠨᠵᠢᠯᠡᠭᠡ ᠮᠡᠷᠭᠡᠵᠢᠯ ᠤᠨ ᠠᠵᠢᠯ ᠦᠷᠬᠦᠯᠵᠢᠯᠡᠨ ᠠᠯᠬᠤᠮ ᠳᠠᠪᠰᠢᠪᠠ᠃ ᠠᠶᠢᠮᠠᠭ | ᠤᠨ ᠱᠠᠳᠣᠨ ᠠᠴᠠ ᠳᠡᠭᠡᠭᠰᠢᠬᠢ ᠰᠢᠨᠵᠢᠯᠡᠭᠡ ᠮᠡᠷᠬᠡᠵᠢᠯ ᠤᠨ ᠲᠦᠯᠦᠪᠯᠡᠬᠡᠨ ᠤ ᠲᠦᠷᠤᠯ ᠢᠶᠠᠷ 7 ᠲᠦᠰᠦᠪ ᠪᠡᠶᠡᠯᠡᠭᠳᠡᠭᠰᠡᠨ | ᠪᠠ 20 ᠭᠠᠷᠣᠢ ᠲᠦᠷᠦᠯ ᠤᠨ ᠲᠠᠷᠢᠶᠠᠯᠠᠩ ᠮᠠᠯ ᠠᠵᠤ ᠠᠬᠤᠢ ᠶᠢᠨ ᠬᠡᠷᠡᠭᠯᠡᠭᠡᠨ ᠤ ᠮᠡᠷᠭᠡᠵᠢᠯ ᠢ ᠲᠡᠯᠬᠡᠷᠡᠬᠦᠯᠦᠨ | ᠲᠦᠭᠡᠮᠡᠯᠵᠢᠬᠦᠯᠵᠦ᠂ ᠵᠢᠯ ᠪᠦᠷᠢ ᠳᠣᠮᠳᠠᠴᠢ ᠪᠠᠷ 1 ᠲᠦᠮᠡᠨ ᠮᠠᠯᠴᠢᠨ ᠲᠠᠷᠢᠶᠠᠴᠢᠨ ᠳᠤ ᠬᠢᠴᠢᠶᠡᠯ ᠪᠤᠯᠪᠠᠰᠤᠷᠠᠯ | ᠬᠦᠷᠳᠡᠭᠡᠭᠰᠡᠨ ᠪᠠᠶᠢᠨ᠎ᠠ᠃ ᠰᠣᠶᠣᠯ ᠤᠨ ᠦᠢᠯᠡᠰ ᠴᠡᠴᠡᠭᠯᠡᠨ ᠬᠦᠭᠵᠢᠵᠥ ᠰᠤᠶᠤᠯ ᠤᠨ ᠲᠠᠯ᠎ᠠ ᠪᠠᠷ ᠬᠢ ᠠᠵᠤ ᠦᠢᠯᠡᠰ | ᠲᠦᠯᠦᠪᠰᠢᠨ ᠪᠦᠷᠢᠯᠳᠦᠪᠡ᠃ ᠮᠠᠨ ᠤ ᠬᠤᠰᠢᠭᠤ ᠨᠢ ︽ᠲᠣᠮᠳᠠᠳᠣ ᠣᠯᠣᠰ ᠤᠨ ᠮᠣᠩᠭᠤᠯ ᠬᠡᠯᠡᠨ ᠤ ᠪᠠᠷᠢᠮᠵᠢᠶ᠎ᠠ ᠠᠪᠢᠶ᠎ᠠ ᠶᠢ | ᠲᠤᠭᠳᠠᠭᠠᠭᠰᠠᠨ 30 ᠵᠢᠯ ᠤᠨ ᠣᠢ ᠶᠢ ᠲᠡᠮᠳᠡᠭᠯᠡᠬᠦ ᠶᠡᠭᠡ ᠬᠤᠷᠠᠯ︾᠂ ︽︽ᠶᠣᠸᠠᠨ ᠤ ᠳᠡᠭᠡᠳᠦ ᠨᠡᠶᠢᠰᠯᠡᠯ ᠬᠤᠨᠳᠠᠭᠠᠳᠣ︾ | ᠨᠠᠢᠮᠠᠨ ᠮᠣᠵᠢ ᠣᠷᠣᠨ ᠤ ᠨᠡᠪᠳᠡᠷᠡᠬᠦᠯᠦᠭᠴᠢ ᠬᠦᠳᠦᠯᠦᠭᠴᠢ ᠶᠢᠨ ᠣᠷᠣᠯᠳᠣᠭᠠᠨ︾᠂ ︽ᠠᠰᠠᠷ︾ ᠨᠡᠷᠡᠮᠵᠢᠳᠣ ᠢᠵᠠᠭᠤᠷ | ᠣᠷᠠᠯᠢᠭ ᠤᠨ ᠴᠣᠭᠯᠠᠭᠠᠨ ᠪᠠ ᠲᠦᠷᠪᠡᠨ ᠬᠤᠭᠤᠴᠠᠭᠠᠨ ᠤ ︽ᠲᠣᠮᠳᠠᠳᠣ ᠣᠯᠣᠰ᠂ ᠶᠣᠸᠠᠨ ᠤ ᠳᠡᠭᠡᠳᠦ ᠨᠡᠶᠢᠰᠯᠡᠯ︾ | ᠰᠣᠶᠣᠯ ᠵᠢᠭᠤᠯᠴᠢᠯᠠᠯ ᠤᠨ ᠨᠠᠶᠢᠷ ᠵᠡᠷᠭᠡ ᠲᠣᠮᠣ ᠬᠡᠯᠪᠡᠷᠢ ᠶᠢᠨ ᠰᠣᠶᠣᠯ ᠲᠠᠮᠢᠷ ᠤᠨ ᠠᠵᠢᠯᠯᠠᠭ᠎ᠠ ᠶᠢ ᠠᠮᠵᠢᠯᠳᠠ ᠲᠠᠢ | ᠡᠷᠬᠢᠯᠡᠪᠡ᠃ ᠲᠡᠷᠨ ᠮᠦᠷᠳᠡᠭᠡᠨ ︽ᠲᠣᠮᠳᠠᠳᠣ ᠣᠯᠣᠰ ᠤᠨ ᠴᠠᠭᠠᠨ ᠢᠳᠡᠭᠡᠨ ᠤ ᠰᠣᠶᠣᠯ ᠤᠨ ᠦᠯᠦᠬᠡᠢ︾ ︽ᠲᠤᠮᠳᠠᠳᠤ | ᠤᠯᠤᠰ ᠤᠨ ᠴᠠᠭᠠᠨ ᠢᠳᠡᠭᠡᠨ ᠤ ᠰᠤᠶᠤᠯ ᠤᠯᠠᠮᠵᠢᠯᠠᠯ ᠤᠨ ᠰᠠᠭᠤᠷᠢᠨ︾ ᠵᠡᠷᠭᠡ ᠢᠷᠠᠭᠤ ᠠᠯᠳᠠᠷ ᠢ ᠬᠦᠷᠳᠡᠭᠰᠡᠨ ᠪᠠᠶᠢᠨ᠎ᠠ᠃ | ︽ᠴᠠᠬᠠᠷ ᠠᠷᠠᠳ ᠤᠨ ᠲᠠᠭᠤᠤ︾ ᠵᠡᠷᠭᠡ ᠠᠶᠢᠮᠠᠭ᠂ ᠤᠷᠤᠨ ᠤ ᠲᠡᠰ ᠤᠨ ᠪᠤᠳᠠᠰ ᠤᠨ ᠪᠤᠰᠤ ᠰᠤᠶᠤᠯ ᠤᠨ ᠦᠪ ᠢ | ᠡᠷᠡᠮᠡᠯᠵᠡᠯᠡᠨ ᠠᠮᠵᠢᠯᠳᠠ ᠣᠯᠪᠠ᠃ ︽ᠲᠡᠭᠡᠳᠤ ᠨᠡᠶᠢᠰᠯᠡᠯ ᠤᠨ ᠰᠤᠶᠤᠯ ᠤᠨ ᠰᠤᠳᠤᠯᠤᠯ︾᠂ ︽ᠨᠠ᠊ · ᠰᠠᠶᠢᠨᠴᠣᠭᠳᠣ | ᠶᠢᠨ ᠰᠢᠯᠦᠭ ᠤᠨ ᠰᠣᠩᠭᠤᠮᠠᠯ︾ ︵ᠬᠢᠳᠠᠳ ᠮᠣᠩᠭᠤᠯ ᠬᠡᠪᠯᠡᠯ︶᠂ ︽ᠶᠣᠸᠠᠨ ᠬᠦᠷᠤᠨ ᠤ ᠲᠡᠦᠬᠡᠨ ᠦᠬᠦᠯᠡᠬᠦᠢ︾ ᠵᠡᠷᠭᠡ | ᠨᠣᠮ ᠰᠡᠳᠬᠦᠯ ᠤᠳ ᠢ ᠬᠡᠪᠯᠡᠨ ᠲᠡᠷᠬᠠᠭᠠᠭᠰᠠᠨ ᠪᠦᠭᠡᠳ ︽ᠰᠢᠯᠣᠭᠤᠨ ᠬᠦᠬᠡ ᠶᠢᠨ ᠣᠶᠢᠯᠠᠯᠭ᠎ᠠ︾ ︵ᠮᠤᠩᠭᠤᠯ ᠬᠢᠳᠠᠳ | ᠭᠡᠪᠯᠡᠯ︶ ᠶᠢ ᠲᠣᠭᠤᠷᠪᠢᠬᠤ ᠠᠵᠢᠯ ᠢ ᠡᠬᠢᠯᠡᠬᠦᠯᠪᠡ᠃ ︽ᠬᠤᠪᠢᠯᠠᠢ ᠬᠠᠭᠠᠨ︾᠂ ︽ᠴᠠᠬᠠᠷ ᠤᠨ ᠮᠠᠭᠳᠠᠭᠠᠯ︾ ᠵᠡᠷᠭᠡ | ᠣᠯᠠᠨ ᠰᠢᠯᠢᠳᠡᠭ ᠪᠦᠳᠦᠭᠡᠯ ᠤᠳ ᠣᠯᠣᠰ ᠪᠤᠯᠤᠨ ᠦᠪᠡᠷᠳᠡᠭᠡᠨ ᠵᠠᠰᠠᠬᠤ ᠣᠷᠣᠨ ᠤ ᠱᠠᠩᠨᠠᠯ ᠬᠦᠬᠢᠬᠦᠯᠦᠯ ᠢ ᠬᠦᠷᠳᠡᠭᠰᠡᠨ | ᠪᠠᠶᠢᠨ᠎ᠠ᠃ ︽ᠶᠣᠸᠠᠨ ᠬᠦᠷᠦᠨ ᠤ ᠲᠡᠦᠬᠡᠨ ᠠᠬᠤᠢ︾ ᠵᠡᠷᠭᠡ ᠺᠢᠨᠤ᠋ ᠣᠷᠠᠨ ᠪᠦᠳᠦᠭᠡᠯ ᠤᠨ ᠵᠢᠷᠤᠭ ᠠᠪᠤᠯᠳᠠ ᠶᠢ ᠮᠠᠨ ᠤ | ᠬᠤᠰᠢᠭᠤᠨ ᠳᠤ ᠢᠷᠡᠵᠥ ᠰᠡᠬᠦᠳᠡᠷᠯᠡᠪᠡ᠃ ᠣᠯᠠᠨ ᠲᠦᠮᠡᠨ ᠤ ᠰᠣᠶᠣᠯ ᠤᠨ ᠠᠮᠢᠳᠣᠷᠠᠯ ᠤᠨ ᠠᠭᠤᠯᠭ᠎ᠠ ᠡᠯᠪᠡᠭ ᠪᠠᠶᠠᠯᠢᠭ | ᠪᠣᠯᠵᠣ᠂ ︽ᠠᠭᠤᠳᠠᠮ ᠲᠠᠯᠠᠪᠠᠢ ᠶᠢᠨ ᠰᠣᠶᠣᠯ︾᠂ ︽ᠣᠪᠣᠭᠠᠨ ᠰᠣᠶᠣᠯ︾ ᠵᠡᠷᠭᠡ ᠦᠪᠡᠷᠮᠢᠴᠡ ᠰᠣᠶᠣᠯ ᠤᠨ ᠠᠵᠢᠯᠯᠠᠭ᠎ᠠ | ᠶᠢ ᠡᠮᠬᠢ ᠴᠡᠭᠴᠡ ᠲᠠᠢ ᠦᠷᠨᠢᠬᠦᠯᠵᠦ᠂ ᠣᠯᠠᠨ ᠨᠡᠶᠢᠳᠡ ᠶᠢᠨ ᠰᠣᠶᠣᠯ ᠤᠨ ᠦᠢᠯᠡᠴᠢᠯᠡᠬᠡᠨ ᠤ ᠰᠢᠰᠲ᠋ᠧᠮ ᠢ ᠠᠯᠬᠤᠮ | ᠠᠯᠬᠤᠮ ᠢᠶᠠᠷ ᠳᠡᠬᠦᠯᠳᠡᠷᠵᠢᠬᠦᠯᠪᠡ᠃ ᠰᠣᠮᠣ ᠪᠠᠯᠭᠠᠰᠣᠨ ᠳᠤ ᠰᠣᠶᠣᠯ ᠤᠨ ᠦᠷᠳᠡᠭᠡ ᠪᠠᠶᠢᠭᠤᠯᠣᠨ ᠭᠠᠴᠠᠭ᠎ᠠ ᠲᠣᠰᠬᠤᠨ ᠳᠤ | ᠰᠣᠶᠣᠯ ᠤᠨ ᠦᠷᠦᠭᠡ ᠭᠠᠷᠭᠠᠬᠤ ᠬᠠᠷᠠᠯᠳᠠ ᠦᠨᠳᠦᠰᠦᠨ ᠳᠤ ᠪᠠᠨ ᠪᠡᠶᠡᠯᠡᠭᠳᠡᠪᠡ᠃ ᠣᠯᠠᠨ ᠨᠡᠶᠢᠳᠡ ᠶᠢᠨ ᠡᠷᠡᠭᠦᠯ | ᠬᠠᠮᠠᠭᠠᠯᠠᠯ ᠤᠨ ᠦᠢᠯᠡᠰ ᠤᠯᠠᠮ ᠰᠠᠶᠢᠵᠢᠷᠠᠨ᠂ ᠡᠮ ᠡᠮᠨᠡᠯᠬᠡ ᠡᠷᠡᠬᠦᠯ ᠬᠠᠮᠠᠭᠠᠯᠠᠯ ᠤᠨ ᠰᠢᠰᠲ᠋ᠧᠮ ᠤᠨ ᠦᠬᠡᠷᠡᠴᠢᠯᠡᠯᠳᠡ ᠶᠢ | ᠪᠦᠬᠦ ᠲᠠᠯ᠎ᠠ ᠪᠠᠷ ᠠᠬᠢᠭᠤᠯᠪᠠ᠃ ᠮᠠᠯᠵᠢᠬᠤ ᠲᠠᠷᠢᠶᠠᠯᠠᠬᠤ ᠣᠷᠣᠨ ᠤ ᠰᠢᠨ᠎ᠡ ᠬᠡᠯᠪᠡᠷᠢ ᠶᠢᠨ ᠬᠤᠷᠰᠢᠭᠰᠠᠨ ᠡᠮᠨᠡᠯᠭᠡ ᠳᠤ | ᠲᠠᠩᠰᠠ ᠴᠠᠶᠢᠷᠠᠭᠤᠯᠬᠤ ᠨᠤᠷᠮ᠎ᠠ ᠶᠢ 75% ᠬᠦᠷᠳᠡᠯ᠎ᠡ ᠨᠡᠮᠡᠭᠳᠡᠬᠦᠯᠦᠭᠰᠡᠨ ᠪᠦᠭᠡᠳ ᠡᠮᠴᠢᠯᠡᠭᠡᠨ ᠤ ᠵᠠᠷᠤᠳᠠᠯ ᠲᠠᠭᠠᠭᠠᠬᠤ | ᠬᠠᠮᠤᠭ ᠲᠡᠭᠡᠷ᠎ᠡ ᠲᠦᠪᠰᠢᠨ ᠢ 10 ᠲᠦᠮᠡᠨ ᠲᠦᠬᠦᠷᠢᠭ ᠲᠤ ᠬᠦᠷᠭᠡᠭᠰᠡᠨ ᠪᠠᠶᠢᠨ᠎ᠠ᠃ ᠲᠠᠪᠣᠨ ᠵᠢᠯ ᠳᠤ ᠨᠡᠶᠢᠳᠡ 7226 | ᠲᠦᠮᠡᠨ ᠲᠦᠭᠦᠷᠢᠭ ᠤᠨ ᠪᠡᠯᠨ ᠣᠷᠣᠭᠤᠯᠵᠣ᠂ ᠡᠬᠦᠨ ᠳᠤ ᠬᠤᠰᠢᠭᠤ ᠡᠮᠨᠡᠯᠬᠡ ᠶᠢᠨ ᠬᠤᠷᠢᠶᠠᠨ ᠤ ᠶᠡᠷᠦᠩᠬᠡᠶᠢᠯᠡᠭᠰᠡᠨ ᠠᠰᠠᠷ | ᠢ ᠰᠢᠨ᠎ᠡ ᠪᠠᠷ ᠪᠠᠷᠢᠵᠣ ᠨᠢᠭᠡᠨᠳᠠ ᠭᠡᠷᠡᠭᠯᠡᠭᠡᠨ ᠳᠤ ᠤᠷᠤᠭᠤᠯᠤᠭᠰᠠᠨ ᠪᠦᠭᠡᠳ ᠮᠣᠩᠭᠤᠯ ᠡᠮᠨᠡᠯᠬᠡ ᠶᠢᠨ ᠬᠤᠷᠢᠶ᠎ᠠ ᠶᠢ ᠵᠠᠰᠠᠨ | ᠦᠷᠭᠡᠳᠭᠡᠭᠰᠡᠨ ᠪᠠ 10 ᠰᠣᠮᠣ ᠪᠠᠯᠭᠠᠰᠣᠨ ᠤ ᠡᠷᠡᠬᠦᠯ ᠬᠠᠮᠠᠭᠠᠯᠠᠯ ᠤᠨ ᠬᠤᠷᠢᠶ᠎ᠠ ᠶᠢ ᠰᠢᠨ᠎ᠡ ᠪᠠᠷ ᠪᠣᠶᠣ ᠵᠠᠰᠠᠵᠥ ᠪᠠᠷᠢᠭᠰᠠᠨ | ᠪᠦᠭᠡᠳ 13 ᠭᠠᠴᠠᠭ᠎ᠠ ᠲᠣᠰᠬᠤᠨ ᠳᠤ ᠡᠷᠡᠭᠦᠯ ᠬᠠᠮᠠᠭᠠᠯᠠᠯ ᠤᠨ ᠦᠷᠦᠬᠡ ᠪᠠᠶᠢᠭᠤᠯᠤᠭᠰᠠᠨ ᠢᠶᠠᠷ ᠣᠯᠠᠨ ᠨᠡᠶᠢᠳᠡ ᠶᠢᠨ | ᠡᠷᠡᠬᠦᠯ ᠬᠠᠮᠠᠭᠠᠯᠠᠯ ᠤᠨ ᠦᠢᠯᠡᠴᠢᠯᠡᠭᠡᠨ ᠤ ᠬᠦᠴᠤᠨ ᠣᠯᠠᠮ ᠨᠢᠬᠡ ᠠᠯᠬᠤᠮ ᠨᠡᠮᠡᠭᠳᠡᠪᠡ᠃ ᠮᠣᠩᠭᠤᠯ ᠡᠮ ᠡᠮᠨᠡᠯᠭᠡ ᠶᠢᠨ | ᠦᠢᠯᠡᠰ ᠲᠦᠷᠭᠡᠨ ᠬᠦᠭᠵᠢᠯᠳᠠ ᠲᠠᠢ ᠪᠤᠯᠤᠭᠰᠠᠨ ᠪᠠ ᠬᠦᠨᠡᠰᠤᠨ ᠤ ᠵᠠᠬ᠎ᠠ ᠲᠡᠯᠭᠡᠬᠦᠷ ᠪᠤᠯᠤᠨ ᠡᠮ ᠤᠨ ᠪᠦᠳᠦᠭᠡᠭᠳᠡᠬᠦᠨ ᠤ | ᠵᠠᠬ᠎ᠠ ᠲᠡᠯᠬᠡᠬᠦᠷ ᠤᠨ ᠡᠮᠬᠢ ᠲᠢᠭᠯᠢᠮ ᠦᠷᠬᠦᠯᠵᠢᠯᠡᠨ ᠰᠠᠶᠢᠵᠢᠷᠠᠪᠠ᠃ ᠲᠤᠭ᠎ᠠ ᠪᠦᠷᠢᠳᠭᠡᠯ ᠤᠨ ᠠᠵᠢᠯ ᠮᠠᠰᠢ ᠰᠠᠶᠢᠨ ᠦᠷ᠎ᠡ | ᠳ᠋ᠦᠩ ᠤᠯᠪᠠ᠃ ︽ᠠᠵᠣ ᠠᠬᠤᠶᠢᠯᠠᠯ ᠤᠨ ᠨᠢᠬᠡᠳᠦᠯᠳᠠᠢ ᠬᠦᠰᠦᠨᠦᠭᠳᠦ︾ ᠭᠡᠷᠡᠭᠵᠢᠬᠦᠯᠬᠦ ᠦᠬᠡᠷᠡᠴᠢᠯᠡᠯᠳᠡ ᠶᠢ | ᠶᠠᠪᠤᠭᠳᠠᠭᠤᠯᠤᠭᠰᠠᠨ ᠮᠦᠷᠳᠡᠭᠡᠨ ᠪᠦᠬᠦ ᠤᠯᠤᠰ ᠤᠨ ᠵᠢᠷᠭᠤᠳᠤᠭᠠᠷ ᠤᠳᠠᠭᠠᠨ ᠤ ᠬᠦᠮᠥᠨ ᠠᠮᠨ ᠶᠢᠨ ᠨᠡᠶᠢᠳᠠᠮ | ᠪᠠᠶᠢᠴᠠᠭᠠᠯᠳᠠ ᠶᠢᠨ ᠠᠵᠢᠯ ᠡᠬᠦᠷᠭᠡ ᠶᠢ ᠠᠮᠵᠢᠯᠳᠠ ᠲᠠᠢ ᠪᠡᠶᠡᠯᠡᠬᠦᠯᠪᠡ᠃ ᠪᠦᠬᠦ ᠬᠤᠰᠢᠭᠤᠨ ᠤ ᠵᠢᠯ ᠤᠨ ᠬᠦᠮᠦᠨ ᠠᠮᠨ | ᠶᠢᠨ ᠲᠦᠷᠦᠯᠳᠡ ᠶᠢᠨ ᠨᠣᠷᠮ᠎ᠠ ᠶᠢ 7.04‰ ᠶᠢᠨ ᠲᠣᠳᠣᠷ᠎ᠠ ᠬᠢᠵᠠᠭᠠᠷᠯᠠᠭᠰᠠᠨ ᠢᠶᠠᠷ ᠲᠦᠷᠦ ᠶᠢᠨ ᠪᠣᠳᠣᠯᠭ᠎ᠠ ᠳᠤ | ᠨᠡᠶᠢᠴᠡᠭᠰᠡᠨ ᠲᠦᠷᠦᠯᠳᠡ ᠶᠢᠨ ᠨᠣᠷᠮ᠎ᠠ 99.8% ᠳᠤ ᠬᠦᠷᠦᠭᠰᠡᠨ ᠪᠠᠶᠢᠨ᠎ᠠ᠃ ︽ᠨᠢᠭᠡ ᠴᠤᠮᠤ ᠰᠦ︾ ᠢᠨᠵᠧᠨᠧᠷᠢᠩ ᠢ | ᠭᠡᠷᠡᠭᠵᠢᠬᠦᠯᠦᠭᠰᠡᠨ ᠪᠦᠭᠡᠳ ᠡᠬᠦᠨ ᠳᠤ ᠨᠠᠶᠢᠳᠠ 1223 ᠵᠢᠷᠮᠤᠰᠤᠨ ᠡᠮᠡᠭᠳᠠᠢ ᠠᠰᠢᠭ ᠬᠦᠷᠳᠡᠪᠡ᠃ ᠨᠠᠰᠤᠳᠠᠶᠢᠴᠤᠳ ᠤᠨ | ᠠᠮᠢᠳᠤᠷᠠᠯ ᠤᠨ ᠪᠠᠳᠤᠯᠠᠭᠠᠨ ᠤ ᠲᠦᠪᠰᠢᠨ ᠤᠯᠠᠮ ᠲᠡᠭᠡᠭᠰᠢᠯᠡᠵᠥ ᠪᠦᠬᠦ ᠬᠤᠰᠢᠭᠤᠨ ᠤ 80 ᠭᠠᠷᠤᠭᠰᠠᠨ ᠨᠠᠰᠤᠳᠠᠶᠢᠴᠤᠳ | ᠵᠢᠯ ᠪᠦᠷᠢ 1200 ᠲᠦᠬᠦᠷᠢᠭ ᠤᠨ ᠨᠦᠬᠦᠨ ᠤᠯᠭᠤᠪᠤᠷᠢ ᠬᠦᠷᠳᠡᠬᠦ ᠪᠤᠯᠤᠭᠰᠠᠨ ᠪᠠᠶᠢᠨ᠎ᠠ᠃ ᠨᠠᠮ ᠤᠨ ᠦᠨᠳᠦᠰᠦᠳᠡᠨ | ᠱᠠᠰᠢᠨ ᠰᠣᠷᠳᠠᠬᠤᠨ ᠤ ᠲᠦᠷᠦ ᠶᠢᠨ ᠪᠣᠳᠣᠯᠭ᠎ᠠ ᠶᠢ ᠪᠦᠬᠦ ᠲᠠᠯ᠎ᠠ ᠪᠠᠷ ᠲᠣᠣᠱᠠᠯᠠᠭᠤᠯᠣᠨ᠂ ᠡᠯ᠎ᠡ ᠦᠨᠳᠦᠰᠦᠳᠡᠨ ᠤ ᠬᠠᠮᠳᠣ | ᠶᠢᠨ ᠪᠦᠯᠬᠦᠮᠳᠡᠯ ᠲᠠᠪᠰᠢᠯᠳᠠ᠂ ᠴᠡᠴᠡᠭᠯᠡᠯ ᠬᠦᠭᠵᠢᠯᠳᠡ ᠶᠢ ᠠᠬᠢᠭᠤᠯᠪᠠ᠃ ᠪᠤᠰᠤᠳ ᠠᠵᠢᠯ ᠲᠦᠷᠤᠯ ᠤᠨ ᠬᠤᠪᠢ ᠳᠤ᠂ ︽ | ᠬᠤᠶᠠᠷ ᠢ ᠬᠦᠷᠢᠶᠠᠯᠡᠬᠦ︾ ᠠᠵᠢᠯ ︵ᠵᠠᠰᠠᠭ ᠨᠢ ᠴᠡᠷᠢᠭ ᠢᠶᠠᠨ ᠬᠦᠷᠢᠶᠡᠯᠡᠵᠥ ᠴᠡᠷᠢᠭ ᠤᠨ ᠭᠡᠷ ᠪᠦᠯᠢ ᠶᠢ ᠬᠠᠷᠠᠭᠠᠯᠵᠠᠬᠤ᠂ | ᠴᠡᠷᠢᠭ ᠨᠢ ᠵᠠᠰᠠᠭ ᠢᠶᠠᠨ ᠬᠦᠷᠢᠶᠡᠯᠡᠵᠥ ᠠᠷᠠᠳ ᠲᠦᠮᠡᠨ ᠢᠶᠠᠨ ᠬᠠᠶᠢᠷᠠᠯᠠᠬᠤ ᠶᠢ ᠭᠡᠯᠡᠨ᠎ᠡ︶ ᠡᠷᠴᠢᠮᠳᠠᠢ ᠦᠷᠨᠢᠭᠰᠡᠨ ᠪᠠ | ᠠᠷᠠᠳ ᠤᠨ ᠠᠭᠠᠷ ᠤᠨ ᠰᠡᠷᠬᠡᠶᠢᠯᠡᠯᠳᠡ ᠶᠢᠨ ᠠᠵᠢᠯ ᠪᠦᠬᠦ ᠲᠠᠯ᠎ᠠ ᠪᠠᠷ ᠠᠬᠢᠯᠳᠠ ᠲᠠᠢ ᠪᠤᠯᠪᠠ᠃ ᠷᠠᠳᠢᠤ᠋ ᠲᠧᠯᠸᠢᠰ ᠤᠨ | ᠦᠢᠯᠡᠰ ᠲᠦᠷᠭᠡᠨ ᠬᠦᠭᠵᠢᠵᠥ᠂ ᠬᠢᠨᠠᠨ ᠪᠤᠳᠤᠬᠤ ᠠᠵᠢᠯ ᠰᠠᠶᠢᠨ ᠦᠷ᠎ᠡ ᠪᠦᠳᠤᠮᠵᠢ ᠤᠯᠪᠠ᠃ ᠮᠡᠳᠡᠭᠡ ᠬᠤᠯᠪᠤᠭ᠎ᠠ᠂ | ᠲᠠᠩᠰᠠ ᠡᠪᠬᠡᠮᠡᠯ᠂ ᠭᠠᠯ ᠰᠡᠷᠭᠡᠶᠢᠯᠡᠯᠳᠡ ᠵᠡᠷᠭᠡ ᠨᠡᠶᠢᠭᠡᠮ ᠤᠨ ᠠᠵᠢᠯ ᠦᠢᠯᠡᠰ ᠲᠦᠷᠭᠡᠨ ᠬᠦᠭᠵᠢᠭᠰᠡᠨ ᠪᠠᠶᠢᠨ᠎ᠠ᠃ | — — ᠲᠠᠪᠣᠨ ᠵᠢᠯ ᠤᠨ ᠲᠣᠷᠰᠢ᠂ ᠣᠶᠣᠨ ᠤ ᠪᠣᠯᠪᠠᠰᠣᠨ ᠤ ᠪᠦᠳᠦᠭᠡᠨ ᠪᠠᠶᠢᠭᠤᠯᠣᠯᠳᠠ ᠲᠣᠪᠣᠶᠢᠮ᠎ᠠ ᠦᠷ᠎ᠡ | ᠪᠦᠳᠦᠮᠵᠢ ᠣᠯᠪᠠ᠃ ᠨᠡᠶᠢᠬᠡᠮ ᠵᠢᠷᠣᠮ ᠤᠨ ᠦᠨᠳᠤᠰᠤᠨ ᠦᠷᠳᠡᠭ ᠤᠨ ᠲᠤᠭᠳᠠᠯᠴᠠᠭ᠎ᠠ ᠶᠢ ᠪᠠᠶᠢᠭᠤᠯᠬᠤ ᠠᠵᠢᠯ ᠢ | ᠬᠦᠨᠵᠡᠬᠡᠢ ᠠᠬᠢᠭᠤᠯᠣᠨ᠂ ᠨᠡᠶᠢᠬᠡᠮ ᠤᠨ ᠬᠠᠯᠠᠮᠰᠢᠯ ᠲᠠᠢ ᠠᠰᠠᠭᠤᠳᠠᠯ ᠢ ᠵᠢᠭᠠᠨ ᠵᠢᠯᠤᠭᠤᠳᠬᠤ ᠶᠢ ᠴᠢᠩᠭᠠᠳᠬᠠᠨ | ᠴᠢᠬᠤᠯᠠᠴᠢᠯᠠᠭᠰᠠᠨ ᠪᠦᠭᠡᠳ ᠡᠷᠭᠡᠳᠦ ᠠᠷᠠᠳ ᠤᠨ ᠶᠣᠰᠣ ᠰᠣᠷᠳᠠᠬᠤᠨ ᠤ ᠪᠦᠳᠦᠬᠡᠨ ᠪᠠᠶᠢᠭᠤᠯᠣᠯᠳᠠ ᠶᠢᠨ ᠢᠨᠵᠧᠨᠧᠷᠢᠩ ᠢ | ᠬᠦᠴᠦᠯᠡᠨ ᠬᠡᠷᠡᠭᠵᠢᠬᠦᠯᠬᠦ ᠪᠠᠷ ᠲᠠᠮᠵᠢᠨ ᠪᠦᠬᠦ ᠨᠠᠶᠢᠬᠡᠮ ᠤᠨ ᠪᠣᠯᠪᠠᠰᠣᠨ ᠬᠡᠪ ᠴᠢᠨᠠᠷ᠂ ᠨᠡᠶᠢᠭᠡᠮ ᠨᠡᠶᠢᠳᠡ ᠶᠢᠨ ᠶᠣᠰᠣ ᠮᠣᠷᠠᠯ | ᠂ ᠠᠵᠢᠯ ᠤᠨ ᠰᠤᠷᠳᠠᠯ᠂ ᠭᠡᠷ ᠪᠦᠯᠢ ᠶᠢᠨ ᠰᠤᠷᠭᠠᠯ ᠪᠠ ᠬᠤᠪᠢ ᠬᠦᠮᠦᠨ ᠤ ᠮᠤᠷᠠᠯ ᠪᠤᠯᠪᠠᠰᠤᠷᠠᠯ ᠢ ᠴᠢᠷᠮᠠᠶᠢᠨ | ᠲᠡᠭᠡᠭᠰᠢᠯᠡᠬᠦᠯᠵᠥ᠂ ᠡᠶ᠎ᠡ ᠵᠣᠬᠢᠴᠠᠩᠭᠤᠢ ᠰᠢᠯᠣᠭᠤᠨ ᠬᠦᠬᠡ ᠶᠢ ᠴᠣᠭᠴᠠᠯᠠᠨ ᠪᠠᠶᠢᠭᠤᠯᠬᠤ ᠳᠤ ᠪᠠᠳᠣ ᠪᠠᠬᠢ ᠰᠠᠭᠤᠷᠢ ᠶᠢ | ᠲᠠᠯᠪᠢᠪᠠ᠃ ᠦᠩᠭᠡᠷᠡᠭᠰᠡᠨ ᠲᠠᠪᠤᠨ ᠵᠢᠯ ᠳᠤ ᠮᠠᠨ ᠤ ᠬᠤᠰᠢᠭᠤ ᠨᠢ ᠪᠦᠬᠦ ᠣᠷᠣᠨ ᠤ ᠪᠤᠯᠤᠨ ᠪᠦᠬᠦ ᠠᠶᠢᠮᠠᠭ ᠤᠨ | ᠲᠠᠪᠣᠳᠣᠭᠠᠷ ᠤᠳᠠᠭᠠᠨ ᠤ ᠪᠣᠯᠪᠠᠰᠣᠨ ᠤ ᠪᠦᠳᠦᠭᠡᠨ ᠪᠠᠶᠢᠭᠤᠯᠣᠯᠳᠠ ᠶᠢᠨ ᠲᠣᠷᠰᠢᠯᠭ᠎ᠠ ᠰᠣᠯᠢᠯᠴᠠᠬᠤ ᠬᠤᠶᠠᠷ ᠤᠳᠠᠭᠠᠨ ᠤ | ᠬᠤᠷᠠᠯ ᠢ ᠠᠮᠵᠢᠯᠳᠠ ᠲᠠᠢ ᠡᠷᠬᠢᠯᠡᠭᠰᠡᠨ ᠪᠦᠬᠡᠳ ᠡᠯ᠎ᠡ ᠱᠠᠳᠣᠨ ᠤ ᠪᠣᠯᠪᠠᠰᠣᠨ ᠪᠠᠶᠢᠭᠤᠯᠭ᠎ᠠ ᠨᠢᠭᠡᠴᠡ ᠪᠠᠷ 128 | ᠪᠠᠶᠢᠭᠤᠯᠭ᠎ᠠ ᠨᠢᠬᠡᠴᠡ ᠲᠣᠳᠣᠷᠠᠵᠣ᠂ ᠣᠷᠢᠳ ᠬᠤᠵᠢᠳ ᠦᠪᠡᠷᠳᠡᠭᠡᠨ ᠵᠠᠰᠠᠬᠤ ᠣᠷᠣᠨ ᠤ ︽ᠠᠷᠪᠠᠨ ᠣᠳᠣᠨ ᠳᠡᠰ ᠤᠨ | ᠪᠣᠯᠪᠠᠰᠣᠨ ᠬᠤᠳᠠ ᠪᠠᠯᠭᠠᠰᠣ ᠶᠢ ᠪᠠᠶᠢᠭᠤᠯᠬᠤ︾ ᠰᠢᠯᠭᠠᠷᠠᠭᠤᠯᠤᠯᠳᠠ ᠳᠤ ᠲᠡᠷᠢᠬᠦᠨ ᠤ ᠬᠤᠰᠢᠭᠤ ᠰᠢᠶᠠᠨ ᠢᠶᠠᠷ | ᠦᠨᠡᠯᠡᠭᠳᠡᠭᠰᠡᠨ ᠪᠦᠭᠡᠳ ︽ᠪᠦᠬᠦ ᠣᠷᠣᠨ ᠤ ᠨᠠᠢᠮᠠᠨ ᠣᠳᠣᠨ ᠳᠡᠰ ᠤᠨ ᠪᠣᠯᠪᠠᠰᠣᠨ ᠬᠤᠳᠠ ᠪᠠᠯᠭᠠᠰᠣ︾᠂ ︽ | ᠦᠪᠡᠷᠳᠡᠭᠡᠨ ᠵᠠᠰᠠᠬᠤ ᠣᠷᠣᠨ ᠤ ᠠᠷᠢᠭᠤᠨ ᠴᠡᠪᠡᠷ ᠬᠤᠳᠠ ᠪᠠᠯᠭᠠᠰᠣ︾ ᠵᠡᠷᠭᠡ ᠢᠷᠠᠭᠤ ᠠᠯᠳᠠᠷ ᠶᠢ ᠬᠦᠷᠳᠡᠪᠡ᠃ | — — ᠲᠠᠪᠣᠨ ᠵᠢᠯ ᠤᠨ ᠲᠣᠷᠰᠢ᠂ ᠨᠡᠶᠢᠭᠡᠮ ᠤᠨ ᠡᠶ᠎ᠡ ᠲᠣᠭᠳᠠᠭᠤᠨ ᠪᠠᠶᠢᠳᠠᠯ ᠢ ᠪᠠᠳᠤᠯᠠᠪᠠ᠃ ᠵᠠᠬᠢᠳᠠᠯ | ᠰᠣᠷᠪᠣᠯᠵᠢᠯᠠᠭ᠎ᠠ ᠶᠢᠨ ᠠᠵᠢᠯ ᠢ ᠤᠯᠠᠮ ᠴᠢᠩᠭᠠᠳᠬᠠᠵᠥ᠂ ᠭᠡᠷᠡᠭ ᠤᠴᠢᠷ ᠢ ᠤᠳᠤᠷᠢᠳᠤᠯᠭ᠎ᠠ ᠳᠤ ᠲᠠᠭᠠᠭᠠᠯᠭᠠᠬᠤ ᠲᠦᠷᠢᠮ | ᠪᠠ ᠵᠦᠷᠢᠴᠡᠯ ᠵᠢᠭᠤᠷᠠᠯᠳᠣᠭᠠᠨ ᠢ ᠪᠠᠶᠢᠴᠠᠭᠠᠨ ᠡᠶᠡᠳᠡᠬᠦᠯᠬᠦ ᠠᠵᠢᠯ ᠤᠨ ᠲᠤᠭᠳᠠᠯᠴᠠᠭ᠎ᠠ ᠶᠢ ᠲᠠᠰᠣᠷᠠᠯᠳᠠ ᠦᠬᠡᠢ | ᠲᠡᠭᠦᠯᠳᠡᠷᠵᠢᠬᠦᠯᠪᠡ᠃ ᠨᠡᠶᠢᠳᠡ 735 ᠤᠳᠠᠭᠠᠨ ᠤ ᠵᠠᠬᠢᠳᠠᠯ ᠰᠤᠷᠪᠤᠯᠵᠢᠯᠠᠭ᠎ᠠ ᠶᠢ ᠬᠦᠯᠢᠶᠡᠨ ᠠᠪᠴᠣ ᠭᠡᠷᠡᠭ ᠢ | ᠰᠢᠢᠳᠪᠦᠷᠢᠯᠡᠭᠰᠡᠨ ᠨᠤᠷᠮ᠎ᠠ 96% ᠳᠤ ᠬᠦᠷᠴᠤ ᠣᠯᠠᠨ ᠲᠦᠮᠡᠨ ᠤ ᠵᠦᠢ ᠶᠣᠰᠣᠨ ᠤ ᠵᠠᠷᠭᠤ ᠵᠠᠭᠠᠯᠳᠣᠯᠭ᠎ᠠ | ᠲᠤᠬᠢᠷᠠᠮᠵᠢᠳᠠᠢ ᠰᠢᠢᠳᠪᠦᠷᠢᠯᠡᠭᠳᠡᠭᠰᠡᠨ ᠪᠠᠶᠢᠨ᠎ᠠ᠃ ︽ᠵᠢᠷᠭᠤᠳᠤᠭᠠᠷ ᠲᠠᠪᠤᠨ ᠵᠢᠯ︾ ᠤᠨ ᠬᠠᠤᠯᠢ ᠲᠦᠭᠡᠮᠡᠯᠵᠢᠬᠦᠯᠬᠦ ᠠᠵᠢᠯ | ᠪᠦᠬᠦ ᠲᠠᠯ᠎ᠠ ᠪᠠᠷ ᠡᠬᠢᠯᠡᠵᠥ᠂ ᠬᠠᠤᠯᠢ ᠪᠠᠷ ᠬᠤᠰᠢᠭᠤ ᠪᠠᠨ ᠵᠠᠰᠠᠬᠤ ᠠᠵᠢᠯ ᠤᠨ ᠠᠬᠢᠴᠨ ᠤᠯᠠᠮ ᠲᠦᠷᠭᠡᠰᠪᠡ᠃ ᠴᠠᠭ | ᠠᠭᠠᠷ ᠢ ᠤᠷᠢᠳᠴᠢᠯᠠᠨ ᠮᠡᠳᠡᠭᠡᠯᠡᠬᠦ ᠲᠦᠷᠢᠮ ᠤᠯᠠᠮ ᠲᠡᠬᠦᠯᠳᠡᠷᠵᠢᠵᠥ ᠭᠠᠮᠰᠢᠭ ᠠᠴᠠ ᠰᠡᠷᠭᠡᠶᠢᠯᠡᠵᠥ ᠭᠠᠮᠰᠢᠭᠳᠠᠯ ᠢ | ᠪᠠᠭᠠᠰᠬᠠᠬᠤ ᠬᠦᠴᠤᠨ ᠲᠠᠰᠤᠷᠠᠯᠳᠠ ᠦᠭᠡᠢ ᠨᠡᠮᠡᠭᠳᠡᠪᠡ᠃ ᠦᠢᠯᠡᠳᠪᠦᠷᠢᠯᠡᠯ ᠤᠨ ᠠᠶᠤᠯᠬᠦᠢ ᠪᠠᠶᠢᠳᠠᠯ ᠦᠷᠬᠦᠯᠵᠢᠯᠡᠨ | ᠲᠣᠭᠳᠠᠭᠤᠨ ᠪᠠᠶᠢᠵᠣ᠂ ᠣᠯᠠᠨ ᠨᠡᠶᠢᠳᠡ ᠶᠢᠨ ᠲᠤᠮᠳᠠ ᠡᠬᠦᠰᠦᠭᠰᠡᠨ ᠪᠠᠴᠢᠮ ᠪᠠᠶᠢᠳᠠᠯ ᠢ ᠠᠷᠭᠠᠴᠠᠬᠤ ᠠᠵᠢᠯ ᠤᠨ | ᠲᠣᠭᠳᠠᠯᠴᠠᠭ᠎ᠠ ᠵᠢᠴᠢ ︽ᠲᠣᠮᠣ ᠴᠢᠬᠤᠯᠨ ᠬᠡᠷᠡᠭ ᠣᠴᠢᠷ ᠤᠨ ᠨᠡᠶᠢᠬᠡᠮ ᠤᠨ ᠠᠮᠤᠷ ᠲᠦᠪᠰᠢᠨ ᠳᠤ ᠦᠵᠡᠬᠦᠯᠬᠦ ᠦᠷ᠎ᠡ | ᠨᠦᠯᠦᠭᠡ ᠶᠢ ᠦᠨᠡᠯᠡᠨ ᠲᠣᠭᠳᠠᠭᠠᠬᠤ ᠲᠦᠷᠢᠮ︾ ᠢ ᠪᠠᠶᠢᠭᠤᠯᠣᠨ ᠲᠡᠭᠦᠯᠳᠡᠷᠵᠢᠬᠦᠯᠵᠣ᠂ ᠪᠠᠴᠢᠮ ᠪᠠᠶᠢᠳᠠᠯ ᠢ ᠠᠷᠭᠠᠴᠠᠬᠤ | ᠪᠠᠳᠣᠯᠠᠭ᠎ᠠ ᠶᠢᠨ ᠴᠢᠳᠠᠮᠵᠢ ᠪᠠᠨ ᠳᠠᠰᠣᠷᠠᠯᠳᠠ ᠦᠬᠡᠢ ᠳᠡᠭᠡᠭᠰᠢᠯᠡᠭᠦᠯᠪᠡ᠃ ᠨᠡᠶᠢᠬᠡᠮ ᠤᠨ ᠬᠠᠮᠢᠶᠠᠷᠣᠯᠳᠠ ᠳᠠᠬᠢ ᠰᠢᠨᠡᠴᠢᠯᠡᠯᠳᠡ | ᠶᠢ ᠣᠯᠠᠮ ᠨᠢᠬᠡ ᠠᠯᠬᠤᠮ ᠴᠢᠩᠭᠠᠳᠬᠠᠨ᠂ ᠨᠡᠶᠢᠬᠡᠮ ᠤᠨ ᠠᠮᠣᠷ ᠲᠦᠪᠰᠢᠨ ᠢ ᠬᠠᠮᠠᠭᠠᠯᠠᠬᠤ ᠰᠡᠷᠬᠡᠶᠢᠯᠡᠨ ᠡᠵᠡᠮᠰᠢᠬᠦ | ᠰᠢᠰᠲ᠋ᠧᠮ ᠢ ᠦᠷᠭᠦᠯᠵᠢᠯᠡᠨ ᠳᠡᠭᠦᠯᠳᠡᠷᠵᠢᠬᠦᠯᠵᠦ᠂ ᠬᠠᠣᠯᠢ ᠪᠣᠰᠣ ᠶᠠᠯᠠᠳᠣ ᠠᠵᠢᠯᠯᠠᠭ᠎ᠠ ᠨᠤᠭᠤᠳ ᠲᠤ ᠬᠦᠨᠳᠦ ᠴᠣᠬᠢᠯᠳᠠ | ᠦᠭᠬᠦᠨ᠂ ᠠᠵᠣ ᠠᠬᠤᠢ ᠨᠡᠶᠢᠬᠡᠮ ᠤᠨ ᠲᠣᠭᠳᠠᠭᠤᠨ ᠬᠦᠭᠵᠢᠯᠳᠡ ᠪᠠ ᠠᠷᠠᠳ ᠤᠯᠠᠨ ᠤ ᠠᠮᠣᠷ ᠲᠠᠶᠢᠪᠣᠩ ᠠᠵᠣ ᠲᠦᠷᠦᠭᠦ | ᠳᠤ ᠰᠠᠶᠢᠨ ᠰᠠᠶᠢᠬᠠᠨ ᠨᠡᠶᠢᠬᠡᠮ ᠤᠨ ᠣᠷᠴᠢᠨ ᠢ ᠪᠦᠷᠢᠯᠳᠦᠬᠦᠯᠦᠭᠰᠡᠨ ᠪᠠᠶᠢᠨ᠎ᠠ᠃ ᠡᠬᠦᠨ ᠤ ᠬᠠᠮᠳᠤ ᠨᠠᠮ ᠤᠨ ᠠᠷᠪᠠᠨ | ᠨᠠᠢᠮᠠᠳᠣᠭᠠᠷ ᠶᠡᠭᠡ ᠬᠤᠷᠠᠯ᠂ ᠪᠡᠭᠡᠵᠢᠩ ᠤᠨ ᠣᠯᠢᠮᠫᠢᠺ ᠤᠨ ᠴᠣᠭᠯᠠᠭᠠᠨ ᠵᠡᠷᠭᠡ ᠴᠢᠬᠤᠯᠨ ᠶᠡᠭᠡ ᠠᠵᠢᠯᠯᠠᠭᠠᠨ ᠤ ᠠᠮᠤᠷ | ᠲᠦᠪᠰᠢᠨ ᠢ ᠪᠠᠳᠤᠯᠠᠨ ᠬᠠᠮᠠᠭᠠᠯᠠᠬᠤ ᠠᠵᠢᠯ ᠢ ᠠᠮᠵᠢᠯᠳᠠ ᠲᠠᠢ ᠬᠦᠢᠴᠡᠳᠭᠡᠪᠠ᠃ | — — ᠲᠠᠪᠣᠨ ᠵᠢᠯ ᠤᠨ ᠲᠣᠷᠰᠢ᠂ ᠵᠠᠰᠠᠭ ᠤᠨ ᠣᠷᠳᠣᠨ ᠤ ᠲᠣᠰ ᠪᠡᠶ᠎ᠡ ᠶᠢᠨ ᠪᠦᠳᠦᠭᠡᠨ ᠪᠡᠶᠢᠭᠤᠯᠣᠯᠳᠠ ᠶᠢ | ᠦᠨᠡᠨᠬᠦ ᠴᠢᠩᠭᠠᠳᠬᠠᠪᠠ᠃ ᠦᠢᠯᠡᠴᠢᠯᠡᠯᠭᠡᠳᠤ ᠵᠠᠰᠠᠭ ᠢ ᠪᠦᠳᠤᠭᠡᠨ ᠪᠠᠶᠢᠭᠤᠯᠬᠤ ᠠᠵᠢᠯ ᠢ ᠯᠠᠪᠳᠠᠭᠤᠨ ᠠᠬᠢᠭᠤᠯᠵᠣ᠂ ᠠᠵᠣ | ᠠᠬᠤᠢ ᠨᠡᠶᠢᠬᠡᠮ ᠤᠨ ᠬᠦᠭᠵᠢᠯᠳᠠ ᠳᠤ ᠦᠵᠡᠬᠦᠯᠬᠦ ᠵᠠᠰᠠᠭ ᠤᠨ ᠤᠷᠳᠤᠨ ᠤ ᠬᠦᠴᠤᠨ ᠴᠢᠳᠠᠪᠣᠷᠢ ᠵᠢᠴᠢ ᠠᠵᠢᠯ ᠤᠨ ᠦᠷ᠎ᠡ | ᠠᠰᠢᠭ ᠢᠶᠠᠨ ᠦᠨᠡᠨᠬᠦ ᠲᠡᠭᠡᠭᠰᠢᠯᠡᠬᠦᠯᠪᠡ᠃ ᠰᠢᠨᠵᠢᠯᠡᠬᠦ ᠣᠬᠠᠭᠠᠨᠴᠢ ᠬᠦᠭᠵᠢᠯᠳᠡ ᠶᠢᠨ ᠦᠵᠡᠯᠳᠡ ᠶᠢ ᠰᠣᠷᠣᠯᠴᠠᠨ | ᠦᠢᠯᠡᠳᠦᠯᠬᠡᠵᠢᠬᠦᠯᠬᠦ ᠠᠵᠢᠯᠯᠠᠭ᠎ᠠ ᠪᠤᠯᠤᠨ ᠲᠡᠷᠢᠬᠦᠨ ᠢ ᠡᠬᠦᠳᠴᠦ ᠰᠢᠯᠢᠳᠡᠭ ᠪᠣᠯᠬᠤ ᠪᠠᠷ ᠲᠡᠮᠡᠴᠡᠬᠦ ᠠᠵᠢᠯᠯᠠᠭ᠎ᠠ ᠵᠢᠴᠢ ︽ | ᠺᠠᠳ᠋ᠷᠴᠤᠳ ᠦᠨᠳᠤᠰᠤᠨ ᠱᠠᠳᠤᠨ ᠳᠤ ᠪᠠᠭᠤᠨ᠂ ᠪᠤᠳᠠᠳᠠᠢ ᠤᠴᠢᠷ ᠬᠢᠵᠥ᠂ ᠠᠵᠢᠯ ᠤᠨ ᠭᠡᠪ ᠰᠤᠷᠳᠠᠯ ᠢᠶᠠᠨ | ᠬᠤᠪᠢᠷᠠᠭᠤᠯᠬᠤ︾ ᠠᠷᠠᠳ ᠲᠤ ᠦᠢᠯᠡᠴᠢᠯᠡᠬᠦ ᠬᠦᠳᠡᠯᠭᠡᠭᠡᠨ ᠢ ᠲᠤᠤᠱᠳᠠᠢ ᠦᠷᠨᠢᠬᠦᠯᠪᠡ᠃ ᠠᠷᠠᠳ ᠤᠨ ᠲᠦᠯᠦᠭᠡᠯᠡᠭᠴᠢᠳ | ᠤᠨ ᠶᠡᠭᠡ ᠬᠤᠷᠠᠯ ᠤᠨ ᠬᠠᠣᠯᠢ ᠶᠣᠰᠣᠨ ᠤ ᠬᠢᠨᠠᠯᠳᠠ ᠪᠠ ᠣᠯᠣᠰ ᠲᠦᠷᠦ ᠶᠢᠨ ᠵᠦᠪᠯᠡᠯᠭᠡᠨ ᠤ ᠠᠷᠠᠳᠴᠢᠯᠠᠭᠰᠠᠨ ᠬᠢᠨᠠᠯᠳᠠ | ᠶᠢ ᠣᠬᠠᠮᠰᠠᠷ ᠠᠴᠠ ᠪᠠᠨ ᠬᠦᠯᠢᠶᠡᠭᠰᠡᠨ ᠪᠦᠭᠡᠳ ᠲᠠᠪᠣᠨ ᠵᠢᠯ ᠳᠤ ᠨᠠᠶᠢᠳᠠ ᠠᠷᠠᠳ ᠤᠨ ᠲᠦᠯᠦᠬᠡᠯᠡᠭᠴᠢᠳ ᠤᠨ ᠶᠡᠭᠡ | ᠬᠤᠷᠠᠯ ᠤᠨ ᠲᠦᠯᠦᠭᠡᠯᠡᠭᠴᠢᠳ ᠤᠨ ᠲᠡᠪᠰᠢᠬᠦᠯᠦᠭᠰᠡᠨ ᠰᠠᠨᠠᠯ 573 ᠬᠤᠪᠢ᠂ ᠣᠯᠣᠰ ᠲᠦᠷᠦ ᠶᠢᠨ ᠵᠦᠪᠯᠡᠯᠬᠡᠨ ᠤ | ᠬᠡᠰᠢᠬᠦᠳ ᠤᠨ ᠲᠡᠪᠰᠢᠬᠦᠯᠦᠭᠰᠡᠨ ᠰᠠᠨᠠᠯ 445 ᠬᠤᠪᠢ ᠬᠦᠯᠢᠶᠡᠨ ᠠᠪᠴᠤ ᠰᠢᠢᠳᠪᠦᠷᠢᠯᠡᠪᠡ᠃ ᠬᠦᠩᠭᠡᠨ ᠭᠠᠪᠰᠢᠭᠠᠢ᠂ | ᠠᠵᠢᠯ ᠤᠨ ᠦᠷ᠎ᠡ ᠠᠰᠢᠭ ᠦᠨᠳᠤᠷ ᠪᠠᠶᠢᠬᠤ ᠵᠠᠷᠴᠢᠮ ᠶᠤᠰᠤᠭᠠᠷ ᠵᠠᠰᠠᠭ ᠤᠨ ᠣᠷᠳᠣᠨ ᠤ ᠪᠠᠶᠢᠭᠤᠯᠤᠮᠵᠢ ᠶᠢᠨ ᠰᠢᠰᠲ᠋ᠧᠮ | ᠤᠨ ᠦᠬᠡᠷᠡᠴᠢᠯᠡᠯᠳᠡ ᠶᠢ ᠪᠡᠶᠡᠯᠡᠬᠦᠯᠪᠡ᠃ ᠵᠠᠰᠠᠭ ᠵᠠᠬᠢᠷᠭᠠᠨ ᠤ ᠬᠠᠣᠯᠢ ᠬᠡᠷᠡᠭᠵᠢᠬᠦᠯᠬᠦ ᠬᠠᠷᠢᠭᠤᠴᠠᠯᠭ᠎ᠠ ᠶᠢᠨ ᠲᠦᠷᠢᠮ ᠢ | ᠪᠦᠬᠦ ᠲᠠᠯ᠎ᠠ ᠪᠠᠷ ᠭᠡᠷᠡᠭᠵᠢᠬᠦᠯᠦᠭᠰᠡᠨ ᠢᠶᠠᠷ ᠬᠠᠣᠯᠢ ᠶᠢᠨ ᠲᠠᠭᠠᠤ ᠵᠠᠰᠠᠭ ᠶᠠᠪᠤᠭᠤᠯᠬᠤ᠂ ᠵᠠᠰᠠᠭ ᠵᠠᠬᠢᠷᠭᠠᠨ ᠤ ᠬᠠᠣᠯᠢ | ᠬᠡᠷᠡᠭᠵᠢᠬᠦᠯᠦᠯᠳᠡ ᠶᠢ ᠬᠢᠨᠠᠬᠤ ᠠᠵᠢᠯ ᠢᠯᠡᠳᠳᠠ ᠴᠢᠩᠭᠠᠷᠠᠭᠰᠠᠨ ᠪᠦᠭᠡᠳ ᠵᠠᠰᠠᠭ ᠵᠠᠬᠢᠷᠭᠠᠨ ᠤ ᠬᠢᠨᠠᠨ ᠵᠦᠪᠰᠢᠶᠡᠷᠡᠯᠳᠡ᠂ | ᠵᠠᠰᠠᠭ ᠤᠨ ᠶᠠᠪᠣᠳᠠᠯ ᠢ ᠢᠯᠨ ᠪᠤᠯᠭᠠᠬᠤ᠂ ᠵᠠᠰᠠᠭ ᠵᠠᠬᠢᠷᠭᠠᠨ ᠤ ᠬᠢᠨᠠᠨ ᠪᠠᠶᠢᠴᠠᠭᠠᠯᠳᠠ ᠵᠡᠷᠭᠡ ᠠᠵᠢᠯ ᠣᠯᠠᠮ ᠨᠢᠬᠡ ᠠᠯᠬᠤᠮ | ᠲᠦᠷᠢᠮᠵᠢᠭᠰᠡᠨ ᠪᠠᠶᠢᠨ᠎ᠠ᠃ ︽ᠨᠠᠮ ᠤᠨ ᠭᠡᠰᠢᠬᠦᠨ ᠺᠠᠳ᠋ᠷᠴᠤᠳ ᠤᠨ ᠠᠷᠢᠭᠤᠨ ᠴᠢᠭᠡᠴᠢ ᠪᠠᠷ ᠵᠠᠰᠠᠭ ᠶᠠᠪᠤᠭᠤᠯᠬᠤ | ᠪᠠᠷᠢᠮᠵᠢᠶ᠎ᠠ︾ ᠶᠢ ᠴᠢᠩᠭ᠎ᠠ ᠬᠡᠷᠡᠭᠵᠢᠬᠦᠯᠦᠨ᠂ ᠨᠠᠮ ᠤᠨ ᠰᠣᠷᠳᠠᠯ ᠪᠤᠯᠤᠨ ᠠᠷᠢᠭᠤᠨ ᠴᠢᠬᠡᠴᠢ ᠵᠠᠰᠠᠭ ᠤᠨ ᠪᠦᠳᠦᠬᠡᠨ | ᠪᠠᠶᠢᠭᠤᠯᠣᠯᠳᠠ ᠶᠢᠨ ᠬᠠᠷᠢᠭᠤᠴᠠᠯᠭ᠎ᠠ ᠶᠢᠨ ᠲᠦᠷᠢᠮ ᠢ ᠪᠦᠳᠦᠮᠵᠢᠳᠠᠢ ᠨᠠᠶᠢᠳᠠᠪᠤᠷᠢᠵᠢᠭᠤᠯᠪᠠ᠃ | ᠲᠦᠯᠦᠭᠡᠯᠡᠭᠴᠢᠳ ᠡ᠂ ᠦᠩᠬᠡᠷᠡᠭᠰᠡᠨ ᠳᠠᠪᠣᠨ ᠵᠢᠯ ᠪᠣᠯ ᠮᠠᠨ ᠤ ᠬᠤᠰᠢᠭᠤᠨ ᠤ ᠠᠵᠣ ᠠᠬᠤᠢ ᠨᠠᠶᠢᠬᠡᠮ | ᠲᠦᠷᠭᠡᠨ ᠬᠦᠭᠵᠢᠭᠰᠡᠨ ᠲᠠᠪᠣᠨ ᠵᠢᠯ ᠮᠦᠨ᠂ ᠬᠤᠳᠠ ᠪᠠᠯᠭᠠᠰᠣᠨ ᠤ ᠲᠦᠷᠢ ᠲᠦᠷᠭᠦ ᠬᠤᠪᠢᠷᠠᠯᠳᠠ ᠶᠡᠭᠡ ᠲᠠᠢ ᠲᠠᠪᠣᠨ ᠵᠢᠯ᠂ | ᠠᠷᠠᠳ ᠤᠯᠠᠨ ᠬᠠᠷᠠᠭᠠᠯᠵᠠᠯ ᠬᠦᠷᠳᠡᠭᠡᠮᠵᠢ ᠶᠡᠭᠡ ᠲᠠᠢ ᠳᠠᠪᠣᠨ ᠵᠢᠯ ᠪᠣᠯᠬᠤ ᠶᠣᠮ᠃ ᠪᠢᠳᠡᠨ ᠤ ᠤᠯᠵᠥ ᠢᠷᠡᠭᠰᠡᠨ | ᠠᠮᠵᠢᠯᠳᠠ ᠪᠦᠳᠤᠭᠡᠯ ᠪᠤᠯ ᠳᠡᠭᠡᠳᠦ ᠱᠠᠳᠣᠨ ᠤ ᠨᠠᠮ ᠵᠠᠰᠠᠭ ᠵᠢᠴᠢ ᠬᠤᠰᠢᠭᠤ ᠨᠠᠮ ᠤᠨ ᠬᠤᠷᠢᠶᠠᠨ ᠤ ᠰᠢᠨᠵᠢᠯᠡᠬᠦ | ᠣᠬᠠᠭᠠᠨᠴᠢ ᠰᠢᠢᠳᠪᠦᠷᠢ ᠪᠣᠳᠣᠯᠭ᠎ᠠ ᠬᠢᠬᠡᠳ ᠵᠦᠪ ᠵᠢᠯᠤᠭᠤᠳᠤᠯᠭ᠎ᠠ ᠶᠢᠨ ᠦᠷ᠎ᠡ ᠳ᠋ᠦᠩ ᠮᠦᠨ᠃ ᠬᠤᠰᠢᠭᠤ ᠠᠷᠠᠳ ᠤᠨ | ᠲᠦᠯᠦᠬᠡᠯᠡᠭᠴᠢᠳ ᠤᠨ ᠶᠡᠭᠡ ᠬᠤᠷᠠᠯ ᠪᠤᠯᠤᠨ ᠣᠯᠣᠰ ᠲᠦᠷᠦ ᠶᠢᠨ ᠵᠦᠪᠯᠡᠯᠬᠡᠨ ᠤ ᠴᠢᠩᠭ᠎ᠠ ᠬᠢᠨᠠᠯᠳᠠ ᠪᠤᠯᠤᠨ | ᠬᠠᠪᠰᠤᠷᠤᠯᠭ᠎ᠠ ᠲᠡᠮᠵᠢᠯᠭᠡ ᠶᠢᠨ ᠦᠷ᠎ᠡ ᠳ᠋ᠦᠩ ᠮᠦᠨ᠃ ᠲᠦᠷᠦᠬᠦᠤ ᠲᠦᠷᠦᠬᠦᠴᠢ ᠶᠢᠨ ᠣᠳᠣᠷᠢᠳᠬᠤ ᠪᠠᠭ ᠤᠨ ᠬᠢᠨ ᠤ | ᠬᠠᠮᠳᠣ ᠶᠢᠨ ᠴᠢᠷᠮᠠᠶᠢᠯᠭ᠎ᠠ ᠪᠤᠯᠤᠨ ᠪᠠᠳᠣ ᠪᠠᠬᠢ ᠰᠠᠭᠤᠷᠢ ᠲᠠᠯᠪᠢᠭᠰᠠᠨ ᠤ ᠦᠷ᠎ᠡ ᠳ᠋ᠦᠩ ᠮᠦᠨ᠃ ᠨᠡᠩ ᠴᠣ᠋ ᠪᠦᠬᠦ | ᠬᠤᠰᠢᠭᠤᠨ ᠤ ᠲᠦᠭ ᠲᠦᠮᠡᠨ ᠠᠷᠠᠳ ᠤᠯᠠᠨ ᠤ ᠪᠦᠯᠬᠦᠮᠳᠡᠨ ᠨᠢᠭᠡᠳᠴᠤ ᠵᠤᠷᠢᠭᠳᠠᠢ ᠳᠡᠮᠡᠴᠡᠭᠰᠡᠨ ᠤ ᠦᠷ᠎ᠡ ᠳ᠋ᠦᠩ ᠮᠦᠨ | ᠃ ᠠᠳᠡ ᠪᠢ᠂ ᠬᠤᠰᠢᠭᠤ ᠠᠷᠠᠳ ᠤᠨ ᠵᠠᠰᠠᠭ ᠤᠨ ᠣᠷᠳᠣᠨ ᠢ ᠲᠦᠯᠦᠭᠡᠯᠡᠨ ᠪᠦᠬᠦ ᠬᠤᠰᠢᠭᠤᠨ ᠤ ᠠᠵᠣ ᠠᠬᠤᠢ ᠨᠡᠶᠢᠭᠡᠮ | ᠤᠨ ᠬᠦᠭᠵᠢᠯᠳᠡ ᠳᠤ ᠰᠢᠷᠭᠠᠭᠤ ᠬᠦᠳᠡᠯᠮᠦᠷᠢ ᠪᠠᠨ ᠡᠷᠬᠦᠯᠴᠡᠭᠰᠡᠨ ᠺᠠᠳ᠋ᠷ ᠣᠯᠠᠨ ᠲᠦᠮᠡᠨ ᠪᠤᠯᠤᠨ ᠵᠠᠰᠠᠭ ᠤᠨ ᠣᠷᠳᠣᠨ ᠤ | ᠠᠵᠢᠯ ᠢ ᠪᠦᠬᠦ ᠬᠦᠴᠦᠨ ᠢᠶᠠᠷ ᠢᠶᠠᠨ ᠲᠡᠮᠵᠢᠭᠰᠡᠨ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠲᠦᠯᠦᠭᠡᠯᠡᠭᠴᠢᠳ | ᠂ ᠣᠯᠣᠰ ᠲᠦᠷᠦ ᠶᠢᠨ ᠵᠦᠪᠯᠡᠯᠬᠡᠨ ᠤ ᠬᠡᠰᠢᠭᠦᠳ ᠪᠠ ᠠᠬᠠᠮᠠᠳ ᠣᠳᠣᠷᠢᠳᠣᠯᠭ᠎ᠠ ᠨᠠᠷ ᠲᠤ ᠪᠠᠨ ᠵᠢᠴᠢ ᠰᠢᠯᠣᠭᠤᠨ ᠬᠦᠬᠡ | ᠶᠢᠨ ᠬᠦᠭᠵᠢᠯᠳᠡ ᠶᠢ ᠬᠠᠯᠠᠮᠵᠢᠯᠠᠨ ᠲᠡᠮᠵᠢᠭᠰᠡᠭᠡᠷ ᠢᠷᠡᠭᠰᠡᠨ ᠨᠡᠶᠢᠬᠡᠮ ᠤᠨ ᠡᠯ᠎ᠡ ᠡᠳᠡᠭᠡᠳ ᠤᠨ ᠬᠢᠨ ᠳᠤ ᠴᠢᠩ ᠰᠡᠳᠬᠢᠯ ᠤᠨ | ᠬᠦᠨᠳᠦᠳᠬᠡᠯ ᠲᠠᠯᠠᠷᠬᠠᠯ ᠢᠶᠠᠨ ᠲᠡᠪᠰᠢᠬᠦᠯᠵᠦ ᠪᠠᠶᠢᠬᠤ ᠪᠠᠨ ᠢᠯᠡᠷᠭᠡᠶᠢᠯᠡᠶ᠎ᠡ︕ | ᠲᠠᠪᠤᠨ ᠵᠢᠯ ᠤᠨ ᠦᠢᠯᠡᠳᠤᠯᠭᠡ ᠴᠢᠷᠮᠠᠶᠢᠯᠭ᠎ᠠ ᠲᠤᠮᠳᠠ ᠪᠢᠳᠠ ᠬᠤᠶᠢᠰᠢᠳᠠ ᠶᠢᠨ ᠠᠵᠢᠯ ᠳᠤ ᠪᠠᠨ ᠵᠠᠪᠠᠯ | ᠪᠠᠷᠢᠮᠳᠠᠯᠠᠬᠤ ᠶᠤᠰᠤᠳᠠᠢ ᠠᠷᠭ᠎ᠠ ᠲᠤᠷᠰᠢᠯᠭ᠎ᠠ ᠤᠳ ᠢ ᠬᠤᠷᠠᠮᠳᠤᠭᠤᠯᠤᠭᠰᠠᠨ ᠪᠢᠯᠨ᠃ ᠪᠢᠳᠠ ᠰᠢᠯᠣᠭᠤᠨ ᠬᠦᠬᠡ ᠶᠢᠨ ᠢᠶᠠᠨ | ᠬᠦᠭᠵᠢᠯᠳᠡ ᠶᠢ ᠲᠦᠷᠭᠡᠳᠬᠡᠨ ᠠᠷᠠᠳ ᠤᠯᠠᠨ ᠳᠤ ᠪᠠᠨ ᠪᠣᠳᠠᠳᠣ ᠠᠰᠢᠭ ᠬᠦᠷᠳᠡᠭᠡᠶ᠎ᠡ ᠭᠡᠪᠡᠯ ᠵᠠᠪᠠᠯ ᠦᠵᠡᠯ ᠰᠠᠨᠠᠭ᠎ᠠ ᠪᠠᠨ | ᠴᠢᠯᠦᠬᠡᠯᠡᠨ ᠲᠠᠨᠢᠯᠳᠠ ᠪᠠᠨ ᠰᠢᠨᠡᠳᠭᠡᠵᠥ᠂ ᠰᠦᠰᠤ ᠵᠤᠷᠢᠭ ᠢᠶᠠᠨ ᠡᠷᠴᠢᠯᠡᠨ ᠡᠬᠦᠳᠤᠯᠳᠠ ᠪᠦᠳᠤᠭᠡᠯᠳᠠ ᠲᠠᠢ ᠠᠵᠢᠯᠯᠠᠬᠤ | ᠬᠡᠷᠡᠭᠳᠡᠢ᠃ ᠵᠠᠪᠠᠯ ᠬᠦᠭᠵᠢᠯᠳᠡ ᠶᠢ ᠲᠡᠷᠢᠬᠦᠨ ᠴᠢᠬᠤᠯᠨ ᠡᠭᠦᠷᠭᠡ ᠪᠤᠯᠭᠠᠨ᠂ ᠠᠵᠨ ᠲᠣᠬᠢᠶᠠᠯ ᠢ ᠵᠠᠪᠳᠣᠨ ᠬᠦᠴᠢᠷ ᠪᠡᠷᠭᠡ | ᠶᠢ ᠢᠯᠡᠨ ᠳᠠᠪᠠᠵᠣ ᠪᠦᠬᠦᠶᠢᠯᠨ ᠠᠵᠢᠯ ᠢᠶᠠᠨ ᠬᠦᠭᠵᠢᠯᠳᠡ ᠶᠢᠨ ᠲᠣᠭᠤᠷᠢᠨ ᠳᠤ ᠶᠡᠪᠣᠭᠳᠠᠭᠤᠯᠵᠣ᠂ ᠬᠦᠭᠵᠢᠯᠳᠡ ᠶᠢᠨ | ᠲᠣᠭᠤᠷᠢᠨ ᠳᠤ ᠰᠢᠢᠳᠬᠦ ᠬᠡᠷᠡᠭᠳᠡᠢ᠃ ᠵᠠᠪᠠᠯ ᠲᠦᠰᠦᠯ ᠢᠶᠠᠷ ᠲᠠᠶᠢᠴᠢᠯᠠᠬᠤ ᠪᠠᠶᠢᠯᠳᠣᠬᠤ ᠪᠣᠳᠣᠯᠭ᠎ᠠ ᠶᠢ ᠪᠠᠷᠢᠮᠳᠠᠯᠠᠨ᠂ ᠠᠷᠭ᠎ᠠ | ᠣᠬᠠᠭᠠᠨ ᠰᠦᠪᠡᠭᠴᠢᠯᠡᠨ᠂ ᠢᠯᠡᠬᠦᠭᠡᠨ ᠲᠦᠰᠦᠯ ᠮᠡᠳᠡᠬᠦᠯᠵᠥ᠂ ᠢᠯᠡᠬᠦᠭᠡᠨ ᠲᠦᠰᠤᠯ ᠲᠡᠮᠡᠴᠡᠨ ᠣᠯᠵᠣ᠂ ᠡᠬᠦᠨ ᠤ ᠤᠯᠠᠮ | ᠢᠶᠠᠷ ᠠᠵᠣ ᠠᠬᠤᠢ ᠶᠢᠨ ᠬᠦᠭᠵᠢᠯᠳᠠ ᠶᠢ ᠠᠬᠢᠭᠤᠯᠬᠤ ᠬᠡᠷᠡᠭᠳᠡᠢ᠃ ᠵᠠᠪᠠᠯ ᠬᠦᠮᠦᠨ ᠢᠶᠠᠷ ᠦᠨᠳᠣᠰᠦ ᠪᠤᠯᠭᠠᠵᠥ᠂ ᠠᠷᠠᠳ | ᠤᠨ ᠠᠮᠢᠳᠣᠷᠠᠯ ᠢ ᠳᠡᠭᠡᠭᠰᠢᠯᠡᠬᠦᠯᠬᠦ ᠪᠠᠷ ᠬᠠᠮᠤᠭ ᠡᠬᠢᠯᠡᠯᠳᠠ ᠪᠠᠨ ᠪᠣᠯᠭᠠᠵᠣ᠂ ᠪᠦᠬᠦ ᠬᠦᠴᠦᠨ ᠢᠶᠠᠷ ᠢᠶᠠᠨ ᠠᠷᠠᠳ ᠤᠨ | ᠠᠮᠢᠳᠣᠷᠠᠯ ᠢ ᠪᠠᠳᠤᠯᠠᠨ ᠰᠠᠶᠢᠵᠢᠷᠠᠭᠤᠯᠬᠤ ᠬᠡᠷᠡᠭᠳᠡᠢ᠃ ᠵᠠᠪᠠᠯ ᠨᠡᠶᠢᠬᠡᠮ ᠤᠨ ᠬᠠᠮᠢᠶᠠᠷᠣᠯᠳᠠ ᠶᠢ ᠴᠢᠩᠭᠠᠳᠬᠠᠵᠥ᠂ ᠨᠠᠶᠢᠬᠡᠮ | ᠤᠨ ᠲᠣᠭᠳᠠᠭᠤᠨ ᠢ ᠬᠠᠮᠠᠭᠠᠯᠠᠵᠣ᠂ ᠬᠦᠭᠵᠢᠯᠳᠡ ᠳᠤ ᠣᠬᠢ ᠰᠠᠶᠢᠨ ᠣᠷᠴᠢᠨ ᠢ ᠡᠭᠦᠳᠬᠦ ᠬᠡᠷᠡᠭᠳᠡᠢ᠃ ᠵᠠᠪᠠᠯ ᠣᠯᠠᠨ | ᠲᠦᠮᠡᠨ ᠲᠤ ᠲᠦᠰᠢᠭᠯᠡᠵᠥ᠂ ᠲᠡᠳᠡᠨ ᠤ ᠤᠶᠤᠨ ᠤᠬᠠᠭ᠎ᠠ ᠶᠢ ᠨᠢᠭᠳᠠᠷᠠᠭᠤᠯᠵᠥ᠂ ᠬᠦᠰᠡᠯ ᠵᠤᠷᠢᠯᠳᠠ ᠨᠢᠭᠡᠳᠠᠢ ᠲᠠᠶᠢᠴᠢᠨ | ᠡᠩᠨᠡᠭᠡ ᠶᠢ ᠪᠦᠷᠢᠯᠳᠦᠬᠦᠯᠬᠦ ᠬᠡᠷᠡᠭᠳᠡᠢ᠃ | ᠪᠢᠳᠡ ᠠᠮᠵᠢᠯᠳᠠ ᠪᠠᠨ ᠪᠠᠭ᠋ᠠᠷᠬᠠᠬᠤ ᠶᠢᠨ ᠵᠡᠷᠭᠡᠴᠡᠭᠡ ᠠᠵᠣ ᠠᠬᠤᠢ ᠨᠡᠶᠢᠬᠡᠮ ᠤᠨ ᠬᠦᠭᠵᠢᠯᠳᠡ ᠲᠤᠮᠳᠠ | ᠤᠷᠤᠰᠢᠵᠥ ᠪᠠᠶᠢᠭ᠎ᠠ ᠬᠦᠴᠢᠷ ᠠᠰᠠᠭᠤᠳᠠᠯ ᠪᠤᠯᠤᠨ ᠲᠤᠳᠠᠮᠠᠭ ᠵᠦᠢᠯ ᠤᠳ ᠢ ᠰᠡᠷᠭᠡᠭ ᠢᠶᠠᠷ ᠣᠯᠵᠣ ᠲᠠᠨᠢᠬᠤ ᠬᠡᠷᠡᠭᠳᠡᠢ᠃ | ᠡᠬᠦᠨ ᠢ ᠬᠤᠷᠢᠶᠠᠩᠭᠤᠶᠢᠯᠠᠪᠠᠯ᠄ ᠨᠢᠬᠡ ᠳᠤ᠂ ᠠᠵᠣ ᠠᠬᠤᠢ ᠶᠢᠨ ᠶᠡᠷᠦᠩᠬᠡᠢ ᠬᠡᠮᠵᠢᠶ᠎ᠡ ᠪᠠᠭ᠎ᠠ᠂ ᠶᠡᠷᠦᠩᠬᠡᠶᠢᠯᠡᠭᠰᠡᠨ ᠪᠣᠳᠠᠳᠣ | ᠬᠦᠴᠦᠨ ᠲᠣᠷᠣᠢ᠂ ᠪᠢᠳᠠ ᠪᠦᠬᠦ ᠤᠷᠤᠨ ᠳᠤ ᠲᠤᠮᠳᠠ ᠠᠴᠠ ᠲᠤᠤᠭᠤᠷ ᠲᠦᠪᠰᠢᠨ ᠳᠤ ᠪᠠᠶᠢᠭ᠎ᠠ ᠪᠣᠯᠬᠤᠷ ᠬᠦᠭᠵᠢᠯᠳᠡ ᠪᠠ | ᠬᠦᠭᠵᠢᠯᠳᠡ ᠶᠢᠨ ᠬᠡᠯᠪᠡᠷᠢ ᠶᠢᠨ ᠬᠤᠪᠢᠷᠠᠯᠳᠠ ᠶᠢ ᠲᠦᠷᠭᠡᠳᠬᠡᠬᠦ ᠬᠤᠣᠰ ᠡᠭᠦᠷᠬᠡ ᠵᠡᠷᠭᠡ ᠪᠠᠷ ᠣᠷᠣᠰᠢᠵᠣ ᠪᠠᠶᠢᠨ᠎ᠠ᠃ | ᠬᠤᠶᠠᠷ ᠲᠤ᠂ ᠲᠠᠷᠢᠶᠠᠯᠠᠩ ᠮᠠᠯ ᠠᠵᠤ ᠠᠬᠤᠢ ᠶᠢᠨ ᠦᠨᠳᠦᠰᠦᠨ ᠨᠦᠬᠦᠴᠡᠯ ᠪᠠᠷᠤᠭᠳᠠᠢ᠂ ᠮᠠᠯᠴᠢᠨ ᠲᠠᠷᠢᠶᠠᠴᠢᠳ ᠤᠨ | ᠭᠠᠮᠰᠢᠭ ᠢ ᠰᠡᠷᠭᠡᠶᠢᠯᠡᠵᠥ ᠭᠠᠮᠰᠢᠭᠳᠠᠯ ᠢ ᠪᠠᠭᠠᠰᠬᠠᠬᠤ ᠤᠬᠠᠮᠰᠠᠷ ᠲᠠᠨᠢᠯᠳᠠ ᠶᠢ ᠲᠡᠭᠡᠭᠰᠢᠯᠡᠬᠦᠯᠬᠦ ᠴᠢᠬᠤᠯᠠᠳᠠᠢ᠃ ᠮᠠᠯ | ᠲᠠᠷᠢᠶᠠᠯᠠᠩ ᠤᠨ ᠠᠰᠢᠭ ᠰᠢᠮ᠎ᠡ ᠶᠢ ᠪᠤᠯᠪᠠᠰᠤᠷᠠᠭᠤᠯᠬᠤ ᠠᠵᠣ ᠠᠬᠤᠶᠢᠯᠠᠯ ᠤᠨ ᠬᠡᠪᠴᠢᠶ᠎ᠡ ᠪᠠᠭ᠎ᠠ᠂ ᠨᠠᠷᠢᠯᠢᠭ ᠦᠢᠯᠡᠳᠭᠡᠯ | ᠤᠨ ᠬᠢᠷᠢ ᠲᠦᠪᠰᠢᠨ ᠲᠤᠤᠷ᠎ᠠ᠂ ᠮᠠᠯᠴᠢᠨ ᠲᠠᠷᠢᠶᠠᠴᠢᠳ ᠲᠤ ᠠᠰᠢᠭ ᠤᠯᠭᠤᠬᠤ᠂ ᠠᠵᠢᠯ ᠤᠯᠭᠤᠬᠤ ᠲᠠᠯ᠎ᠠ ᠲᠡᠭᠡᠷ᠎ᠡ | ᠲᠠᠶᠢᠴᠢᠯᠠᠭᠴᠢ ᠬᠦᠴᠤᠨ ᠰᠤᠯᠨ ᠪᠠᠶᠢᠭᠰᠠᠭᠠᠷ᠃ ᠭᠤᠷᠪᠠ ᠳᠤ᠂ ᠲᠤᠮᠳᠠ ᠵᠢᠵᠢᠭ ᠠᠵᠤ ᠠᠬᠤᠶᠢᠯᠠᠯ ᠤᠨ ᠵᠢᠭᠡᠯᠯᠡᠭᠡ ᠤᠯᠬᠤ | ᠠᠷᠭ᠎ᠠ ᠵᠠᠮ ᠴᠦᠭᠡᠨ᠂ ᠪᠡᠯᠨ ᠨᠡᠶᠢᠯᠡᠬᠦᠯᠬᠦ ᠳᠤ ᠶᠡᠭᠡᠭᠡᠨ ᠬᠦᠴᠢᠷᠳᠡᠯ ᠲᠠᠢ ᠪᠠᠶᠢᠨ᠎ᠠ᠃ ᠲᠦᠷᠪᠡ ᠳᠤ᠂ ᠰᠣᠶᠣᠯ ᠵᠢᠭᠤᠯᠴᠢᠯᠠᠯ | ᠤᠨ ᠡᠬᠢ ᠪᠠᠶᠠᠯᠢᠭ ᠢ ᠨᠡᠭᠡᠭᠡᠨ ᠬᠦᠭᠵᠢᠬᠦᠯᠬᠦ ᠬᠦᠴᠦᠯᠡᠴᠡ ᠬᠦᠷᠦᠯᠴᠡᠬᠦ ᠦᠬᠡᠢ᠂ ᠶᠣᠸᠠᠨ ᠤ ᠳᠡᠭᠡᠳᠦ ᠨᠡᠶᠢᠰᠯᠡᠯ ᠤᠨ | ᠪᠠᠭᠤᠷᠢ ᠪᠠᠷ ᠭᠤᠣᠯ ᠪᠣᠯᠭᠠᠭᠰᠠᠨ ᠮᠣᠩᠭᠤᠯ ᠶᠣᠸᠠᠨ ᠤ ᠰᠣᠶᠣᠯ᠂ ᠲᠠᠯ᠎ᠠ ᠨᠣᠳᠤᠭ ᠤᠨ ᠣᠨᠴᠠᠯᠢᠭᠳᠣ ᠵᠢᠭᠤᠯᠴᠢᠯᠠᠯ ᠳᠤ | ᠵᠤᠷᠢᠭᠤᠯᠤᠭᠳᠠᠭᠰᠠᠨ ᠬᠠᠮᠢᠶ᠎ᠠ ᠪᠦᠬᠦᠢ ᠲᠦᠭᠦᠭᠡᠷᠦᠮᠵᠢ ᠶᠢᠨ ᠪᠠᠶᠢᠭᠤᠯᠤᠯᠳᠠ ᠲᠤᠳᠠᠮᠠᠭ᠂ ᠵᠢᠭᠤᠯᠴᠢᠯᠠᠯ ᠤᠨ ᠦᠢᠯᠡᠰ ᠤᠨ | ᠲᠡᠰ ᠲᠦᠪᠰᠢᠨ ᠢ ᠲᠠᠷᠤᠶᠢᠬᠠᠨ ᠲᠡᠭᠡᠭᠰᠢᠯᠡᠬᠦᠯᠬᠦ ᠴᠢᠬᠤᠯᠠᠳᠠᠢ ᠪᠠᠶᠢᠨ᠎ᠠ᠃ ᠲᠠᠪᠤ ᠳᠤ᠂ ᠬᠤᠳᠠ ᠪᠠᠯᠭᠠᠰᠤᠨ ᠤ ᠦᠢᠯᠡᠴᠢᠯᠡᠭᠡ | ᠶᠢᠨ ᠴᠢᠳᠠᠪᠬᠢ ᠪᠦᠷᠢᠨ ᠪᠣᠰᠣ᠂ ᠤᠨᠴᠠᠭᠠᠢ ᠴᠠᠭ ᠠᠭᠠᠷ ᠢ ᠲᠤᠯᠵᠥ ᠴᠢᠳᠠᠬᠤ ᠴᠢᠳᠠᠮᠵᠢ ᠬᠦᠴᠤᠨ ᠢ ᠨᠡᠮᠡᠭᠳᠡᠬᠦᠯᠬᠦ | ᠴᠢᠬᠤᠯᠠᠳᠠᠢ ᠪᠠᠶᠢᠨ᠎ᠠ᠃ ᠵᠢᠷᠭᠤᠭ᠎ᠠ ᠳᠤ᠂ ᠬᠤᠪᠢᠶᠠᠷᠢᠯᠠᠵᠥ ᠪᠣᠯᠬᠤᠶᠢᠴᠠ ᠡᠳ᠋ ᠤᠨ ᠬᠦᠴᠦᠨ ᠬᠠᠷᠢᠴᠠᠩᠭᠤᠢ ᠪᠠᠭ᠎ᠠ᠂ | ᠵᠠᠷᠤᠯᠭ᠎ᠠ ᠶᠢᠨ ᠳᠠᠷᠣᠭᠠᠰᠣ ᠨᠡᠯᠢᠶᠡᠳ ᠬᠦᠨᠳᠤ ᠪᠠᠶᠢᠨ᠎ᠠ᠃ ᠠᠷᠠᠳ ᠤᠨ ᠠᠮᠢᠳᠣᠷᠠᠯ ᠢ ᠪᠠᠳᠤᠯᠠᠨ ᠰᠠᠶᠢᠵᠢᠷᠠᠭᠤᠯᠬᠤ | ᠬᠦᠴᠦᠯᠡᠴᠡ ᠶᠢ ᠣᠯᠠᠮ ᠨᠢᠬᠡ ᠠᠯᠬᠤᠮ ᠨᠡᠮᠡᠭᠳᠡᠬᠦᠯᠬᠦ ᠬᠡᠷᠡᠭᠳᠡᠢ᠃ ᠲᠣᠯᠤᠭ᠎ᠠ ᠳᠤ᠂ ᠵᠣᠷᠢᠭᠳᠠᠢ ᠪᠠᠷ ᠦᠢᠯᠡᠰ ᠪᠣᠰᠬᠠᠬᠤ | ᠢᠳᠡᠪᠬᠢᠵᠢᠯ ᠬᠦᠴᠦᠨ ᠨᠡᠶᠢᠬᠡᠮ ᠳᠤ ᠬᠠᠷᠠᠬᠠᠨ ᠪᠦᠷᠢᠯᠳᠦᠬᠡ ᠦᠬᠡᠢ ᠲᠣᠯᠨ ᠬᠦᠭᠵᠢᠯᠳᠡ ᠶᠢᠨ ᠣᠷᠴᠢᠨ ᠲᠣᠭᠤᠷᠢᠨ ᠢ | ᠣᠯᠠᠮ ᠨᠢᠬᠡ ᠠᠯᠬᠤᠮ ᠰᠢᠯᠢᠳᠡᠭᠵᠢᠬᠦᠯᠬᠦ ᠬᠡᠷᠡᠭᠳᠠᠢ ᠪᠠᠶᠢᠨ᠎ᠠ᠃ ᠣᠨᠴᠠ ᠵᠠᠷᠢᠮ ᠪᠠᠶᠢᠭᠤᠯᠭ᠎ᠠ ᠨᠢᠭᠡᠴᠨ ᠪᠤᠶᠤ ᠪᠠᠶᠢᠭᠤᠯᠭ᠎ᠠ | ᠶᠢᠨ ᠠᠵᠢᠯᠳᠠᠨ ᠤ ᠠᠵᠢᠯ ᠤᠨ ᠣᠪᠣᠷ ᠰᠣᠷᠳᠠᠯ ᠵᠠᠳᠠᠭᠠᠢ᠂ ᠠᠵᠢᠯ ᠳᠤ ᠪᠠᠨ ᠬᠠᠷᠢᠭᠤᠴᠠᠯᠭ᠎ᠠ ᠦᠭᠡᠢ᠂ ᠠᠵᠢᠯ ᠤᠨ ᠬᠢᠷᠢ | ᠪᠦᠳᠦᠮᠵᠢ ᠲᠤᠤᠷ᠎ᠠ᠂ ᠬᠦᠭᠵᠢᠯᠳᠡ ᠶᠢᠨ ᠱᠠᠭᠠᠷᠳᠠᠯᠭ᠎ᠠ ᠳᠤ ᠬᠦᠷᠤᠭᠡ ᠦᠭᠡᠢ ᠪᠠᠶᠢᠭᠰᠠᠭᠠᠷ᠃ ᠪᠢᠳᠡ ᠬᠤᠶᠢᠰᠢᠳᠠ ᠶᠢᠨ | ᠠᠵᠢᠯ ᠲᠤᠮᠳᠠ ᠪᠠᠨ ᠡᠳᠡᠭᠡᠷ ᠤᠯᠠᠨ ᠠᠰᠠᠭᠤᠳᠠᠯ ᠤᠳ ᠢ ᠡᠷᠭᠡᠪᠰᠢ ᠪᠦᠳᠦᠮᠵᠢᠳᠠᠢ ᠠᠷᠭ᠎ᠠ ᠬᠡᠮᠵᠢᠶ᠎ᠡ ᠠᠪᠴᠤ ᠦᠨᠡᠨᠬᠦ | ᠰᠠᠶᠢᠨ ᠰᠢᠢᠳᠪᠦᠷᠢᠯᠡᠬᠦ ᠬᠡᠷᠡᠭᠳᠡᠢ᠃ | ᠬᠤᠶᠠᠷ᠂ ᠬᠤᠶᠢᠰᠢᠳᠠ ᠶᠢᠨ ᠳᠠᠪᠣᠨ ᠵᠢᠯ ᠤᠨ ᠠᠵᠢᠯ ᠤᠨ ᠡᠬᠦᠷᠭᠡ | ᠲᠦᠯᠦᠭᠡᠯᠡᠭᠴᠢᠳ ᠡ᠂ ᠢᠷᠡᠭᠡᠳᠦᠢ ᠶᠢᠨ ᠲᠠᠪᠣᠨ ᠵᠢᠯ ᠪᠣᠯ ᠮᠠᠨ ᠤ ᠬᠤᠰᠢᠭᠤ ︽ᠠᠷᠪᠠᠨ ᠬᠤᠶᠠᠳᠤᠭᠠᠷ ᠲᠠᠪᠤᠨ | ᠵᠢᠯ︾ ᠤᠨ ᠲᠦᠯᠦᠪᠯᠡᠭᠡ ᠶᠢᠨ ᠢᠶᠠᠨ ᠬᠠᠷᠠᠯᠳᠠ ᠡᠬᠦᠷᠭᠡ ᠶᠢ ᠪᠡᠶᠡᠯᠡᠬᠦᠯᠬᠦ᠂ ︽ᠠᠷᠠᠳ ᠢᠶᠠᠨ ᠪᠠᠶᠠᠵᠢᠭᠤᠯᠵᠥ ᠬᠤᠰᠢᠭᠤ ᠪᠠᠨ | ᠬᠦᠴᠦᠷᠭᠡᠭᠵᠢᠬᠦᠯᠬᠦ︾ ᠠᠬᠢᠴᠠ ᠶᠢ ᠲᠦᠷᠭᠡᠳᠭᠡᠭᠦ ᠶᠢᠨ ᠵᠠᠩᠬᠢᠯᠠᠭ᠎ᠠ ᠶᠢᠨ ᠬᠤᠭᠤᠴᠠᠭ᠎ᠠ ᠮᠦᠨ᠃ ᠠᠵᠤ ᠠᠬᠤᠢ ᠶᠢᠨ | ᠬᠦᠭᠵᠢᠯᠳᠠ ᠶᠢᠨ ᠭᠡᠯᠪᠡᠷᠢ ᠪᠠᠨ ᠲᠦᠷᠭᠡᠨ ᠬᠤᠪᠢᠷᠠᠭᠤᠯᠵᠥ ᠴᠢᠨᠡᠭᠡᠯᠢᠭ ᠨᠡᠶᠢᠭᠡᠮ ᠢ ᠪᠦᠬᠦ ᠲᠠᠯ᠎ᠠ ᠪᠠᠷ ᠪᠠᠶᠢᠭᠤᠯᠬᠤ ᠲᠡᠮᠡᠴᠡᠯ | ᠤᠨ ᠴᠠᠭ ᠬᠤᠭᠤᠴᠠᠭ᠎ᠠ ᠮᠦᠨ᠃ ᠠᠵᠤ ᠠᠬᠤᠢ ᠨᠡᠶᠢᠭᠡᠮ ᠤᠨ ᠴᠢᠨᠠᠷᠯᠢᠭ ᠲᠦᠷᠭᠡᠨ ᠬᠦᠭᠵᠢᠯᠳᠠ ᠳᠤ ᠰᠢᠯᠵᠢᠵᠤ᠂ | ᠮᠡᠷᠡᠶᠢᠯᠳᠠ ᠪᠦᠳᠤᠭᠡᠯ ᠲᠠᠢ ᠠᠵᠢᠯᠯᠠᠬᠤ ᠲᠤᠬᠢᠶᠠᠯ ᠪᠤᠯᠤᠮᠵᠢ ᠲᠠᠢ ᠴᠢᠬᠤᠯᠨ ᠴᠠᠭ ᠬᠤᠭᠤᠴᠠᠭ᠎ᠠ ᠪᠤᠯᠬᠤ ᠶᠤᠮ᠃ ᠬᠤᠰᠢᠭᠤ | ᠠᠷᠪᠠᠨ ᠭᠤᠷᠪᠠᠳᠣᠭᠠᠷ ᠣᠳᠠᠭᠠᠨ ᠤ ᠨᠠᠮ ᠤᠨ ᠲᠦᠯᠦᠭᠡᠯᠡᠭᠴᠢᠳ ᠤᠨ ᠬᠤᠷᠠᠯ ᠪᠤᠯᠤᠨ ︽ᠠᠷᠪᠠᠨ ᠬᠤᠶᠠᠳᠤᠭᠠᠷ ᠲᠠᠪᠤᠨ | ᠵᠢᠯ ᠤᠨ ᠲᠦᠯᠦᠪᠯᠡᠯᠭᠡ︾ ᠳᠤ ᠲᠤᠭᠳᠠᠭᠰᠠᠨ ᠬᠠᠷᠠᠯᠳᠠ ᠡᠬᠦᠷᠭᠡ ᠶᠢ ᠦᠨᠳᠤᠰᠤᠯᠡᠵᠥ ᠰᠢᠨ᠎ᠡ ᠨᠢᠭᠡ ᠬᠤᠭᠤᠴᠠᠭᠠᠨ ᠤ | ᠵᠠᠰᠠᠭ ᠤᠨ ᠤᠷᠳᠤᠨ ᠤ ᠠᠵᠢᠯ ᠤᠨ ᠶᠡᠷᠦᠩᠬᠡᠢ ᠰᠡᠳᠬᠢᠮᠵᠢ ᠶᠢ ᠲᠤᠭᠳᠠᠭᠠᠪᠠ᠃ ᠲᠠᠷᠤᠢ ᠨᠠᠮ ᠤᠨ ᠠᠷᠪᠠᠨ ᠨᠠᠢᠮᠠᠳᠣᠭᠠᠷ | ᠶᠡᠭᠡ ᠬᠤᠷᠠᠯ ᠤᠨ ᠵᠤᠷᠢᠭ ᠰᠠᠨᠠᠭ᠎ᠠ ᠶᠢ ᠲᠤᠤᠱᠠᠯᠠᠭᠤᠯᠤᠨ ᠨᠠᠶᠢᠳᠠᠪᠤᠷᠢᠵᠢᠭᠤᠯᠵᠥ᠂ ᠳ᠋ᠧᠩ ᠰᠢᠶᠤᠤ ᠫᠢᠩ ᠤᠨ ᠣᠨᠣᠯ ᠪᠤᠯᠤᠨ | ︽ᠭᠤᠷᠪᠠ ᠶᠢ ᠲᠦᠯᠦᠭᠡᠯᠡᠭᠦ︾ ᠴᠢᠬᠤᠯᠨ ᠦᠵᠡᠯ ᠰᠠᠨᠠᠭ᠎ᠠ ᠪᠠᠷ ᠵᠢᠯᠣᠭᠤᠳᠣᠯᠭ᠎ᠠ ᠪᠤᠯᠭᠠᠨ᠂ ᠰᠢᠨᠵᠢᠯᠡᠬᠦ ᠤᠬᠠᠭᠠᠨ ᠢᠶᠠᠷ | ᠦᠰᠦᠷᠤᠩᠬᠦᠢ ᠲᠠᠪᠰᠢᠯᠳᠠ ᠶᠢ ᠪᠡᠶᠡᠯᠡᠬᠦᠯᠬᠦ ᠪᠠᠷ ᠭᠤᠤᠯ ᠰᠡᠳᠤᠪ ᠪᠤᠯᠭᠠᠨ᠂ ︽ᠬᠦᠭᠵᠢᠯᠳᠠ ᠶᠢᠨ ᠭᠡᠯᠪᠡᠷᠢ ᠪᠠᠨ | ᠬᠤᠪᠢᠷᠠᠭᠤᠯᠵᠤ᠂ ᠠᠵᠤ ᠠᠬᠤᠢ ᠶᠢᠨ ᠪᠦᠳᠤᠴᠨ ᠶᠢ ᠲᠤᠬᠢᠷᠠᠭᠤᠯᠤᠨ᠂ ᠠᠵᠤ ᠠᠬᠤᠢ ᠶᠢᠨ ᠶᠡᠷᠤᠩᠭᠡᠢ ᠭᠡᠮᠵᠢᠶ᠎ᠡ ᠶᠢ | ᠨᠡᠮᠡᠭᠳᠡᠬᠦᠯᠬᠦ︾ ᠪᠠᠷ ᠭᠤᠤᠯ ᠱᠤᠭᠤᠮ ᠪᠤᠯᠭᠠᠨ᠂ ᠠᠷᠠᠳ ᠤᠯᠠᠨ ᠤ ᠠᠵᠨ ᠵᠢᠷᠭᠠᠯ ᠤᠨ ᠲᠦᠪᠰᠢᠨ ᠢ ᠲᠡᠭᠡᠭᠰᠢᠯᠡᠬᠦᠯᠬᠦ ᠪᠠᠷ | ᠵᠤᠷᠢᠯᠭ᠎ᠠ ᠪᠠᠨ ᠪᠤᠯᠭᠠᠨ᠎ᠠ᠃ ᠠᠷᠠᠳ ᠢᠶᠠᠨ ᠪᠠᠶᠠᠵᠢᠭᠤᠯᠬᠤ ᠪᠠ ᠬᠤᠰᠢᠭᠤ ᠪᠠᠨ ᠬᠦᠴᠦᠷᠭᠡᠭᠵᠢᠬᠦᠯᠬᠦ ᠶᠢ ᠵᠡᠷᠭᠡᠪᠡᠷ | ᠴᠢᠬᠤᠯᠠᠴᠢᠯᠠᠨ᠂ ᠬᠦᠭᠵᠢᠯᠳᠡ ᠶᠢ ᠲᠦᠷᠭᠡᠳᠭᠡᠵᠥ᠂ ᠠᠮᠢ ᠠᠬᠤᠢ ᠪᠠᠨ ᠬᠠᠮᠠᠭᠠᠯᠠᠬᠤ ᠶᠢ ᠴᠤ ᠵᠡᠷᠭᠡᠪᠡᠷ ᠴᠢᠬᠤᠯᠠᠴᠢᠯᠠᠨ᠂ | ᠬᠦᠭᠵᠢᠯᠳᠡ ᠶᠢ ᠠᠬᠢᠭᠤᠯᠬᠤ ᠪᠤᠯᠤᠨ ᠲᠣᠭᠳᠠᠭᠤᠨ ᠢ ᠬᠠᠮᠠᠭᠠᠯᠠᠬᠤ ᠠᠵᠢᠯ ᠢ ᠵᠡᠷᠭᠡᠪᠡᠷ ᠴᠢᠬᠤᠯᠠᠴᠢᠯᠠᠨ᠂ ᠤᠳᠤᠬᠢ ᠪᠠᠶᠢᠳᠠᠯ | ᠳᠤ ᠪᠠᠨ ᠰᠠᠭᠤᠷᠢᠯᠠᠬᠤ ᠪᠤᠯᠤᠨ ᠢᠷᠡᠭᠡᠳᠤᠢ ᠳᠤ ᠬᠠᠨᠳᠤᠬᠤ ᠶᠢ ᠵᠡᠷᠭᠡᠪᠡᠷ ᠴᠢᠬᠤᠯᠠᠴᠢᠯᠠᠬᠤ ᠶᠢ ᠪᠠᠷᠢᠮᠳᠠᠯᠠᠵᠥ᠂ ᠪᠠᠶᠠᠨ | ᠲᠠᠩᠰᠤᠭ᠂ ᠪᠤᠯᠪᠠᠰᠤᠨ ᠨᠠᠶᠢᠷᠠᠮᠳᠠᠭᠤ ᠰᠢᠯᠣᠭᠤᠨ ᠬᠦᠬᠡ ᠶᠢ ᠪᠠᠶᠢᠭᠤᠯᠬᠤ ᠪᠠᠷ ᠣᠷᠣᠭᠰᠢᠯᠠᠵᠠᠭᠠᠨᠠ᠃ | ᠮᠠᠨ ᠤ ᠬᠤᠰᠢᠭᠤᠨ ᠤ ᠬᠤᠶᠢᠰᠢᠳᠠ ᠶᠢᠨ ᠲᠠᠪᠤᠨ ᠵᠢᠯ ᠤᠨ ᠠᠵᠤ ᠠᠬᠤᠢ ᠨᠡᠶᠢᠭᠡᠮ ᠤᠨ ᠬᠦᠭᠵᠢᠯᠳᠠ ᠶᠢᠨ | ᠬᠠᠷᠠᠯᠳᠠ ᠪᠤᠯ᠄ ᠪᠦᠬᠦ ᠬᠤᠰᠢᠭᠤᠨ ᠤ ᠭᠠᠵᠠᠷ ᠣᠷᠣᠨ ᠤ ᠦᠢᠯᠡᠳᠪᠦᠷᠢᠯᠡᠯ ᠤᠨ ᠶᠡᠷᠥᠩᠭᠡᠢ ᠥᠷᠲᠡᠭ ᠢ 120 ᠳ᠋ᠦᠩᠰᠢᠭᠤᠷ | ᠲᠦᠭᠦᠷᠢᠭ ᠲᠤ ᠭᠦᠷᠬᠡᠨ᠂ ᠵᠢᠯ ᠪᠦᠷᠢ 18.4% ᠢᠶᠠᠷ ᠨᠠᠮᠡᠭᠳᠡᠬᠦᠯᠵᠥ᠂ ︽ᠠᠵᠤ ᠠᠬᠤᠢ ᠶᠢᠨ ᠶᠠᠷᠤᠩᠭᠡᠢ ᠭᠡᠮᠵᠢᠶ᠎ᠡ ᠶᠢ | ᠨᠢᠭᠡ ᠲᠠᠬᠢᠨ ᠨᠡᠮᠡᠭᠳᠡᠬᠦᠯᠵᠥ᠂ ᠴᠢᠨᠡᠭᠡᠯᠢᠭ ᠨᠡᠶᠢᠭᠡᠮ ᠢ ᠪᠦᠬᠦ ᠲᠠᠯ᠎ᠠ ᠪᠠᠷ ᠪᠠᠶᠢᠭᠤᠯᠬᠤ︾ — ᠪᠦᠬᠦ ᠤᠯᠤᠰ ᠤᠨ ᠬᠦᠭᠵᠢᠯ | ᠤᠨ ᠬᠤᠷᠳᠤᠴᠨ ᠶᠢ ᠲᠠᠪᠠᠵᠥ ᠦᠪᠡᠷᠳᠡᠭᠡᠨ ᠵᠠᠰᠠᠬᠤ ᠤᠷᠤᠨ ᠤ ᠲᠤᠮᠳᠠ ᠲᠦᠪᠰᠢᠨ ᠳᠤ ᠬᠦᠷᠬᠦ ᠪᠠᠷ ᠴᠢᠷᠮᠠᠶᠢᠨ᠎ᠠ᠃ | ᠣᠷᠣᠨ ᠨᠣᠳᠤᠭ ᠤᠨ ᠡᠳ᠋ ᠤᠨ ᠵᠠᠰᠠᠭ ᠤᠨ ᠶᠡᠷᠦᠩᠬᠡᠢ ᠣᠷᠣᠯᠭ᠎ᠠ ᠶᠢ 18 ᠳ᠋ᠦᠩᠰᠢᠭᠤᠷ ᠲᠦᠭᠦᠷᠢᠭ ᠲᠤ ᠬᠦᠷᠭᠡᠨ᠂ ᠵᠢᠯ | ᠪᠦᠷᠢ 11.1% ᠪᠠᠷ ᠨᠡᠮᠡᠭᠳᠡᠬᠦᠯᠬᠦ ᠶᠢᠨ ᠵᠡᠷᠭᠡᠴᠡᠭᠡ ᠨᠡᠶᠢᠳᠡ 300 ᠳ᠋ᠦᠩᠰᠢᠭᠤᠷ ᠲᠦᠭᠦᠷᠢᠭ ᠤᠨ ᠪᠦᠬᠦ ᠨᠡᠶᠢᠭᠡᠮ ᠤᠨ | ᠲᠣᠭᠲᠠᠮᠠᠯ ᠬᠥᠷᠥᠩᠭᠡ ᠶᠢᠨ ᠪᠡᠯᠡ ᠣᠷᠣᠭᠤᠯᠣᠯᠲᠠ ᠶᠢ ᠪᠡᠶᠡᠯᠡᠬᠦᠯᠦᠨ᠂ ᠵᠢᠯ ᠪᠦᠷᠢ 11.4% ᠶᠢᠨ ᠬᠤᠷᠳᠤᠴᠨ ᠪᠠᠷ | ᠨᠡᠮᠡᠭᠳᠡᠬᠦᠯᠦᠨ᠎ᠡ᠃ ᠬᠤᠲᠠ ᠪᠠᠯᠭᠠᠰᠣᠨ ᠤ ᠰᠠᠭᠤᠭᠠᠯᠢ ᠠᠷᠠᠳ ᠤᠨ ᠬᠥᠮᠥᠨ ᠪᠦᠷᠢ ᠶᠢᠨ ᠡᠵᠡᠮᠳᠡᠵᠦ ᠪᠣᠯᠬᠤᠶᠢᠴᠠ ᠣᠷᠣᠯᠭ᠎ᠠ | ᠶᠢ 36000 ᠲᠦᠭᠦᠷᠢᠭ ᠲᠤ ᠬᠦᠷᠭᠡᠵᠣ᠂ ᠵᠢᠯ ᠪᠦᠷᠢ ᠶᠢᠨ 12.9% ᠪᠠᠷ ᠨᠡᠮᠡᠭᠳᠡᠬᠦᠯᠦᠨ᠂ ᠮᠠᠯᠴᠢᠨ ᠲᠠᠷᠢᠶᠠᠴᠢᠨ ᠤ | ᠬᠥᠮᠥᠨ ᠳᠣᠮᠳᠠᠴᠢ ᠶᠢᠨ ᠴᠡᠪᠡᠷ ᠣᠷᠣᠯᠭ᠎ᠠ ᠶᠢ 14100 ᠲᠦᠭᠦᠷᠢᠭ ᠲᠤ ᠬᠦᠷᠭᠡᠨ ᠵᠢᠯ ᠪᠦᠷᠢ 8.4% ᠪᠠᠷ | ᠨᠡᠮᠡᠭᠳᠡᠭᠦᠯᠦᠨ᠎ᠡ᠃ ᠮᠠᠯ ᠲᠠᠷᠢᠶᠠᠯᠠᠩ ᠠᠵᠣ ᠦᠢᠯᠡᠰᠵᠢᠭᠰᠡᠨ᠂ ᠠᠵᠣ ᠦᠢᠯᠡᠳᠪᠦᠷᠢ ᠰᠢᠨᠡᠴᠢᠯᠡᠭᠳᠡᠭᠰᠡᠨ᠂ ᠦᠢᠯᠡᠴᠢᠯᠡᠬᠡᠨ ᠤ | ᠦᠢᠯᠡᠰ ᠦᠷᠭᠡᠵᠢᠭᠰᠡᠨ᠂ ᠬᠤᠳᠠ ᠬᠦᠳᠡᠭᠡ ᠨᠢᠬᠡ ᠴᠣᠭᠴᠠᠵᠢᠭᠰᠠᠨ ᠬᠦᠭᠵᠢᠯᠳᠡ ᠶᠢᠨ ᠵᠠᠭᠪᠣᠷ ᠢ ᠦᠨᠳᠦᠰᠦᠨ ᠳᠤ ᠪᠠᠨ | ᠪᠦᠷᠢᠯᠳᠦᠬᠦᠯᠵᠦ᠂ ᠠᠵᠣ ᠠᠬᠤᠢ ᠶᠢᠨ ᠬᠡᠯᠪᠡᠷᠢ ᠶᠢᠨ ᠬᠤᠪᠢᠷᠠᠭᠠᠯᠳᠠ ᠶᠢ ᠤᠯᠠᠮ ᠬᠦᠨᠵᠡᠭᠡᠶᠢᠷᠡᠬᠦᠯᠦᠨ᠂ ᠨᠡᠶᠢᠬᠡᠮ ᠤᠨ | ᠬᠦᠭᠵᠢᠯᠳᠡ ᠶᠢ ᠨᠡᠩ ᠡᠶ᠎ᠡ ᠵᠣᠬᠢᠴᠠᠯᠳᠠᠢ ᠪᠣᠯᠭᠠᠵᠣ᠂ ᠠᠷᠠᠳ ᠤᠨ ᠠᠮᠢᠳᠣᠷᠠᠯ ᠢ ᠨᠡᠩ ᠵᠣᠯ ᠵᠢᠷᠭᠠᠯᠳᠠᠢ ᠪᠠᠶᠢᠯᠭᠠᠬᠤ | ᠲᠡᠮᠡᠴᠡᠬᠦ ᠬᠠᠷᠠᠯᠳᠠ ᠪᠠᠨ ᠪᠡᠶᠡᠯᠡᠬᠦᠯᠦᠨ᠎ᠡ᠃ | ᠪᠢᠳᠠ ᠡᠨᠡᠬᠦ ᠳᠡᠮᠡᠴᠡᠬᠦ ᠬᠠᠷᠠᠯᠳᠠ ᠶᠢᠨ ᠢᠶᠠᠨ ᠲᠣᠭᠤᠷᠢᠨ ᠳᠤ ᠭᠤᠣᠯᠳᠠᠯᠭ᠎ᠠ ᠶᠢ ᠳᠣᠪᠣᠶᠢᠯᠭᠠᠨ᠂ ᠭᠤᠤᠯ ᠠᠰᠠᠭᠤᠳᠠᠯ ᠢ | ᠰᠢᠢᠳᠴᠤ᠂ ᠪᠦᠬᠦ ᠬᠦᠴᠤᠨ ᠢᠶᠠᠷ ᠢᠶᠠᠨ ᠨᠠᠶᠢᠳᠠᠪᠣᠷᠢᠵᠢᠭᠤᠯᠣᠯᠳᠠ ᠶᠢ ᠴᠢᠩᠭ᠎ᠠ ᠠᠳᠬᠤᠵᠥ᠂ ᠠᠵᠣ ᠠᠬᠤᠢ ᠨᠡᠶᠢᠬᠡᠮ ᠤᠨ | ᠬᠦᠭᠵᠢᠯᠳᠡ ᠤᠨ ᠭᠤᠤᠯ ᠪᠤᠯᠬᠤ ᠲᠠᠯ᠎ᠠ ᠲᠡᠭᠡᠷ᠎ᠡ ᠪᠤᠯᠤᠨ ᠵᠠᠩᠬᠢᠯᠠᠭ᠎ᠠ ᠶᠢᠨ ᠶᠠᠪᠤᠴᠨ ᠳᠤ ᠰᠢᠨ᠎ᠡ ᠨᠡᠭᠡᠭᠡᠯᠳᠠ ᠲᠡᠪᠰᠢᠯᠳᠠ | ᠲᠠᠢ ᠪᠤᠯᠬᠤ ᠪᠠᠷ ᠴᠢᠷᠮᠠᠶᠢᠬᠤ ᠪᠤᠯᠤᠨ᠎ᠠ᠃ | — — ︽ᠵᠠᠭᠤᠨ ᠳ᠋ᠦᠩᠰᠢᠭᠤᠷ ᠤᠨ ᠲᠠᠪᠣᠨ ᠢᠨᠵᠧᠨᠧᠷᠢᠩ︾ ᠢ ᠪᠡᠶᠡᠯᠡᠬᠦᠯᠬᠦ ᠪᠠᠶᠢᠯᠳᠣᠬᠤ ᠪᠣᠳᠣᠯᠭ᠎ᠠ ᠶᠢᠨ | ᠬᠡᠷᠡᠭᠵᠢᠬᠦᠯᠦᠯᠳᠡ ᠶᠢ ᠲᠦᠷᠭᠡᠳᠬᠡᠨ᠂ ᠴᠢᠬᠤᠯᠨ ᠲᠤᠮᠤ ᠲᠦᠰᠦᠪ ᠤᠨ ᠪᠠᠶᠢᠭᠤᠯᠤᠯᠳᠠ ᠲᠡᠭᠡᠷ᠎ᠡ ᠰᠢᠨ᠎ᠡ ᠠᠮᠵᠢᠯᠳᠠ | ᠭᠠᠷᠭᠠᠨ᠎ᠠ᠃ ᠪᠦᠬᠦ ᠠᠶᠢᠮᠠᠭ ᠤᠨ ᠬᠤᠶᠢᠰᠢᠳᠠ ᠶᠢᠨ ᠠᠷᠪᠠᠨ ᠵᠢᠯ ᠳᠠᠬᠢ ᠬᠦᠭᠵᠢᠯ ᠤᠨ ᠲᠦᠯᠦᠪᠯᠡᠯᠭᠡ ᠶᠢᠨ ᠲᠠᠭᠠᠤ ᠱᠠᠩᠳᠣ | ᠴᠠᠬᠢᠯᠭᠠᠨ ᠦᠢᠯᠡᠳᠪᠦᠷᠢ ᠪᠠᠷ ᠭᠤᠣᠯᠳᠠᠯᠭ᠎ᠠ ᠪᠣᠯᠭᠠᠨ᠂ ᠱᠠᠩᠳᠤ ᠴᠠᠬᠢᠯᠭᠠᠨ ᠦᠢᠯᠡᠳᠪᠦᠷᠢ ᠶᠢᠨ ᠲᠦᠷᠪᠡ ᠲᠠᠪᠣᠳᠤᠭᠠᠷ | ᠬᠤᠭᠤᠴᠠᠭᠠᠨ ᠤ ᠪᠠᠶᠢᠭᠤᠯᠤᠯᠳᠠ ᠶᠢ ᠠᠬᠢᠭᠤᠯᠬᠤ ᠶᠢᠨ ᠬᠠᠮᠳᠤ ︽ᠵᠢᠶ᠋ᠨ ᠶᠤᠤ︾᠂ ︽ᠯᠦᠩ ᠶᠤᠸᠠᠨ︾᠂ ︽ᠬᠤᠸ᠋ᠨ ᠢ | ︾᠂ ︽ᠰᠢᠶᠧ ᠰᠢᠩ︾ ᠵᠡᠷᠭᠡ ᠰᠠᠯᠬᠢᠨ ᠬᠦᠴᠤᠨ ᠤ ᠪᠤᠯᠤᠨ ᠨᠠᠷᠠᠨ ᠡᠨᠧᠷᠬᠢ ᠶᠢᠨ ᠴᠠᠬᠢᠯᠭᠠᠨ ᠦᠢᠯᠡᠳᠪᠦᠷᠢ ᠶᠢᠨ | ᠲᠦᠰᠦᠯ ᠢ ᠠᠬᠢᠭᠤᠯᠵᠥ᠂ ᠵᠠᠭᠤᠨ ᠳ᠋ᠦᠩᠰᠢᠭᠤᠷ ᠲᠠᠪᠠᠭᠰᠠᠨ ᠦᠢᠯᠡᠳᠪᠦᠷᠢᠯᠡᠯ ᠤᠨ ᠦᠷᠳᠡᠭ ᠪᠦᠬᠦᠢ ᠴᠠᠬᠢᠯᠭᠠᠨ ᠡᠷᠴᠢᠮ | ᠬᠦᠴᠤᠨ ᠤ ᠠᠵᠤ ᠦᠢᠯᠡᠰ ᠢ ᠪᠠᠶᠢᠭᠤᠯᠤᠨ᠎ᠠ᠃ ᠴᠢᠯᠠᠭᠤᠨ ᠲᠤᠰᠤᠨ ᠤ ᠨᠡᠭᠡᠭᠡᠨ ᠠᠰᠢᠭᠯᠠᠯᠳᠠ ᠪᠠᠷ ᠭᠤᠤᠯᠳᠠᠯᠭ᠎ᠠ ᠪᠤᠯᠭᠠᠨ | ᠴᠢᠯᠠᠭᠤᠨ ᠲᠤᠰᠤ ᠪᠤᠯᠤᠨ ᠲᠡᠬᠦᠨ ᠤ ᠪᠤᠯᠪᠠᠰᠤᠷᠠᠭᠤᠯᠤᠯ ᠪᠦᠳᠤᠭᠡᠭᠳᠡᠬᠦᠨ ᠢ ᠨᠡᠭᠡᠭᠡᠨ ᠬᠦᠭᠵᠢᠬᠦᠯᠵᠥ᠂ ᠵᠠᠭᠤᠨ ᠳ᠋ᠦᠩᠰᠢᠭᠤᠷ | ᠲᠠᠪᠠᠭᠰᠠᠨ ᠦᠢᠯᠡᠳᠪᠦᠷᠢᠯᠡᠯ ᠤᠨ ᠦᠷᠳᠡᠭ ᠪᠦᠬᠦᠢ ᠴᠢᠯᠠᠭᠤᠨ ᠲᠤᠰᠤᠨ ᠤ ᠠᠵᠤ ᠦᠢᠯᠡᠰ ᠢ ᠪᠠᠶᠢᠭᠤᠯᠬᠤ ᠶᠢᠨ ᠬᠠᠮᠳᠤ | ᠴᠢᠯᠠᠭᠤᠨ ᠲᠤᠰᠤ ᠶᠢ ᠴᠠᠬᠢᠯᠭᠠᠨ ᠦᠢᠯᠡᠳᠪᠦᠷᠢ ᠶᠢᠨ ᠲᠠᠷᠠᠭᠠᠬᠢ ᠠᠵᠤ ᠠᠬᠤᠢ ᠶᠢᠨ ᠰᠢᠨ᠎ᠡ ᠨᠡᠮᠡᠯᠳᠠ ᠬᠦᠴᠤᠨ ᠪᠤᠯᠭᠠᠨ᠎ᠠ᠃ | ᠷᠧᠨ ᠴᠤᠸᠠᠩ ᠡᠯᠡᠰᠦᠨ ᠤ ᠦᠢᠯᠡᠰ ᠢᠶᠠᠷ ᠭᠤᠣᠯᠳᠠᠯᠭ᠎ᠠ ᠪᠣᠯᠭᠠᠨ᠂ ᠡᠯᠡᠰᠤ ᠶᠢ ᠲᠠᠸᠠᠷᠵᠢᠭᠤᠯᠤᠨ ᠦᠷᠳᠡᠭᠵᠢᠬᠦᠯᠬᠦ ᠶᠢᠨ | ᠲᠠᠭᠠᠤ ︽ᠱᠧᠩ ᠲᠠᠢ ᠤᠰᠤ ᠨᠡᠪᠴᠢᠬᠦᠯᠬᠦ ᠲᠣᠭᠤᠰᠬ᠎ᠠ︾ ᠦᠢᠯᠡᠳᠬᠦ ᠲᠦᠰᠤᠯ ᠢ ᠲᠡᠮᠵᠢᠨ ᠠᠬᠢᠭᠤᠯᠵᠥ᠂ ᠡᠬᠦᠨ ᠤ | ᠤᠯᠠᠮ ᠢᠶᠠᠷ ᠬᠤᠰᠢᠭᠤᠨ ᠳᠤ ᠪᠠᠨ ᠨᠡᠯᠢᠶᠡᠳ ᠲᠤᠮᠤ ᠭᠡᠪᠴᠢᠶᠡᠨ ᠤ ᠡᠯᠡᠰᠤᠨ ᠤ ᠠᠵᠤ ᠦᠢᠯᠡᠰ ᠤᠨ ᠬᠦᠷᠢᠶᠡᠯᠡᠩ | ᠪᠠᠶᠢᠭᠤᠯᠵᠥ᠂ ᠵᠠᠭᠤᠨ ᠳ᠋ᠦᠩᠰᠢᠭᠤᠷ ᠲᠠᠪᠠᠭᠰᠠᠨ ᠦᠢᠯᠡᠳᠪᠦᠷᠢᠯᠡᠯ ᠤᠨ ᠦᠷᠳᠡᠭ ᠪᠦᠬᠦᠢ ᠡᠯᠡᠰᠤᠨ ᠤ ᠦᠢᠯᠡᠰ ᠢ | ᠬᠦᠭᠵᠢᠬᠦᠯᠦᠨ᠎ᠡ᠃ ᠠᠵᠤ ᠦᠢᠯᠡᠰ ᠤᠨ ᠬᠦᠷᠢᠶᠡᠯᠡᠩ ᠢ ᠪᠠᠶᠢᠭᠤᠯᠬᠤ ᠪᠠᠷ ᠭᠤᠤᠯᠳᠠᠯᠭ᠎ᠠ ᠪᠤᠯᠭᠠᠵᠥ᠂ ᠪᠡᠯᠡᠳᠭᠡᠯ | ᠲᠦᠬᠦᠭᠡᠷᠤᠮᠵᠢ ᠦᠢᠯᠡᠳᠪᠦᠷᠢᠯᠡᠬᠦ᠂ ᠰᠢᠨ᠎ᠡ ᠡᠷᠴᠢᠮ ᠬᠦᠴᠤ᠂ ᠠᠷᠠᠯᠵᠢᠶ᠎ᠠ ᠬᠦᠢᠯᠭᠡᠭᠡ᠂ ᠠᠭᠤᠷᠬᠠᠢ ᠶᠢᠨ ᠪᠦᠳᠦᠭᠡᠭᠳᠡᠬᠦᠨ ᠤ | ᠦᠢᠯᠡᠳᠪᠦᠷᠢ ᠵᠡᠷᠭᠡ ᠦᠢᠯᠡᠰ ᠢ ᠲᠦᠪᠯᠡᠷᠡᠬᠦᠯᠦᠨ ᠬᠦᠭᠵᠢᠬᠦᠯᠬᠦ ᠶᠢᠨ ᠲᠠᠭᠠᠤ ᠡᠯ᠎ᠡ ᠲᠦᠰᠦᠯ ᠪᠠᠶᠢᠭᠤᠯᠤᠯᠳᠠ ᠳᠠᠬᠢ | ᠮᠦᠷᠳᠡᠨ ᠦᠢᠯᠡᠴᠢᠯᠡᠭᠡ ᠶᠢ ᠴᠢᠩᠭᠠᠳᠬᠠᠵᠥ ᠵᠠᠭᠤᠨ ᠳ᠋ᠦᠩᠰᠢᠭᠤᠷ ᠲᠠᠪᠠᠭᠰᠠᠨ ᠦᠢᠯᠡᠳᠪᠦᠷᠢᠯᠡᠯ ᠤᠨ ᠦᠷᠳᠡᠭ ᠪᠦᠬᠦᠢ | ᠠᠵᠤ ᠦᠢᠯᠡᠰ ᠤᠨ ᠬᠦᠷᠢᠶᠡᠯᠡᠩ ᠢ ᠴᠤᠭᠴᠠᠯᠠᠨ ᠪᠠᠶᠢᠭᠤᠯᠤᠨ᠎ᠠ᠃ ᠶᠤᠸᠠᠨ ᠤ ᠲᠡᠭᠡᠳᠤ ᠨᠡᠶᠢᠰᠯᠡᠯ — ᠤᠯᠤᠰ ᠤᠨ ᠲᠡᠰ ᠤᠨ | ᠰᠤᠶᠤᠯ ᠵᠢᠭᠤᠯᠴᠢᠯᠠᠯ ᠤᠨ ᠲᠤᠭᠤᠷᠢᠭ ᠢᠶᠠᠷ ᠭᠤᠤᠯᠳᠠᠯᠭ᠎ᠠ ᠪᠤᠯᠭᠠᠵᠥ ᠲᠡᠯᠡᠭᠡᠢ ᠶᠢᠨ ᠰᠤᠶᠤᠯ ᠤᠨ ᠦᠪ ᠤᠨ ᠢᠶᠠᠨ ᠨᠡᠷ᠎ᠡ | ᠠᠯᠳᠠᠷ ᠢ ᠲᠡᠭᠡᠭᠰᠢᠯᠡᠬᠦᠯᠵᠥ ᠲᠡᠬᠦᠨ ᠢᠶᠠᠷ ᠲᠠᠮᠵᠢᠭᠤᠯᠵᠥ᠂ ᠭᠠᠵᠠᠷ ᠤᠷᠤᠨ ᠤ ᠬᠦᠭᠵᠢᠯᠳᠠ ᠶᠢ ᠲᠠᠶᠢᠴᠢᠯᠠᠵᠥ ᠠᠷᠠᠳ ᠤᠯᠠᠨ | ᠤ ᠠᠮᠢᠳᠤᠷᠠᠯ ᠢ ᠲᠡᠭᠡᠭᠰᠢᠯᠡᠬᠦᠯᠬᠦ ᠶᠢᠨ ᠤᠯᠠᠮ ᠠᠴᠠ ᠵᠠᠭᠤᠨ ᠳ᠋ᠦᠩᠰᠢᠭᠤᠷ ᠲᠠᠪᠠᠭᠰᠠᠨ ᠦᠢᠯᠡᠳᠪᠤᠷᠢᠯᠡᠯ ᠤᠨ ᠦᠷᠳᠡᠭ | ᠪᠦᠬᠦᠢ ᠰᠤᠶᠤᠯ ᠵᠢᠭᠤᠯᠴᠢᠯᠠᠯ ᠤᠨ ᠠᠵᠤ ᠦᠢᠯᠡᠰ ᠢ ᠴᠤᠭᠴᠠᠯᠠᠨ ᠪᠠᠶᠢᠭᠤᠯᠤᠨ᠎ᠠ᠃ | — — ᠤᠯᠠᠨ ᠤᠷᠦᠶᠢᠯᠠᠭᠴᠢ ᠬᠦᠴᠤᠨ ᠪᠦᠬᠦᠢ ᠠᠵᠤ ᠦᠢᠯᠡᠰ ᠤᠨ ᠲᠤᠭᠳᠠᠴᠨ ᠶᠢ ᠪᠦᠷᠢᠯᠳᠤᠬᠦᠯᠵᠥ᠂ ᠠᠵᠤ | ᠠᠬᠤᠢ ᠶᠢᠨ ᠭᠡᠯᠪᠡᠷᠢ ᠶᠢ ᠬᠤᠪᠢᠷᠠᠭᠠᠬᠤ᠂ ᠠᠵᠤ ᠦᠢᠯᠡᠰ ᠤᠨ ᠪᠦᠳᠤᠴᠨ ᠶᠢ ᠬᠤᠪᠢᠷᠠᠭᠤᠯᠬᠤ ᠲᠠᠯ᠎ᠠ ᠲᠡᠭᠡᠷ᠎ᠡ ᠰᠢᠨ᠎ᠡ | ᠰᠢᠪᠳᠤᠯᠤᠯᠳᠠ ᠲᠠᠢ ᠪᠤᠯᠤᠨ᠎ᠠ᠃ ᠪᠦᠬᠦ ᠲᠠᠯ᠎ᠠ ᠪᠠᠷ ᠪᠡᠯᠡᠳᠭᠡᠬᠦ᠂ ᠦᠷᠭᠡᠨ ᠬᠦᠷᠢᠶᠡᠨ ᠳᠤ ᠡᠷᠡᠮᠡᠯᠵᠡᠯᠡᠨ ᠮᠡᠳᠡᠬᠦᠯᠬᠦ᠂ ᠣᠯᠠᠨ | ᠠᠷᠭ᠎ᠠ ᠵᠠᠮ ᠢᠶᠠᠷ ᠲᠡᠮᠡᠴᠡᠨ ᠣᠯᠬᠤ᠂ ᠣᠯᠠᠨ ᠭᠡᠯᠪᠡᠷᠢ ᠪᠠᠷ ᠪᠡᠯᠨ ᠨᠡᠶᠢᠯᠡᠬᠦᠯᠬᠦ᠂ ᠦᠨᠳᠦᠷ ᠪᠠᠷᠢᠮᠵᠢᠶ᠎ᠠ ᠪᠠᠷ ᠪᠦᠳᠦᠭᠡᠨ | ᠪᠠᠶᠢᠭᠤᠯᠬᠤ ᠵᠠᠷᠴᠢᠮ ᠢ ᠦᠷᠭᠦᠯᠵᠢᠯᠡᠨ ᠪᠠᠷᠢᠮᠳᠠᠯᠠᠵᠣ᠂ ᠪᠦᠬᠦ ᠬᠦᠴᠦᠨ ᠢᠶᠠᠷ ᠵᠶ᠋ᠠᠨᠲ᠋ᠦ᠋ᠰᠦᠯ ᠲᠡᠮᠡᠴᠡᠨ ᠤᠯᠬᠤ ᠪᠠᠷ | ᠴᠢᠷᠮᠠᠶᠢᠨ᠎ᠠ᠃ ᠲᠡᠬᠦᠨᠴᠢᠯᠡᠨ ᠲᠤᠳᠤᠭᠠᠳᠤ ᠬᠦᠴᠤᠨ ᠢᠶᠠᠨ ᠠᠰᠢᠭᠯᠠᠬᠤ᠂ ᠭᠠᠳᠠᠨ᠎ᠠ ᠶᠢᠨ ᠪᠡᠯᠨ ᠶᠢ ᠲᠠᠳᠠᠬᠤ᠂ ᠬᠤᠷᠰᠢᠨ | ᠠᠵᠢᠯᠯᠠᠬᠤ ᠲᠤᠬᠢᠷᠠᠯᠴᠠᠭ᠎ᠠ ᠬᠢᠬᠦ᠂ ᠪᠦᠳᠤᠴᠨ ᠶᠢᠨ ᠲᠤᠬᠢᠷᠠᠭᠤᠯᠤᠯᠳᠠ ᠪᠠᠷ ᠦᠭᠡᠷᠡᠴᠢᠯᠡᠨ ᠪᠠᠶᠢᠭᠤᠯᠬᠤ ᠵᠡᠷᠭᠡ ᠪᠦᠳᠤᠭᠡᠨ | ᠪᠠᠶᠢᠭᠤᠯᠤᠯᠳᠠ ᠶᠢᠨ ᠭᠡᠯᠪᠡᠷᠢ ᠪᠠᠷ ᠲᠠᠮᠵᠢᠭᠤᠯᠵᠥ ᠨᠢᠭᠡ ᠪᠦᠯᠦᠭ ᠮᠡᠷᠭᠡᠵᠢᠯ ᠲᠧᠭᠨᠢᠯᠤᠭᠢ ᠶᠢᠨ ᠦᠨᠳᠤᠷ ᠲᠦᠪᠰᠢᠨ ᠳᠤ | ᠬᠦᠷᠦᠭᠰᠡᠨ᠂ ᠠᠵᠤ ᠠᠬᠤᠢ ᠶᠢᠨ ᠠᠰᠢᠭ ᠤᠷᠤᠯᠭ᠎ᠠ ᠪᠠᠷ ᠰᠠᠶᠢᠨ ᠭᠤᠤᠯᠳᠠᠯᠭ᠎ᠠ ᠲᠠᠢ ᠲᠦᠰᠤᠯ ᠢ ᠪᠠᠶᠢᠭᠤᠯᠵᠣ᠂ ᠠᠷᠠᠳ ᠢ | ᠪᠠᠶᠠᠵᠢᠭᠤᠯᠬᠤ ᠪᠠ ᠡᠳ᠋ ᠤᠨ ᠰᠣᠷᠪᠣᠯᠵᠢ ᠪᠣᠯᠣᠭᠰᠠᠨ ᠬᠡᠯᠪᠡᠷᠢ ᠶᠢᠨ ᠠᠵᠣ ᠠᠬᠤᠢ ᠶᠢ ᠪᠦᠬᠦ ᠲᠠᠯ᠎ᠠ ᠪᠠᠷ ᠬᠦᠭᠵᠢᠬᠦᠯᠦᠨ᠎ᠡ᠃ | ᠪᠤᠷᠤᠬᠤᠳᠠ ᠶᠢᠨ ᠦᠷ᠎ᠡ ᠲᠦᠮᠤᠰᠤᠨ ᠤ ᠰᠠᠭᠤᠷᠢᠨ᠂ ︽ᠱᠠᠩᠳᠤ︾ ᠮᠢᠬᠠᠨ ᠤ ᠦᠢᠯᠡᠰ᠂ ︽ᠽᠤᠤ ᠶᠤᠸᠠᠨ ᠶᠢᠨ ᠵᠤᠤ︾ | ᠮᠢᠬᠠᠨ ᠤ ᠦᠢᠯᠡᠰ ᠵᠡᠷᠭᠡ ᠮᠠᠯ ᠲᠠᠷᠢᠶᠠᠯᠠᠩ ᠤᠨ ᠪᠦᠳᠤᠭᠡᠭᠳᠡᠬᠦᠨ ᠪᠤᠯᠪᠠᠰᠤᠷᠠᠭᠤᠯᠬᠤ ᠲᠦᠰᠤᠯ᠂ ᠰᠤᠶᠤᠯ ᠲᠠᠮᠢᠷ ᠤᠨ | ᠤᠷᠳᠤᠨ᠂ ᠶᠤᠸᠠᠨ ᠤ ᠲᠡᠭᠡᠳᠤ ᠨᠡᠶᠢᠰᠯᠡᠯ ᠤᠨ ᠮᠦᠽᠧᠢ ᠵᠡᠷᠭᠡ ᠨᠡᠶᠢᠭᠡᠮ ᠤᠨ ᠠᠵᠤ ᠦᠢᠯᠡᠰ ᠤᠨ ᠲᠦᠰᠤᠯ᠂ ︽ᠯᠢ | ᠲᠦᠩ︾᠂ ︽ᠱᠦᠨ ᠹᠧᠩ︾᠂ ︽ᠵᠦᠩ ᠰᠢᠩ︾ ᠵᠡᠷᠭᠡ ᠠᠷᠠᠯᠵᠢᠶ᠎ᠠ ᠵᠦᠭᠡᠭᠡᠪᠤᠷᠢ ᠶᠢᠨ ᠲᠦᠰᠤᠯ᠂ ᠱᠠᠩᠳᠤ ᠨᠢᠰᠭᠡᠯ | ᠤᠨ ᠪᠠᠭᠤᠳᠠᠯ᠂ ᠰᠢᠯᠤᠭᠤᠨ ᠬᠦᠭᠡ — ᠴᠢᠭᠤᠯᠤᠯᠳᠤ ᠬᠠᠭᠠᠯᠭ᠎ᠠ ᠬᠤᠭᠤᠷᠤᠨᠳᠤ ᠶᠢᠨ ᠲᠡᠮᠤᠷ ᠵᠠᠮ ᠵᠡᠷᠭᠡ ᠵᠠᠮ ᠬᠠᠷᠢᠯᠴᠠᠭᠠᠨ | ᠤ ᠲᠦᠰᠦᠯ᠂ ᠰᠢᠯ ᠬᠠᠶᠢᠯᠤᠰᠢ᠂ ᠬᠦᠷᠡᠩ ᠨᠡᠬᠦᠷᠡᠰᠤ ᠶᠢ ᠪᠤᠯᠪᠠᠰᠤᠷᠠᠭᠤᠯᠬᠤ᠂ ᠰᠠᠶᠢᠨ ᠴᠢᠨᠠᠷ ᠤᠨ ᠦᠭᠡᠬᠦᠨ ᠴᠢᠯᠠᠭᠤᠨ | ᠡᠯᠡᠰᠤ ᠦᠢᠯᠡᠳᠪᠦᠷᠢᠯᠡᠬᠦ ᠵᠡᠷᠭᠡ ᠠᠵᠤ ᠦᠢᠯᠡᠳᠪᠦᠷᠢ ᠶᠢᠨ ᠲᠦᠰᠤᠯ ᠢ ᠲᠦᠯᠬᠢᠨ ᠠᠬᠢᠭᠤᠯᠬᠤ ᠶᠢᠨ ᠣᠯᠠᠮ ᠢᠶᠠᠷ | ᠬᠦᠭᠵᠢᠯᠳᠡ ᠶᠢᠨ ᠶᠠᠰᠣ ᠴᠢᠨᠠᠷ ᠪᠠ ᠦᠷ᠎ᠡ ᠠᠰᠢᠭ ᠢ ᠪᠦᠬᠦ ᠲᠠᠯ᠎ᠠ ᠪᠠᠷ ᠲᠡᠭᠡᠭᠰᠢᠯᠡᠬᠦᠯᠦᠨ᠎ᠡ᠃ 2017 ᠤᠨ ᠪᠤᠯᠳᠠᠯ᠎ᠠ | ᠬᠤᠶᠠᠳᠤᠭᠠᠷ ᠠᠵᠤ ᠦᠢᠯᠡᠰ ᠤᠨ ᠨᠡᠮᠡᠭᠳᠡᠯ ᠦᠷᠳᠡᠭ ᠢ ᠵᠢᠯ ᠪᠦᠷᠢ ᠲᠤᠮᠳᠠᠴᠢ ᠪᠠᠷ 16.8% ᠪᠠᠷ ᠨᠡᠮᠡᠭᠳᠡᠬᠦᠯᠵᠥ 76 | ᠳ᠋ᠦᠩᠰᠢᠭᠤᠷ ᠲᠦᠬᠦᠷᠢᠭ ᠲᠤ ᠬᠦᠷᠭᠡᠬᠦ ᠪᠠᠷ ᠴᠢᠷᠮᠠᠶᠢᠨ᠎ᠠ᠃ | — — ᠲᠠᠷᠢᠶᠠᠯᠠᠩ ᠮᠠᠯ ᠠᠵᠣ ᠠᠬᠤᠢ ᠶᠢᠨ ᠰᠠᠭᠤᠷᠢ ᠶᠢ ᠲᠠᠰᠣᠷᠠᠯᠳᠠ ᠦᠬᠡᠢ ᠪᠠᠬᠢᠵᠢᠬᠦᠯᠦᠨ᠂ | ᠤᠳᠤᠬᠢᠴᠢᠯᠠᠭᠰᠠᠨ ᠮᠠᠯ ᠲᠠᠷᠢᠶᠠᠯᠠᠩ ᠤᠨ ᠦᠢᠯᠡᠰ ᠢ ᠬᠦᠭᠵᠢᠬᠦᠯᠬᠦ ᠲᠠᠯ᠎ᠠ ᠪᠠᠷ ᠰᠢᠨ᠎ᠡ ᠠᠬᠢᠯᠳᠠ ᠲᠠᠢ ᠪᠤᠯᠬᠤ ᠪᠠᠷ | ᠴᠢᠷᠮᠠᠶᠢᠨ᠎ᠠ᠃ ᠲᠠᠯ᠎ᠠ ᠨᠤᠳᠤᠭ ᠤᠨ ᠠᠮᠢ ᠠᠬᠤᠢ ᠶᠢ ᠬᠠᠮᠠᠭᠠᠯᠠᠬᠤ ᠪᠠ ᠪᠦᠳᠦᠭᠡᠨ ᠪᠠᠶᠢᠭᠤᠯᠬᠤ ᠠᠵᠢᠯ ᠢ ᠤᠯᠠᠮ ᠴᠢᠩᠭ᠎ᠠ | ᠠᠳᠬᠤᠵᠥ ᠪᠡᠬᠡᠵᠢᠩ ᠲᠢᠶᠠᠨᠵᠢᠨ ᠤ ᠡᠯᠡᠰᠦᠨ ᠤ ᠡᠬᠢ ᠶᠢ ᠵᠠᠰᠠᠬᠤ ᠬᠤᠶᠠᠳᠣᠭᠠᠷ ᠬᠤᠭᠤᠴᠠᠭᠠᠨ ᠤ ᠢᠨᠵᠧᠨᠧᠷᠢᠩ ᠢ | ᠬᠡᠷᠡᠭᠵᠢᠬᠦᠯᠬᠦ ᠠᠵᠨ ᠲᠣᠬᠢᠶᠠᠯ ᠢ ᠰᠠᠶᠢᠳᠣᠷ ᠠᠰᠢᠭᠯᠠᠨ᠂ ᠤᠷᠴᠢᠨ ᠠᠬᠤᠢ ᠡᠯᠡᠰᠤᠷᠭᠡᠵᠢᠵᠥ ᠲᠠᠴᠢᠷᠰᠢᠭᠰᠠᠨ ᠪᠠᠶᠢᠳᠠᠯ | ᠬᠦᠨᠳᠦ ᠨᠣᠴᠢᠳᠠᠢ ᠭᠠᠵᠠᠷ ᠣᠷᠣᠨ ᠳᠠᠬᠢ ᠠᠮᠢ ᠠᠬᠤᠢ ᠶᠢ ᠵᠠᠰᠠᠬᠤ ᠬᠦᠴᠦᠯᠡᠴᠡ ᠪᠠᠨ ᠨᠡᠮᠡᠭᠳᠡᠬᠦᠯᠬᠦ ᠶᠢᠨ ᠬᠠᠮᠳᠤ ︽ᠣᠢ | ᠡᠯᠡᠰᠦ ᠡᠪᠡᠰᠦᠨ︾ ᠤ ᠠᠵᠣ ᠦᠢᠯᠡᠰ ᠢ ᠬᠦᠭᠵᠢᠬᠦᠯᠵᠤ ︽ᠬᠠᠮᠠᠭᠠᠯᠠᠬᠤ ᠶᠢᠨ ᠳᠠᠭᠠᠣ ᠬᠦᠭᠵᠢᠬᠦᠯᠦᠨ᠂ ᠬᠦᠭᠵᠢᠬᠦᠯᠬᠦ ᠶᠢᠨ | ᠳᠠᠭᠠᠣ ᠬᠠᠮᠠᠭᠠᠯᠠᠬᠤ︾ ᠵᠠᠷᠴᠢᠮ ᠶᠢ ᠦᠨᠡᠨᠬᠦ ᠬᠡᠷᠡᠭᠵᠢᠭᠦᠯᠦᠨ᠎ᠡ᠃ ᠣᠯᠣᠰ ᠤᠨ ᠲᠠᠯ᠎ᠠ ᠨᠣᠲᠤᠭ ᠤᠨ ᠠᠮᠢ ᠠᠬᠤᠢ ᠶᠢᠨ | ᠬᠠᠮᠠᠭᠠᠯᠠᠯᠲᠠ ᠶᠢᠨ ᠱᠠᠩᠨᠠᠯ ᠨᠥᠬᠦᠪᠦᠷᠢ ᠶᠢᠨ ᠲᠦᠷᠢᠮ ᠢ ᠴᠢᠩᠭ᠎ᠠ ᠬᠡᠷᠡᠭᠵᠢᠬᠦᠯᠦᠨ᠂ ᠡᠯ᠎ᠡ ᠲᠦᠷᠦᠯ ᠤᠨ ᠮᠠᠯ ᠲᠠᠷᠢᠶᠠᠯᠠᠩ | ᠤᠨ ᠬᠠᠷᠠᠭᠠᠯᠵᠠᠯ ᠤᠨ ᠨᠦᠬᠦᠪᠦᠷᠢ ᠮᠦᠩᠬᠦ ᠶᠢ ᠴᠠᠭ ᠲᠣᠬᠠᠢ ᠳᠤᠨᠢ ᠲᠤᠭ᠎ᠠ ᠶᠣᠰᠣᠭᠠᠷ ᠬᠤᠪᠢᠶᠠᠷᠢᠯᠠᠵᠥ᠂ ᠠᠮᠢ ᠠᠬᠤᠢ ᠶᠢᠨ | ᠪᠠᠶᠢᠭᠤᠯᠤᠯᠳᠠ ᠳᠤ ᠬᠦᠴᠤᠨ ᠨᠡᠮᠡᠷᠢ ᠪᠠᠨ ᠡᠷᠬᠦᠭᠰᠡᠨ ᠮᠠᠯᠴᠢᠨ ᠲᠡᠷᠢᠶᠠᠴᠢᠳ ᠤᠨ ᠦᠢᠯᠡᠳᠪᠦᠷᠢᠯᠡᠯ ᠨᠢ ᠬᠦᠭᠵᠢᠯᠳᠠ ᠲᠠᠢ᠂ | ᠠᠮᠢᠳᠤᠷᠠᠯ ᠨᠢ ᠰᠠᠶᠢᠵᠢᠷᠠᠯᠳᠠ ᠲᠠᠢ ᠪᠠᠶᠢᠬᠤ ᠶᠢ ᠪᠠᠳᠤᠯᠠᠨ᠎ᠠ᠃ ᠮᠠᠯ ᠲᠠᠷᠢᠶᠠᠯᠠᠩ ᠤᠨ ᠶᠡᠷᠦᠩᠬᠡᠶᠢᠯᠡᠭᠰᠡᠨ ᠦᠢᠯᠡᠳᠪᠦᠷᠢᠯᠡᠯ | ᠤᠨ ᠬᠦᠴᠤᠨ ᠢ ᠤᠯᠠᠮ ᠨᠢᠭᠡ ᠠᠯᠬᠤᠮ ᠲᠡᠭᠡᠭᠰᠢᠯᠡᠬᠦᠯᠵᠥ᠂ ᠬᠤᠨᠢ ᠦᠭᠡᠷ ᠪᠤᠷᠳᠤᠨ ᠲᠠᠷᠭᠤᠯᠠᠭᠤᠯᠬᠤ ᠰᠠᠭᠤᠷᠢᠨ ᠭᠠᠵᠠᠷ | ᠤᠨ ᠪᠦᠳᠤᠭᠡᠨ ᠪᠠᠶᠢᠭᠤᠯᠤᠯᠳᠠ ᠶᠢ ᠲᠦᠷᠭᠡᠳᠭᠡᠬᠦ ᠶᠢᠨ ᠬᠠᠮᠳᠤ ᠤᠨᠴᠠᠯᠢᠭᠳᠤ ᠮᠠᠯ ᠲᠠᠷᠢᠶᠠᠯᠠᠩ ᠤᠨ ᠦᠢᠯᠡᠰ ᠢ | ᠭᠡᠪᠴᠢᠶᠡᠵᠢᠬᠦᠯᠵᠥ᠂ ᠠᠵᠤ ᠦᠢᠯᠡᠰᠵᠢᠬᠦᠯᠬᠦ᠂ ᠪᠠᠷᠢᠮᠵᠢᠶᠠᠵᠢᠭᠤᠯᠬᠤ ᠲᠠᠯ᠎ᠠ ᠪᠠᠷ ᠲᠦᠷᠭᠡᠨ ᠠᠬᠢᠭᠤᠯᠵᠥ᠂ ᠮᠠᠯ ᠤᠨ ᠲᠤᠰ | ᠪᠡᠶ᠎ᠡ ᠶᠢᠨ ᠬᠢᠨᠢ ᠠᠰᠢᠭ ᠰᠢᠮ᠎ᠡ ᠪᠤᠯᠤᠨ ᠪᠦᠬᠦᠶᠢᠯᠨ ᠠᠵᠤ ᠠᠬᠤᠢ ᠶᠢᠨ ᠠᠰᠢᠭ ᠤᠷᠤᠯᠭ᠎ᠠ ᠶᠢ ᠲᠡᠭᠡᠭᠰᠢᠯᠡᠬᠦᠯᠵᠥ᠂ | ᠤᠨᠴᠠᠯᠢᠭᠳᠤ ᠮᠠᠯ ᠲᠠᠷᠢᠶᠠᠯᠠᠩ ᠤᠨ ᠪᠦᠳᠤᠭᠡᠭᠳᠡᠬᠦᠨ ᠤ ᠨᠡᠮᠡᠯᠳᠠ ᠦᠷᠳᠡᠭ ᠵᠢᠴᠢ ᠵᠠᠬ᠎ᠠ ᠲᠡᠯᠭᠡᠬᠦᠷ ᠲᠤ ᠡᠵᠡᠯᠡᠬᠦ ᠬᠠᠷᠢᠴᠠᠯ ᠢ | ᠨᠡᠮᠡᠭᠳᠡᠬᠦᠯᠦᠨ᠎ᠡ᠃ ᠮᠠᠯᠴᠢᠨ ᠲᠠᠷᠢᠶᠠᠴᠢᠳ ᠤᠨ ᠬᠤᠷᠰᠢᠭᠰᠠᠨ ᠵᠤᠬᠢᠶᠠᠨ ᠪᠠᠶᠢᠭᠤᠯᠣᠯᠳᠠ ᠪᠤᠯᠤᠨ ᠲᠤᠰᠬᠠᠶᠢᠵᠢᠭᠰᠠᠨ | ᠨᠡᠶᠢᠭᠡᠮᠢᠯᠢᠭ ᠤᠨ ᠪᠦᠳᠤᠭᠡᠨ ᠪᠠᠶᠢᠭᠤᠯᠤᠯᠳᠠ ᠶᠢ ᠴᠢᠩᠭᠠᠳᠬᠠᠵᠥ ᠵᠤᠬᠢᠰᠳᠠᠢ ᠪᠡᠯᠨ ᠮᠦᠩᠬᠦ ᠪᠠ ᠲᠦᠰᠤᠯ ᠤᠨ ᠲᠡᠳᠬᠦᠮᠵᠢ | ᠤᠯᠭᠤᠨ᠎ᠠ᠃ ᠠᠮᠢᠳᠠᠨ ᠤ ᠬᠢᠵᠢᠭ ᠪᠤᠯᠤᠨ ᠬᠢᠵᠢᠭ ᠤᠨ ᠪᠠᠶᠢᠳᠠᠯ ᠢ ᠢᠳᠡᠪᠬᠢᠳᠠᠢ ᠰᠡᠷᠭᠡᠶᠢᠯᠡᠨ ᠬᠤᠷᠢᠭᠯᠠᠵᠥ᠂ ᠬᠦᠮᠦᠨ | ᠠᠷᠠᠳ ᠤᠨ ᠲᠤᠮᠳᠠᠬᠢ ᠪᠷᠦ᠋ᠽᠢᠯ ᠡᠪᠡᠳᠴᠢᠨ ᠢ ᠪᠦᠳᠦᠮᠵᠢᠳᠠᠢ ᠵᠠᠰᠠᠬᠤ ᠶᠢᠨ ᠬᠠᠮᠳᠤ ᠮᠠᠯ ᠤᠨ ᠪᠷᠦ᠋ᠽᠢᠯ ᠡᠪᠡᠳᠴᠢᠨ ᠤ | ᠬᠤᠷᠢᠭᠯᠠᠬᠤ ᠡᠬᠦᠷᠭᠡ ᠬᠠᠷᠠᠯᠳᠠ ᠶᠢ ᠪᠡᠶᠡᠯᠡᠬᠦᠯᠦᠨ᠎ᠡ᠃ ᠬᠢᠯᠢ ᠬᠢᠵᠠᠭᠠᠷ ᠤᠷᠤᠨ ᠤ ᠶᠠᠳᠠᠭᠤ ᠬᠦᠴᠢᠷᠳᠠᠢ ᠭᠠᠴᠠᠭ᠎ᠠ | ᠲᠤᠰᠬᠤᠨ ᠤ ᠦᠨᠳᠤᠰᠤᠨ ᠪᠦᠳᠤᠭᠡᠨ ᠪᠠᠶᠢᠭᠤᠯᠤᠯᠳᠠ ᠶᠢ ᠴᠢᠩᠭᠠᠳᠬᠠᠵᠥ ᠭᠠᠩ ᠭᠠᠮᠰᠢᠭ ᠲᠤ ᠲᠠᠭᠠᠭᠠᠴᠠᠳᠠᠢ ᠮᠠᠯ | ᠲᠠᠷᠢᠶᠠᠯᠠᠩ ᠤᠨ ᠦᠢᠯᠡᠳᠪᠦᠷᠢᠯᠡᠯ ᠢ ᠬᠦᠭᠵᠢᠬᠦᠯᠵᠥ᠂ ᠮᠠᠯᠵᠢᠬᠤ ᠲᠠᠷᠢᠶᠠᠯᠠᠬᠤ ᠤᠷᠤᠨ ᠤ ᠭᠠᠮᠰᠢᠭ ᠢ ᠰᠦᠷᠤᠨ ᠲᠠᠪᠠᠭ᠋ᠤ | ᠬᠦᠴᠤᠨ ᠢ ᠨᠡᠮᠡᠭᠳᠡᠬᠦᠯᠦᠨ᠎ᠡ᠃ ᠲᠠᠷᠢᠶᠠᠯᠠᠩ ᠤᠨ ᠲᠠᠷᠢᠮᠠᠯ ᠲᠤ ᠪᠦᠳᠤᠴᠨ ᠶᠢᠨ ᠲᠤᠬᠢᠷᠠᠭᠤᠯᠤᠯᠳᠠ ᠬᠢᠵᠥ ᠭᠡᠮᠨᠡᠯᠳᠤ | ᠤᠰᠤᠵᠢᠭᠤᠯᠤᠯᠳᠠ ᠶᠢᠨ ᠮᠡᠷᠭᠡᠵᠢᠯ ᠢ ᠲᠦᠭᠡᠮᠡᠯᠵᠢᠬᠦᠯᠤᠨ ᠤᠰᠤ ᠠᠷᠪᠢᠯᠠᠯ ᠲᠠᠢ ᠦᠨᠳᠤᠷ ᠦᠷ᠎ᠡ ᠠᠰᠢᠭᠳᠤ ᠲᠡᠷᠢᠶᠠᠯᠠᠩ ᠢ | ᠬᠦᠭᠵᠢᠬᠦᠯᠦᠨ᠎ᠡ᠃ ︽ᠪᠦᠬᠦᠶᠢᠯᠨ ᠲᠣᠰᠬᠤᠨ ᠢᠶᠠᠷ ᠨᠢ ᠠᠬᠢᠭᠤᠯᠬᠤ᠂ ᠶᠠᠳᠠᠭᠤ ᠶᠢ ᠳᠡᠳᠬᠦᠨ ᠠᠷᠠᠳ ᠢ ᠨᠡᠬᠦᠯᠬᠡᠬᠦ︾ | ᠢᠨᠵᠧᠨᠧᠷᠢᠩ ᠢ ᠡᠷᠴᠢᠮᠳᠠᠢ ᠭᠡᠷᠡᠭᠵᠢᠬᠦᠯᠵᠥ᠂ ᠨᠡᠩ ᠣᠯᠠᠨ ᠮᠠᠯᠴᠢᠨ ᠲᠠᠷᠢᠶᠠᠴᠢᠳ ᠬᠤᠳᠠ ᠪᠠᠯᠭᠠᠰᠣᠨ ᠤ ᠰᠠᠭᠤᠭᠠᠯᠢ | ᠠᠷᠠᠳ ᠲᠠᠢ ᠠᠳᠠᠯᠢᠬᠠᠨ ᠠᠵᠢᠯ ᠣᠯᠭᠤᠯᠳᠠ᠂ ᠰᠣᠷᠭᠠᠨ ᠬᠦᠮᠦᠵᠢᠯ᠂ ᠨᠡᠶᠢᠭᠡᠮ ᠤᠨ ᠪᠠᠳᠣᠯᠠᠭ᠎ᠠ᠂ ᠡᠮ ᠡᠮᠨᠡᠯᠭᠡ ᠡᠷᠡᠬᠦᠯ | ᠬᠠᠮᠠᠭᠠᠯᠠᠯ ᠵᠡᠷᠭᠡ ᠤᠯᠠᠨ ᠨᠠᠶᠢᠳᠠ ᠶᠢᠨ ᠦᠨᠳᠦᠰᠦᠨ ᠦᠢᠯᠡᠴᠢᠯᠡᠭᠡ ᠶᠢ ᠲᠡᠷᠭᠡᠳᠠ ᠠᠴᠠ ᠪᠠᠨ ᠬᠦᠷᠳᠡᠬᠦ ᠪᠤᠯᠤᠮᠵᠢ ᠲᠠᠢ | ᠪᠤᠯᠭᠠᠨ᠎ᠠ᠃ 2017 ᠤᠨ ᠪᠤᠯᠳᠠᠯ᠎ᠠ ᠪᠠᠷᠢᠮᠵᠢᠶᠠᠵᠢᠭᠰᠠᠨ ᠮᠠᠯᠵᠢᠯ ᠤᠨ ᠲᠤᠭᠤᠷᠢᠭ ᠢ 99 ᠳᠤ ᠬᠦᠷᠭᠡᠬᠦ ᠪᠦᠭᠡᠳ ᠮᠠᠯ ᠤᠨ | ᠡᠬᠦᠯᠳᠡᠷ ᠰᠠᠶᠢᠵᠢᠷᠠᠭᠤᠯᠤᠭᠰᠠᠨ ᠨᠤᠷᠮ᠎ᠠ ᠶᠢ 99.5% ᠳᠤ ᠬᠦᠷᠭᠡᠵᠥ ᠲᠠᠷᠢᠮᠠᠯ ᠤᠨ ᠲᠠᠯᠠᠪᠠᠢ ᠶᠢ 30.8 ᠲᠦᠮᠡᠨ ᠮᠤ᠋ ᠳᠤ | ᠬᠢᠵᠠᠭᠠᠷᠯᠠᠵᠥ᠂ ᠨᠢᠭᠡᠳᠤᠭᠡᠷ ᠠᠵᠤ ᠦᠢᠯᠡᠰ ᠤᠨ ᠨᠡᠮᠡᠭᠳᠡᠯ ᠦᠷᠳᠡᠭ ᠢ ᠵᠢᠯ ᠪᠦᠷᠢ ᠲᠤᠮᠳᠠᠴᠢ ᠪᠠᠷ 7.8% ᠪᠠᠷ | ᠨᠡᠮᠡᠭᠳᠡᠬᠦᠯᠵᠥ 8 ᠳ᠋ᠦᠩᠰᠢᠭᠤᠷ ᠲᠤ ᠬᠦᠷᠭᠡᠨ᠎ᠡ᠃ | — — ᠰᠤᠶᠤᠯ ᠵᠢᠭᠤᠯᠴᠢᠯᠠᠯ ᠤᠨ ᠦᠢᠯᠡᠰ ᠢ ᠬᠦᠭᠵᠢᠬᠦᠯᠦᠨ ᠡᠷᠴᠢᠮᠵᠢᠬᠦᠯᠵᠥ᠂ ᠭᠤᠷᠪᠠᠳᠤᠭᠠᠷ ᠠᠵᠤ ᠦᠢᠯᠡᠰ | ᠤᠨ ᠬᠦᠭᠵᠢᠯᠳᠠ ᠶᠢ ᠰᠢᠨ᠎ᠡ ᠦᠰᠦᠷᠤᠯᠳᠠ ᠲᠠᠢ ᠪᠤᠯᠭᠠᠬᠤ ᠪᠠᠷ ᠴᠢᠷᠮᠠᠶᠢᠨ᠎ᠠ᠃ ᠲᠠᠯᠠᠭᠡᠢ ᠶᠢᠨ ᠰᠤᠶᠤᠯ ᠤᠨ ᠦᠪ | ᠪᠤᠯᠤᠭᠰᠠᠨ ᠲᠡᠭᠡᠳᠤ ᠨᠡᠶᠢᠰᠯᠡᠯ ᠤᠨ ᠪᠠᠭᠤᠷᠢ ᠶᠢᠨ ᠤᠯᠠᠨ ᠳᠤ ᠲᠠᠨᠢᠭᠳᠠᠭᠰᠠᠨ ᠨᠦᠯᠦᠭᠡ ᠲᠤᠰᠬᠠᠯ ᠳᠤ ᠪᠠᠨ ᠲᠦᠰᠢᠭᠯᠡᠨ | ᠰᠤᠶᠤᠯ ᠵᠢᠭᠤᠯᠴᠢᠯᠠᠯ ᠢ ᠬᠦᠴᠤᠯᠡᠨ ᠬᠦᠭᠵᠢᠬᠦᠯᠵᠥ ︽ᠲᠣᠮᠳᠠᠳᠣ ᠣᠯᠣᠰ᠂ ᠶᠣᠸᠠᠨ ᠤ ᠳᠡᠭᠡᠳᠦ ᠨᠡᠶᠢᠰᠯᠡᠯ︾ ᠨᠡᠷᠡᠳᠦ | ᠳᠡᠮᠳᠡᠭ ᠤᠨ ᠲᠣᠭᠤᠷᠢᠨ ᠳᠤ ᠡᠬᠢ ᠪᠠᠶᠠᠯᠢᠭ ᠢᠶᠠᠨ ᠨᠢᠬᠡᠳᠭᠡᠨ ᠰᠢᠯᠢᠳᠡᠭ ᠢ ᠡᠬᠦᠳᠴᠦ᠂ ᠵᠢᠭᠤᠯᠴᠢᠯᠠᠯ ᠤᠨ ᠬᠦᠭᠵᠢᠯᠳᠡ | ᠶᠢᠨ ᠣᠷᠣᠨ ᠵᠠᠢ ᠶᠢ ᠦᠷᠭᠡᠳᠭᠡᠨ ᠳᠡᠯᠡᠨ᠎ᠡ᠃ ᠶᠣᠸᠠᠨ ᠤ ᠳᠡᠭᠡᠳᠦ ᠨᠡᠶᠢᠰᠯᠡᠯ ᠤᠨ ᠪᠠᠭᠤᠷᠢ ᠶᠢᠨ ᠵᠢᠭᠤᠯᠴᠢᠯᠠᠯ ᠤᠨ | ᠲᠤᠭᠤᠷᠢᠭ ᠢ 5A ᠳᠡᠰ ᠤᠨ ᠪᠠᠷᠢᠮᠵᠢᠶ᠎ᠠ ᠪᠠᠷ ᠪᠦᠳᠦᠬᠡᠨ ᠪᠠᠶᠢᠭᠤᠯᠬᠤ ᠪᠦᠭᠡᠳ ᠶᠤᠸᠠᠨ ᠤ ᠲᠡᠭᠡᠳᠤ ᠨᠡᠶᠢᠰᠯᠡᠯ — ᠤᠯᠤᠰ | ᠤᠨ ᠲᠡᠰ ᠤᠨ ᠰᠤᠶᠤᠯ ᠵᠢᠭᠤᠯᠴᠢᠯᠠᠯ ᠤᠨ ᠠᠵᠤ ᠠᠬᠤᠢ ᠶᠢᠨ ᠬᠦᠷᠢᠶᠡᠯᠡᠩ ᠵᠢᠴᠢ ᠲᠡᠯᠡᠭᠡᠢ ᠶᠢᠨ ᠦᠯᠡᠳᠡᠭᠳᠡᠯ ᠪᠠᠭᠤᠷᠢ | ᠰᠤᠳᠤᠯᠬᠤ ᠬᠦᠷᠢᠶᠡᠯᠡᠩ ᠢ ᠪᠠᠶᠢᠭᠤᠯᠬᠤ ᠠᠵᠢᠯ ᠢ ᠲᠦᠯᠬᠢᠨ ᠠᠬᠢᠭᠤᠯᠬᠤ ᠶᠢᠨ ᠵᠡᠷᠭᠡᠴᠡᠭᠡ ᠠᠵᠤ ᠦᠢᠯᠡᠰ ᠤᠨ ᠬᠡᠯᠪᠡᠷᠢ ᠪᠠᠷ | ᠵᠢᠭᠤᠯᠴᠢᠯᠠᠯ ᠢ ᠬᠦᠭᠵᠢᠬᠦᠯᠵᠥ ᠪᠡᠭᠡᠵᠢᠭ ᠤᠨ ᠤᠮᠠᠷ᠎ᠠ ᠳᠠᠬᠢ ᠬᠠᠮᠤᠭ ᠠᠴᠠ ᠲᠠᠳᠠᠬᠤ ᠬᠦᠴᠤᠨ ᠪᠦᠬᠦᠢ ᠮᠤᠩᠭᠤᠯ ᠶᠤᠸᠠᠨ ᠤ | ᠰᠤᠶᠤᠯ ᠵᠢᠭᠤᠯᠴᠢᠯᠠᠯ ᠤᠨ ᠨᠡᠷᠡᠳᠤ ᠤᠷᠤᠨ ᠢ ᠴᠤᠭᠴᠠᠯᠠᠨ ᠪᠠᠶᠢᠭᠤᠯᠤᠨ᠎ᠠ᠃ ᠣᠶᠢᠷᠠᠯᠴᠠᠭᠠᠬᠢ ᠭᠠᠵᠠᠷ ᠣᠷᠣᠨ ᠯᠤᠭ᠎ᠠ ᠶᠢᠨ | ᠬᠤᠷᠰᠢᠯᠴᠠᠭ᠎ᠠ ᠪᠠᠨ ᠤᠯᠠᠮ ᠴᠢᠩᠭᠠᠳᠬᠠᠨ ᠵᠢᠭᠤᠯᠴᠢᠯᠠᠯ ᠤᠨ ᠦᠢᠯᠡᠰ ᠤᠨ ᠪᠦᠰᠨ ᠤᠷᠤᠨ ᠤ ᠬᠦᠭᠵᠢᠯᠳᠡ ᠶᠢ ᠠᠬᠢᠭᠤᠯᠬᠤ | ᠶᠢᠨ ᠵᠠᠷᠭᠡᠪᠡᠷ ᠵᠢᠭᠤᠯᠴᠢᠯᠠᠯ ᠤᠨ ᠤᠷᠤᠨ ᠤ ᠰᠠᠭᠤᠷᠢ ᠲᠦᠭᠦᠭᠡᠷᠦᠮᠵᠢ ᠶᠢ ᠳᠡᠭᠦᠯᠳᠡᠷᠵᠢᠬᠦᠯᠦᠨ᠂ ᠵᠢᠭᠤᠯᠴᠢᠳ ᠲᠤ | ᠵᠤᠷᠢᠭᠤᠯᠤᠭᠰᠠᠨ ᠪᠠᠷᠠᠭ᠎ᠠ ᠲᠠᠸᠠᠷ ᠲᠦᠰᠦᠪᠯᠡᠨ ᠦᠢᠯᠡᠳᠪᠦᠷᠢᠯᠡᠬᠦ ᠵᠢᠴᠢ ᠢᠳᠡᠭᠡᠨ ᠣᠮᠳᠠᠭᠠᠨ ᠬᠤᠨᠤᠭ ᠪᠠᠭᠤᠴᠠ᠂ | ᠬᠤᠳᠠᠯᠳᠤᠭ᠎ᠠ ᠵᠤᠭ᠎ᠠ ᠴᠡᠩᠭᠡᠯ ᠵᠡᠷᠭᠡ ᠵᠢᠭᠤᠯᠴᠢᠯᠠᠯ ᠤᠨ ᠦᠢᠯᠡᠰ ᠤᠨ ᠲᠠᠭᠠᠯᠳᠠ ᠠᠵᠣ ᠦᠢᠯᠡᠰ ᠤᠨ ᠬᠦᠭᠵᠢᠯᠳᠡ ᠶᠢ | ᠲᠦᠷᠭᠡᠳᠭᠡᠬᠦ ᠶᠢᠨ ᠬᠠᠮᠳᠤ ︽ᠮᠠᠯᠴᠢᠨ ᠠᠶᠢᠯ︾ ᠵᠡᠷᠭᠡ ᠦᠨᠳᠤᠰᠤᠳᠡᠨ ᠤ ᠤᠨᠴᠠᠯᠢᠭ ᠲᠠᠢ ᠵᠤᠭᠠᠴᠠᠯ ᠢ ᠬᠦᠭᠵᠢᠬᠦᠯᠵᠥ | ᠮᠠᠨ ᠤ ᠬᠤᠰᠢᠭᠤ ᠪᠠᠨ ᠵᠢᠭᠤᠯᠴᠢᠯᠠᠯ ᠤᠨ ᠡᠬᠢ ᠪᠠᠶᠠᠯᠢᠭ ᠤᠨ ᠲᠣᠮᠣ ᠬᠤᠰᠢᠭᠤ ᠠᠴᠠ ᠵᠢᠭᠤᠯᠴᠢᠯᠠᠯ ᠤᠨ ᠠᠵᠣ ᠦᠢᠯᠡᠰ | ᠤᠨ ᠲᠣᠮᠣ ᠬᠤᠰᠢᠭᠤ ᠪᠣᠯᠭᠠᠨ ᠬᠤᠪᠢᠷᠠᠭᠤᠯᠬᠤ ᠶᠢ ᠠᠯᠬᠤᠮ ᠠᠯᠬᠤᠮ ᠢᠶᠠᠷ ᠪᠡᠶᠡᠯᠡᠬᠦᠯᠦᠨ᠎ᠡ᠃ ᠲᠠᠬᠢᠪᠠᠯ ᠪᠢᠳᠠ ᠭᠠᠵᠠᠷ | ᠵᠦᠢ ᠶᠢᠨ ᠲᠠᠪᠠᠭᠤᠯᠢᠭ ᠢᠶᠠᠨ ᠠᠰᠢᠭᠯᠠᠨ ᠰᠢᠨ᠎ᠡ ᠭᠡᠯᠪᠡᠷᠢ ᠶᠢᠨ ᠠᠷᠠᠯᠵᠢᠶ᠎ᠠ ᠬᠤᠳᠠᠯᠳᠤᠭᠠᠨ ᠤ ᠦᠢᠯᠡᠰ ᠵᠢᠴᠢ | ᠤᠳᠤᠬᠢᠴᠢᠯᠠᠭᠰᠠᠨ ᠠᠴᠢᠶ᠎ᠠ ᠵᠦᠭᠡᠭᠡᠪᠤᠷᠢ ᠶᠢᠨ ᠦᠢᠯᠡᠰ ᠢ ᠢᠳᠡᠪᠬᠢᠳᠠᠢ ᠬᠦᠭᠵᠢᠬᠦᠯᠵᠥ ᠦᠨᠳᠤᠰᠤᠳᠡᠨ ᠤ ᠠᠷᠠᠯᠵᠢᠶ᠎ᠠ᠂ ᠵᠠᠮ | ᠵᠦᠭᠡᠭᠡᠪᠦᠷᠢ ᠵᠡᠷᠭᠡ ᠣᠯᠠᠮᠵᠢᠯᠠᠯᠳᠣ ᠦᠢᠯᠡᠴᠢᠯᠡᠬᠡᠨ ᠤ ᠦᠢᠯᠡᠰ ᠢ ᠥᠭᠡᠷᠡᠴᠢᠯᠡᠨᠢᠳᠡᠪᠬᠢᠵᠢᠬᠦᠯᠵᠦ ᠤᠳᠤᠬᠢᠴᠢᠯᠠᠭᠰᠠᠨ | ᠦᠢᠯᠡᠴᠢᠯᠡᠬᠡᠨ ᠤ ᠦᠢᠯᠡᠰ ᠢ ᠬᠦᠴᠤᠯᠡᠨ ᠬᠦᠭᠵᠢᠬᠦᠯᠦᠨ᠎ᠡ᠃ 2017 ᠤᠨ ᠪᠤᠯᠳᠠᠯ᠎ᠠ ᠭᠤᠷᠪᠠᠳᠤᠭᠠᠷ ᠠᠵᠤ ᠦᠢᠯᠡᠰ ᠤᠨ | ᠨᠡᠮᠡᠭᠳᠡᠯ ᠦᠷᠳᠡᠭ ᠢ ᠵᠢᠯ ᠪᠦᠷᠢ ᠲᠤᠮᠳᠠᠴᠢ ᠪᠠᠷ 26.5% ᠪᠠᠷ ᠦᠰᠭᠡᠨ᠂ 36 ᠳ᠋ᠦᠩᠰᠢᠭᠤᠷ ᠲᠦᠬᠦᠷᠢᠭ ᠲᠤ ᠬᠦᠷᠬᠡᠬᠦ | ᠪᠠᠷ ᠴᠢᠷᠮᠠᠶᠢᠨ᠎ᠠ᠃ | — — ᠬᠤᠲᠠ ᠪᠠᠯᠭᠠᠰᠤᠨ ᠤ ᠰᠠᠭᠤᠷᠢ ᠪᠦᠲᠦᠭᠡᠨ ᠪᠠᠶᠢᠭᠤᠯᠣᠯᠲᠠ ᠶᠢ ᠨᠢᠬᠡᠳᠦᠯᠳᠠᠢ ᠲᠦᠯᠦᠪᠯᠡᠨ ᠴᠢᠩᠭ᠎ᠠ | ᠠᠳᠬᠤᠵᠥ ᠬᠤᠳᠠ ᠬᠦᠳᠡᠭᠡ ᠶᠢ ᠨᠢᠬᠡ ᠴᠣᠭᠴᠠᠵᠢᠭᠤᠯᠣᠭᠰᠠᠨ ᠬᠦᠭᠵᠢᠯᠳᠡ ᠶᠢ ᠰᠢᠨ᠎ᠡ ᠬᠤᠪᠢᠷᠠᠯᠳᠠ ᠲᠠᠢ ᠪᠣᠯᠭᠠᠬᠤ ᠪᠠᠷ | ᠴᠢᠷᠮᠠᠶᠢᠨ᠎ᠠ᠃ ᠰᠢᠯᠢ ᠶᠢᠨ ᠭᠤᠤᠯ ᠤᠨ ᠡᠮᠤᠨ᠎ᠡ ᠭᠡᠰᠡᠭ ᠤᠨ ᠲᠦᠪ ᠬᠤᠳᠠ ᠶᠢ ᠲᠦᠯᠦᠪᠯᠡᠨ ᠪᠠᠶᠢᠭᠤᠯᠬᠤ ᠪᠠᠷ ᠪᠠᠶᠢᠭ᠎ᠠ | ᠠᠰᠢᠭᠳᠠᠢ ᠲᠤᠬᠢᠶᠠᠯ ᠢ ᠵᠠᠪᠳᠤᠨ ᠱᠠᠩᠳᠤ ᠪᠠᠯᠭᠠᠰᠤ ᠪᠤᠯᠤᠨ ᠪᠤᠰᠤᠳ ᠭᠤᠤᠯ ᠪᠠᠯᠭᠠᠳ ᠢ ᠪᠦᠳᠦᠭᠡᠨ ᠪᠠᠶᠢᠭᠤᠯᠬᠤ | ᠠᠯᠬᠤᠴᠠ ᠶᠢ ᠲᠦᠷᠭᠡᠳᠭᠡᠨ᠂ ᠣᠰᠣ ᠬᠠᠩᠭᠠᠯᠭ᠎ᠠ᠂ ᠤᠰᠤ ᠭᠠᠳᠠᠭᠰᠢᠯᠠᠭᠤᠯᠬᠤ᠂ ᠲᠣᠯᠠᠭᠠᠯᠠᠯᠭ᠎ᠠ᠂ ᠰᠢᠳᠠᠮᠠᠬᠠᠢ ᠬᠡᠢ᠂ | ᠴᠠᠬᠢᠯᠭᠠᠨ ᠵᠡᠷᠭᠡ ᠰᠠᠭᠤᠷᠢ ᠲᠦᠬᠦᠬᠡᠷᠦᠮᠵᠢ ᠶᠢᠨ ᠪᠦᠳᠦᠬᠡᠨ ᠪᠠᠶᠢᠭᠤᠯᠣᠯᠳᠠ ᠶᠢ ᠨᠡᠮᠡᠭᠳᠡᠬᠦᠯᠵᠦ᠂ ᠴᠡᠴᠡᠷᠯᠢᠭ᠂ ᠠᠭᠤᠳᠠᠮ | ᠲᠠᠯᠠᠪᠠᠢ᠂ ᠲᠡᠷᠭᠡᠨ ᠵᠣᠭᠰᠣᠭᠠᠯ ᠵᠷᠭᠡ ᠨᠡᠶᠢᠳᠡ ᠶᠢᠨ ᠲᠦᠭᠦᠬᠡᠷᠦᠮᠵᠢ ᠶᠢ ᠢᠵᠢ ᠪᠦᠷᠢᠳᠦᠬᠦᠯᠦᠨ᠂ ᠨᠤᠭᠤᠭᠠᠷᠠᠭᠤᠯᠤᠯᠳᠠ᠂ | ᠬᠠᠳᠠᠭᠤᠵᠢᠭᠤᠯᠤᠯᠳᠠ᠂ ᠭᠤᠶᠣᠵᠢᠭᠤᠯᠣᠯᠳᠠ᠂ ᠭᠡᠷᠡᠯᠳᠤᠬᠦᠯᠭᠡ ᠶᠢᠨ ᠢᠨᠵᠧᠨᠧᠷᠢᠩ ᠢ ᠬᠦᠴᠦᠯᠡᠨ ᠬᠡᠷᠡᠭᠵᠢᠬᠦᠯᠵᠦ᠂ ᠬᠤᠳᠠ | ᠶᠢᠨ ᠴᠢᠳᠠᠪᠬᠢ ᠶᠢ ᠳᠡᠭᠦᠯᠳᠡᠷᠵᠢᠬᠦᠯᠦᠨ ᠬᠤᠳᠠ ᠶᠢᠨ ᠲᠡᠰ ᠵᠢᠩᠳᠠᠭ᠎ᠠ ᠶᠢ ᠳᠡᠭᠡᠭᠰᠢᠯᠡᠬᠦᠯᠵᠦ᠂ ᠮᠣᠩᠭᠤᠯ ᠶᠣᠸᠠᠨ ᠤ ᠰᠣᠶᠣᠯ | ᠤᠨ ᠬᠡᠪ ᠨᠠᠮᠪᠠ ᠲᠠᠢ᠂ ᠴᠠᠭ ᠡᠷᠡᠨ ᠤ ᠬᠢᠯᠪᠠᠭ᠎ᠠ ᠪᠦᠷᠢᠳᠦᠭᠰᠡᠨ ᠲᠠᠩᠰᠤᠭ ᠬᠤᠳᠠ ᠶᠢ ᠪᠦᠳᠤᠭᠡᠨ ᠪᠠᠶᠢᠭᠤᠯᠤᠨ᠎ᠠ᠃ | 2017 ᠣᠨ ᠪᠣᠯᠳᠠᠯ᠎ᠠ ᠱᠠᠩᠳᠣ ᠪᠠᠯᠭᠠᠰᠣᠨ ᠤ ᠬᠤᠳᠠ ᠶᠢᠨ ᠶᠡᠷᠤᠩᠭᠡᠢ ᠲᠠᠯᠠᠪᠠᠢ ᠶᠢ 21.1 ᠳᠡᠭᠰᠢ ᠲᠦᠷᠪᠡᠯᠵᠢᠨ | ᠺᠢᠯᠣᠮᠧᠲᠷ ᠲᠤ ᠬᠦᠷᠭᠡᠨ᠎ᠡ᠃ ᠰᠢᠨ᠎ᠡ ᠬᠦᠳᠡᠭᠡ ᠲᠣᠰᠬᠤᠨ ᠤ ᠪᠦᠳᠦᠭᠡᠨ ᠪᠠᠶᠢᠭᠤᠯᠣᠯᠳᠠ ᠶᠢ ᠪᠦᠬᠦ ᠲᠠᠯ᠎ᠠ ᠪᠠᠷ | ᠲᠦᠷᠭᠡᠳᠭᠡᠨ ᠵᠠᠮ ᠨᠡᠪᠳᠡᠷᠡᠬᠦᠯᠬᠡ᠂ ᠣᠰᠣ ᠴᠠᠬᠢᠯᠭᠠᠨ ᠵᠡᠷᠭᠡ ᠦᠨᠳᠤᠰᠤᠨ ᠪᠠᠶᠢᠭᠤᠯᠣᠯᠳᠠ ᠶᠢᠨ ᠲᠠᠯ᠎ᠠ ᠪᠠᠷ ᠬᠦᠷᠤᠩᠭᠡ | ᠣᠷᠣᠭᠤᠯᠣᠯᠳᠠ ᠪᠠᠨ ᠨᠡᠮᠡᠭᠳᠡᠬᠦᠯᠵᠦ᠂ ᠭᠠᠴᠠᠭ᠎ᠠ ᠲᠣᠰᠬᠤᠨ ᠤ ᠲᠦᠷᠢ ᠲᠦᠷᠭᠦ ᠶᠢ ᠬᠠᠯᠠᠨ ᠰᠠᠶᠢᠵᠢᠷᠠᠭᠤᠯᠣᠨ᠎ᠠ᠃ ᠵᠢᠵᠢᠭ | ᠬᠤᠳᠠ ᠪᠠᠯᠭᠠᠰᠣᠨ ᠤ ᠪᠦᠳᠦᠬᠡᠨ ᠪᠠᠶᠢᠭᠤᠯᠣᠯᠳᠠ ᠶᠢ ︽ᠬᠤᠳᠠ ᠬᠦᠳᠡᠭᠡ ᠶᠢ ᠨᠢᠭᠡ ᠴᠣᠭᠴᠠᠵᠢᠭᠤᠯᠬᠤ︾ ᠶᠢ ᠠᠬᠢᠭᠤᠯᠬᠤ | ᠴᠢᠬᠤᠯᠨ ᠠᠵᠢᠯ ᠪᠣᠯᠭᠠᠨ ᠪᠠᠷᠢᠮᠳᠠᠯᠠᠵᠣ᠂ ᠭᠠᠵᠠᠷ ᠣᠷᠣᠨ ᠤ ᠣᠨᠴᠠᠯᠢᠭ ᠲᠤ ᠲᠣᠭᠢᠷᠠᠭᠤᠯᠣᠨ ᠪᠦᠳᠦᠭᠡᠨ ᠪᠠᠶᠢᠭᠤᠯᠵᠣ᠂ | ᠣᠯᠠᠨ ᠴᠢᠭᠯᠡᠯ ᠢᠶᠠᠷ ᠪᠡᠯᠨ ᠨᠡᠶᠢᠯᠡᠬᠦᠯᠵᠦ᠂ ᠵᠠᠬ᠎ᠠ ᠳᠡᠯᠭᠡᠭᠦᠷ ᠤᠨ ᠮᠠᠶ᠋ᠢᠭ ᠢᠶᠠᠷ ᠠᠵᠢᠯᠯᠠᠭᠤᠯᠣᠨ ᠵᠢᠵᠢᠭ ᠬᠤᠳᠠ ᠪᠠᠯᠭᠠᠰᠣᠨ | ᠤ ᠪᠦᠳᠦᠬᠡᠨ ᠪᠠᠶᠢᠭᠤᠯᠣᠯᠳᠠ ᠶᠢ ᠠᠯᠬᠤᠮ ᠠᠯᠬᠤᠮ ᠢᠶᠠᠷ ᠠᠬᠢᠭᠤᠯᠣᠨ᠎ᠠ᠃ ᠬᠤᠰᠢᠭᠤ ᠬᠢᠵᠠᠭᠠᠷ ᠲᠣᠳᠣᠷᠠᠬᠢ ᠵᠢᠴᠢ | ᠬᠤᠰᠢᠭᠤ ᠠᠯᠣᠰᠯᠠᠭᠰᠠᠨ ᠳᠡᠭᠡᠳᠦ ᠳᠡᠰ ᠤᠨ ᠵᠠᠰᠠᠮᠠᠯ ᠵᠠᠮ ᠪᠠ ᠳᠡᠮᠦᠷ ᠵᠠᠮ ᠤᠨ ᠪᠠᠷᠢᠯᠭ᠎ᠠ ᠶᠢ ᠭᠤᠣᠯᠳᠠᠯᠭ᠎ᠠ ᠲᠠᠢ | ᠨᠠᠶᠢᠳᠠᠪᠣᠷᠢᠵᠢᠭᠤᠯᠣᠨ᠂ 2017 ᠣᠨ ᠤ ᠡᠴᠦᠰ ᠪᠣᠯᠳᠠᠯ᠎ᠠ ᠨᠡᠩ ᠪᠦᠷᠢᠨ ᠳᠡᠭᠦᠯᠳᠡᠷ ᠰᠢᠯᠣᠭᠤᠨ ᠲᠦᠳᠠ ᠵᠠᠮ | ᠨᠡᠪᠳᠡᠷᠡᠬᠦᠯᠬᠡ ᠶᠢᠨ ᠰᠢᠰᠲ᠋ᠧᠮ ᠢ ᠪᠠᠶᠢᠭᠤᠯᠤᠨ᠎ᠠ᠃ | — — ᠨᠡᠶᠢᠬᠡᠮ ᠤᠨ ᠡᠯ᠎ᠡ ᠲᠦᠷᠦᠯ ᠤᠨ ᠠᠵᠢᠯ ᠦᠢᠯᠡᠰ ᠢ ᠵᠣᠬᠢᠴᠠᠩᠭᠤᠢ ᠬᠦᠭᠵᠢᠬᠦᠯᠵᠦ᠂ ᠣᠯᠠᠨ ᠨᠡᠶᠢᠳᠡ | ᠶᠢᠨ ᠦᠢᠯᠡᠴᠢᠯᠡᠭᠡᠨ ᠤ ᠬᠢᠷᠢ ᠲᠦᠪᠰᠢᠨ ᠢ ᠳᠡᠭᠡᠭᠰᠢᠯᠡᠬᠦᠯᠬᠦ ᠲᠠᠯ᠎ᠠ ᠳᠤ ᠰᠢᠨ᠎ᠡ ᠦᠬᠡᠷᠡᠴᠢᠯᠡᠯᠳᠡ ᠲᠠᠢ ᠪᠣᠯᠭᠠᠬᠤ ᠪᠠᠷ | ᠴᠢᠷᠮᠠᠶᠢᠨ᠎ᠠ᠃ ᠶᠣᠰᠣ ᠮᠣᠷᠠᠯ ᠢᠶᠠᠷ ᠬᠡᠦᠬᠡᠳ ᠬᠦᠮᠤᠵᠢᠬᠦᠯᠬᠦ ᠶᠢ ᠰᠣᠷᠭᠠᠨ ᠬᠦᠮᠦᠵᠢᠯ ᠤᠨ ᠦᠨᠳᠦᠰᠦᠨ ᠡᠬᠦᠷᠭᠡ ᠪᠣᠯᠭᠠᠵᠣ᠂ | ᠬᠡᠪ ᠴᠢᠨᠠᠷ ᠤᠨ ᠰᠣᠷᠭᠠᠨ ᠬᠦᠮᠦᠵᠢᠯ ᠢ ᠪᠦᠬᠦ ᠲᠠᠯ᠎ᠠ ᠪᠠᠷ ᠠᠬᠢᠭᠤᠯᠣᠨ᠂ ᠰᠣᠷᠭᠠᠨ ᠬᠦᠮᠦᠵᠢᠯ ᠵᠢᠭᠠᠨ ᠰᠣᠷᠭᠠᠯᠳᠠ ᠶᠢᠨ | ᠬᠠᠮᠢᠶᠠᠷᠣᠯᠳᠠ ᠶᠢ ᠴᠢᠩᠭᠠᠳᠬᠠᠵᠣ᠂ ᠰᠣᠷᠭᠠᠭᠤᠯᠢ ᠡᠷᠬᠢᠯᠡᠬᠦ ᠨᠦᠬᠦᠴᠡᠯ ᠢ ᠳᠡᠭᠦᠯᠳᠡᠷᠵᠢᠬᠦᠯᠵᠦ᠂ ᠪᠠᠭᠰᠢ ᠶᠢᠨ ᠬᠡᠪ ᠰᠣᠷᠳᠠᠯ | ᠤᠨ ᠪᠠᠶᠢᠭᠤᠯᠣᠯᠳᠠ ᠶᠢ ᠴᠢᠬᠤᠯᠠᠴᠢᠯᠠᠨ᠂ ᠡᠯ᠎ᠡ ᠱᠠᠳᠣᠨ ᠳᠠᠬᠢ ᠰᠣᠷᠭᠠᠨ ᠬᠦᠮᠦᠵᠢᠯ ᠵᠢᠭᠠᠨ ᠰᠣᠷᠭᠠᠯᠳᠠ ᠶᠢᠨ ᠶᠠᠰᠣ ᠴᠢᠨᠠᠷ | ᠢ ᠳᠡᠭᠡᠭᠰᠢᠯᠡᠬᠦᠯᠵᠣ᠂ ᠰᠣᠷᠣᠭᠴᠢ ᠶᠢᠨ ᠨᠡᠶᠢᠬᠡᠮ ᠤᠨ ᠬᠠᠷᠢᠭᠤᠴᠠᠯᠭᠠᠳᠣ ᠰᠡᠳᠬᠢᠯᠬᠡ᠂ ᠰᠢᠨ᠎ᠡ ᠶᠢ ᠡᠬᠦᠳᠬᠦ ᠵᠣᠷᠢᠭ ᠰᠠᠨᠠᠭ᠎ᠠ | ᠂ ᠪᠣᠳᠠᠳᠣ ᠠᠵᠢᠯᠯᠠᠭᠠᠨ ᠤ ᠴᠢᠳᠠᠪᠣᠷᠢ ᠶᠢ ᠬᠦᠮᠦᠵᠢᠬᠦᠯᠦᠨ᠂ ᠠᠷᠠᠳ ᠲᠦᠮᠡᠨ ᠬᠠᠨᠣᠮᠵᠢᠳᠠᠢ ᠰᠣᠷᠭᠠᠨ ᠬᠦᠮᠦᠵᠢᠯ ᠢ | ᠡᠷᠬᠢᠯᠡᠨ᠎ᠡ᠃ ᠰᠣᠶᠣᠯ ᠲᠠᠮᠢᠷ ᠤᠨ ᠦᠢᠯᠡᠰ ᠢ ᠲᠦᠷᠭᠡᠨ ᠬᠦᠭᠵᠢᠬᠦᠯᠵᠦ᠂ ᠭᠤᠣᠯᠳᠠᠯᠭ᠎ᠠ ᠲᠠᠢ ᠣᠯᠠᠨ ᠨᠡᠶᠢᠳᠡ ᠶᠢᠨ ᠰᠣᠶᠣᠯ | ᠤᠨ ᠢᠨᠵᠧᠨᠧᠷᠢᠩ ᠪᠠ ᠰᠣᠶᠣᠯ ᠤᠨ ᠪᠦᠳᠦᠭᠡᠨ ᠪᠠᠶᠢᠭᠤᠯᠣᠯᠳᠠ ᠶᠢᠨ ᠲᠦᠰᠦᠯ ᠢ ᠨᠡᠮᠡᠭᠳᠡᠬᠦᠯᠦᠨ ᠣᠯᠠᠨ ᠨᠡᠶᠢᠳᠡ ᠶᠢᠨ | ᠰᠣᠶᠣᠯ ᠤᠨ ᠦᠢᠯᠡᠴᠢᠯᠡᠬᠡᠨ ᠤ ᠰᠢᠰᠲ᠋ᠧᠮ ᠢ ᠳᠡᠬᠦᠯᠳᠡᠷᠵᠢᠬᠦᠯᠦᠨ᠎ᠡ᠃ ᠰᠣᠶᠣᠯ ᠤᠨ ᠴᠢᠳᠠᠪᠣᠷᠢᠳᠠᠨ ᠢ ᠬᠦᠮᠦᠵᠢᠬᠦᠯᠬᠦ ᠠᠵᠢᠯ | ᠢ ᠴᠢᠬᠤᠯᠠᠴᠢᠯᠠᠨ᠂ ᠲᠡᠯᠡᠬᠡᠢ ᠶᠢᠨ ᠰᠣᠶᠣᠯ ᠤᠨ ᠦᠪ ᠪᠠ ᠪᠣᠳᠠᠰ ᠤᠨ ᠪᠣᠰᠣ ᠰᠣᠶᠣᠯ ᠤᠨ ᠦᠪ ᠢ ᠬᠠᠮᠠᠭᠠᠯᠠᠬᠤ | ᠬᠦᠴᠦᠯᠡᠴᠡ ᠪᠠᠨ ᠨᠡᠮᠡᠭᠳᠡᠭᠦᠯᠦᠨ᠎ᠡ᠃ ᠬᠦᠷᠤᠩᠭᠡ ᠣᠷᠣᠭᠤᠯᠣᠯᠳᠠ ᠪᠠᠨ ᠨᠡᠮᠡᠭᠳᠡᠬᠦᠯᠵᠥ ᠣᠯᠠᠨ ᠲᠦᠮᠡᠨ ᠤ ᠡᠳᠦᠷ ᠲᠣᠳᠣᠮ | ᠤᠨ ᠠᠮᠢᠳᠣᠷᠠᠯ ᠲᠠᠢ ᠨᠢᠭᠳᠠ ᠬᠤᠯᠪᠤᠭᠳᠠᠵᠥ ᠪᠠᠶᠢᠳᠠᠭ ᠨᠡᠶᠢᠬᠡᠮ ᠤᠨ ᠡᠯ᠎ᠡ ᠠᠵᠢᠯ ᠦᠢᠯᠡᠰ ᠤᠨ ᠬᠦᠭᠵᠢᠯᠳᠡ ᠶᠢ | ᠠᠬᠢᠭᠤᠯᠣᠨ᠎ᠠ᠃ ᠣᠶᠣᠨ ᠤ ᠪᠣᠯᠪᠠᠰᠣᠨ ᠢ ᠪᠦᠳᠦᠬᠡᠨ ᠪᠠᠶᠢᠭᠤᠯᠬᠤ ᠠᠵᠢᠯᠯᠠᠭ᠎ᠠ ᠶᠢ ᠦᠷᠭᠡᠨ ᠢᠶᠠᠷ ᠦᠷᠨᠢᠬᠦᠯᠵᠦ᠂ ᠨᠡᠶᠢᠬᠡᠮ | ᠨᠡᠶᠢᠳᠡ ᠶᠢᠨ ᠮᠣᠷᠠᠯ᠂ ᠠᠵᠢᠯ ᠮᠡᠷᠬᠡᠵᠢᠯ ᠤᠨ ᠶᠣᠰᠣ ᠰᠣᠷᠳᠠᠬᠤᠨ᠂ ᠬᠡᠷ ᠪᠦᠯᠢ ᠶᠢᠨ ᠰᠣᠷᠭᠠᠯ᠂ ᠬᠤᠪᠢ ᠬᠦᠮᠦᠨ ᠤ ᠮᠣᠷᠠᠯ | ᠰᠤᠷᠳᠠᠯ ᠢ ᠰᠠᠶᠢᠵᠢᠷᠠᠭᠤᠯᠵᠥ᠂ ᠲᠣᠮᠳᠠᠳᠣ ᠶᠢᠨ ᠦᠨᠳᠦᠰᠦᠳᠡᠨ ᠤ ᠣᠯᠠᠮᠵᠢᠯᠠᠯᠳᠣ ᠶᠤᠰᠤ ᠰᠣᠷᠳᠠᠯ ᠢ ᠤᠯᠠᠮᠵᠢᠯᠠᠨ | ᠪᠠᠳᠠᠷᠠᠭᠤᠯᠵᠣ᠂ ᠴᠠᠭ ᠡᠷᠡᠨ ᠤ ᠰᠢᠨ᠎ᠡ ᠤᠬᠠᠮᠰᠠᠷ ᠢ ᠣᠷᠢᠶᠠᠯᠠᠨ ᠪᠦᠬᠦ ᠠᠷᠠᠳ ᠤᠨ ᠶᠣᠰᠣ ᠰᠣᠷᠳᠠᠬᠤᠨ ᠬᠡᠪ ᠴᠢᠨᠠᠷ ᠤᠨ | ᠬᠢᠷᠢ ᠲᠦᠪᠰᠢᠨ ᠪᠠ ᠨᠡᠶᠢᠬᠡᠮ ᠤᠨ ᠪᠣᠯᠪᠠᠰᠣᠨ ᠤ ᠬᠡᠮᠵᠢᠶ᠎ᠡ ᠶᠢ ᠣᠯᠠᠮ ᠨᠢᠬᠡ ᠠᠯᠬᠤᠮ ᠳᠡᠭᠡᠭᠰᠢᠯᠡᠬᠦᠯᠦᠨ᠎ᠡ᠃ | — — ᠡᠶ᠎ᠡ ᠵᠤᠬᠢᠴᠠᠯᠳᠤ ᠨᠡᠶᠢᠭᠡᠮ ᠢ ᠪᠦᠳᠤᠭᠡᠨ ᠪᠠᠶᠢᠭᠤᠯᠬᠤ ᠠᠯᠬᠤᠴᠨ ᠪᠠᠨ ᠲᠦᠷᠭᠡᠳᠭᠡᠨ᠂ ᠠᠷᠠᠳ ᠤᠨ | ᠠᠮᠢᠳᠤᠷᠠᠯ ᠢ ᠪᠠᠳᠤᠯᠠᠨ ᠰᠠᠶᠢᠵᠢᠷᠠᠭᠤᠯᠬᠤ ᠲᠠᠯ᠎ᠠ ᠪᠠᠷ ᠰᠢᠨ᠎ᠡ ᠲᠠᠪᠰᠢᠯᠳᠠ ᠲᠠᠢ ᠪᠤᠯᠬᠤ ᠪᠠᠷ ᠴᠢᠷᠮᠠᠶᠢᠨ᠎ᠠ᠃ ᠠᠷᠠᠳ ᠤᠨ | ᠠᠮᠢᠳᠤᠷᠠᠯ ᠢ ᠪᠠᠳᠤᠯᠠᠨ ᠰᠠᠶᠢᠵᠢᠷᠠᠭᠤᠯᠬᠤ ᠠᠵᠢᠯ ᠢ ᠡᠯ᠎ᠡ ᠠᠵᠢᠯ ᠲᠦᠷᠤᠯ ᠤᠨ ᠢᠶᠠᠨ ᠡᠬᠢᠯᠡᠯ᠂ ᠵᠤᠭᠰᠤᠴᠨ ᠪᠠᠨ ᠪᠤᠯᠭᠠᠨ | ᠨᠡᠶᠢᠭᠡᠮ ᠨᠡᠶᠢᠳᠡ ᠳᠠᠬᠢ ᠡᠳ᠋ ᠤᠨ ᠵᠠᠰᠠᠭ ᠤᠨ ᠬᠦᠷᠤᠩᠭᠡ ᠤᠷᠤᠭᠤᠯᠤᠯᠳᠠ ᠪᠠᠨ ᠨᠡᠮᠡᠭᠳᠡᠬᠦᠯᠬᠦ ᠶᠢᠨ ᠬᠠᠮᠳᠤ ᠨᠡᠶᠢᠬᠡᠮ ᠤᠨ | ᠪᠠᠳᠣᠯᠠᠭ᠎ᠠ ᠶᠢᠨ ᠰᠢᠰᠲ᠋ᠧᠮ ᠢ ᠳᠠᠰᠣᠷᠠᠯᠳᠠ ᠦᠬᠡᠢ ᠲᠡᠬᠦᠯᠳᠡᠷᠵᠢᠬᠦᠯᠵᠥ ᠪᠠᠳᠤᠯᠠᠭ᠎ᠠ ᠶᠢᠨ ᠲᠦᠪᠰᠢᠨ ᠢ ᠪᠦᠬᠦ ᠲᠠᠯ᠎ᠠ ᠪᠠᠷ | ᠲᠡᠭᠡᠭᠰᠢᠯᠡᠬᠦᠯᠦᠨ᠎ᠡ᠃ ᠠᠵᠢᠯ ᠤᠯᠭᠤᠬᠤ ᠪᠠ ᠬᠠᠪᠰᠤᠷᠤᠨ ᠲᠡᠳᠬᠦᠬᠦ ᠪᠤᠳᠤᠯᠭ᠎ᠠ ᠶᠢ ᠬᠢᠨᠠᠮᠠᠭᠠᠢ ᠭᠡᠷᠡᠭᠵᠢᠬᠦᠯᠵᠥ᠂ ᠠᠵᠢᠯ | ᠦᠢᠯᠡᠰ ᠡᠷᠬᠢᠯᠡᠨ ᠠᠮᠢᠳᠤᠷᠠᠯᠭ᠎ᠠ ᠪᠠᠨ ᠰᠠᠶᠢᠵᠢᠷᠠᠭᠤᠯᠬᠤ ᠶᠢ ᠵᠤᠷᠢᠭᠵᠢᠭᠤᠯᠬᠤ ᠪᠦᠭᠡᠳ ᠶᠡᠭᠡ ᠰᠤᠷᠭᠠᠭᠤᠯᠢ ᠲᠡᠬᠦᠰᠦᠭᠰᠡᠨ | ᠤᠶᠤᠳᠠᠳ ᠤᠨ ᠠᠵᠢᠯ ᠤᠯᠭᠤᠯᠳᠠ ᠶᠢ ᠲᠡᠮᠵᠢᠬᠦ ᠰᠠᠭᠤᠷᠢ ᠮᠦᠩᠬᠦ ᠭᠠᠷᠭᠠᠬᠤ ᠵᠠᠰᠠᠭ ᠤᠨ ᠪᠤᠳᠤᠯᠭ᠎ᠠ ᠶᠢ ᠰᠠᠶᠢᠳᠤᠷ | ᠨᠠᠶᠢᠳᠠᠪᠤᠷᠢᠵᠢᠭᠤᠯᠵᠥ᠂ ᠲᠡᠮᠵᠢᠬᠦ ᠬᠦᠴᠤᠨ ᠢᠶᠠᠨ ᠲᠠᠰᠤᠷᠠᠯᠳᠠ ᠦᠭᠡᠢ ᠲᠡᠭᠡᠭᠰᠢᠯᠡᠬᠦᠯᠵᠥ ᠦᠢᠯᠡᠰ ᠡᠷᠭᠢᠯᠡᠬᠦ ᠪᠠᠷ | ᠲᠠᠮᠵᠢᠭᠤᠯᠵᠥ ᠠᠵᠢᠯ ᠤᠯᠭᠤᠯᠳᠠ ᠶᠢ ᠠᠬᠢᠭᠤᠯᠤᠨ᠎ᠠ᠃ ᠶᠡᠭᠡ ᠰᠤᠷᠭᠠᠭᠤᠯᠢ ᠲᠡᠬᠦᠰᠦᠭᠰᠡᠨ ᠤᠶᠤᠳᠠᠳ᠂ ᠮᠠᠯᠵᠢᠬᠤ | ᠲᠠᠷᠢᠶᠠᠯᠠᠬᠤ ᠤᠷᠤᠨ ᠠᠴᠠ ᠬᠤᠳᠠ ᠰᠢᠯᠵᠢᠭᠰᠡᠨ ᠬᠦᠳᠡᠯᠮᠤᠷᠢ ᠬᠦᠴᠤ᠂ ᠬᠤᠳᠠ ᠬᠦᠳᠡᠭᠡ ᠶᠢᠨ ᠠᠵᠢᠯ ᠤᠯᠬᠤ ᠳᠤ | ᠬᠦᠴᠢᠷᠳᠠᠢ ᠪᠠᠶᠢᠭ᠎ᠠ ᠬᠦᠮᠤᠰ ᠲᠤ ᠠᠵᠢᠯ ᠤᠯᠭᠤᠬᠤ ᠠᠰᠠᠭᠤᠳᠠᠯ ᠢ ᠰᠠᠶᠢᠨ ᠬᠢᠬᠦ ᠪᠦᠭᠡᠳ ᠨᠦᠬᠦᠴᠡᠯ ᠪᠤᠯᠤᠮᠵᠢ ᠬᠠᠩᠭᠠᠵᠥ | ᠠᠷᠠᠳ ᠤᠯᠠᠨ ᠤ ᠬᠦᠷᠤᠩᠭᠡ ᠶᠢᠨ ᠴᠢᠨᠠᠷᠳᠠᠢ ᠤᠷᠤᠯᠭ᠎ᠠ ᠶᠢ ᠨᠡᠮᠡᠭᠳᠡᠬᠦᠯᠦᠨ᠎ᠡ᠃ ᠡᠳ᠋ ᠤᠨ ᠬᠦᠴᠤᠨ ᠤ ᠴᠢᠩᠭᠠᠷᠠᠬᠤ ᠶᠢ | ᠲᠠᠭᠠᠯᠳᠤᠭᠤᠯᠵᠥ ᠬᠤᠳᠠ ᠪᠠᠯᠭᠠᠰᠤᠨ ᠤ ᠰᠠᠭᠤᠭᠠᠯᠢ ᠠᠷᠠᠳ ᠤᠨ ᠡᠵᠡᠮᠳᠡᠵᠥ ᠪᠤᠯᠬᠤᠶᠢᠴᠨ ᠤᠷᠤᠯᠭ᠎ᠠ ᠪᠤᠯᠤᠨ ᠮᠠᠯᠴᠢᠨ | ᠲᠠᠷᠢᠶᠠᠴᠢᠨ ᠤ ᠴᠡᠪᠡᠷ ᠣᠷᠣᠯᠭ᠎ᠠ ᠶᠢᠨ ᠲᠦᠪᠰᠢᠨ ᠢ ᠲᠠᠰᠤᠷᠠᠯᠳᠠ ᠦᠭᠡᠢ ᠨᠡᠮᠡᠭᠳᠡᠬᠦᠯᠦᠨ᠎ᠡ᠃ ᠡᠳ᠋ ᠤᠨ ᠪᠤᠯᠤᠨ ᠭᠠᠶᠢᠯᠢ | ᠶᠢᠨ ᠶᠠᠪᠤᠳᠠᠯ ᠢ ᠲᠤᠬᠢᠷᠠᠭᠤᠯᠬᠤ ᠠᠷᠭ᠎ᠠ ᠭᠡᠮᠵᠢᠶ᠎ᠡ ᠠᠪᠴᠤ ᠠᠳᠠᠯᠢ ᠪᠤᠰᠤ ᠠᠵᠢᠯ ᠲᠦᠷᠤᠯ ᠪᠤᠯᠤᠨ ᠠᠳᠠᠯᠢ ᠪᠤᠰᠤ ᠬᠦᠮᠤᠰ | ᠤᠨ ᠬᠤᠭᠤᠷᠤᠨᠳᠤᠬᠢ ᠤᠷᠤᠯᠭ᠎ᠠ ᠶᠢᠨ ᠵᠦᠷᠢᠶ᠎ᠡ ᠶᠢ ᠪᠠᠭᠠᠰᠠᠬᠠᠵᠥ ᠬᠠᠮᠳᠤ ᠪᠠᠷ ᠴᠢᠨᠡᠭᠡᠯᠢᠭᠵᠢᠬᠦ ᠶᠢ ᠴᠢᠷᠮᠠᠶᠢᠨ ᠠᠬᠢᠭᠤᠯᠤᠨ᠎ᠠ᠃ | ᠮᠠᠯᠵᠢᠬᠤ ᠲᠠᠷᠢᠶᠠᠯᠠᠬᠤ ᠤᠷᠤᠨ ᠤ ᠬᠠᠭᠤᠴᠢᠨ ᠭᠡᠷ ᠤᠷᠤᠨ ᠢ ᠵᠠᠰᠠᠨ ᠰᠢᠨᠡᠳᠭᠡᠬᠦ ᠵᠢᠴᠢ ᠬᠢᠮᠳᠠ ᠲᠦᠷᠢᠶᠡᠰᠤᠨ ᠭᠡᠷ᠂ | ᠬᠢᠮᠳᠠ ᠦᠨ᠎ᠡ ᠶᠢᠨ ᠭᠡᠷ᠂ ᠨᠡᠶᠢᠳᠠ ᠶᠢᠨ ᠲᠦᠷᠢᠶᠡᠰᠤᠨ ᠭᠡᠷ ᠵᠡᠷᠭᠡ ᠪᠠᠳᠤᠯᠠᠭ᠎ᠠ ᠶᠢᠨ ᠴᠢᠨᠠᠷᠳᠠᠢ ᠤᠷᠤᠨ ᠰᠠᠭᠤᠴᠨ | ᠪᠠᠶᠢᠭᠤᠯᠬᠤ ᠠᠵᠢᠯ ᠢ ᠲᠦᠷᠭᠡᠳᠭᠡᠵᠥ ᠡᠬᠦᠨ ᠤ ᠤᠯᠠᠮ ᠠᠴᠠ ᠬᠤᠳᠠ ᠬᠦᠳᠡᠭᠡ ᠶᠢᠨ ᠤᠷᠤᠯᠭ᠎ᠠ ᠪᠠᠭ᠎ᠠ ᠲᠠᠢ ᠬᠦᠮᠤᠰ ᠤᠨ | ᠭᠡᠷ ᠤᠷᠤᠨ ᠤ ᠠᠰᠠᠭᠤᠳᠠᠯ ᠢ ᠰᠢᠢᠳᠪᠦᠷᠢᠯᠡᠨ᠎ᠡ᠃ ᠬᠦᠳᠡᠯᠮᠦᠷᠢ ᠬᠦᠴᠦᠨ ᠤ ᠲᠠᠯ᠎ᠠ ᠪᠠᠷ ᠬᠢ ᠬᠢᠨᠠᠨ ᠪᠠᠶᠢᠴᠠᠭᠠᠯᠳᠠ ᠶᠢ | ᠣᠯᠠᠮ ᠨᠢᠬᠡ ᠠᠯᠬᠤᠮ ᠴᠢᠩᠭᠠᠳᠬᠠᠵᠣ᠂ ᠬᠦᠳᠡᠯᠮᠦᠷᠢᠴᠢᠳ ᠤᠨ ᠬᠠᠣᠯᠢ ᠶᠣᠰᠣᠨ ᠤ ᠡᠷᠭᠡ ᠠᠰᠢᠭ ᠶᠢ ᠪᠠᠳᠣᠯᠠᠨ᠎ᠠ᠃ | ᠰᠢᠨ᠎ᠡ ᠨᠡᠶᠢᠭᠡᠮ ᠠᠬᠤᠢ ᠲᠤᠤᠷ᠎ᠠ ᠤᠯᠠᠨ ᠲᠦᠮᠡᠨ ᠤ ᠠᠵᠢᠯ ᠢ ᠰᠠᠶᠢᠳᠤᠷ ᠬᠢᠵᠥ ᠡᠶ᠎ᠡ ᠵᠤᠬᠢᠴᠠᠩᠭᠤᠢ ᠠᠮᠤᠷ ᠲᠤᠭᠳᠠᠭᠤᠨ | ᠰᠢᠯᠤᠭᠤᠨ ᠬᠦᠭᠡ ᠶᠢ ᠪᠠᠶᠢᠭᠤᠯᠬᠤ ᠠᠵᠢᠯ ᠢ ᠴᠢᠩᠭᠠᠳᠬᠠᠵᠥ ᠠᠷᠠᠳ ᠤᠯᠠᠨ ᠤ ᠠᠮᠢᠳᠤᠷᠠᠯ ᠤᠨ ᠬᠢᠷᠢ ᠲᠦᠪᠰᠢᠨ ᠪᠤᠯᠤᠨ | ᠠᠵᠨ ᠵᠢᠷᠭᠠᠯ ᠤᠨ ᠬᠢᠷᠢ ᠭᠡᠮᠵᠢᠶ᠎ᠡ ᠶᠢ ᠲᠠᠰᠤᠷᠠᠯᠳᠠ ᠦᠭᠡᠢ ᠲᠡᠭᠡᠭᠰᠢᠯᠡᠬᠦᠯᠦᠨ᠎ᠡ᠃ | ᠭᠤᠷᠪᠠ᠂ 2013 ᠤᠨ ᠤ ᠠᠵᠢᠯ ᠤᠨ ᠲᠦᠰᠦᠪ | 2013 ᠤᠨ ᠪᠤᠯ ᠰᠢᠨ᠎ᠡ ᠨᠢᠭᠡ ᠬᠤᠭᠤᠴᠠᠭᠠᠨ ᠤ ᠵᠠᠰᠠᠭ ᠤᠨ ᠤᠷᠳᠤᠨ ᠤ ᠠᠵᠢᠯ ᠡᠬᠢᠯᠡᠵᠥ ᠪᠠᠶᠢᠭ᠎ᠠ ᠵᠢᠯ | ᠪᠤᠯᠬᠤ ᠮᠦᠷᠳᠡᠭᠡᠨ ︽ᠠᠷᠪᠠᠨ ᠬᠤᠶᠠᠳᠤᠭᠠᠷ ᠲᠠᠪᠤᠨ ᠵᠢᠯ ᠤᠨ ᠲᠦᠯᠦᠪᠯᠡᠯᠭᠡ︾ ᠶᠢ ᠭᠡᠷᠡᠭᠵᠢᠬᠦᠯᠵᠥ ︽ᠠᠷᠠᠳ ᠢᠶᠠᠨ | ᠪᠠᠶᠠᠵᠢᠭᠤᠯᠵᠥ ᠬᠤᠰᠢᠭᠤ ᠪᠠᠨ ᠬᠦᠴᠤᠷᠭᠡᠭᠵᠢᠬᠦᠯᠬᠦ︾ ᠦᠢᠯᠡᠰ ᠢ ᠠᠬᠢᠭᠤᠯᠬᠤ ᠴᠢᠬᠤᠯᠨ ᠨᠢᠭᠡ ᠵᠢᠯ ᠪᠤᠯᠬᠤ ᠶᠤᠮ᠃ ᠪᠦᠬᠦ | ᠬᠤᠰᠢᠭᠤᠨ ᠤ ᠠᠵᠤ ᠠᠬᠤᠢ ᠶᠢᠨ ᠬᠦᠭᠵᠢᠯᠳᠠ ᠶᠢᠨ ᠤᠷᠢᠳᠴᠢᠯᠠᠭᠰᠠᠨ ᠲᠦᠰᠤᠪ ᠪᠤᠯ᠄ ᠤᠷᠤᠨ ᠨᠤᠳᠤᠭ ᠤᠨ | ᠦᠢᠯᠡᠳᠪᠦᠷᠢᠯᠡᠯ ᠤᠨ ᠶᠡᠷᠤᠩᠭᠡᠢ ᠦᠷᠳᠡᠭ ᠢ 56 ᠳ᠋ᠦᠩᠰᠢᠭᠤᠷ ᠲᠤ ᠬᠦᠷᠭᠡᠵᠥ 8.5% ᠪᠠᠷ ᠨᠡᠮᠡᠭᠳᠡᠬᠦᠯᠦᠨ᠎ᠡ᠃ | ᠨᠢᠭᠡᠳᠤᠭᠡᠷ ᠠᠵᠤ ᠦᠢᠯᠡᠰ ᠤᠨ ᠨᠡᠮᠡᠭᠳᠡᠯ ᠦᠷᠳᠡᠭ ᠢ 5.7 ᠳ᠋ᠦᠩᠰᠢᠭᠤᠷ ᠲᠦᠬᠦᠷᠢᠭ ᠲᠤ ᠬᠦᠷᠭᠡᠨ 3.6% ᠪᠠᠷ | ᠨᠡᠮᠡᠭᠳᠡᠬᠦᠯᠵᠥ᠂ ᠬᠤᠶᠠᠳᠤᠭᠠᠷ ᠠᠵᠤ ᠦᠢᠯᠡᠰ ᠤᠨ ᠨᠡᠮᠡᠭᠳᠡᠯ ᠦᠷᠳᠡᠭ ᠢ 37 ᠳ᠋ᠦᠩᠰᠢᠭᠤᠷ ᠲᠤ ᠬᠦᠷᠭᠡᠨ 5.7% ᠪᠠᠷ | ᠨᠡᠮᠡᠭᠳᠡᠬᠦᠯᠦᠨ᠎ᠡ᠃ ᠬᠤᠶᠠᠳᠤᠭᠠᠷ ᠠᠵᠤ ᠦᠢᠯᠡᠰ ᠤᠨ ᠲᠤᠳᠤᠷ᠎ᠠ ᠠᠵᠦ ᠦᠢᠯᠡᠳᠪᠦᠷᠢ ᠶᠢᠨ ᠨᠡᠮᠡᠭᠳᠡᠯ ᠥᠷᠳᠡᠭ ᠢ 34 | ᠳ᠋ᠦᠩᠰᠢᠭᠤᠷ ᠲᠤ ᠬᠦᠷᠭᠡᠨ 6.3% ᠪᠠᠷ ᠨᠡᠮᠡᠭᠳᠡᠬᠦᠯᠦᠨ᠎ᠡ᠃ ᠭᠤᠷᠪᠠᠳᠣᠭᠠᠷ ᠠᠵᠦ ᠦᠢᠯᠡᠰ ᠤᠨ ᠨᠡᠮᠡᠭᠳᠡᠯ ᠥᠷᠲᠡᠭ ᠢ | 13.3 ᠳ᠋ᠦᠩᠰᠢᠭᠤᠷ ᠲᠤ ᠬᠦᠷᠭᠡᠵᠦ 20% ᠪᠠᠷ ᠨᠡᠮᠡᠭᠳᠡᠬᠦᠯᠦᠨ᠎ᠡ᠃ ᠪᠦᠬᠦ ᠨᠡᠶᠢᠭᠡᠮ ᠤᠨ ᠲᠣᠭᠲᠠᠮᠠᠯ ᠬᠥᠷᠥᠩᠭᠡ ᠶᠢᠨ | ᠪᠡᠯᠡ ᠣᠷᠣᠭᠤᠯᠣᠯᠲᠠ ᠶᠢ 45 ᠳ᠋ᠦᠩᠰᠢᠭᠤᠷ ᠲᠤ ᠭᠦᠷᠭᠡᠨ 7.1% ᠪᠠᠷ ᠨᠡᠮᠡᠭᠳᠡᠭᠦᠯᠵᠦ᠂ ᠣᠷᠣᠨ ᠨᠣᠲᠤᠭ ᠤᠨ ᠡᠳ᠋ ᠤᠨ | ᠵᠠᠰᠠᠭ ᠤᠨ ᠶᠡᠷᠦᠩᠭᠡᠢ ᠣᠷᠣᠯᠭ᠎ᠠ ᠶᠢ 11.63 ᠳ᠋ᠦᠩᠰᠢᠭᠤᠷ ᠲᠤ ᠬᠦᠷᠭᠡᠨ 9.3% ᠪᠠᠷ ᠨᠡᠮᠡᠭᠳᠡᠭᠦᠯᠦᠨ᠎ᠡ᠃ ᠬᠤᠲᠠ | ᠪᠠᠯᠭᠠᠰᠣᠨ ᠤ ᠰᠠᠭᠤᠭᠠᠯᠢ ᠠᠷᠠᠳ ᠤᠨ ᠬᠥᠮᠥᠨ ᠳᠣᠮᠳᠠᠴᠢ ᠶᠢᠨ ᠡᠵᠡᠮᠳᠡᠵᠦ ᠪᠣᠯᠬᠤᠶᠢᠴᠠ ᠣᠷᠣᠯᠭ᠎ᠠ ᠶᠢ 21800 | ᠲᠥᠭᠦᠷᠢᠭ ᠲᠤ ᠬᠦᠷᠭᠡᠨ᠂ ᠮᠠᠯᠴᠢᠨ ᠲᠠᠷᠢᠶᠠᠴᠢᠨ ᠤ ᠬᠥᠮᠥᠨ ᠳᠣᠮᠳᠠᠴᠢ ᠶᠢᠨ ᠴᠡᠪᠡᠷ ᠣᠷᠣᠯᠭ᠎ᠠ ᠶᠢ 10400 ᠲᠥᠭᠦᠷᠢᠭ | ᠲᠤ ᠬᠦᠷᠭᠡᠵᠦ᠂ ᠲᠣᠰ ᠪᠦᠷᠢ 11.2% ᠪᠠ 10.6% ᠪᠠᠷ ᠨᠡᠮᠡᠭᠳᠡᠭᠦᠯᠦᠨ᠎ᠡ᠃ | ᠡᠨᠡᠬᠦ ᠬᠠᠷᠠᠯᠳᠠ ᠶᠢ ᠪᠡᠶᠡᠯᠡᠬᠦᠯᠬᠦ ᠳᠤ ᠲᠣᠣᠷᠠᠬᠢ ᠬᠡᠳᠦᠨ ᠲᠠᠯ᠎ᠠ ᠶᠢᠨ ᠠᠵᠢᠯ ᠢ ᠭᠤᠣᠯ ᠠᠳᠬᠤᠬᠤ ᠬᠡᠷᠡᠭᠲᠠᠢ᠄ | — — ᠠᠵᠦ ᠦᠢᠯᠡᠳᠪᠦᠷᠢ ᠶᠢᠨ ᠲᠠᠯ᠎ᠠ ᠪᠠᠷ᠄ ᠨᠢᠬᠡ ᠳᠤ᠂ ᠲᠦᠰᠦᠯ ᠤᠨ ᠪᠦᠳᠦᠭᠡᠨ ᠪᠠᠶᠢᠭᠤᠯᠣᠯᠳᠠ ᠶᠢ | ᠲᠦᠯᠬᠢᠨ ᠠᠬᠢᠭᠤᠯᠤᠨ᠎ᠠ᠃ ᠪᠦᠬᠦ ᠬᠤᠰᠢᠭᠤᠨ ᠳᠤ 50 ᠲᠦᠮᠡᠨ ᠲᠦᠭᠦᠷᠢᠭ ᠠᠴᠠ ᠳᠡᠭᠡᠭᠰᠢᠬᠢ ᠲᠣᠭᠳᠠᠮᠠᠯ ᠬᠦᠷᠦᠩᠭᠡ ᠶᠢᠨ | ᠪᠡᠯᠨ ᠣᠷᠣᠭᠤᠯᠣᠯᠳᠠ ᠲᠠᠢ ᠲᠦᠰᠦᠯ 110 ᠶᠢ ᠪᠠᠶᠢᠷᠢᠯᠠᠭᠤᠯᠣᠭᠰᠠᠨ ᠪᠦᠬᠡᠳ ᠭᠤᠣᠯᠳᠠᠯᠭ᠎ᠠ ᠲᠠᠢ ᠨᠢ 37 ᠪᠠᠶᠢᠨ᠎ᠠ᠃ ︽ | ᠵᠠᠭᠤᠨ ᠳ᠋ᠦᠩᠰᠢᠭᠤᠷ ᠤᠨ ᠲᠠᠪᠣᠨ ᠢᠨᠵᠧᠨᠧᠷᠢᠩ︾ ᠢ ᠬᠦᠭᠵᠢᠬᠦᠯᠬᠦ ᠲᠦᠯᠦᠪᠯᠡᠯᠭᠡ ᠶᠢ ᠴᠠᠭ ᠠᠮᠵᠢᠨ ᠪᠡᠶᠡᠯᠡᠬᠦᠯᠬᠦ ᠶᠢᠨ | ᠲᠤᠰᠠᠳᠠ ᠱᠠᠩᠳᠣ ᠴᠠᠬᠢᠯᠭᠠᠨ ᠦᠢᠯᠡᠳᠪᠦᠷᠢ ᠶᠢᠨ ᠲᠦᠷᠪᠡᠳᠦᠭᠡᠷ ᠬᠤᠭᠤᠴᠠᠭᠠᠨ ᠤ ᠪᠠᠷᠢᠯᠭ᠎ᠠ ᠶᠢ ᠳᠡᠭᠡᠷ᠎ᠡ ᠬᠠᠭᠠᠰ ᠵᠢᠯ ᠳᠤ | ᠡᠬᠢᠯᠡᠬᠦᠯᠬᠦ ᠪᠠᠷ ᠴᠢᠷᠮᠠᠶᠢᠨ᠂ ᠲᠠᠪᠣᠳᠣᠭᠠᠷ ᠬᠤᠭᠤᠴᠠᠭᠠᠨ ᠤ ᠪᠡᠯᠡᠳᠬᠡᠯ ᠠᠵᠢᠯ ᠢ ᠰᠠᠶᠢᠳᠣᠷ ᠬᠦᠢᠴᠡᠳᠬᠡᠨ᠎ᠡ᠃ ︽︿ᠷᠧᠨ | ᠴᠤᠸᠠᠩ ᠲᠧᠭᠨᠢᠭ ᠮᠡᠷᠭᠡᠵᠢᠯ﹀ ᠬᠤᠷᠠᠮᠠᠯ ᠡᠯᠡᠰᠤ ᠶᠢ ᠶᠡᠷᠦᠩᠬᠡᠶᠢᠯᠡᠨ ᠨᠡᠭᠡᠭᠡᠨ ᠠᠰᠢᠭᠯᠠᠬᠤ ᠠᠵᠣ ᠦᠢᠯᠡᠰ ᠤᠨ ᠬᠦᠷᠢᠶᠡᠯᠡᠩ︾ | ᠂ ᠴᠢᠯᠠᠭᠤᠨ ᠲᠣᠰᠣ ᠮᠠᠯᠳᠠᠬᠤ ᠵᠢᠴᠢ ᠴᠢᠯᠠᠭᠤᠨ ᠲᠤᠰᠤᠨ ᠤ ᠪᠣᠯᠪᠠᠰᠣᠷᠠᠭᠤᠯᠣᠭᠰᠠᠨ ᠪᠦᠳᠦᠭᠡᠭᠳᠡᠬᠦᠨ ᠢ ᠨᠡᠭᠡᠭᠡᠨ | ᠬᠦᠭᠵᠢᠬᠦᠯᠬᠦ ᠲᠦᠰᠦᠯ ᠢ ᠬᠦᠴᠦᠯᠡᠨ ᠲᠡᠮᠵᠢᠵᠣ᠂ ᠲᠦᠰᠦᠯ ᠤᠨ ᠪᠡᠯᠨ ᠮᠦᠩᠬᠦ ᠪᠠ ᠬᠠᠷᠠᠭᠠᠯᠵᠠᠯ ᠤᠨ ᠲᠦᠷᠦ ᠶᠢᠨ | ᠪᠣᠳᠣᠯᠭ᠎ᠠ ᠶᠢ ᠢᠳᠡᠪᠬᠢᠳᠠᠢ ᠲᠡᠮᠡᠴᠡᠨ ᠣᠯᠵᠣ᠂ ᠲᠦᠰᠦᠯ ᠤᠨ ᠬᠠᠮᠳᠣᠷᠠᠯᠴᠠᠭ᠎ᠠ ᠪᠠ ᠮᠦᠷᠳᠡᠨ ᠦᠢᠯᠡᠴᠢᠯᠡᠭᠡ ᠶᠢ ᠰᠠᠶᠢᠳᠣᠷ | ᠬᠦᠢᠴᠡᠳᠬᠡᠨ᠂ ᠭᠤᠣᠯᠳᠠᠯᠭ᠎ᠠ ᠲᠠᠢ ᠲᠦᠰᠦᠯ ᠢ ᠤᠯᠠᠮ ᠠᠬᠢᠭᠤᠯᠣᠨ᠎ᠠ᠃ ︽ᠵᠢᠶᠠ ᠶᠣᠣ︾᠂ ︽ᠯᠦᠩ ᠶᠤᠸᠠᠨ︾ | ᠤᠯᠤᠰ ᠤᠨ ᠴᠠᠬᠢᠯᠭᠠᠨ ᠪᠤᠯᠤᠨ ︽ᠬᠤᠸᠠ ᠢ︾᠂ ᠰᠢᠶᠠᠩᠭᠠᠩ ᠤᠨ ︽ᠰᠢᠶᠧ ᠰᠢᠨ︾ ᠵᠡᠷᠭᠡ ᠰᠠᠯᠬᠢᠨ ᠬᠦᠴᠦᠨ ᠤ | ᠴᠠᠬᠢᠯᠭᠠᠨ ᠪᠣᠶᠣ ᠨᠠᠷᠠᠨ ᠡᠨᠧᠷᠬᠢ ᠶᠢᠨ ᠴᠠᠬᠢᠯᠭᠠᠨ ᠭᠠᠷᠭᠠᠬᠤ ᠲᠦᠰᠤᠯ ᠤᠨ ᠪᠠᠷᠢᠯᠭ᠎ᠠ ᠶᠢᠨ ᠠᠵᠢᠯ ᠢ ᠦᠷᠬᠦᠯᠵᠢᠯᠡᠨ | ᠰᠠᠶᠢᠳᠣᠷ ᠬᠢᠵᠣ᠂ ᠭᠡᠰᠡᠭ ᠪᠠᠷᠢᠯᠭ᠎ᠠ ᠶᠢ ᠵᠢᠯ ᠤᠨ ᠲᠤᠳᠤᠷ᠎ᠠ ᠠᠰᠢᠭᠯᠠᠯᠳᠠ ᠳᠤ ᠤᠷᠤᠭᠤᠯᠬᠤ ᠪᠠᠷ ᠴᠢᠷᠮᠠᠶᠢᠨ᠎ᠠ᠃ | ᠪᠤᠷᠤᠬᠤᠳᠠ ᠶᠢᠨ ᠦᠷ᠎ᠡ ᠲᠦᠮᠤᠰᠤᠨ ᠤ ᠰᠠᠭᠤᠷᠢᠨ᠂ ︽ᠬᠤᠩ ᠵᠢᠶᠠᠩ︾ ᠨᠡᠭᠦᠷᠡᠰᠦᠨ ᠤ ᠦᠨᠡᠰᠦ ᠴᠢᠨᠳᠠᠷᠣᠣ ᠶᠢ | ᠶᠡᠷᠦᠩᠬᠡᠶᠢᠯᠡᠨ ᠨᠡᠭᠡᠭᠡᠨ ᠠᠰᠢᠭᠯᠠᠬᠤ᠂ ︽ ᠶᠢᠨ ᠯᠢᠶᠠᠨ ᠴᠤᠸᠠᠨ︾ ᠼᠧᠮᠨᠧᠲ ᠦᠢᠯᠡᠳᠪᠦᠷᠢᠯᠡᠬᠦ ᠦᠷᠳᠡᠭᠡᠨ ᠳᠤ ᠮᠡᠷᠭᠡᠵᠢᠯ | ᠤᠨ ᠰᠢᠨᠡᠴᠢᠯᠡᠯᠳᠠ ᠬᠢᠬᠦ ᠵᠡᠷᠭᠡ ᠲᠦᠰᠦᠯ ᠢ ᠢᠳᠡᠪᠬᠢᠳᠠᠢ ᠠᠬᠢᠭᠤᠯᠬᠤ ᠶᠢᠨ ᠬᠠᠮᠳᠣ ᠪᠡᠭᠡᠵᠢᠩ ᠤᠨ ︽ᠱᠧᠦ ᠨᠥᠩ︾ | ᠪᠦᠯᠦᠭᠯᠡᠯ᠂ ︽ᠳ᠋ᠠ ᠰᠢᠶᠦ᠋ᠩ︾ ᠠᠮᠢᠳᠣ ᠪᠣᠳᠠᠰ ᠤᠨ ᠲᠧᠭᠨᠢᠭ ᠮᠡᠷᠭᠡᠵᠢᠯ ᠤᠨ ᠬᠢᠵᠠᠭᠠᠷᠳᠣ ᠺᠣᠮᠫᠠᠨᠢ᠂ ᠭᠤᠸᠠᠩᠳᠦ᠋ᠩ ᠤᠨ | ︽ᠹᠥᠸᠧ ᠱᠠᠨ︾ ᠬᠡᠷ ᠤᠨ ᠬᠡᠷᠡᠭᠰᠡᠯ ᠤᠨ ᠨᠡᠶᠢᠬᠡᠮᠯᠢᠭ ᠵᠡᠷᠭᠡ ᠰᠢᠨ᠎ᠡ ᠪᠠᠷ ᠨᠠᠮᠡᠭᠳᠡᠭᠰᠡᠨ ᠠᠵᠣ ᠠᠬᠤᠶᠢᠯᠠᠯ ᠯᠤᠭ᠎ᠠ ᠶᠢᠨ | ᠬᠤᠷᠰᠢᠯᠴᠠᠭ᠎ᠠ ᠪᠠᠨ ᠲᠦᠷᠭᠡᠳᠬᠡᠵᠣ᠂ ᠬᠡᠰᠡᠭ ᠲᠦᠰᠦᠯ ᠢ ᠳᠡᠭᠡᠷ᠎ᠡ ᠬᠠᠭᠠᠰ ᠵᠢᠯ ᠳᠤ ᠪᠠᠷᠢᠯᠭ᠎ᠠ ᠡᠬᠢᠯᠡᠬᠦᠯᠬᠦ ᠪᠠᠷ ᠴᠢᠷᠮᠠᠶᠢᠨ᠎ᠠ | ᠃ ᠰᠠᠶᠢᠨ ᠴᠢᠨᠠᠷ ᠤᠨ ᠦᠬᠡᠬᠦᠨ ᠴᠢᠯᠠᠭᠤᠨ ᠡᠯᠡᠰᠤᠨ ᠤ ᠦᠢᠯᠡᠳᠪᠦᠷᠢ ᠪᠠ ︽ᠬᠤᠸᠠ ᠢ︾ ᠦᠨᠳᠦᠷ ᠲᠣᠣᠷ᠎ᠠ ᠬᠦᠴᠦᠳᠡᠯ | ᠤᠨ ᠴᠠᠬᠢᠯᠭᠠᠨ ᠬᠦᠴᠤᠨ ᠤ ᠲᠦᠰᠦᠯ ᠢ ᠠᠰᠢᠭᠯᠠᠯᠳᠠ ᠳᠤ ᠣᠷᠣᠭᠤᠯᠬᠤ ᠪᠠᠷ ᠴᠢᠷᠮᠠᠶᠢᠨ᠎ᠠ᠃ ᠦᠨᠳᠦᠰᠦᠳᠡᠨ ᠤ | ᠣᠨᠴᠠᠯᠢᠭᠳᠣ ᠠᠵᠣ ᠦᠢᠯᠡᠰ ᠤᠨ ᠬᠦᠷᠢᠶᠡᠯᠡᠩ ᠢ ᠪᠠᠶᠢᠭᠤᠯᠵᠣ ᠳᠠᠭᠤᠰᠬᠠᠬᠤ ᠶᠢᠨ ᠵᠡᠷᠭᠡᠪᠡᠷ ᠠᠵᠣ ᠠᠬᠤᠶᠢᠯᠠᠯ ᠤᠳ ᠢ | ᠵᠢᠯᠣᠭᠤᠳᠣᠨ ᠬᠦᠷᠢᠶᠡᠯᠡᠩ ᠲᠤ ᠤᠷᠤᠭᠤᠯᠤᠨ᠎ᠠ᠃ ᠴᠢᠯᠠᠭᠤᠨ ᠲᠣᠰᠣ᠂ ᠨᠡᠬᠦᠷᠡᠰᠦ᠂ ᠰᠢᠳᠠᠮᠠᠬᠠᠢ ᠬᠡᠢ᠂ ᠦᠩᠬᠡᠳᠦ | ᠲᠡᠮᠦᠷᠯᠢᠭ ᠵᠡᠷᠭᠡ ᠡᠬᠢ ᠪᠠᠶᠠᠯᠢᠭ ᠤᠨ ᠬᠠᠶᠢᠨ ᠰᠢᠨᠵᠢᠯᠡᠯᠳᠡ ᠳᠠᠬᠢ ᠬᠦᠷᠤᠩᠭᠡ ᠣᠷᠣᠭᠤᠯᠣᠯᠳᠠ ᠪᠠᠨ ᠨᠡᠮᠡᠭᠳᠡᠬᠦᠯᠵᠦ᠂ | ᠪᠣᠷᠣᠬᠤᠳᠠ ᠶᠢᠨ ᠨᠡᠭᠦᠷᠡᠰᠦᠨ ᠠᠭᠤᠷᠬᠠᠢ ᠶᠢᠨ ᠨᠡᠬᠡᠬᠡᠨ ᠠᠰᠢᠭᠯᠠᠯᠳᠠ ᠪᠠ ᠬᠦᠷᠡᠩ ᠨᠡᠬᠦᠷᠡᠰᠣ ᠶᠢ ᠪᠤᠯᠪᠠᠰᠤᠷᠠᠭᠤᠯᠬᠤ | ᠲᠦᠰᠦᠯ ᠳᠤ ᠰᠢᠨ᠎ᠡ ᠠᠬᠢᠯᠳᠠ ᠭᠠᠷᠭᠠᠨ᠎ᠠ᠃ ᠬᠤᠶᠠᠷ ᠲᠤ᠂ ᠵᠠᠰᠠᠭ᠂ ᠪᠠᠩᠬᠢ᠂ ᠠᠵᠣ ᠠᠬᠤᠶᠢᠯᠠᠯ ᠤᠨ ᠬᠠᠮᠳᠣᠷᠠᠯᠴᠠᠭ᠎ᠠ ᠶᠢ | ᠬᠦᠨᠵᠡᠭᠡᠶᠢᠷᠡᠬᠦᠯᠦᠨ᠂ ᠢᠳᠡᠭᠡᠮᠵᠢᠳᠤ ᠵᠢᠭᠡᠯᠡᠯᠭᠡ ᠶᠢᠨ ᠬᠡᠪᠴᠢᠶ᠎ᠡ ᠶᠢ ᠦᠷᠭᠡᠳᠬᠡᠵᠣ ᠱᠠᠩᠳᠣ ᠪᠠᠯᠭᠠᠰᠣᠨ ᠤ ᠪᠡᠯᠨ | ᠨᠡᠶᠢᠯᠡᠬᠦᠯᠦᠯᠳᠡ ᠶᠢᠨ ᠴᠢᠨᠠᠷᠳᠠᠢ ᠪᠠᠳᠣᠯᠠᠭ᠎ᠠ ᠶᠢᠨ ᠺᠣᠮᠫᠠᠨᠢ ᠶᠢᠨ ᠪᠠᠳᠣᠯᠠᠭᠠᠳᠣ ᠵᠢᠬᠡᠯᠡᠯᠬᠡ ᠶᠢ 2 ᠳ᠋ᠦᠩᠰᠢᠭᠤᠷ ᠲᠦᠭᠦᠷᠢᠭ | ᠠᠴᠠ ᠳᠡᠭᠡᠭᠰᠢ ᠪᠣᠯᠭᠠᠬᠤ ᠪᠠᠷ ᠴᠢᠷᠮᠡᠶᠢᠵᠣ ᠵᠢᠵᠢᠭ ᠪᠠᠭ᠎ᠠ ᠠᠵᠣ ᠠᠬᠤᠶᠢᠯᠠᠯ ᠤᠨ ᠡᠷᠡᠭᠦᠯ ᠬᠦᠭᠵᠢᠯᠳᠡ ᠶᠢ ᠠᠬᠢᠭᠤᠯᠣᠨ᠎ᠠ᠃ | ᠭᠤᠷᠪᠠ ᠳᠤ᠂ ᠲᠣᠭᠤᠷᠢᠭ ᠤᠨ ᠲᠦᠯᠦᠪᠵᠢᠬᠦᠯᠬᠡ ᠶᠢ ᠰᠢᠨᠵᠢᠯᠡᠬᠦ ᠣᠬᠠᠭᠠᠨᠴᠢ ᠪᠠᠷ ᠲᠦᠯᠦᠪᠵᠢᠬᠦᠯᠦᠨ᠂ ᠲᠤᠭᠳᠠᠭᠰᠠᠨ | ᠬᠤᠭᠤᠴᠠᠭᠠᠨ ᠳᠤ ᠪᠠᠷᠢᠯᠭ᠎ᠠ ᠪᠠᠶᠢᠭᠤᠯᠤᠯᠳᠠ ᠶᠠᠪᠤᠭᠳᠠᠭᠤᠯᠤᠭᠠ ᠦᠭᠡᠢ ᠭᠠᠵᠠᠷ ᠰᠢᠷᠤᠢ ᠳᠠᠬᠢ ᠬᠠᠮᠢᠶᠠᠷᠣᠯᠳᠠ ᠪᠠᠨ | ᠴᠢᠩᠭᠠᠳᠬᠠᠵᠣ᠂ ᠠᠵᠣ ᠦᠢᠯᠡᠳᠪᠦᠷᠢ ᠶᠢᠨ ᠲᠣᠭᠤᠷᠢᠭ ᠤᠨ ᠪᠠᠭᠳᠠᠭᠠᠮᠵᠢ ᠶᠢᠨ ᠭᠡᠮᠵᠢᠶ᠎ᠡ ᠪᠠ ᠦᠢᠯᠡᠴᠢᠯᠡᠭᠡᠨ ᠤ ᠴᠢᠳᠠᠪᠬᠢ | ᠶᠢ ᠪᠦᠬᠦ ᠲᠠᠯ᠎ᠠ ᠪᠠᠷ ᠳᠡᠭᠡᠭᠰᠢᠯᠡᠬᠦᠯᠵᠦ᠂ ᠠᠵᠣ ᠦᠢᠯᠡᠳᠪᠦᠷᠢ ᠶᠢᠨ ᠲᠣᠭᠤᠷᠢᠭ ᠢ ᠬᠦᠴᠦᠷᠭᠡᠭᠵᠢᠬᠦᠯᠦᠨ᠎ᠡ᠃ ᠲᠦᠷᠪᠡ ᠳᠤ᠂ | ᠰᠢᠨ᠎ᠡ ᠡᠷᠴᠢᠮ ᠬᠦᠴᠤ᠂ ᠪᠡᠯᠡᠳᠭᠡᠯ ᠲᠦᠭᠦᠭᠡᠷᠦᠮᠵᠢ ᠶᠢᠨ ᠦᠢᠯᠡᠳᠭᠡᠯ ᠵᠡᠷᠭᠡ ᠰᠢᠨ᠎ᠡ ᠪᠠᠷ ᠮᠠᠨᠳᠣᠭᠰᠠᠨ ᠠᠵᠣ ᠦᠢᠯᠡᠰ ᠤᠨ | ᠲᠦᠰᠦᠯ ᠤᠨ ᠲᠣᠭᠤᠷᠢᠨ ᠳᠤ᠂ ᠠᠷᠠᠯᠵᠢᠶᠠᠴᠢᠨ ᠣᠷᠢᠵᠦ ᠪᠡᠯᠡ ᠣᠷᠣᠭᠤᠯᠬᠤ ᠠᠵᠢᠯ ᠢ ᠰᠠᠶᠢᠳᠣᠷ ᠶᠠᠪᠣᠭᠳᠠᠭᠤᠯᠣᠨ᠂ ᠪᠡᠯᠨ | ᠣᠷᠣᠭᠤᠯᠣᠯᠳᠠ ᠪᠠᠷ ᠶᠡᠭᠡ᠂ ᠠᠵᠣ ᠦᠢᠯᠡᠰ ᠤᠨ ᠲᠠᠶᠢᠴᠢᠯᠠᠬᠤ ᠬᠦᠴᠦᠨ ᠢᠶᠠᠷ ᠴᠢᠩᠭ᠎ᠠ᠂ ᠵᠠᠬ᠎ᠠ ᠲᠡᠯᠬᠡᠬᠦᠷ ᠤᠨ ᠡᠵᠡᠯᠡᠬᠦ | ᠬᠠᠷᠢᠴᠠᠯ ᠶᠡᠭᠡ ᠨᠢᠬᠡ ᠪᠦᠯᠦᠭ ᠲᠣᠮᠣ ᠠᠵᠣ ᠠᠬᠤᠶᠢᠯᠠᠯ ᠢ ᠣᠷᠢᠨ ᠤᠷᠤᠭᠤᠯᠬᠤ ᠪᠦᠭᠡᠳ ᠭᠠᠵᠠᠷ ᠤᠨ ᠳᠡᠰ ᠤᠨ | ᠣᠳᠣᠷᠢᠳᠣᠯᠭ᠎ᠠ ᠠᠴᠠ ᠭᠤᠣᠯᠳᠠᠯᠭ᠎ᠠ ᠲᠠᠢ ᠲᠦᠰᠦᠯ ᠢ ᠳᠠᠭᠠᠭᠠᠴᠢᠯᠠᠨ ᠬᠠᠷᠢᠭᠤᠴᠠᠬᠤ ᠲᠦᠷᠢᠮ ᠢ ᠳᠡᠭᠦᠯᠳᠡᠷᠵᠢᠬᠦᠯᠦᠨ | ᠲᠦᠰᠦᠯ ᠤᠨ ᠪᠠᠶᠢᠭᠤᠯᠣᠯᠳᠠ ᠶᠢᠨ ᠣᠷᠣᠭᠰᠢᠳᠠᠢ ᠶᠠᠪᠣᠭᠳᠠᠬᠤ ᠳᠤ ᠪᠠᠳᠤᠯᠠᠭ᠎ᠠ ᠬᠠᠩᠭᠠᠨ᠎ᠠ᠃ ᠲᠠᠪᠤ ᠳᠤ᠂ ᠭᠠᠵᠠᠷ | ᠳᠣᠣᠷᠠᠬᠢ ᠣᠰᠣ ᠶᠢ ᠶᠡᠭᠡ ᠬᠡᠮᠵᠢᠶ᠎ᠡ ᠪᠠᠷ ᠰᠦᠢᠳᠬᠡᠳᠡᠭ ᠠᠵᠦ ᠦᠢᠯᠡᠳᠪᠦᠷᠢ ᠶᠢ ᠬᠥᠭᠵᠢᠭᠦᠯᠬᠦ ᠶᠢ ᠴᠢᠩᠭ᠎ᠠ ᠬᠤᠷᠢᠭᠯᠠᠨ᠂ | ᠭᠠᠳᠠᠭᠰᠢ ᠲᠠᠯᠪᠢᠨ ᠭᠠᠷᠭᠠᠵᠥ ᠪᠠᠶᠢᠭ᠎ᠠ ᠤᠰᠤᠨ ᠤ ᠪᠤᠬᠢᠷᠳᠤᠯ ᠤᠨ ᠭᠡᠮᠵᠢᠶᠡᠨ ᠳᠤ ᠴᠢᠩᠭ᠎ᠠ ᠰᠢᠯᠭᠠᠭᠤᠷ ᠬᠢᠨ ᠬᠢᠵᠠᠭᠠᠷᠯᠠᠵᠣ | ︽ᠡᠨᠧᠷᠬᠢ ᠠᠷᠪᠢᠯᠠᠨ ᠪᠣᠬᠢᠷᠳᠣᠯ ᠢ ᠪᠠᠭᠠᠰᠬᠠᠬᠤ︾ ᠠᠵᠢᠯ ᠢ ᠦᠨᠡᠨᠬᠦ ᠰᠠᠶᠢᠳᠣᠷ ᠪᠡᠶᠡᠯᠡᠬᠦᠯᠦᠨ᠎ᠡ᠃ | — — ᠲᠠᠷᠢᠶᠠᠯᠠᠩ ᠮᠠᠯ ᠠᠵᠦ ᠠᠬᠤᠢ ᠶᠢᠨ ᠲᠠᠯ᠎ᠠ ᠪᠠᠷ᠄ ᠨᠢᠬᠡ ᠳᠤ᠂ ᠠᠮᠢ ᠠᠬᠤᠢ ᠶᠢ ᠬᠠᠮᠠᠭᠠᠯᠠᠬᠤ ᠪᠠ | ᠪᠦᠳᠦᠭᠡᠨ ᠪᠠᠶᠢᠭᠤᠯᠬᠤ ᠠᠵᠢᠯ ᠢ ᠰᠠᠶᠢᠳᠣᠷ ᠠᠳᠬᠤᠨ᠎ᠠ᠃ ᠪᠡᠬᠡᠵᠢᠩ ᠲᠢᠶᠠᠨᠵᠢᠨ ᠤ ᠡᠯᠡᠰᠦᠨ ᠰᠢᠭᠤᠷᠭᠠᠨ ᠤ ᠡᠬᠢ ᠶᠢ | ᠵᠠᠰᠠᠬᠤ ᠬᠤᠶᠠᠳᠣᠭᠠᠷ ᠬᠤᠭᠤᠴᠠᠭᠠᠨ ᠤ ᠢᠨᠵᠧᠨᠧᠷᠢᠩ ᠢ ᠪᠦᠬᠦ ᠲᠠᠯ᠎ᠠ ᠪᠠᠷ ᠡᠬᠢᠯᠡᠬᠦᠯᠦᠨ ᠨᠠᠶᠢᠳᠠ 28.5 ᠲᠦᠮᠡᠨ ᠮᠤ᠋ | ᠲᠠᠯᠠᠪᠠᠢ ᠡᠯᠡᠰᠦ ᠶᠢ ᠵᠠᠰᠠᠬᠤ ᠪᠠᠷ ᠲᠦᠯᠦᠪᠯᠡᠪᠡ᠃ ᠣᠢ ᠰᠢᠭᠤᠢ ᠶᠢᠨ ᠠᠮᠢ ᠠᠬᠤᠢ ᠶᠢᠨ ᠪᠦᠳᠦᠬᠡᠨ ᠪᠠᠶᠢᠭᠤᠯᠣᠯᠳᠠ ᠶᠢ | ᠠᠬᠢᠭᠤᠯᠣᠨ ᠰᠢᠨ᠎ᠡ ᠪᠠᠷ 28.5 ᠲᠦᠮᠡᠨ ᠮᠤ᠋ ᠣᠶᠢᠵᠢᠭᠤᠯᠵᠣ᠂ 78 ᠲᠦᠮᠡᠨ ᠮᠤ᠋ ᠨᠠᠶᠢᠳᠠ ᠶᠢᠨ ᠠᠰᠢᠭᠳᠣ ᠣᠢ ᠰᠢᠭᠤᠢ | ᠶᠢ ᠨᠡᠮᠡᠵᠣ ᠣᠶᠢᠵᠢᠭᠤᠯᠣᠨ᠎ᠠ᠃ ᠱᠠᠩᠳᠣ ᠶᠢᠨ ᠭᠤᠣᠯ ᠤᠨ ᠳᠡᠭᠡᠳᠦ ᠣᠷᠣᠰᠬᠠᠯ ᠤᠨ ᠣᠰᠣ ᠶᠢ ᠲᠠᠯᠪᠢᠭᠤᠯᠬᠤ ᠣᠷᠳᠣ | ᠬᠤᠭᠤᠴᠠᠭᠠᠨ ᠤ ᠪᠦᠳᠦᠮᠵᠢᠳᠣ ᠲᠣᠭᠳᠠᠯᠴᠠᠭ᠎ᠠ ᠶᠢ ᠪᠠᠶᠢᠭᠤᠯᠵᠣ᠂ ᠭᠤᠣᠯ ᠯᠠᠶᠢᠳᠠᠬᠤ ᠢᠨᠵᠧᠨᠧᠷᠢᠩ ᠢ ᠰᠠᠶᠢᠳᠣᠷ | ᠬᠡᠷᠡᠭᠵᠢᠬᠦᠯᠦᠨ᠎ᠡ᠃ ᠣᠯᠠᠨ ᠲᠦᠮᠡᠨ ᠤ ᠠᠮᠢ ᠠᠬᠤᠢ ᠶᠢ ᠬᠠᠮᠠᠭᠠᠯᠠᠬᠤ ᠪᠡᠶᠡᠴᠢ ᠦᠢᠯᠡᠳᠦᠯ ᠢ ᠤᠯᠠᠮ ᠢᠯᠡᠬᠦᠤ | ᠪᠠᠳᠠᠷᠠᠭᠤᠯᠵᠥ᠂ ᠲᠦᠰᠦᠯ ᠳᠤ ᠤᠷᠤᠭᠰᠠᠨ ᠨᠤᠳᠤᠭ ᠪᠡᠯᠴᠢᠭᠡᠷ ᠤᠨ ᠪᠦᠳᠦᠭᠡᠨ ᠪᠠᠶᠢᠭᠤᠯᠣᠯᠳᠠ ᠪᠠ ᠬᠠᠮᠢᠶᠠᠷᠣᠯᠳᠠ ᠶᠢ | ᠴᠢᠩᠭᠠᠳᠬᠠᠨ᠂ ᠬᠠᠣᠯᠢ ᠪᠣᠰᠣ ᠪᠠᠷ ᠠᠳᠠᠷ ᠬᠠᠭᠠᠯᠪᠣᠷᠢᠯᠠᠬᠤ ᠠᠵᠢᠯᠯᠠᠭ᠎ᠠ ᠳᠤ ᠴᠢᠩᠭ᠎ᠠ ᠴᠣᠬᠢᠯᠳᠠ ᠥᠭᠬᠦ ᠵᠢᠴᠢ ᠲᠠᠯ᠎ᠠ | ᠨᠣᠳᠤᠭ ᠤᠨ ᠭᠠᠯ ᠲᠦᠢᠮᠡᠷ ᠢ ᠰᠡᠷᠭᠡᠶᠢᠯᠡᠬᠦ ᠠᠵᠢᠯ ᠢ ᠰᠠᠶᠢᠳᠣᠷ ᠠᠳᠬᠤᠨ᠎ᠠ᠃ ᠬᠤᠶᠠᠷ ᠲᠤ᠂ ᠣᠯᠣᠰ ᠤᠨ ᠲᠠᠯ᠎ᠠ ᠨᠣᠲᠤᠭ | ᠤᠨ ᠠᠮᠢ ᠠᠬᠤᠢ ᠶᠢᠨ ᠬᠠᠮᠠᠭᠠᠯᠠᠯᠲᠠ ᠶᠢᠨ ᠱᠠᠩᠨᠠᠯ ᠨᠥᠬᠦᠪᠦᠷᠢ ᠶᠢᠨ ᠲᠦᠷᠢᠮ ᠢ ᠬᠢᠨᠠᠮᠠᠭᠠᠢ ᠨᠠᠶᠢᠳᠠᠪᠣᠷᠢᠵᠢᠭᠤᠯᠣᠨ᠂ ︽ | ᠲᠦᠷᠪᠡᠨ ᠲᠦᠷᠦᠯ ᠤᠨ ᠨᠦᠬᠦᠪᠦᠷᠢ︾ ᠶᠢ ᠬᠤᠪᠢᠶᠠᠷᠢᠯᠠᠬᠤ ᠪᠠᠷᠢᠮᠵᠢᠶ᠎ᠠ ᠶᠢ ᠴᠢᠩᠭ᠎ᠠ ᠬᠢᠨᠠᠮᠠᠭᠠᠢ ᠬᠡᠷᠡᠭᠵᠢᠬᠦᠯᠵᠦ᠂ | ᠨᠦᠬᠦᠪᠦᠷᠢ ᠮᠦᠩᠬᠦ ᠶᠢ ᠴᠠᠭ ᠲᠣᠬᠠᠢ ᠳᠤᠨᠢ ᠲᠤᠭ᠎ᠠ ᠶᠣᠰᠣᠭᠠᠷ ᠬᠤᠪᠢᠶᠠᠷᠢᠯᠠᠨ᠎ᠠ᠃ ᠲᠦᠰᠦᠯ ᠤᠨ ᠲᠣᠭᠤᠷᠢᠭ ᠲᠠᠬᠢ ᠮᠠᠯ | ᠪᠤᠷᠤᠯᠠᠭᠤᠯᠤᠯᠳᠠ ᠶᠢᠨ ᠠᠵᠢᠯ ᠢ ᠲᠦᠷᠭᠡᠳᠬᠡᠨ᠂ ᠬᠤᠪᠢᠨ ᠳᠤ ᠪᠠᠨ ᠮᠠᠯᠵᠢᠵᠣ ᠪᠠᠶᠢᠭ᠎ᠠ ᠮᠠᠯ ᠤᠨ ᠲᠤᠭ᠎ᠠ ᠲᠣᠯᠣᠭᠠᠢ ᠶᠢ | ᠲᠣᠭᠳᠠᠪᠣᠷᠢᠵᠢᠭᠤᠯᠵᠣ᠂ ᠮᠠᠯ ᠤᠨ ᠡᠭᠦᠯᠳᠡᠷ ᠰᠠᠶᠢᠵᠢᠷᠠᠭᠤᠯᠣᠯᠳᠠ ᠶᠢᠨ ᠨᠤᠷᠮ᠎ᠠ ᠪᠠ ᠡᠬᠡ ᠮᠠᠯ ᠤᠨ ᠨᠣᠷᠮ᠎ᠠ ᠶᠢ ᠲᠣᠰ ᠲᠣᠰ | 99.4% ᠪᠡ 88% ᠳᠤ ᠬᠦᠷᠭᠡᠨ᠂ ᠦᠬᠡᠷ ᠬᠤᠨᠢᠨ ᠤ ᠣᠨᠳᠣᠷᠣᠯᠳᠠ ᠶᠢᠨ ᠨᠣᠷᠮ᠎ᠠ ᠶᠢ ᠲᠣᠰ ᠲᠣᠰ 97% ᠪᠠ | 101% ᠳᠤ ᠬᠦᠷᠭᠡᠨ᠎ᠡ᠃ ᠭᠤᠷᠪᠠ ᠳᠤ᠂ ᠡᠷᠦᠬᠡ ᠬᠤᠯᠪᠣᠭᠠᠯᠠᠨ ᠡᠵᠡᠩᠨᠡᠭᠰᠡᠨ ᠮᠠᠯᠵᠢᠯ ᠤᠨ ᠲᠠᠯᠠᠪᠠᠢ᠂ ᠲᠤᠰᠬᠠᠶᠢᠵᠢᠭᠰᠠᠨ | ᠬᠤᠷᠰᠢᠶᠠᠵᠢᠯ ᠢ ᠬᠦᠴᠦᠯᠡᠨ ᠬᠦᠭᠵᠢᠬᠦᠯᠵᠦ ︽ᠠᠵᠣ ᠠᠬᠤᠶᠢᠯᠠᠯ + ᠮᠠᠯᠵᠢᠬᠤ ᠲᠠᠷᠢᠶᠠᠯᠠᠬᠤ ᠡᠷᠦᠬᠡ︾ — | ᠦᠢᠯᠡᠳᠪᠦᠷᠢᠯᠡᠯ ᠤᠨ ᠵᠠᠭᠪᠣᠷ ᠢᠶᠠᠷ ᠦᠬᠡᠷ ᠬᠤᠨᠢ ᠪᠣᠷᠳᠣᠨ ᠲᠠᠷᠭᠤᠯᠠᠭᠤᠯᠬᠤ᠂ ᠦᠷ᠎ᠡ ᠲᠦᠮᠤᠰᠤ᠂ ᠢᠳᠡᠰᠢᠨ ᠨᠣᠭᠤᠭ᠎ᠠ᠂ | ᠴᠠᠷᠭᠠᠰᠣ ᠲᠠᠷᠢᠬᠤ᠂ ᠡᠪᠡᠰᠦᠨ ᠡᠮ ᠲᠠᠷᠢᠵᠣ ᠪᠣᠶᠢᠵᠢᠭᠤᠯᠬᠤ ᠲᠦᠰᠦᠯ ᠢ ᠬᠦᠭᠵᠢᠬᠦᠯᠦᠨ᠂ ᠮᠠᠯ ᠲᠠᠷᠢᠶᠠᠯᠠᠩ ᠤᠨ | ᠪᠦᠳᠦᠭᠡᠭᠳᠡᠬᠦᠨ ᠢ ᠡᠳ᠋ᠰᠢᠬᠦᠯᠦᠨ ᠪᠣᠯᠪᠠᠰᠣᠷᠠᠭᠤᠯᠬᠤ ᠴᠢᠳᠠᠪᠣᠷᠢ ᠶᠢ ᠳᠠᠰᠣᠷᠠᠯᠳᠠ ᠦᠬᠡᠢ ᠲᠠᠭᠡᠭᠰᠢᠯᠡᠬᠦᠯᠵᠥ ᠮᠠᠯᠴᠢᠨ | ᠲᠠᠷᠢᠶᠠᠴᠢᠨ ᠤ ᠣᠷᠣᠯᠭ᠎ᠠ ᠶᠢ ᠨᠡᠮᠡᠭᠳᠡᠬᠦᠯᠦᠨ᠎ᠡ᠃ ᠲᠣᠰᠣᠯᠭᠠᠨ ᠣᠰᠣᠯᠠᠬᠤ ᠬᠡᠮᠨᠡᠯᠳᠣ ᠣᠰᠣᠯᠠᠯᠳᠠ ᠶᠢᠨ ᠮᠡᠷᠭᠡᠵᠢᠯ ᠢ ᠶᠡᠭᠡ | ᠪᠠᠷ ᠲᠦᠭᠡᠮᠡᠯᠵᠢᠬᠦᠯᠦᠨ ᠲᠠᠷᠢᠮᠠᠯ ᠤᠨ ᠨᠢᠬᠡᠴᠡ ᠣᠨᠠᠯᠳᠠ ᠶᠢᠨ ᠬᠡᠮᠵᠢᠶ᠎ᠡ ᠪᠣᠯᠣᠨ ᠦᠷ᠎ᠡ ᠠᠰᠢᠭ ᠢ ᠳᠡᠭᠡᠭᠰᠢᠯᠡᠬᠦᠯᠦᠨ᠎ᠡ᠃ | ᠪᠦᠬᠦ ᠬᠤᠰᠢᠭᠤᠨ ᠤ ᠲᠠᠷᠢᠮᠠᠯ ᠤᠨ ᠲᠠᠯᠠᠪᠠᠢ ᠶᠢ 30.8 ᠲᠦᠮᠡᠨ ᠮᠣ᠋ ᠪᠠᠷ ᠪᠠᠷᠢᠮᠳᠠᠯᠠᠬᠤ ᠶᠢᠨ ᠬᠠᠮᠳᠣ 4 ᠲᠦᠮᠡᠨ ᠮᠣ᠋ | ᠬᠡᠮᠨᠡᠯᠳᠣ ᠣᠰᠣᠯᠠᠯᠳᠠ ᠶᠢᠨ ᠲᠠᠯᠠᠪᠠᠢ ᠶᠢ ᠰᠢᠨ᠎ᠡ ᠪᠠᠷ ᠪᠠᠶᠢᠭᠤᠯᠣᠨ᠎ᠠ᠃ ᠲᠦᠷᠪᠡ ᠳᠤ᠂ ᠮᠠᠯᠴᠢᠨ ᠲᠠᠷᠢᠶᠠᠴᠢᠨ ᠤ ᠨᠢᠳᠣᠨ | ᠡᠮᠦᠨᠡᠬᠢ ᠠᠰᠢᠭ ᠳᠣᠰᠠ ᠪᠠ ᠮᠠᠷᠭᠠᠰᠢ ᠬᠤᠶᠢᠴᠢ ᠶᠢᠨ ᠬᠢᠨᠢ ᠠᠵᠣ ᠠᠮᠢᠳᠣᠷᠠᠯ ᠢ ᠴᠢᠬᠤᠯᠠᠴᠢᠯᠠᠨ ᠠᠩᠬᠠᠷᠴᠤ᠂ | ᠦᠨᠳᠦᠰᠦᠳᠡᠨ ᠤ ᠢᠳᠡᠭᠡᠨ ᠣᠮᠳᠠᠭᠠᠨ᠂ ᠬᠤᠪᠴᠠᠰᠣ ᠵᠠᠰᠠᠯ᠂ ᠭᠠᠷ ᠣᠷᠠᠯᠠᠯ ᠵᠡᠷᠭᠡ ᠦᠪᠡᠷᠮᠢᠴᠡ ᠠᠵᠣ ᠦᠢᠯᠡᠰ ᠤᠨ | ᠬᠦᠭᠵᠢᠯᠳᠡ ᠶᠢ ᠢᠳᠡᠪᠬᠢᠳᠠᠢ ᠠᠬᠢᠭᠤᠯᠵᠣ᠂ ᠮᠠᠯᠴᠢᠨ ᠲᠠᠷᠢᠶᠠᠴᠢᠨ ᠤ ᠬᠤᠳᠠ ᠣᠷᠣᠵᠣ ᠠᠵᠢᠯ ᠣᠯᠬᠤ ᠠᠷᠭ᠎ᠠ ᠵᠠᠮ ᠢ | ᠦᠷᠭᠡᠳᠭᠡᠨ᠎ᠡ᠃ ᠲᠠᠪᠤ ᠳᠤ᠂ ᠲᠠᠷᠢᠶᠠᠯᠠᠩ ᠮᠠᠯ ᠠᠵᠣ ᠠᠬᠤᠢ ᠶᠢᠨ ᠲᠦᠰᠦᠯ ᠤᠨ ᠪᠡᠯᠨ ᠮᠦᠩᠬᠦ ᠶᠢ ᠴᠣᠮᠬᠠᠳᠬᠠᠵᠣ᠂ ᠫᠧᠩ | ᠬᠤᠷᠤᠭ᠎ᠠ᠂ ᠨᠣᠭᠤᠭᠠᠨ ᠲᠠᠷᠣᠰᠢ ᠶᠢᠨ ᠵᠣᠭᠤᠷᠢ᠂ ᠡᠪᠡᠰᠤᠨ ᠤ ᠰᠠᠷᠠᠪᠴᠢ᠂ ᠳᠣᠯᠠᠭᠠᠨ ᠬᠦᠯᠡᠮᠵᠢ ᠪᠦᠳᠦᠬᠡᠨ ᠪᠠᠶᠢᠭᠤᠯᠬᠤ | ᠠᠵᠢᠯ ᠢ ᠰᠠᠶᠢᠳᠣᠷ ᠠᠳᠬᠤᠨ᠎ᠠ᠃ ︽ᠪᠦᠬᠦᠶᠢᠯᠨ ᠲᠣᠰᠬᠤᠨ ᠢᠶᠠᠷ ᠨᠢ ᠠᠬᠢᠭᠤᠯᠬᠤ᠂ ᠠᠷᠠᠳ ᠢ ᠨᠡᠬᠦᠯᠬᠡᠨ ᠰᠢᠯᠵᠢᠬᠦᠯᠬᠦ︾ | ᠠᠵᠢᠯ ᠢ ᠤᠯᠠᠮ ᠬᠦᠨᠵᠡᠭᠡᠶᠢᠷᠡᠬᠦᠯᠵᠥ ᠠᠵᠣ ᠦᠢᠯᠡᠰ ᠢᠶᠠᠷ ᠶᠠᠳᠠᠭᠤ ᠶᠢ ᠳᠡᠳᠬᠦᠬᠦ ᠬᠦᠴᠦᠯᠡᠴᠡ ᠶᠢ ᠨᠡᠮᠡᠭᠳᠡᠬᠦᠯᠦᠨ᠎ᠡ᠃ | ᠵᠢᠷᠭᠤᠭ᠎ᠠ ᠳᠤ᠂ ︽ᠶᠡᠭᠡ ᠬᠦᠢᠳᠡᠨ ᠠᠴᠠ ᠰᠡᠷᠭᠡᠶᠢᠯᠡᠬᠦ᠂ ᠶᠡᠭᠡ ᠭᠠᠮᠰᠢᠭ ᠠᠴᠠ ᠰᠡᠷᠭᠡᠶᠢᠯᠡᠬᠦ᠂ ᠣᠷᠳᠣ ᠬᠤᠭᠤᠴᠠᠭ᠎ᠠ ᠪᠠᠷ | ᠭᠠᠮᠰᠢᠭ ᠠᠴᠠ ᠰᠡᠷᠭᠡᠶᠢᠯᠡᠬᠦ︾ ᠣᠬᠠᠮᠰᠠᠷ ᠢ ᠪᠠᠳᠣᠳᠬᠠᠨ᠂ ᠡᠯ᠎ᠡ ᠲᠦᠷᠦᠯ ᠤᠨ ᠭᠠᠮᠰᠢᠭ ᠠᠴᠠ ᠠᠪᠣᠷᠠᠨ ᠪᠠᠴᠢᠮ ᠪᠠᠶᠢᠳᠠᠯ ᠢ | ᠠᠷᠭᠠᠴᠠᠭᠠᠬᠤ ᠲᠦᠰᠦᠪ ᠢ ᠲᠡᠭᠦᠯᠳᠡᠷᠵᠢᠬᠦᠯᠵᠦ᠂ ᠭᠠᠮᠰᠢᠭ ᠠᠴᠠ ᠰᠡᠷᠬᠡᠶᠢᠯᠡᠬᠦ ᠭᠠᠮᠰᠢᠭ ᠠᠴᠠ ᠠᠪᠣᠷᠠᠬᠤ ᠡᠳ᠋ ᠪᠣᠳᠠᠰ ᠢ | ᠡᠷᠳᠡᠭᠡᠨ ᠵᠦᠬᠡᠬᠡᠪᠦᠷᠢᠯᠡᠵᠣ ᠬᠦᠢᠴᠡᠳ ᠪᠡᠯᠡᠳᠬᠡᠨ᠂ ᠮᠠᠯ ᠲᠠᠷᠢᠶᠠᠯᠠᠩ ᠤᠨ ᠦᠢᠯᠡᠰ ᠤᠨ ᠭᠠᠮᠰᠢᠭ ᠠᠴᠠ ᠰᠡᠷᠬᠡᠶᠢᠯᠡᠨ | ᠭᠠᠮᠰᠢᠭᠳᠠᠯ ᠢ ᠪᠠᠭᠠᠰᠬᠠᠬᠤ ᠠᠵᠢᠯ ᠢ ᠪᠦᠬᠦ ᠬᠦᠴᠦᠨ ᠢᠶᠠᠷ ᠢᠶᠠᠨ ᠰᠠᠶᠢᠳᠣᠷ ᠪᠡᠶᠡᠯᠡᠬᠦᠯᠦᠨ᠎ᠡ᠃ | — — ᠦᠢᠯᠡᠴᠢᠯᠡᠭᠡᠨ ᠤ ᠦᠢᠯᠡᠰ ᠤᠨ ᠲᠠᠯ᠎ᠠ ᠪᠠᠷ᠄ ︽ᠶᠣᠸᠠᠨ ᠤ ᠳᠡᠭᠡᠳᠦ ᠨᠡᠶᠢᠰᠯᠡᠯ ᠤᠨ ᠪᠠᠭᠤᠷᠢ ᠵᠢᠴᠢ | ᠣᠶᠢᠷ᠎ᠠ ᠬᠠᠪᠢ ᠶᠢᠨ ᠭᠠᠵᠠᠷ ᠣᠷᠣᠨ ᠤ ᠵᠢᠭᠤᠯᠴᠢᠯᠠᠯ ᠢ ᠬᠦᠭᠵᠢᠬᠦᠯᠬᠦ ᠲᠦᠯᠦᠪᠵᠢᠬᠦᠯᠬᠡ︾ ᠶᠣᠰᠣᠭᠠᠷ ᠶᠣᠸᠠᠨ ᠤ ᠳᠡᠭᠡᠳᠦ | ᠨᠡᠶᠢᠰᠯᠡᠯ ᠤᠨ ᠪᠠᠭᠤᠷᠢ ᠶᠢᠨ ᠲᠡᠦᠬᠡ ᠰᠣᠶᠣᠯ ᠤᠨ ᠠᠭᠤᠯᠬᠤᠨ ᠢ ᠬᠦᠢᠴᠡᠳ ᠢᠯᠡᠷᠡᠬᠦᠯᠵᠥ ᠲᠡᠯᠡᠭᠡᠢ ᠶᠢᠨ ᠦᠪ ᠪᠤᠯᠤᠭᠰᠨ | ᠡᠬᠢ ᠪᠠᠶᠠᠯᠢᠭ ᠢ ᠬᠠᠮᠠᠭᠠᠯᠠᠨ ᠠᠰᠢᠭᠯᠠᠬᠤ ᠠᠵᠢᠯ ᠢ ᠵᠦᠪ ᠤᠷᠴᠢᠯ ᠤᠨ ᠵᠠᠮ ᠳᠤ ᠨᠢ ᠣᠷᠣᠭᠤᠯᠵᠣ᠂ ᠶᠣᠸᠠᠨ ᠤ ᠳᠡᠭᠡᠳᠦ | ᠨᠡᠶᠢᠰᠯᠡᠯ ᠤᠨ ᠪᠠᠭᠤᠷᠢ ᠶᠢᠨ ᠦᠵᠡᠮᠵᠢᠳᠣ ᠣᠷᠣᠨ ᠢ 5A ᠳᠡᠰ ᠤᠨ ᠵᠢᠭᠤᠯᠴᠢᠯᠠᠯ ᠤᠨ ᠣᠷᠣᠨ ᠢᠶᠠᠷ ᠡᠷᠡᠮᠡᠯᠵᠡᠯᠡᠬᠦ | ᠠᠯᠬᠤᠴᠠ ᠪᠠᠨ ᠲᠦᠷᠭᠡᠳᠭᠡᠨ᠎ᠡ᠃ ᠱᠠᠩᠳᠣ ᠨᠠᠭᠤᠷ᠂ ᠳ᠋ᠠ ᠵᠦᠩ ᠬᠤᠸᠠ᠂ ᠪᠣᠷᠣᠬᠤᠳᠠ ᠶᠢᠨ ︽ᠶᠢᠨ ᠺᠠᠩ︾ ᠬᠦᠳᠡᠭᠡ | ᠠᠶᠠᠯᠠᠯ ᠵᠡᠷᠭᠡ ᠲᠦᠰᠦᠯ ᠢ ᠭᠤᠣᠯᠳᠠᠯᠭ᠎ᠠ ᠲᠠᠢ ᠠᠬᠢᠭᠤᠯᠣᠨ᠎ᠠ᠃ ᠭᠠᠳᠠᠭᠰᠢ ᠰᠣᠷᠳᠠᠯᠴᠢᠯᠠᠬᠤ ᠠᠵᠢᠯ ᠢᠶᠠᠨ ᠣᠯᠠᠮ | ᠴᠢᠩᠭᠠᠳᠬᠠᠨ᠂ ᠵᠢᠭᠤᠯᠴᠢᠯᠠᠯ ᠤᠨ ᠦᠢᠯᠡᠰ ᠤᠨ ᠳᠠᠳᠠᠬᠤ ᠬᠦᠴᠦᠨ ᠢ ᠳᠡᠭᠡᠭᠰᠢᠯᠡᠬᠦᠯᠬᠦ ᠶᠢᠨ ᠬᠠᠮᠳᠣ ᠵᠢᠭᠤᠯᠴᠢᠯᠠᠯ ᠤᠨ | ᠦᠵᠡᠮᠵᠢᠳᠣ ᠣᠷᠣᠨ ᠤ ᠰᠠᠭᠤᠷᠢ ᠳᠦᠬᠦᠬᠡᠷᠦᠮᠵᠢ᠂ ᠣᠭᠳᠣᠨ ᠵᠣᠴᠢᠯᠠᠬᠤ ᠴᠢᠳᠠᠯ ᠪᠠ ᠵᠠᠮ ᠨᠡᠪᠳᠡᠷᠡᠬᠦᠯᠬᠡ ᠶᠢᠨ ᠨᠦᠬᠦᠴᠡᠯ | ᠢ ᠪᠦᠬᠦ ᠲᠠᠯ᠎ᠠ ᠪᠠᠷ ᠳᠡᠭᠡᠭᠰᠢᠯᠡᠬᠦᠯᠣᠨ᠎ᠡ᠃ ᠳᠣᠯᠣᠨᠨᠠᠭᠤᠷ ᠰᠢᠶᠠᠨ᠂ ᠾᠧᠪᠧᠢ ᠮᠤᠵᠢ᠂ ᠬᠡᠰᠢᠭᠳᠡᠨ ᠬᠤᠰᠢᠭᠤ ᠵᠡᠷᠭᠡ ᠬᠦᠷᠰᠢ | ᠵᠡᠷᠭᠡᠯᠡᠳᠡᠭᠡ ᠭᠠᠵᠠᠷ ᠣᠷᠣᠨ ᠯᠤᠭ᠎ᠠ ᠶᠢᠨ ᠬᠠᠮᠳᠣᠷᠠᠯᠴᠠᠭ᠎ᠠ ᠪᠠᠨ ᠴᠢᠩᠭᠠᠳᠬᠠᠨ᠂ ᠦᠪᠡᠷᠮᠢᠴᠡ ᠣᠨᠴᠠᠯᠢᠭᠳᠣ ᠵᠢᠭᠤᠯᠴᠢᠯᠠᠯ | ᠤᠨ ᠱᠣᠭᠤᠮ ᠢ ᠨᠡᠬᠡᠬᠡᠨ ᠬᠦᠭᠵᠢᠬᠦᠯᠵᠦ ᠵᠢᠭᠤᠯᠴᠢᠯᠠᠯ ᠤᠨ ᠦᠢᠯᠡᠰ ᠤᠨ ᠪᠦᠰᠨ ᠤᠷᠤᠨ ᠤ ᠬᠦᠭᠵᠢᠯᠳᠡ ᠶᠢ | ᠲᠦᠷᠭᠡᠳᠭᠡᠨ᠎ᠡ᠃ ᠣᠳᠣᠬᠢᠴᠢᠯᠠᠭᠰᠠᠨ ᠪᠠᠷᠠᠭᠠᠨ ᠤ ᠵᠦᠬᠡᠬᠡᠪᠦᠷᠢ ᠶᠢᠨ ᠦᠢᠯᠡᠰ ᠢ ᠦᠳᠳᠡᠷ ᠬᠦᠭᠵᠢᠬᠦᠯᠦᠨ᠂ ︽ᠯᠢ ᠲᠦᠩ | ︾ ᠨᠡᠬᠦᠷᠡᠰᠦ ᠪᠣᠯᠣᠨ ᠡᠳ᠋ ᠪᠠᠷᠠᠭᠠᠨ ᠤ ᠵᠦᠬᠡᠬᠡᠪᠦᠷᠢ ᠶᠢᠨ ᠲᠦᠰᠦᠯ ᠢ ᠭᠤᠣᠯᠳᠠᠯᠭ᠎ᠠ ᠲᠠᠢ ᠠᠬᠢᠭᠤᠯᠣᠨ᠎ᠠ᠃ ᠠᠷᠠᠯᠵᠢᠶ᠎ᠠ | ᠬᠤᠳᠠᠯᠳᠤᠭ᠎ᠠ᠂ ᠢᠳᠡᠭᠡᠨ ᠣᠮᠳᠠᠭᠠᠨ᠂ ᠵᠠᠭᠤᠴᠢ ᠦᠢᠯᠡᠴᠢᠯᠡᠭᠡ᠂ ᠮᠦᠩᠬᠦᠨ ᠬᠦᠢᠯᠬᠡᠬᠡᠨ ᠤ ᠳᠠᠭᠠᠳᠬᠠᠯ ᠵᠡᠷᠭᠡ | ᠦᠢᠯᠡᠴᠢᠯᠡᠭᠡᠨ ᠤ ᠦᠢᠯᠡᠰ ᠤᠨ ᠬᠦᠭᠵᠢᠯᠳᠡ ᠶᠢ ᠠᠬᠢᠭᠤᠯᠬᠤ ᠶᠢᠨ ᠰᠠᠴᠠᠭᠤ ᠬᠦᠷᠢᠶ᠎ᠡ ᠬᠡᠪᠴᠢᠶ᠎ᠡ᠂ ᠦᠷ᠎ᠡ ᠠᠰᠢᠭ ᠢ ᠨᠢ | ᠳᠡᠭᠡᠭᠰᠢᠯᠡᠬᠦᠯᠦᠨ᠎ᠡ᠃ ᠠᠮᠣ ᠪᠣᠳᠠᠭᠠᠨ ᠤ ᠬᠦᠢᠯᠭᠡᠭᠡᠨ ᠤ ᠰᠢᠰᠲ᠋ᠧᠮ ᠢ ᠣᠯᠠᠮ ᠨᠢᠬᠡ ᠠᠯᠬᠤᠮ ᠳᠡᠭᠦᠯᠳᠡᠷᠵᠢᠬᠦᠯᠵᠦ᠂ ᠠᠮᠣ | ᠪᠣᠳᠠᠭᠠᠨ ᠤ ᠠᠶᠣᠯᠬᠦᠢ ᠪᠠᠶᠢᠳᠠᠯ ᠢ ᠪᠦᠳᠦᠮᠵᠢᠳᠠᠢ ᠪᠠᠳᠣᠯᠠᠭᠠᠵᠢᠭᠤᠯᠣᠨᠠ᠃ | — — ᠬᠤᠲᠠ ᠬᠦᠳᠡᠭᠡ ᠶᠢᠨ ᠰᠠᠭᠤᠷᠢ ᠲᠥᠭᠦᠭᠡᠷᠥᠮᠵᠢ ᠶᠢᠨ ᠪᠦᠲᠦᠭᠡᠨ ᠪᠠᠶᠢᠭᠤᠯᠣᠯᠲᠠ ᠶᠢᠨ ᠲᠠᠯ᠎ᠠ ᠪᠠᠷ᠄ | ᠨᠢᠭᠡ ᠳᠤ᠂ ᠪᠠᠷᠢᠮᠵᠢᠶᠠᠳᠣ ᠪᠦᠳᠦᠬᠡᠨ ᠪᠠᠶᠢᠭᠤᠯᠣᠯᠳᠠ ᠶᠢᠨ ᠲᠦᠯᠦᠪᠵᠢᠬᠦᠯᠬᠡ ᠵᠢᠴᠢ ᠲᠣᠰᠬᠠᠢ ᠲᠦᠷᠦᠯ ᠤᠨ ᠲᠦᠯᠦᠪᠡᠯᠡᠭᠡ | ᠶᠢ ᠨᠠᠶᠢᠷᠠᠭᠤᠯᠣᠨ ᠬᠡᠷᠡᠭᠵᠢᠬᠦᠯᠬᠦ ᠠᠵᠢᠯ ᠢ ᠬᠢᠨᠠᠮᠠᠭᠠᠢ ᠠᠳᠬᠤᠵᠣ᠂ ᠨᠡᠩ ᠣᠯᠠᠨ ᠨᠡᠶᠢᠬᠡᠮ ᠤᠨ ᠪᠡᠯᠨ ᠮᠦᠩᠬᠦ ᠶᠢ ᠮᠠᠨ ᠤ | ᠬᠤᠰᠢᠭᠤᠨ ᠤ ᠬᠤᠳᠠ ᠪᠠᠯᠭᠠᠰᠣᠨ ᠤ ᠪᠦᠳᠦᠬᠡᠨ ᠪᠠᠶᠢᠭᠤᠯᠣᠯᠳᠠ ᠳᠤ ᠳᠠᠳᠠᠨ ᠣᠷᠣᠭᠤᠯᠵᠣ᠂ ᠬᠤᠳᠠ ᠶᠢᠨ ᠴᠢᠳᠠᠪᠬᠢ ᠶᠢ | ᠳᠡᠭᠦᠯᠳᠡᠷᠵᠢᠬᠦᠯᠵᠣ᠂ ᠳᠡᠰ ᠵᠢᠩᠳᠠᠭ᠎ᠠ ᠶᠢ ᠳᠡᠭᠡᠭᠰᠢᠯᠡᠬᠦᠯᠦᠨ᠂ ᠦᠨᠳᠦᠰᠦᠳᠡᠨ ᠤ ᠣᠨᠴᠠᠯᠢᠭ ᠢ ᠲᠣᠪᠣᠶᠢᠯᠭᠠᠬᠤ ᠶᠢᠨ ᠣᠯᠠᠮ | ᠢᠶᠠᠷ ᠠᠵᠢᠯ ᠬᠢᠵᠣ ᠠᠮᠢᠳᠣᠷᠠᠨ ᠰᠠᠭᠤᠬᠤ ᠳᠤ ᠲᠣᠬᠢᠳᠠᠢ᠂ ᠰᠣᠶᠣᠯ ᠵᠢᠭᠤᠯᠴᠢᠯᠠᠯ ᠤᠨ ᠬᠤᠳᠠ ᠪᠠᠯᠭᠠᠰᠣ ᠶᠢ ᠪᠦᠳᠦᠭᠡᠨ | ᠪᠠᠶᠢᠭᠤᠯᠣᠨ᠎ᠠ᠃ ᠬᠤᠶᠠᠷ ᠲᠤ᠂ ᠬᠤᠳᠠ ᠪᠠᠯᠭᠠᠰᠣᠨ ᠤ ᠣᠰᠣ ᠬᠠᠩᠭᠠᠯᠭ᠎ᠠ᠂ ᠴᠠᠬᠢᠯᠭᠠᠨ᠂ ᠲᠣᠯᠠᠭᠠᠯᠠᠯᠭ᠎ᠠ᠂ ᠰᠢᠳᠠᠮᠠᠬᠠᠢ | ᠬᠡᠢ ᠶᠢᠨ ᠪᠠᠳᠣᠯᠠᠭᠠᠨ ᠤ ᠴᠢᠳᠠᠮᠵᠢ ᠶᠢ ᠣᠯᠠᠮ ᠨᠢᠬᠡ ᠠᠯᠬᠤᠮ ᠨᠡᠮᠡᠭᠳᠡᠬᠦᠯᠦᠨ᠂ ᠬᠠᠳᠠᠭᠤᠵᠢᠭᠤᠯᠣᠯᠳᠠ᠂ | ᠨᠣᠭᠤᠭᠠᠷᠠᠭᠤᠯᠣᠯᠳᠠ᠂ ᠭᠡᠷᠡᠯᠳᠦᠬᠦᠯᠬᠡ ᠪᠠ ᠭᠤᠶᠣᠵᠢᠭᠤᠯᠣᠯᠳᠠ ᠶᠢᠨ ᠲᠦᠪᠰᠢᠨ ᠢ ᠳᠡᠭᠡᠭᠰᠢᠯᠡᠬᠦᠯᠦᠨ᠎ᠡ᠃ ᠬᠤᠳᠠ | ᠪᠠᠯᠭᠠᠰᠣᠨ ᠤ ᠵᠠᠷ ᠢᠯᠡᠷᠬᠡᠶᠢᠯᠡᠯ ᠤᠨ ᠫᠠᠶᠢᠰᠠ ᠳᠡᠮᠳᠡᠭ ᠢ ᠲᠦᠰᠦᠪᠯᠡᠬᠦ ᠪᠠ ᠮᠣᠩᠭᠤᠯ ᠬᠢᠳᠡᠳ ᠦᠰᠦᠭ ᠢ ᠲᠦᠷᠢᠮᠵᠢᠬᠦᠨ | ᠬᠡᠷᠡᠭᠯᠡᠬᠦ ᠠᠵᠢᠯ ᠢ ᠰᠠᠶᠢᠳᠣᠷ ᠬᠢᠵᠣ᠂ ᠵᠠᠷ ᠢᠯᠡᠷᠭᠡᠶᠢᠯᠡᠯ ᠤᠨ ᠫᠠᠶᠢᠰᠠ ᠲᠡᠮᠳᠡᠭ ᠳᠡᠭᠡᠷᠡᠬᠢ ᠰᠣᠶᠣᠯ ᠤᠨ ᠡᠯᠧᠮᠧᠨ᠋ᠲ ᠪᠣᠯᠣᠨ | ᠭᠤᠸ᠎ᠠ ᠰᠠᠶᠢᠬᠠᠨ ᠢ ᠴᠢᠬᠤᠯᠠᠴᠢᠯᠠᠨ᠎ᠠ᠃ ᠭᠤᠷᠪᠠ ᠳᠤ᠂ ᠨᠡᠶᠢᠳᠡ ᠶᠢᠨ ᠬᠡᠷᠡᠭᠯᠡᠬᠡᠨ ᠤ ᠲᠣᠨᠤᠭ ᠲᠦᠭᠦᠭᠡᠷᠦᠮᠵᠢ ᠶᠢᠨ | ᠪᠦᠳᠦᠬᠡᠨ ᠪᠠᠶᠢᠭᠤᠯᠣᠯᠳᠠ ᠶᠢᠨ ᠬᠦᠴᠦᠯᠡᠴᠡ ᠪᠠᠨ ᠦᠷᠬᠦᠯᠵᠢᠯᠡᠨ ᠨᠡᠮᠡᠭᠳᠡᠬᠦᠯᠵᠦ᠂ ᠡᠨᠡ ᠵᠢᠯ ᠰᠣᠶᠣᠯ ᠲᠠᠮᠢᠷ ᠤᠨ ᠤᠷᠳᠤᠨ | ᠂ ᠶᠡᠷᠦᠩᠬᠡᠶᠢᠯᠡᠭᠰᠡᠨ ᠵᠣᠴᠢᠯᠠᠬᠤ ᠲᠦᠪ ᠵᠡᠷᠭᠡ ᠭᠤᠣᠯᠳᠠᠯᠭ᠎ᠠ ᠲᠠᠢ ᠪᠠᠷᠢᠯᠭ᠎ᠠ ᠶᠢᠨ ᠲᠦᠰᠦᠯ ᠢ ᠪᠡᠶᠡᠯᠡᠬᠦᠯᠦᠨ᠎ᠡ᠃ ᠲᠦᠷᠪᠡ | ᠳᠤ᠂ ᠬᠤᠳᠠ ᠪᠠᠯᠭᠠᠰᠣᠨ ᠤ ᠬᠠᠮᠢᠶᠠᠷᠣᠯᠳᠠ ᠶᠢᠨ ᠣᠷᠳᠣ ᠣᠳᠠᠭᠠᠨ ᠲᠣᠭᠳᠠᠯᠴᠠᠭ᠎ᠠ ᠶᠢ ᠪᠠᠶᠢᠭᠤᠯᠣᠨ ᠲᠡᠭᠦᠯᠳᠡᠷᠵᠢᠬᠦᠯᠵᠦ᠂ | ᠬᠤᠳᠠ ᠶᠢᠨ ᠬᠠᠮᠢᠶᠠᠷᠣᠯᠳᠠ ᠶᠢᠨ ᠶᠡᠭᠡ ᠠᠩᠬᠢ ᠠᠴᠠ ᠣᠳᠣᠷᠢᠳᠴᠣ᠂ ᠡᠯ᠎ᠡ ᠰᠠᠯᠠᠭ᠎ᠠ ᠮᠦᠴᠢᠷ ᠬᠠᠮᠵᠢᠯᠴᠠᠨ ᠣᠯᠠᠨ | ᠲᠦᠮᠡᠨ ᠣᠷᠣᠯᠴᠠᠭᠰᠠᠨ ᠬᠠᠮᠢᠶᠠᠷᠣᠯᠳᠠ ᠶᠢᠨ ᠵᠠᠭᠪᠣᠷ ᠢ ᠪᠦᠷᠢᠯᠳᠦᠬᠦᠯᠦᠨ᠂ ᠶᠡᠭᠡ ᠴᠠᠰᠣ ᠰᠢᠷᠦᠬᠦᠨ ᠪᠣᠷᠣᠭᠠᠨ ᠵᠡᠷᠭᠡ ᠬᠡᠪ | ᠤᠨ ᠪᠣᠰᠣ ᠴᠠᠭ ᠠᠭᠤᠷ ᠢ ᠠᠷᠭᠠᠴᠠᠭᠠᠬᠤ ᠴᠢᠳᠠᠪᠣᠷᠢ ᠪᠠ ᠬᠢᠷᠢ ᠲᠦᠪᠰᠢᠨ ᠢ ᠦᠨᠡᠨᠬᠦ ᠳᠡᠭᠡᠭᠰᠢᠯᠡᠬᠦᠯᠦᠨ᠎ᠡ᠃ ᠲᠠᠪᠤ ᠳᠤ᠂ | ᠬᠤᠳᠠ ᠲᠣᠭᠤᠷᠢᠭ ᠤᠨ ᠦᠨᠳᠦᠰᠦᠨ ᠪᠦᠳᠦᠬᠡᠨ ᠪᠠᠶᠢᠭᠤᠯᠣᠯᠳᠠ ᠶᠢᠨ ᠬᠦᠴᠦᠯᠡᠴᠡ ᠪᠠᠨ ᠦᠷᠬᠦᠯᠵᠢᠯᠡᠨ ᠨᠡᠮᠡᠭᠳᠡᠬᠦᠯᠵᠣ᠂ | 5.1 ᠮᠠᠯᠵᠢᠯ ᠤᠨ ᠲᠠᠯᠪᠠᠢ᠂ ᠪᠣᠷᠣᠬᠤᠳᠠ ᠵᠢᠱᠢᠶ᠎ᠡ ᠦᠵᠡᠬᠦᠯᠬᠦ ᠲᠤᠭᠤᠷᠢᠭ᠂ ᠵᠢᠭᠠᠰᠣᠳᠠᠢ ᠰᠣᠮᠣ ᠶᠢᠨ ᠲᠦᠪ ᠤᠨ ᠰᠠᠭᠤᠷᠢ | ᠲᠦᠭᠦᠭᠡᠷᠦᠮᠵᠢ ᠵᠣᠬᠢᠬᠤ ᠬᠡᠮᠵᠢᠶ᠎ᠡ ᠪᠠᠷ ᠰᠠᠶᠢᠵᠢᠷᠠᠭᠤᠯᠣᠨ᠎ᠠ᠃ ᠵᠢᠷᠭᠤᠭ᠎ᠠ ᠳᠤ᠂ ᠱᠠᠩᠳᠣ ᠨᠢᠰᠬᠡᠯ ᠤᠨ ᠪᠠᠭᠤᠳᠠᠯ ᠪᠠᠶᠢᠭᠤᠯᠬᠤ | ᠲᠦᠰᠦᠯ ᠤᠨ ᠲᠠᠯ᠎ᠠ ᠪᠠᠷ ᠪᠣᠳᠠᠳᠣ ᠠᠬᠢᠯᠳᠠ ᠭᠠᠷᠭᠠᠨ᠎ᠠ᠃ ᠭᠠᠴᠠᠭ᠎ᠠ ᠲᠣᠰᠬᠤᠨ ᠳᠤ ᠨᠡᠶᠢᠳᠡ 81.7 ᠺᠢᠯᠣᠮᠧᠲᠷ ᠵᠠᠮ | ᠵᠠᠰᠠᠵᠣ ᠦᠭᠬᠦᠨ᠎ᠡ᠃ ᠰᠠᠶᠢᠨᠬᠤᠳᠳᠤᠭ᠂ ᠪᠣᠱᠣᠣᠳᠠᠢ ᠳᠤ ᠰᠢᠨ᠎ᠡ ᠪᠠᠷ 35 ᠺᠢᠯᠤᠸᠠᠲ ᠤᠨ ᠬᠤᠪᠢᠰᠬᠤ ᠴᠠᠬᠢᠯᠭᠠᠨ | ᠤᠷᠤᠭᠤᠯᠬᠤ ᠢᠨᠵᠧᠨᠧᠷᠢᠩ ᠢ ᠶᠠᠪᠤᠭᠳᠠᠭᠤᠯᠵᠥ᠂ ᠬᠠᠪᠢᠷᠭ᠎ᠠ ᠪᠤᠯᠤᠨ ᠰᠢᠷᠠᠳᠠᠯ᠎ᠠ ᠶᠢᠨ 35 ᠺᠢᠯᠣᠸᠠᠲ ᠤᠨ ᠬᠦᠴᠦᠳᠡᠯ | ᠦᠭᠡᠷᠡᠴᠢᠯᠡᠬᠦ ᠦᠷᠳᠡᠭᠡᠨ ᠤ ᠦᠷᠭᠡᠳᠬᠡᠨ ᠪᠠᠶᠢᠭᠤᠯᠤᠯᠳᠠ ᠶᠢ ᠪᠡᠶᠡᠯᠡᠬᠦᠯᠦᠨ᠎ᠡ᠃ | — — ᠠᠷᠠᠳ ᠤᠨ ᠠᠮᠢᠳᠣᠷᠠᠯ ᠢ ᠪᠠᠳᠣᠯᠠᠬᠤ ᠪᠠ ᠰᠠᠶᠢᠵᠢᠷᠠᠭᠤᠯᠬᠤ ᠲᠠᠯ᠎ᠠ ᠪᠠᠷ᠄ ᠡᠨᠡ ᠵᠢᠯ ᠵᠠᠰᠠᠭ ᠤᠨ | ᠣᠷᠳᠣᠨ ᠠᠴᠠ ᠠᠷᠠᠳ ᠲᠤ ᠬᠢᠬᠦ ᠠᠷᠪᠠᠨ ᠪᠣᠳᠠᠳᠠᠢ ᠠᠵᠢᠯ ᠢ ᠦᠷᠬᠦᠯᠵᠢᠯᠡᠨ ᠰᠠᠶᠢᠳᠣᠷ ᠨᠠᠶᠢᠳᠠᠪᠣᠷᠢᠵᠢᠭᠤᠯᠣᠨ᠎ᠠ᠃ ᠨᠢᠬᠡ | ᠳᠤ᠂ ᠪᠦᠬᠦᠯᠢ ᠡᠳᠦᠷ ᠢᠶᠠᠷ ᠬᠢᠴᠢᠶᠡᠯᠯᠡᠬᠦ ᠶᠡᠭᠡ ᠰᠣᠷᠭᠠᠭᠤᠯᠢ ᠶᠢᠨ ᠵᠢᠩᠬᠢᠨᠢ ᠠᠩᠬᠢ ᠳᠤ ᠰᠢᠯᠭᠠᠭᠤᠯᠣᠨ ᠡᠯᠰᠡᠭᠳᠡᠭᠰᠡᠨ | ᠠᠮᠢᠳᠣᠷᠠᠯ ᠬᠦᠴᠢᠷᠳᠠᠢ ᠣᠶᠣᠳᠠᠳ ᠪᠣᠯᠣᠨ ᠶᠡᠭᠡ ᠰᠣᠷᠭᠠᠭᠤᠯᠢ ᠳᠤ ᠰᠣᠷᠴᠣ ᠪᠠᠶᠢᠭ᠎ᠠ ᠠᠮᠢᠳᠣᠷᠠᠯ ᠨᠢ ᠬᠦᠴᠢᠷᠳᠡᠢ | ᠣᠶᠣᠳᠠᠳ ᠲᠤ ᠨᠢᠬᠡᠯᠨ ᠳᠡᠭᠡᠷ᠎ᠡ ᠲᠣᠰ ᠲᠣᠰ 3000 ᠲᠦᠭᠦᠷᠢᠭ ᠪᠠ 1500 ᠲᠦᠭᠦᠷᠢᠭ ᠤᠨ ᠨᠦᠬᠦᠪᠦᠷᠢ ᠣᠯᠭᠤᠬᠤ | ᠪᠠ ᠪᠦᠬᠦ ᠬᠤᠰᠢᠭᠤᠨ ᠤ ᠲᠣᠮᠳᠠ ᠪᠠᠭ᠎ᠠ ᠰᠣᠷᠭᠠᠭᠤᠯᠢ ᠪᠣᠯᠣᠨ ᠴᠡᠴᠡᠷᠯᠢᠭ ᠤᠨ ᠬᠡᠦᠬᠡᠳ ᠤᠳ ᠲᠤ ᠨᠢᠬᠡ ᠣᠳᠠᠭᠠᠨ ᠤ | ᠲᠦᠯᠦᠪᠦᠷᠢ ᠦᠬᠡᠢ ᠪᠡᠶ᠎ᠡ ᠶᠢᠨ ᠪᠠᠶᠢᠴᠠᠭᠠᠯᠳᠠ ᠬᠢᠵᠣ ᠦᠭᠬᠦᠨ᠎ᠡ᠃ ᠬᠤᠶᠠᠷ ᠲᠤ᠂ ᠬᠤᠳᠠ ᠪᠠᠯᠭᠠᠰᠣᠨ ᠤ ᠦᠨᠳᠦᠰᠦᠨ | ᠠᠮᠢᠵᠢᠷᠠᠭᠠᠨ ᠤ ᠪᠠᠳᠣᠯᠠᠭ᠎ᠠ ᠬᠦᠷᠳᠡᠵᠣ ᠪᠠᠶᠢᠭ᠎ᠠ ᠡᠷᠦᠬᠡ ᠶᠢᠨ ᠬᠦᠮᠦᠨ ᠲᠣᠮᠳᠠᠴᠢ ᠶᠢᠨ ᠨᠦᠬᠦᠪᠦᠷᠢ ᠶᠢ ᠵᠢᠯ ᠤᠨ 4244 | ᠲᠦᠭᠦᠷᠢᠭ ᠪᠠᠶᠢᠭᠰᠠᠨ ᠠᠴᠠ ᠨᠢ 4824 ᠲᠦᠭᠦᠷᠢᠭ ᠪᠣᠯᠭᠠᠨ ᠳᠡᠭᠡᠭᠰᠢᠯᠡᠬᠦᠯᠵᠦ᠂ ᠮᠠᠯᠵᠢᠬᠤ ᠲᠠᠷᠢᠶᠠᠯᠠᠬᠤ ᠣᠷᠣᠨ ᠤ | ᠦᠨᠳᠦᠰᠦᠨ ᠠᠮᠢᠵᠢᠷᠠᠭᠠᠨ ᠤ ᠪᠠᠳᠣᠯᠠᠭ᠎ᠠ ᠬᠦᠷᠳᠡᠵᠣ ᠪᠠᠶᠢᠭ᠎ᠠ ᠡᠷᠦᠬᠡ ᠶᠢᠨ ᠬᠦᠮᠦᠨ ᠲᠣᠮᠳᠠᠴᠢ ᠶᠢᠨ ᠨᠦᠬᠦᠪᠦᠷᠢ ᠶᠢ ᠵᠢᠯ | ᠤᠨ 2028 ᠲᠦᠭᠦᠷᠢᠭ ᠪᠠᠶᠢᠭᠰᠠᠨ ᠠᠴᠠ ᠨᠢ 2328 ᠲᠦᠭᠦᠷᠢᠭ ᠪᠣᠯᠭᠠᠵᠣ ᠳᠡᠭᠡᠭᠰᠢᠯᠡᠬᠦᠯᠦᠨ᠎ᠡ᠃ ᠭᠤᠷᠪᠠ ᠳᠤ᠂ ︽ | ᠲᠠᠪᠣᠨ ᠪᠠᠳᠣᠯᠠᠭᠠᠳᠣ︾ ᠡᠷᠦᠬᠡ ᠶᠢ ᠲᠦᠪᠯᠡᠷᠡᠬᠦᠯᠦᠨ ᠳᠡᠳᠬᠦᠬᠦ ᠲᠡᠳᠬᠦᠮᠵᠢ ᠶᠢᠨ ᠪᠠᠷᠢᠮᠵᠢᠶ᠎ᠠ ᠶᠢ ᠬᠦᠮᠦᠨ ᠲᠣᠮᠳᠠᠴᠢ ᠪᠠᠷ | ᠵᠢᠯ ᠪᠦᠷᠢ 6000 ᠲᠦᠭᠦᠷᠢᠭ ᠣᠯᠭᠤᠵᠣ ᠪᠠᠶᠢᠭᠰᠠᠨ ᠠᠴᠠ ᠳᠡᠭᠡᠭᠰᠢᠯᠡᠬᠦᠯᠦᠨ 6900 ᠲᠦᠭᠦᠷᠢᠭ ᠪᠣᠯᠭᠠᠵᠣ᠂ ᠲᠣᠰ | ᠲᠤᠨᠢ ᠳᠡᠳᠭᠦᠬᠦ ᠲᠡᠳᠬᠦᠮᠵᠢ ᠶᠢᠨ ᠪᠠᠷᠢᠮᠵᠢᠶ᠎ᠠ ᠶᠢ ᠬᠦᠮᠦᠨ ᠲᠣᠮᠳᠠᠴᠢ ᠪᠠᠷ ᠵᠢᠯ ᠪᠦᠷᠢ 4800 ᠲᠦᠭᠦᠷᠢᠭ ᠣᠯᠭᠤᠵᠣ | ᠪᠠᠶᠢᠭᠰᠠᠨ ᠠᠴᠠ ᠳᠡᠭᠡᠭᠰᠢᠯᠡᠬᠦᠯᠦᠨ 5520 ᠲᠦᠭᠦᠷᠢᠭ ᠪᠣᠯᠭᠠᠨ᠎ᠠ᠃ ᠲᠦᠷᠪᠡ ᠳᠤ᠂ ᠣᠷᠣᠨ ᠨᠣᠳᠤᠭ ᠤᠨ ᠡᠳ᠋ ᠤᠨ | ᠵᠠᠰᠠᠭ ᠠᠴᠠ ᠶᠡᠭᠡ ᠰᠣᠷᠭᠠᠭᠤᠯᠢ ᠳᠡᠭᠦᠰᠦᠭᠰᠡᠨ ᠣᠶᠣᠳᠠᠳ ᠤᠨ ᠦᠪᠡᠰᠦᠪᠡᠨ ᠦᠢᠯᠡᠰ ᠪᠣᠰᠬᠠᠬᠤ ᠶᠢ ᠳᠡᠮᠵᠢᠬᠦ 500 | ᠲᠦᠮᠡᠨ ᠲᠦᠭᠦᠷᠢᠭ ᠤᠨ ᠪᠡᠯᠨ ᠮᠦᠩᠬᠦ ᠶᠢ ᠦᠷᠭᠦᠯᠵᠢᠯᠡᠨ ᠪᠠᠶᠢᠷᠢᠯᠠᠭᠤᠯᠣᠨ᠎ᠠ᠃ ᠳᠠᠪᠤ ᠳᠤ᠂ ᠬᠤᠳᠠ ᠬᠦᠳᠡᠭᠡ ᠶᠢᠨ | ᠰᠠᠭᠤᠭᠠᠯᠢ ᠠᠷᠠᠳ ᠤᠨ ᠨᠡᠶᠢᠬᠡᠮ ᠤᠨ ᠨᠠᠰᠣᠵᠢᠯ ᠤᠨ ᠳᠠᠭᠠᠳᠬᠠᠯ ᠤᠨ ᠦᠨᠳᠦᠰᠦᠨ ᠨᠠᠰᠣᠵᠢᠯ ᠤᠨ ᠨᠦᠬᠦᠪᠦᠷᠢ ᠮᠦᠩᠬᠦ ᠶᠢ | ᠳᠡᠭᠡᠭᠰᠢᠯᠡᠬᠦᠯᠦᠨ ᠬᠦᠮᠦᠨ ᠲᠣᠮᠳᠠᠴᠢ ᠪᠠᠷ ᠰᠠᠷ᠎ᠠ ᠪᠦᠷᠢ ᠶᠢᠨ 25 ᠲᠦᠭᠦᠷᠢᠭ ᠪᠣᠯᠭᠠᠨ᠎ᠠ᠃ ᠵᠢᠷᠭᠤᠭ᠎ᠠ ᠳᠤ᠂ ᠮᠠᠯᠵᠢᠬᠤ | ᠲᠠᠷᠢᠶᠠᠯᠠᠬᠤ ᠣᠷᠣᠨ ᠤ 800 ᠡᠷᠦᠬᠡ ᠶᠢᠨ ᠬᠠᠭᠤᠴᠢᠨ ᠬᠡᠷ ᠪᠡᠶᠢᠰᠢᠩ ᠢ ᠰᠡᠯᠪᠢᠨ ᠵᠠᠰᠠᠨ᠎ᠠ᠃ ᠲᠣᠯᠤᠭ᠎ᠠ ᠳᠤ᠂ ᠱᠠᠩᠳᠣ | ᠪᠠᠯᠭᠠᠰᠣᠨ ᠤ ᠪᠣᠬᠢᠷ ᠣᠰᠣ ᠭᠠᠳᠠᠭᠰᠢᠯᠠᠭᠤᠯᠬᠤ ᠰᠣᠪᠠᠭ ᠲᠠᠯᠪᠢᠭᠳᠠᠭᠰᠠᠨ ᠬᠡᠮᠵᠢᠶ᠎ᠡ ᠶᠢ ᠦᠷᠭᠡᠳᠭᠡᠬᠦ ᠪᠠ ᠰᠠᠩ ᠤᠨ ᠳᠠᠯᠠᠢ | ᠪᠠᠯᠭᠠᠰᠣᠨ ᠤ ᠪᠣᠬᠢᠷ ᠣᠰᠣᠨ ᠤ ᠦᠢᠯᠡᠳᠪᠦᠷᠢ ᠶᠢᠨ ᠪᠠᠷᠢᠯᠭ᠎ᠠ ᠶᠢ ᠡᠬᠢᠯᠡᠬᠦᠯᠦᠨ᠎ᠡ᠃ ᠨᠠᠢᠮᠠ ᠳᠤ᠂ ᠭᠠᠴᠠᠭ᠎ᠠ ᠲᠣᠰᠬᠤᠨ ︵ | ᠨᠡᠶᠢᠬᠡᠮ ᠲᠣᠭᠤᠷᠢᠭ︶ ᠤ ᠠᠯᠪᠠᠨ ᠤ ᠶᠠᠪᠣᠳᠠᠯ ᠤᠨ ᠵᠠᠷᠣᠳᠠᠯ ᠪᠣᠯᠣᠨ ᠺᠠᠳ᠋ᠷᠴᠣᠳ ᠲᠤ ᠣᠯᠭᠤᠬᠤ ᠨᠦᠬᠦᠪᠦᠷᠢ ᠶᠢᠨ | ᠪᠠᠷᠢᠮᠵᠢᠶ᠎ᠠ ᠶᠢ ᠳᠡᠭᠡᠭᠰᠢᠯᠡᠬᠦᠯᠦᠨ᠎ᠡ᠃ ᠶᠢᠰᠦ ᠳᠤ᠂ 376 ᠮᠠᠯᠵᠢᠬᠤ ᠲᠠᠷᠢᠶᠠᠯᠠᠬᠤ ᠡᠷᠦᠬᠡ ᠳᠤ ᠴᠠᠬᠢᠯᠭᠠᠨ ᠨᠡᠪᠳᠡᠷᠡᠬᠦᠯᠬᠦ | ᠶᠢᠨ ᠬᠠᠮᠳᠣ 2029 ᠮᠠᠯᠴᠢᠨ ᠲᠠᠷᠢᠶᠠᠴᠢᠨ ᠡᠷᠦᠬᠡ ᠳᠤ ᠨᠠᠷᠠ ᠰᠠᠯᠬᠢᠨ ᠢᠶᠠᠷ ᠴᠠᠬᠢᠯᠭᠠᠨ ᠭᠠᠷᠭᠠᠬᠤ ᠲᠦᠭᠦᠭᠡᠷᠦᠮᠵᠢ | ᠣᠭᠰᠠᠷᠠᠵᠣ ᠦᠭᠬᠦᠨ᠎ᠡ᠃ ᠠᠷᠪᠠ ᠳᠤ᠂ ᠨᠡᠶᠢᠳᠡ 2794 ᠬᠦᠮᠦᠨ ᠠᠮᠨ ᠶᠢᠨ ᠢᠳᠡᠭᠡᠨ ᠣᠮᠳᠠᠭᠠᠨ ᠤ ᠴᠡᠪᠡᠷ ᠣᠰᠣ | ᠪᠣᠯᠣᠨ 1.9 ᠲᠦᠮᠡᠨ ᠲᠣᠯᠣᠭᠠᠢ ᠮᠠᠯ ᠤᠨ ᠣᠰᠣ ᠣᠮᠳᠠᠨ ᠤ ᠠᠰᠠᠭᠤᠳᠠᠯ ᠢ ᠰᠢᠢᠳᠪᠦᠷᠢᠯᠡᠨ᠎ᠡ᠃ | — — ᠨᠡᠶᠢᠬᠡᠮ ᠤᠨ ᠠᠵᠢᠯ ᠦᠢᠯᠡᠰ ᠤᠨ ᠲᠠᠯ᠎ᠠ ᠪᠠᠷ᠄ ︽ᠰᠣᠷᠭᠠᠨ ᠬᠦᠮᠦᠵᠢᠯ ᠵᠢᠭᠠᠨ ᠰᠣᠷᠭᠠᠯᠳᠠ ᠶᠢᠨ ᠶᠠᠰᠣ | ᠴᠢᠨᠠᠷ ᠢ ᠳᠡᠭᠡᠭᠰᠢᠯᠡᠬᠦᠯᠬᠦ︾ ᠠᠵᠢᠯᠯᠠᠭᠠᠨ ᠤ ᠲᠣᠭᠤᠷᠢᠨ ᠳᠤ ᠪᠠᠭᠰᠢ ᠨᠠᠷ ᠤᠨ ᠵᠢᠭᠠᠨ ᠰᠣᠷᠭᠠᠯᠳᠠ ᠶᠢᠨ ᠴᠢᠳᠠᠪᠤᠷᠢ ᠪᠠ ᠭᠡᠪ | ᠰᠣᠷᠳᠠᠯ ᠤᠨ ᠪᠠᠶᠢᠭᠤᠯᠣᠯᠳᠠ ᠶᠢ ᠳᠠᠰᠣᠷᠠᠯᠳᠠ ᠦᠬᠡᠢ ᠴᠢᠩᠭᠠᠳᠬᠠᠵᠣ᠂ ᠰᠣᠷᠭᠠᠭᠤᠯᠢ ᠶᠢᠨ ᠬᠠᠮᠢᠶᠠᠷᠣᠯᠳᠠ ᠶᠢᠨ ᠲᠦᠪᠰᠢᠨ | ᠢ ᠳᠡᠭᠡᠭᠰᠢᠯᠡᠬᠦᠯᠦᠨ᠎ᠡ᠃ ᠬᠤᠰᠢᠭᠤᠨ ᠠᠴᠠ ᠰᠣᠷᠭᠠᠨ ᠬᠦᠮᠦᠵᠢᠯ ᠳᠠᠬᠢ ᠬᠦᠷᠦᠩᠬᠡ ᠣᠷᠣᠭᠤᠯᠣᠯᠳᠠ ᠪᠠᠨ ᠨᠡᠮᠡᠭᠳᠡᠬᠦᠯᠵᠦ᠂ | ᠰᠣᠷᠭᠠᠭᠤᠯᠢ ᠡᠷᠬᠢᠯᠡᠬᠦ ᠨᠦᠬᠦᠴᠡᠯ ᠢ ᠣᠯᠠᠮ ᠨᠢᠬᠡ ᠠᠯᠬᠤᠮ ᠰᠠᠶᠢᠵᠢᠷᠠᠭᠤᠯᠣᠨ᠎ᠠ᠃ ᠡᠨᠡ ᠵᠢᠯ ᠦᠨᠳᠦᠰᠦᠳᠡᠨ ᠤ ᠴᠡᠴᠡᠷᠯᠢᠭ | ᠤᠨ ᠪᠠᠷᠢᠯᠭ᠎ᠠ ᠪᠠᠶᠢᠭᠤᠯᠤᠯᠳᠠ ᠶᠢ ᠳᠠᠭᠤᠰᠬᠠᠨ ᠠᠰᠢᠭᠯᠠᠯᠳᠠ ᠳᠤ ᠣᠷᠣᠭᠤᠯᠬᠤ ᠪᠠᠷ ᠴᠢᠷᠮᠠᠶᠢᠬᠤ ᠶᠢᠨ ᠬᠠᠮᠳᠣ ᠮᠣᠩᠭᠤᠯ | ᠳᠣᠮᠳᠠᠳᠣ ᠰᠣᠷᠭᠠᠭᠤᠯᠢ᠂ ᠬᠤᠶᠠᠳᠣᠭᠠᠷ ᠲᠣᠮᠳᠠᠳᠣ ᠰᠣᠷᠭᠠᠭᠤᠯᠢ ᠶᠢᠨ ᠪᠠᠷᠢᠮᠵᠢᠶᠠᠳᠣ ᠲᠠᠮᠢᠷ ᠤᠨ ᠲᠠᠯᠠᠪᠣᠷ ᠪᠠ ᠪᠣᠷᠣᠬᠤᠳᠠ | ᠵᠢᠱᠢᠶ᠎ᠡ ᠦᠵᠡᠬᠦᠯᠬᠦ ᠲᠣᠭᠤᠷᠢᠭ ᠤᠨ ᠪᠠᠭ᠎ᠠ ᠰᠣᠷᠭᠠᠭᠤᠯᠢ ᠶᠢᠨ ᠶᠡᠷᠦᠩᠬᠡᠶᠢᠯᠡᠭᠰᠡᠨ ᠵᠢᠭᠠᠨ ᠰᠣᠷᠭᠠᠯᠳᠠ ᠶᠢᠨ ᠠᠰᠠᠷ ᠢ ᠰᠢᠨ᠎ᠡ | ᠪᠠᠷ ᠪᠠᠶᠢᠭᠤᠯᠣᠨ᠎ᠠ᠃ ᠦᠢᠯᠡᠰ ᠪᠣᠰᠬᠠᠯᠳᠠ ᠪᠠᠷ ᠠᠵᠢᠯ ᠣᠯᠭᠤᠯᠳᠠ ᠶᠢ ᠠᠬᠢᠭᠤᠯᠬᠤ ᠡᠯ᠎ᠡ ᠲᠦᠷᠦᠯ ᠤᠨ ᠠᠷᠭ᠎ᠠ ᠬᠡᠮᠵᠢᠶ᠎ᠡ | ᠶᠢ ᠬᠢᠨᠠᠮᠠᠭᠠᠢ ᠨᠠᠶᠢᠳᠠᠪᠣᠷᠢᠵᠢᠭᠤᠯᠣᠨ᠂ ᠮᠠᠯᠵᠢᠬᠤ ᠲᠠᠷᠢᠶᠠᠯᠠᠬᠤ ᠣᠷᠣᠨ ᠤ ᠬᠦᠳᠡᠯᠮᠦᠷᠢ ᠬᠦᠴᠦ ᠬᠢᠬᠡᠳ ᠬᠤᠳᠠ ᠪᠠᠯᠭᠠᠰᠣᠨ | ᠤ ᠠᠵᠢᠯ ᠠᠯᠳᠠᠭᠰᠠᠳ ᠲᠤ ᠦᠷᠭᠡᠨ ᠴᠢᠯᠦᠬᠡᠳᠡᠢ ᠠᠵᠢᠯ ᠣᠯᠬᠤ ᠣᠷᠴᠢᠨ ᠬᠠᠩᠭᠠᠬᠤ ᠶᠢᠨ ᠣᠯᠠᠮ ᠠᠴᠠ ᠡᠨᠡ ᠵᠢᠯ | ᠨᠡᠶᠢᠳᠡ 7500 ᠠᠵᠢᠯ ᠤᠨ ᠪᠠᠶᠢᠷᠢ ᠴᠣᠭᠯᠠᠭᠤᠯᠣᠨ᠂ ᠬᠤᠳᠠ ᠪᠠᠯᠭᠠᠰᠣᠨ ᠤ ᠳᠠᠩᠰᠠᠯᠠᠭᠳᠠᠭᠰᠠᠨ ᠠᠵᠢᠯ ᠠᠯᠳᠠᠭᠰᠠᠳ ᠤᠨ | ᠨᠣᠷᠮ᠎ᠠ ᠶᠢ 3.9% ᠶᠢᠨ ᠲᠣᠳᠣᠷ᠎ᠠ ᠬᠢᠵᠠᠭᠠᠷᠯᠠᠬᠤ ᠪᠠᠷ ᠲᠦᠯᠦᠪᠯᠡᠵᠣ ᠪᠣᠢ᠃ ᠬᠤᠳᠠ ᠪᠠᠯᠭᠠᠰᠣᠨ ᠤ ᠠᠵᠢᠯᠳᠠᠳ ᠤᠨ | ᠣᠨᠴᠠᠭᠠᠢ ᠠᠷᠬᠠᠭ ᠡᠪᠡᠳᠴᠢᠨ ᠤ ᠡᠮᠴᠢᠯᠡᠬᠡᠨ ᠤ ᠳᠠᠭᠠᠳᠬᠠᠯ ᠤᠨ ᠠᠵᠢᠯ ᠢ ᠦᠷᠨᠢᠬᠦᠯᠵᠦ᠂ ᠡᠮᠴᠢᠯᠡᠬᠡᠨ ᠤ ᠰᠦᠢᠳᠬᠡᠯ | ᠬᠡᠳᠦ ᠦᠨᠳᠦᠷ ᠪᠠᠶᠢᠭ᠎ᠠ ᠪᠣᠳᠠᠳᠠᠢ ᠬᠦᠴᠢᠷᠳᠡᠯ ᠢ ᠬᠦᠩᠬᠡᠷᠡᠬᠦᠯᠦᠨ᠎ᠡ᠃ ᠮᠠᠯᠴᠢᠨ ᠲᠠᠷᠢᠶᠠᠴᠢᠨ ᠳᠤ ᠬᠡᠷᠡᠭᠯᠡᠭᠡᠨ ᠤ ᠮᠡᠷᠭᠡᠵᠢᠯ | ᠤᠨ ᠪᠣᠯᠪᠠᠰᠣᠷᠠᠯ ᠬᠢᠬᠦ ᠬᠦᠴᠤᠯᠡᠴᠨ ᠪᠠᠨ ᠨᠠᠮᠡᠭᠳᠡᠬᠦᠯᠬᠦ ᠶᠢᠨ ᠲᠠᠭᠠᠤ ᠲᠣᠮᠳᠠ ᠵᠢᠵᠢᠭ ᠠᠵᠣ ᠠᠬᠤᠶᠢᠯᠠᠯ ᠢ ᠵᠢᠯᠣᠭᠤᠳᠣᠨ | ᠳᠡᠳᠡᠨ ᠤ ᠮᠡᠷᠭᠡᠵᠢᠯ ᠤᠨ ᠰᠢᠨᠡᠴᠢᠯᠡᠯᠳᠡ ᠬᠢᠬᠦ ᠶᠢ ᠲᠡᠮᠵᠢᠵᠣ᠂ ᠰᠢᠨᠵᠢᠯᠡᠭᠡ ᠮᠡᠷᠬᠡᠵᠢᠯ ᠤᠨ ᠬᠡᠷᠡᠭᠯᠡᠭᠡᠨ ᠤ ᠲᠦᠪᠰᠢᠨ ᠢ ᠪᠦᠬᠦ | ᠲᠠᠯ᠎ᠠ ᠪᠠᠷ ᠳᠡᠭᠡᠭᠰᠢᠯᠡᠬᠦᠯᠦᠨ᠎ᠡ᠃ ᠰᠣᠶᠣᠯ ᠤᠨ ᠦᠢᠯᠡᠰ ᠢ ᠲᠦᠷᠭᠡᠨ ᠬᠦᠭᠵᠢᠬᠦᠯᠵᠦ᠂ ᠶᠣᠸᠠᠨ ᠤ ᠳᠡᠭᠡᠳᠦ ᠨᠡᠶᠢᠰᠯᠡᠯ ᠤᠨ | ᠪᠠᠭᠤᠷᠢ ᠶᠢᠨ ᠮᠦᠽᠧᠢ ᠶᠢᠨ ᠲᠤᠬᠢᠵᠢᠭᠤᠯᠤᠨ ᠴᠢᠮᠡᠬᠦ ᠠᠵᠢᠯ ᠢ ᠡᠨᠡ ᠵᠢᠯ ᠳᠠᠭᠤᠰᠬᠠᠨ᠂ ᠶᠣᠸᠠᠨ ᠤ ᠳᠡᠭᠡᠳᠦ ᠨᠡᠶᠢᠰᠯᠡᠯ — | ᠣᠯᠣᠰ ᠤᠨ ᠳᠡᠰ ᠤᠨ ᠰᠣᠶᠣᠯ ᠵᠢᠭᠤᠯᠴᠢᠯᠠᠯ ᠤᠨ ᠠᠵᠣ ᠦᠢᠯᠡᠰ ᠤᠨ ᠲᠣᠭᠤᠷᠢᠭ ᠪᠠᠶᠢᠭᠤᠯᠬᠤ ᠲᠦᠰᠦᠯ ᠤᠨ ᠲᠠᠯ᠎ᠠ ᠪᠠᠷ | ᠪᠣᠳᠠᠳᠣ ᠪᠦᠳᠤᠮᠵᠢ ᠣᠯᠬᠤ ᠪᠠᠷ ᠴᠢᠷᠮᠠᠶᠢᠨ᠎ᠠ᠃ ᠰᠣᠮᠣ ᠪᠠᠯᠭᠠᠰᠣ᠂ ᠭᠠᠴᠠᠭ᠎ᠠ ᠲᠣᠰᠬᠤᠨ ᠤ ᠰᠣᠶᠣᠯ ᠲᠦᠬᠡᠮᠡᠯᠵᠢᠬᠦᠯᠬᠦ | ᠴᠡᠭ ᠢ ᠳᠡᠬᠦᠯᠳᠡᠷᠵᠢᠬᠦᠯᠦᠨ᠎ᠡ᠃ ᠪᠦᠬᠦ ᠠᠷᠠᠳ ᠤᠨ ᠪᠡᠶ᠎ᠡ ᠴᠢᠬᠢᠷᠠᠭᠵᠢᠭᠤᠯᠬᠤ ᠠᠵᠢᠯᠯᠠᠭ᠎ᠠ ᠶᠢ ᠦᠷᠭᠡᠨ ᠢᠶᠠᠷ ᠦᠷᠨᠢᠬᠦᠯᠬᠦ | ᠪᠠ ᠨᠡᠶᠢᠭᠡᠮ ᠲᠣᠭᠤᠷᠢᠭ ᠤᠨ ᠡᠷᠡᠬᠦᠯ ᠬᠠᠮᠠᠭᠠᠯᠠᠯ ᠤᠨ ᠦᠢᠯᠡᠴᠢᠯᠡᠭᠡᠨ ᠤ ᠦᠷᠳᠡᠭᠡ ᠪᠠ ᠰᠣᠮᠣ ᠪᠠᠯᠭᠠᠰᠣᠨ ᠤ ᠡᠮᠨᠡᠯᠬᠡ ᠶᠢᠨ | ᠬᠤᠷᠢᠶ᠎ᠠ ᠶᠢᠨ ᠰᠠᠭᠤᠷᠢ ᠲᠦᠭᠦᠭᠡᠷᠦᠮᠵᠢ ᠶᠢᠨ ᠨᠦᠬᠦᠴᠡᠯ ᠢ ᠰᠠᠶᠢᠵᠢᠷᠠᠭᠤᠯᠣᠨ᠂ ᠡᠮ ᠡᠮᠨᠡᠯᠬᠡ ᠡᠷᠡᠬᠦᠯ ᠬᠠᠮᠠᠭᠠᠯᠠᠯ ᠤᠨ | ᠦᠢᠯᠡᠴᠢᠯᠡᠬᠡᠨ ᠤ ᠰᠢᠰᠲ᠋ᠧᠮ ᠢ ᠪᠠᠶᠢᠭᠤᠯᠣᠨ ᠳᠡᠭᠦᠯᠳᠡᠷᠵᠢᠬᠦᠯᠬᠦ ᠶᠢᠨ ᠤᠯᠠᠮ ᠠᠴᠠ ᠮᠠᠯᠴᠢᠨ ᠲᠠᠷᠢᠶᠠᠴᠢᠳ ᠤᠨ ᠦᠢᠷ᠎ᠠ | ᠲᠦᠰᠦᠷ ᠲᠤ ᠪᠠᠨ ᠡᠪᠡᠳᠴᠢᠨ ᠢᠶᠠᠨ ᠦᠵᠡᠬᠦᠯᠬᠦ ᠪᠤᠯᠤᠮᠵᠢ ᠪᠠᠭ᠎ᠠ ᠪᠠᠶᠢᠳᠠᠭ ᠠᠰᠠᠭᠤᠳᠠᠯ ᠢ ᠪᠦᠳᠦᠮᠵᠢᠳᠠᠢ ᠰᠢᠢᠳᠪᠦᠷᠢᠯᠡᠨ᠎ᠡ | ᠃ ᠬᠤᠰᠢᠭᠤ ᠮᠣᠩᠭᠤᠯ ᠡᠮᠨᠡᠯᠭᠡ ᠶᠢᠨ ᠬᠤᠷᠢᠶ᠎ᠠ᠂ ᠡᠬᠡ ᠨᠢᠯᠬᠠᠰ ᠤᠨ ᠡᠷᠡᠭᠦᠯ ᠢ ᠬᠠᠮᠠᠭᠠᠯᠠᠬᠤ ᠭᠠᠵᠠᠷ᠂ ᠬᠢᠵᠢᠭ ᠢ | ᠰᠡᠷᠬᠡᠶᠢᠯᠡᠬᠦ ᠲᠥᠪ᠂ ᠡᠷᠡᠭᠦᠯ ᠬᠠᠮᠠᠭᠠᠯᠠᠯ ᠤᠨ ᠬᠢᠨᠠᠯᠲᠠ ᠲᠠᠯᠪᠢᠬᠤ ᠰᠠᠯᠪᠦᠷᠢ ᠵᠡᠷᠭᠡ ᠪᠠᠷᠢᠯᠭ᠎ᠠ ᠶᠢᠨ ᠲᠦᠰᠦᠯ ᠢ | ᠲᠦᠷᠭᠡᠳᠬᠡᠨ ᠠᠬᠢᠭᠤᠯᠣᠨ᠎ᠠ᠃ ᠣᠯᠣᠰ ᠤᠨ ᠡᠵᠡᠩᠨᠡᠯᠳᠦ ᠲᠠᠷᠢᠶᠠᠯᠠᠩ ᠮᠠᠯᠵᠢᠯ ᠤᠨ ᠲᠠᠯᠠᠪᠠᠢ ᠶᠢᠨ ᠪᠠᠶᠢᠭᠤᠯᠣᠮᠵᠢ ᠶᠢᠨ | ᠦᠬᠡᠷᠡᠴᠢᠯᠡᠯᠳᠡ ᠶᠢ ᠣᠯᠠᠮ ᠨᠢᠬᠡ ᠠᠯᠬᠤᠮ ᠬᠦᠨᠵᠡᠭᠡᠶᠢᠷᠡᠬᠦᠯᠵᠦ᠂ ᠲᠠᠷᠢᠶᠠᠯᠠᠩ ᠮᠠᠯᠵᠢᠯ ᠤᠨ ᠲᠠᠯᠠᠪᠠᠢ ᠶᠢᠨ ᠨᠡᠶᠢᠬᠡᠮ ᠤᠨ | ᠡᠭᠦᠷᠭᠡ ᠴᠢᠳᠠᠮᠵᠢ ᠶᠢ ᠲᠤᠰ ᠲᠤᠨᠢ ᠰᠠᠯᠭᠠᠨ ᠰᠢᠯᠵᠢᠬᠦᠯᠬᠦ ᠠᠵᠢᠯ ᠢ ᠲᠦᠷᠭᠡᠳᠬᠡᠨ᠎ᠡ᠃ ᠬᠠᠪᠢᠷᠭ᠎ᠠ ᠪᠠᠯᠭᠠᠰᠣ᠂ ᠪᠣᠱᠣᠣᠳᠠᠢ | ᠰᠣᠮᠣ᠂ ᠵᠢᠭᠠᠰᠣᠳᠠᠢ ᠰᠣᠮᠣᠨ ᠤ ᠺᠠᠳ᠋ᠷ ᠠᠵᠢᠯᠳᠠᠨ ᠤ ᠪᠠᠶᠢᠷᠢ ᠪᠠ ᠬᠤᠭᠤᠯᠠᠨ ᠲᠠᠩᠬᠢᠮ ᠢ ᠪᠠᠶᠢᠭᠤᠯᠣᠨ᠎ᠠ᠃ ᠣᠶᠣᠨ ᠤ | ᠪᠣᠯᠪᠠᠰᠣᠨ ᠤ ᠪᠦᠳᠦᠭᠡᠨ ᠪᠠᠶᠢᠭᠤᠯᠣᠯᠳᠠ ᠶᠢ ᠴᠢᠩᠭᠠᠳᠬᠠᠵᠣ᠂ ᠨᠡᠶᠢᠬᠡᠮ ᠵᠢᠷᠣᠮ ᠤᠨ ᠢᠷᠠᠭᠤ ᠠᠯᠳᠠᠷ ᠢᠴᠢᠬᠦᠷᠢ | ᠭᠤᠳᠣᠮᠰᠢᠭ ᠤᠨ ᠦᠵᠡᠯᠳᠡ ᠶᠢ ᠪᠣᠢ ᠪᠣᠯᠭᠠᠨ᠂ ᠣᠯᠠᠨ ᠲᠦᠮᠡᠨᠴᠢ ᠴᠢᠨᠠᠷᠳᠠᠢ ᠣᠶᠣᠨ ᠤ ᠪᠣᠯᠪᠠᠰᠣᠨ ᠢ ᠡᠭᠦᠳᠬᠦ | ᠠᠵᠢᠯᠯᠠᠭ᠎ᠠ ᠶᠢ ᠦᠷᠭᠡᠨ ᠢᠶᠠᠷ ᠦᠷᠨᠢᠬᠦᠯᠵᠦ᠂ ᠡᠷᠡᠬᠦᠯ ᠪᠤᠯᠪᠠᠰᠤᠨ᠂ ᠦᠭᠡᠳᠡᠷᠡᠭ ᠲᠠᠪᠰᠢᠯᠳᠠ ᠲᠠᠢ ᠨᠡᠶᠢᠬᠡᠮ ᠤᠨ ᠠᠭᠤᠷ | ᠠᠮᠢᠰᠬᠤᠯ ᠢ ᠪᠣᠢ ᠪᠣᠯᠭᠠᠨ᠎ᠠ᠃ ᠤᠯᠤᠰ ᠠᠴᠠ ᠲᠦᠯᠦᠪᠤᠷᠢ ᠦᠭᠡᠢ ᠶᠠᠪᠤᠭᠤᠯᠵᠥ ᠪᠠᠶᠢᠭ᠎ᠠ ᠵᠢᠷᠮᠦᠰᠦᠯᠡᠬᠦ ᠠᠴᠠ ᠡᠮᠦᠨᠡᠬᠢ | ᠰᠢᠯᠢᠳᠡᠭ ᠲᠦᠷᠦᠯᠳᠠ ᠶᠢᠨ ᠪᠠᠶᠢᠴᠠᠭᠠᠯᠳᠠ ᠪᠠ ︽ᠨᠢᠬᠡ ᠴᠣᠮᠣ ᠰᠦ︾ ᠬᠠᠩᠭᠠᠬᠤ ᠲᠦᠰᠦᠯ ᠢ ᠢᠳᠡᠪᠬᠢᠳᠠᠢ | ᠶᠠᠪᠤᠭᠳᠠᠭᠤᠯᠤᠨ᠎ᠠ᠃ ᠣᠯᠣᠰ ᠤᠨ ᠪᠠᠳᠣᠯᠠᠨ ᠬᠠᠮᠠᠭᠠᠯᠠᠯᠳᠠ ᠶᠢᠨ ᠲᠠᠯ᠎ᠠ ᠪᠠᠷ ᠬᠢ ᠣᠬᠠᠭᠠᠣᠯᠭᠠ ᠬᠦᠮᠦᠵᠢᠯ ᠢ ᠴᠢᠩᠭᠠᠳᠬᠠᠨ | ᠂ ︽ᠬᠤᠶᠠᠷ ᠢ ᠬᠦᠷᠢᠶᠡᠯᠡᠬᠦ︾ ᠠᠵᠢᠯ ᠢ ᠰᠠᠶᠢᠳᠣᠷ ᠪᠡᠶᠡᠯᠡᠬᠦᠯᠬᠦ ᠶᠢᠨ ᠬᠠᠮᠳᠣ ᠠᠷᠠᠳ ᠤᠨ ᠠᠭᠠᠷ ᠤᠨ ᠰᠡᠷᠭᠡᠶᠢᠯᠡᠯᠳᠡ ᠶᠢᠨ | ᠠᠵᠢᠯ ᠤᠨ ᠬᠦᠭᠵᠢᠯᠳᠡ ᠶᠢ ᠲᠦᠯᠬᠢᠨ ᠠᠬᠢᠭᠤᠯᠣᠨ᠎ᠠ᠃ ᠱᠠᠰᠢᠨ ᠰᠣᠷᠳᠠᠬᠤᠨ ᠤ ᠠᠵᠢᠯᠯᠠᠭᠠᠨ ᠤ ᠳᠠᠯᠠᠪᠣᠷ ᠤᠨ | ᠬᠠᠮᠢᠶᠠᠷᠣᠯᠳᠠ ᠶᠢ ᠴᠢᠩᠭᠠᠳᠬᠠᠨ᠎ᠠ᠃ ᠲᠤᠭ᠎ᠠ ᠪᠦᠷᠢᠳᠭᠡᠯ᠂ ᠣᠷᠣᠨ ᠲᠤᠭ᠎ᠠ᠂ ᠵᠡᠮᠳᠡᠭᠴᠣᠣᠯ ᠤᠨ ᠬᠤᠯᠪᠣᠭ᠎ᠠ᠂ ᠭᠠᠯ | ᠰᠡᠷᠬᠡᠶᠢᠯᠡᠯᠳᠡ᠂ ᠳᠠᠩᠰᠠ ᠡᠪᠬᠢᠮᠠᠯ ᠵᠡᠷᠭᠡ ᠠᠵᠢᠯ ᠢ ᠦᠷᠬᠦᠯᠵᠢᠯᠡᠨ ᠰᠠᠶᠢᠳᠣᠷ ᠬᠢᠵᠣ᠂ ᠡᠯ᠎ᠡ ᠲᠦᠷᠦᠯ ᠤᠨ ᠠᠵᠢᠯ ᠦᠢᠯᠡᠰ | ᠤᠨ ᠪᠦᠬᠦ ᠲᠠᠯ᠎ᠠ ᠪᠠᠷ ᠲᠠᠪᠰᠢᠬᠤ ᠶᠢ ᠠᠬᠢᠭᠤᠯᠣᠨ᠎ᠠ᠃ | — — ᠳᠡᠯᠡᠬᠡᠢ ᠶᠢᠨ ᠰᠣᠶᠣᠯ ᠤᠨ ᠦᠪ ᠢ ᠬᠠᠮᠢᠶᠠᠷᠴᠤ ᠬᠠᠮᠠᠭᠠᠯᠠᠨ ᠠᠰᠢᠭᠯᠠᠬᠤ ᠲᠠᠯ᠎ᠠ ᠪᠠᠷ᠄ ᠬᠠᠮᠠᠭᠠᠯᠠᠯᠳᠠ | ᠪᠤᠯᠤᠨ ᠠᠰᠢᠭᠯᠠᠯᠳᠠ ᠶᠢᠨ ᠬᠠᠷᠢᠴᠠᠭ᠎ᠠ᠂ ᠠᠵᠣ ᠠᠬᠤᠢ ᠶᠢᠨ ᠦᠷ᠎ᠡ ᠠᠰᠢᠭ ᠪᠠ ᠨᠡᠶᠢᠬᠡᠮ ᠤᠨ ᠦᠷ᠎ᠡ ᠠᠰᠢᠭ ᠤᠨ | ᠬᠠᠷᠢᠴᠠᠭ᠎ᠠ ᠶᠢ ᠵᠦᠪ ᠰᠢᠢᠳᠪᠦᠷᠢᠯᠡᠵᠣ᠂ ᠶᠣᠸᠠᠨ ᠤ ᠳᠡᠭᠡᠳᠦ ᠨᠡᠶᠢᠰᠯᠡᠯ ᠤᠨ ᠪᠠᠭᠤᠷᠢ ᠶᠢᠨ ᠬᠠᠮᠠᠭᠠᠯᠠᠯᠳᠠ ᠬᠠᠮᠢᠶᠠᠷᠣᠯᠳᠠ | ᠶᠢᠨ ᠲᠦᠯᠦᠪᠵᠢᠬᠦᠯᠬᠡ ᠶᠢ ᠳᠡᠭᠦᠯᠳᠡᠷᠵᠢᠬᠦᠯᠦᠨ᠂ ᠶᠣᠸᠠᠨ ᠤ ᠳᠡᠭᠡᠳᠦ ᠨᠡᠶᠢᠰᠯᠡᠯ ᠤᠨ ᠪᠠᠭᠤᠷᠢ ᠶᠢᠨ ᠡᠯ᠎ᠡ ᠲᠦᠷᠦᠯ ᠤᠨ | ᠬᠠᠮᠢᠶᠠᠷᠣᠯᠳᠠ ᠶᠢᠨ ᠠᠷᠭ᠎ᠠ ᠶᠢ ᠴᠢᠩᠭ᠎ᠠ ᠨᠠᠶᠢᠳᠠᠪᠣᠷᠢᠵᠢᠭᠤᠯᠣᠨ ᠳᠡᠯᠡᠬᠡᠢ ᠶᠢᠨ ᠦᠪ ᠢ ᠬᠠᠮᠠᠭᠠᠯᠠᠬᠤ ᠪᠠ ᠤᠷᠳᠤ ᠤᠳᠠᠭᠠᠨ | ᠠᠰᠢᠭᠯᠠᠬᠤ ᠵᠤᠬᠢᠴᠠᠩᠭᠤᠢ ᠬᠦᠭᠵᠢᠯᠳᠡ ᠶᠢ ᠪᠠᠶᠡᠯᠡᠬᠦᠯᠦᠨ᠎ᠡ᠃ ᠪᠠᠶᠢᠭᠤᠯᠣᠮᠵᠢ ᠪᠠᠨ ᠦᠷᠭᠡᠳᠭᠡᠨ᠂ ᠡᠯ᠎ᠡ ᠲᠦᠷᠦᠯ ᠤᠨ | ᠲᠦᠷᠢᠮ ᠲᠣᠭᠳᠠᠭᠠᠯ ᠢ ᠳᠡᠭᠦᠯᠳᠡᠷᠵᠢᠬᠦᠯᠵᠦ᠂ ᠬᠠᠮᠠᠭᠠᠯᠠᠯᠳᠠ ᠶᠢᠨ ᠪᠡᠯᠨ ᠮᠦᠩᠬᠦ ᠶᠢ ᠣᠯᠠᠨ ᠠᠷᠭ᠎ᠠ ᠵᠠᠮ ᠢᠶᠠᠷ ᠲᠡᠮᠡᠴᠡᠨ | ᠤᠯᠬᠤ ᠶᠢᠨ ᠬᠠᠮᠳᠤ ᠦᠢᠯᠡᠴᠢᠯᠡᠭᠡᠨ ᠤ ᠲᠦᠭᠦᠭᠡᠷᠦᠮᠵᠢ ᠶᠢ ᠰᠢᠯᠢᠳᠡᠭᠵᠢᠬᠦᠯᠦᠨ ᠪᠦᠷᠢᠨᠰᠢᠬᠦᠯᠵᠥ᠂ ᠬᠠᠮᠢᠶᠠᠷᠣᠯᠳᠠ ᠶᠢᠨ | ᠲᠦᠪᠰᠢᠨ ᠢ ᠳᠡᠭᠡᠭᠰᠢᠯᠡᠬᠦᠯᠵᠣ᠂ ᠳᠡᠯᠡᠬᠡᠢ ᠶᠢᠨ ᠰᠣᠶᠣᠯ ᠤᠨ ᠦᠪ ᠤᠨ ᠬᠠᠮᠠᠭᠠᠯᠠᠯᠳᠠ ᠬᠠᠮᠢᠶᠠᠷᠣᠯᠳᠠ ᠶᠢᠨ ᠠᠵᠢᠯ ᠢ ᠪᠦᠬᠦ | ᠲᠠᠯ᠎ᠠ ᠪᠠᠷ ᠰᠠᠶᠢᠵᠢᠷᠠᠭᠤᠯᠣᠨ᠎ᠠ᠃ | — — ᠡᠳ᠋ ᠤᠨ ᠵᠠᠰᠠᠭ ᠭᠠᠶᠢᠯᠢ ᠶᠢᠨ ᠠᠵᠢᠯ ᠤᠨ ᠲᠠᠯ᠎ᠠ ᠪᠠᠷ᠄ ᠬᠢᠮᠠᠭᠠᠳᠠᠵᠣ ᠭᠠᠮᠨᠠᠬᠤ ᠦᠵᠡᠯ ᠰᠠᠨᠠᠭ᠎ᠠ ᠶᠢ ᠪᠣᠢ | ᠪᠣᠯᠭᠠᠨ ᠡᠳ᠋ ᠤᠨ ᠵᠠᠰᠠᠭ ᠤᠨ ᠲᠦᠰᠦᠪ ᠤᠨ ᠬᠡᠷᠡᠭᠵᠢᠬᠦᠯᠦᠯᠳᠡ ᠪᠠ ᠡᠳ᠋ ᠤᠨ ᠵᠠᠰᠠᠭ ᠤᠨ ᠣᠷᠣᠯᠭ᠎ᠠ ᠵᠠᠷᠣᠯᠭ᠎ᠠ ᠶᠢᠨ | ᠠᠵᠢᠯᠯᠠᠭ᠎ᠠ ᠶᠢ ᠲᠦᠷᠢᠮᠵᠢᠬᠦᠯᠵᠦ᠂ ᠶᠡᠷᠦᠳᠡ ᠶᠢᠨ ᠴᠢᠨᠠᠷᠳᠠᠢ ᠵᠠᠷᠣᠳᠠᠯ ᠪᠠ ᠵᠠᠰᠠᠭ ᠵᠠᠬᠢᠷᠭᠠᠨ ᠤ ᠴᠢᠨᠠᠷᠳᠠᠢ ᠵᠠᠷᠣᠳᠠᠯ ᠢ | ᠴᠢᠩᠭ᠎ᠠ ᠡᠵᠡᠮᠳᠡᠨ᠂ ᠮᠠᠯ ᠲᠠᠷᠢᠶᠠᠯᠠᠩ ᠤᠨ ᠬᠠᠷᠠᠭᠠᠯᠵᠠᠯ ᠤᠨ ᠲᠦᠰᠤᠯ ᠪᠠ ᠠᠷᠠᠳ ᠤᠨ ᠠᠮᠢᠳᠣᠷᠠᠯ ᠤᠨ ᠢᠨᠵᠧᠨᠧᠷᠢᠩ | ᠳᠠᠬᠢ ᠬᠦᠷᠤᠩᠭᠡ ᠣᠷᠣᠭᠤᠯᠣᠯᠳᠠ ᠶᠢᠨ ᠬᠦᠴᠦᠯᠡᠴᠡ ᠪᠠᠨ ᠨᠡᠮᠡᠭᠳᠡᠬᠦᠯᠵᠣ᠂ ᠡᠳ᠋ ᠤᠨ ᠬᠦᠴᠦᠨ ᠢᠶᠠᠨ ᠲᠦᠪᠯᠡᠷᠡᠬᠦᠯᠦᠨ | ᠠᠷᠠᠳ ᠤᠨ ᠲᠦᠯᠦᠬᠡ ᠪᠣᠳᠠᠳᠣ ᠶᠠᠪᠣᠳᠠᠯ ᠬᠢᠨ᠎ᠡ᠃ ᠡᠳ᠋ ᠤᠨ ᠵᠠᠰᠠᠭ ᠤᠨ ᠬᠠᠮᠢᠶᠠᠷᠣᠯᠳᠠ ᠶᠢᠨ ᠪᠠᠶᠢᠭᠤᠯᠣᠮᠵᠢ ᠶᠢᠨ | ᠦᠬᠡᠷᠡᠴᠢᠯᠡᠯᠳᠡ ᠶᠢ ᠬᠦᠨᠵᠡᠭᠡᠶᠢᠷᠡᠬᠦᠯᠦᠨ᠂ ᠰᠠᠯᠠᠭ᠎ᠠ ᠮᠦᠴᠢᠷ ᠤᠨ ᠶᠡᠷᠦᠩᠬᠡᠶᠢᠯᠡᠭᠰᠡᠨ ᠲᠦᠰᠦᠪ ᠪᠠ ᠣᠯᠣᠰ ᠤᠨ ᠬᠦᠮᠦᠷᠭᠡ | ᠠᠴᠠ ᠲᠦᠪᠯᠡᠷᠡᠭᠦᠯᠦᠨ ᠣᠯᠭᠤᠬᠤ ᠲᠦᠷᠢᠮ ᠢ ᠲᠣᠭᠳᠠᠭᠠᠨ ᠳᠡᠭᠦᠯᠳᠡᠷᠵᠢᠬᠦᠯᠬᠦ ᠶᠢᠨ ᠣᠯᠠᠮ ᠠᠴᠠ ᠲᠣᠰᠬᠠᠢ ᠲᠦᠷᠦᠯ ᠤᠨ | ᠪᠡᠯᠨ ᠮᠦᠩᠬᠦᠨ ᠤ ᠬᠠᠮᠢᠶᠠᠷᠣᠯᠳᠠ ᠶᠢ ᠣᠯᠠᠮ ᠨᠢᠬᠡ ᠠᠯᠬᠤᠮ ᠴᠢᠩᠭᠠᠳᠬᠠᠨ᠂ ᠪᠡᠯᠨ ᠮᠦᠩᠬᠦᠨ ᠤ ᠭᠡᠷᠡᠭᠯᠡᠭᠡᠨ ᠤ ᠠᠶᠣᠯᠬᠦᠢ | ᠪᠠᠰᠠ ᠲᠦᠷᠢᠮᠵᠢᠯ ᠲᠠᠢ ᠪᠠᠶᠢᠬᠤ ᠶᠢ ᠦᠨᠡᠨᠬᠦ ᠪᠠᠳᠣᠯᠠᠨ᠎ᠠ᠃ ︽ᠣᠶᠣᠳᠣ ᠺᠠᠷᠲ︾ ᠤᠨ ᠬᠠᠮᠢᠶᠠᠷᠣᠯᠳᠠ ᠶᠢ ᠴᠢᠩᠭᠠᠳᠬᠠᠨ᠂ | ᠮᠠᠯ ᠲᠠᠷᠢᠶᠠᠯᠠᠩ ᠤᠨ ᠡᠯ᠎ᠡ ᠲᠦᠷᠦᠯ ᠤᠨ ᠬᠠᠷᠠᠭᠠᠯᠵᠠᠯ ᠤᠨ ᠪᠡᠯᠨ ᠮᠦᠩᠬᠦ ᠶᠢ ᠴᠠᠭ ᠲᠣᠬᠠᠢ ᠳᠤᠨᠢ ᠲᠤᠭ᠎ᠠ ᠶᠣᠰᠣᠭᠠᠷ | ᠬᠤᠪᠢᠶᠠᠷᠢᠯᠠᠬᠤ ᠶᠢ ᠦᠨᠡᠨᠬᠦ ᠪᠠᠳᠣᠯᠠᠨ᠎ᠠ᠃ ᠮᠦᠩᠬᠦᠨ ᠬᠦᠢᠯᠬᠡᠬᠡᠨ ᠤ ᠦᠢᠯᠡᠴᠢᠯᠡᠭᠡ ᠶᠢ ᠰᠢᠨᠡᠳᠬᠡᠨ᠂ ︽ᠭᠠᠴᠠᠭ᠎ᠠ | ᠪᠠᠯᠭᠠᠰᠣᠨ ᠤ ᠪᠠᠩᠬᠢ︾ ᠵᠡᠷᠭᠡ ᠰᠢᠨ᠎ᠡ ᠪᠠᠷ ᠪᠠᠶᠢᠭᠤᠯᠣᠭᠰᠠᠨ ᠮᠦᠩᠬᠦᠨ ᠬᠦᠢᠯᠬᠡᠬᠡᠨ ᠤ ᠪᠠᠶᠢᠭᠤᠯᠣᠮᠵᠢ ᠶᠢ ᠲᠡᠮᠵᠢᠵᠣ᠂ | ᠨᠡᠩ ᠣᠯᠠᠨ ᠪᠡᠯᠨ ᠮᠦᠩᠬᠦ ᠶᠢ ᠳᠠᠳᠠᠨ ᠮᠠᠨ ᠤ ᠬᠤᠰᠢᠭᠤᠨ ᠤ ᠠᠵᠣ ᠠᠬᠤᠢ ᠨᠡᠶᠢᠬᠡᠮ ᠤᠨ ᠬᠦᠭᠵᠢᠯᠳᠡ ᠳᠤ | ᠣᠷᠣᠯᠴᠠᠭᠤᠯᠣᠨ᠎ᠠ᠃ | — — ᠨᠡᠶᠢᠭᠡᠮ ᠤᠨ ᠬᠠᠮᠢᠶᠠᠷᠣᠯᠲᠠ ᠶᠢ ᠰᠢᠨᠡᠴᠢᠯᠡᠬᠦ ᠲᠠᠯ᠎ᠠ ᠪᠠᠷ᠄ ᠨᠡᠶᠢᠬᠡᠮ ᠤᠨ ᠲᠣᠭᠳᠠᠭᠤᠨ ᠤ ᠠᠶᠣᠯ | ᠲᠦᠭᠰᠢᠬᠦᠷᠢ ᠶᠢ ᠦᠨᠡᠯᠡᠨ ᠲᠣᠭᠳᠠᠭᠠᠬᠤ ᠲᠦᠷᠢᠮ ᠢ ᠣᠯᠠᠮ ᠨᠢᠬᠡ ᠠᠯᠬᠤᠮ ᠳᠡᠭᠦᠯᠳᠡᠷᠵᠢᠬᠦᠯᠵᠦ᠂ ᠨᠡᠶᠢᠬᠡᠮ ᠤᠨ ᠵᠦᠷᠢᠴᠡᠯ | ᠢ ᠣᠭ ᠦᠨᠳᠦᠰᠦᠨ ᠠᠴᠠ ᠨᠢ ᠰᠡᠷᠡᠮᠵᠢᠯᠡᠨ ᠪᠠᠭᠠᠰᠬᠠᠨ᠎ᠠ᠃ ᠵᠠᠬᠢᠳᠠᠯ ᠰᠣᠷᠪᠣᠯᠵᠢᠯᠠᠭ᠎ᠠ ᠶᠢᠨ ᠠᠵᠢᠯ ᠪᠠ ᠲᠣᠭᠳᠠᠭᠤᠨ ᠢ | ᠬᠠᠮᠠᠭᠠᠯᠠᠬᠤ ᠠᠵᠢᠯ ᠢ ᠦᠨᠡᠨᠬᠦ ᠰᠠᠶᠢᠳᠣᠷ ᠠᠳᠬᠤᠨ ᠠᠷᠠᠳ ᠣᠯᠠᠨ ᠤ ᠰᠠᠨᠠᠯ ᠪᠤᠳᠤᠯ ᠢᠶᠠᠨ ᠢᠯᠡᠳᠬᠡᠬᠦ ᠠᠷᠭ᠎ᠠ ᠵᠠᠮ ᠢ | ᠣᠯᠠᠮ ᠰᠢᠯᠣᠭᠤᠳᠬᠠᠵᠣ᠂ ᠣᠳᠣᠷᠢᠳᠬᠤ ᠺᠠᠳ᠋ᠷ ᠠᠴᠠ ᠬᠡᠷᠡᠭ ᠲᠠᠭᠠᠭᠠᠴᠢᠯᠠᠬᠤ ᠪᠠ ᠵᠠᠬᠢᠳᠠᠯ ᠰᠣᠷᠪᠣᠯᠵᠢᠯᠠᠭ᠎ᠠ ᠬᠦᠯᠢᠶᠡᠨ | ᠠᠪᠬᠤ ᠠᠵᠢᠯ ᠤᠨ ᠲᠦᠷᠢᠮ ᠢ ᠬᠢᠨᠠᠮᠠᠭᠠᠢ ᠨᠠᠶᠢᠳᠠᠪᠣᠷᠢᠵᠢᠭᠤᠯᠣᠨ᠎ᠠ᠃ ᠭᠡᠨᠡᠳᠳᠡ ᠶᠢᠨ ᠬᠡᠷᠡᠭ ᠣᠴᠢᠷ ᠢ ᠠᠷᠭᠠᠴᠠᠭᠠᠬᠤ | ᠲᠦᠷᠢᠮ ᠲᠤᠭᠳᠠᠯᠴᠠᠭ᠎ᠠ ᠶᠢ ᠲᠡᠭᠦᠯᠳᠡᠷᠵᠢᠭᠦᠯᠵᠦ᠂ ᠬᠡᠷᠡᠭ ᠶᠠᠪᠣᠳᠠᠯ ᠰᠢᠢᠳᠪᠦᠷᠢᠯᠡᠬᠦ ᠦᠢᠯᠨ ᠠᠵᠢᠯᠯᠠᠭ᠎ᠠ ᠪᠠᠨ | ᠲᠦᠷᠢᠮᠵᠢᠬᠦᠯᠦᠨ᠂ ᠭᠡᠨᠡᠳᠳᠡ ᠶᠢᠨ ᠬᠡᠷᠡᠭ ᠢ ᠣᠷᠢᠳᠴᠢᠯᠠᠨ ᠰᠡᠷᠭᠡᠶᠢᠯᠡᠬᠦ ᠪᠠ ᠠᠰᠠᠭᠤᠳᠠᠯ ᠰᠢᠢᠳᠪᠦᠷᠢᠯᠡᠬᠦ ᠴᠢᠳᠠᠪᠣᠷᠢ ᠪᠠᠨ | ᠳᠡᠭᠡᠭᠰᠢᠯᠡᠬᠦᠯᠦᠨ᠎ᠡ᠃ ᠭᠠᠢ ᠭᠠᠮᠰᠢᠭ ᠢ ᠤᠷᠢᠳᠴᠢᠯᠡᠨ ᠮᠡᠳᠡᠭᠡᠯᠡᠬᠦ ᠠᠵᠢᠯ ᠢ ᠦᠨᠡᠨᠬᠦ ᠰᠠᠶᠢᠳᠣᠷ ᠬᠢᠵᠣ᠂ ᠪᠠᠶᠢᠭᠠᠯᠢ ᠶᠢᠨ | ᠭᠠᠢ ᠭᠠᠮᠰᠢᠭ ᠢ ᠰᠡᠷᠭᠡᠶᠢᠯᠡᠬᠦ ᠪᠠ ᠭᠠᠮᠰᠢᠭᠳᠠᠯ ᠠᠴᠠ ᠵᠠᠶᠢᠯᠠᠬᠤ ᠴᠢᠳᠠᠪᠤᠷᠢ ᠪᠠᠨ ᠳᠡᠭᠡᠭᠰᠢᠯᠡᠬᠦᠯᠦᠨ᠎ᠡ᠃ ᠨᠡᠶᠢᠬᠡᠮ ᠤᠨ ᠠᠮᠣᠷ | ᠢ ᠬᠠᠮᠠᠭᠠᠯᠠᠬᠤ ᠰᠡᠷᠭᠡᠶᠢᠯᠡᠨ ᠡᠵᠡᠮᠰᠢᠯᠳᠡ ᠶᠢᠨ ᠰᠢᠰᠲ᠋ᠧᠮ ᠤᠨ ᠪᠦᠳᠦᠭᠡᠨ ᠪᠠᠶᠢᠭᠤᠯᠣᠯᠳᠠ ᠶᠢ ᠨᠡᠮᠡᠭᠳᠡᠬᠦᠯᠦᠨ᠂ ︽ᠵᠠᠪᠬᠠᠢ | ᠠᠵᠢᠯᠯᠠᠭ᠎ᠠ᠂ ᠮᠦᠷᠦᠢ ᠴᠡᠩᠭᠡᠬᠦᠨ᠂ ᠬᠤᠣᠷ ᠰᠠᠷᠢᠭᠠᠯᠠᠬᠤ︾ ᠵᠡᠷᠭᠡ ᠬᠠᠣᠯᠢ ᠪᠣᠰᠣ ᠠᠵᠢᠯᠯᠠᠭ᠎ᠠ ᠳᠤ ᠡᠷᠡᠰ ᠲᠠᠰᠤᠷᠬᠠᠢ | ᠠᠷᠭ᠎ᠠ ᠭᠡᠮᠵᠢᠶ᠎ᠡ ᠠᠪᠤᠨ᠎ᠠ᠃ ᠠᠶᠣᠯᠬᠦᠢ ᠦᠢᠯᠡᠳᠪᠦᠷᠢᠯᠡᠯ ᠢ ᠪᠠᠳᠤᠯᠠᠬᠤ ᠬᠠᠷᠢᠭᠤᠴᠠᠯᠭ᠎ᠠ ᠶᠢᠨ ᠲᠦᠷᠢᠮ ᠢ ᠣᠯᠠᠮ ᠨᠢᠬᠡ | ᠠᠯᠬᠤᠮ ᠨᠠᠶᠢᠳᠠᠪᠣᠷᠢᠵᠢᠭᠤᠯᠣᠨ᠂ ᠢᠳᠡᠭᠡᠨ ᠤ ᠪᠠ ᠡᠮ ᠤᠨ ᠵᠦᠢᠯ ᠤᠨ ᠶᠠᠰᠣ ᠴᠢᠨᠠᠷ ᠤᠨ ᠬᠢᠨᠠᠨ ᠬᠠᠮᠢᠶᠠᠷᠣᠯᠲᠠ ᠶᠢ | ᠴᠢᠩᠭᠠᠳᠬᠠᠵᠦ᠂ ᠠᠮᠣᠷ ᠲᠦᠪᠰᠢᠨ ᠤ ᠲᠠᠯ᠎ᠠ ᠪᠠᠷ ᠬᠦᠨᠳᠤ ᠭᠡᠴᠡᠬᠦᠤ ᠣᠰᠣᠯ ᠠᠳᠡᠯ ᠡᠬᠦᠰᠬᠦ ᠦᠬᠡᠢ ᠪᠠᠶᠢᠬᠤ ᠶᠢ ᠦᠨᠡᠨᠬᠦ | ᠪᠠᠲᠣᠯᠠᠨ᠎ᠠ᠃ | — — ᠵᠠᠰᠠᠭ ᠤᠨ ᠣᠷᠳᠣᠨ ᠤ ᠲᠣᠰ ᠪᠡᠶ᠎ᠡ ᠶᠢᠨ ᠪᠦᠲᠦᠭᠡᠨ ᠪᠠᠶᠢᠭᠤᠯᠣᠯᠲᠠ ᠶᠢᠨ ᠲᠠᠯ᠎ᠠ ᠪᠠᠷ᠄ ᠨᠢᠭᠡ ᠳᠤ᠂ | ᠠᠷᠠᠳᠴᠢᠯᠠᠯᠲᠦ ᠬᠠᠣᠯᠢ ᠶᠤᠰᠤᠳᠤ ᠵᠠᠰᠠᠭ ᠤᠨ ᠣᠷᠳᠣᠨ ᠢ ᠪᠠᠶᠢᠭᠤᠯᠬᠤ ᠠᠵᠢᠯ ᠢ ᠦᠨᠡᠨᠬᠦ ᠴᠢᠩᠭᠠᠳᠬᠠᠨ᠂ ᠴᠢᠬᠤᠯᠨ ᠶᠡᠭᠡ | ᠬᠡᠷᠡᠭ ᠣᠴᠢᠷ ᠢ ᠬᠠᠮᠳᠣ ᠪᠠᠷ ᠵᠦᠪᠯᠡᠨ ᠲᠣᠭᠳᠠᠭᠠᠬᠤ ᠶᠢ ᠪᠠᠷᠢᠮᠳᠠᠯᠠᠨ᠂ ᠣᠯᠠᠨ ᠲᠦᠮᠡᠨ ᠣᠷᠣᠯᠴᠠᠬᠤ᠂ ᠨᠡᠶᠢᠬᠡᠮ ᠳᠤ | ᠨᠡᠶᠢᠳᠡᠯᠡᠬᠦ ᠪᠠ ᠬᠡᠷᠡᠴᠢᠯᠡᠯᠳᠡ ᠰᠣᠨᠣᠰᠬᠤ ᠵᠡᠷᠭᠡ ᠲᠦᠷᠢᠮ ᠢ ᠳᠡᠭᠦᠯᠳᠡᠷᠵᠢᠬᠦᠯᠵᠦ᠂ ᠠᠷᠠᠳ ᠤᠨ ᠲᠥᠯᠥᠭᠡᠯᠡᠭᠴᠢᠳ ᠤᠨ | ᠶᠡᠭᠡ ᠬᠤᠷᠠᠯ ᠤᠨ ᠪᠠᠶᠢᠩᠭᠤ ᠶᠢᠨ ᠬᠤᠷᠢᠶᠠᠨ ᠤ ᠬᠢᠨᠠᠯᠲᠠ ᠶᠢ ᠬᠠᠣᠯᠢ ᠶᠣᠰᠣᠭᠠᠷ ᠬᠦᠯᠢᠶᠡᠨ᠂ ᠣᠯᠣᠰ ᠲᠥᠷᠥ ᠶᠢᠨ | ᠵᠥᠪᠯᠡᠯᠭᠡᠨ ᠤ ᠠᠷᠠᠳᠴᠢᠯᠠᠯᠲᠦ ᠬᠢᠨᠠᠯᠲᠠ ᠶᠢ ᠣᠬᠠᠮᠰᠠᠷ ᠠᠴᠠ ᠪᠠᠨ ᠬᠦᠯᠢᠶᠡᠬᠦ ᠶᠢᠨ ᠬᠠᠮᠳᠤ ᠠᠷᠠᠳ ᠤᠨ ᠲᠦᠯᠦᠬᠡᠯᠡᠭᠴᠢᠳ | ᠤᠨ ᠶᠡᠭᠡ ᠬᠤᠷᠠᠯ ᠤᠨ ᠲᠦᠯᠦᠭᠡᠯᠡᠭᠴᠢᠳ ᠤᠨ ᠰᠠᠨᠠᠯ ᠵᠦᠪᠯᠡᠯᠭᠡ ᠪᠠ ᠣᠯᠣᠰ ᠲᠦᠷᠦ ᠶᠢᠨ ᠵᠦᠪᠯᠡᠯᠬᠡᠨ ᠤ ᠬᠡᠰᠢᠬᠦᠳ ᠤᠨ | ᠰᠠᠨᠠᠯ ᠢ ᠰᠢᠢᠳᠪᠦᠷᠢᠯᠡᠬᠦ ᠠᠵᠢᠯ ᠢ ᠰᠠᠶᠢᠳᠣᠷ ᠠᠳᠬᠤᠨ᠎ᠠ᠃ ᠬᠤᠶᠠᠷ ᠲᠤ᠂ ︽ᠠᠵᠢᠯ ᠤᠨ ᠬᠡᠪ ᠰᠣᠷᠳᠠᠯ ᠢᠶᠠᠨ ᠬᠠᠯᠠᠨ | ᠰᠠᠶᠢᠵᠢᠷᠠᠭᠤᠯᠵᠤ᠂ ᠣᠯᠠᠨ ᠲᠦᠮᠡᠨ ᠲᠠᠢ ᠨᠢᠭᠳᠠ ᠬᠠᠷᠢᠯᠴᠠᠬᠤ︾ ᠨᠠᠢᠮᠠᠨ ᠵᠣᠷᠪᠣᠰ ᠲᠣᠭᠳᠠᠭᠠᠯ ᠢ ᠴᠢᠩᠭ᠎ᠠ | ᠨᠠᠶᠢᠳᠠᠪᠣᠷᠢᠵᠢᠭᠤᠯᠵᠣ᠂ ᠦᠨᠳᠦᠰᠦᠨ ᠱᠠᠳᠣᠨ ᠳᠤ ᠪᠠᠶᠢᠩᠭᠤ ᠬᠦᠨᠵᠡᠭᠡᠶᠢᠷᠡᠨ ᠪᠠᠶᠢᠴᠠᠭᠠᠨ ᠰᠣᠳᠣᠯᠣᠯᠳᠠ ᠬᠢᠵᠣ᠂ ᠣᠯᠠᠨ | ᠲᠦᠮᠡᠨ ᠲᠠᠢ ᠨᠢᠭᠳᠠ ᠬᠠᠷᠢᠯᠴᠠᠨ᠂ ᠪᠣᠳᠠᠳᠠᠢ ᠠᠰᠠᠭᠤᠳᠠᠯ ᠢ ᠦᠨᠡᠨᠬᠦ ᠰᠢᠢᠳᠪᠦᠷᠢᠯᠡᠨ᠎ᠡ᠃ ᠵᠠᠷᠢᠮ ᠨᠢᠭᠡ ᠰᠠᠯᠠᠭ᠎ᠠ ᠮᠦᠴᠢᠷ | ᠤᠨ ᠠᠵᠢᠯ ᠤᠨ ᠭᠡᠪ ᠰᠣᠷᠳᠠᠯ ᠨᠠᠵᠠᠭᠠᠢ᠂ ᠦᠷ᠎ᠡ ᠪᠦᠳᠦᠮᠵᠢ ᠪᠠᠷ ᠳᠣᠣᠷ᠎ᠠ᠂ ᠦᠢᠯᠡᠴᠢᠯᠡᠭᠡ ᠠᠨᠠᠢ᠂ ᠠᠪᠯᠢᠭᠠᠯ ᠤᠨ | ᠠᠰᠠᠭᠤᠳᠠᠯ ᠲᠠᠢ ᠪᠠᠶᠢᠭ᠎ᠠ ᠪᠠᠶᠢᠳᠠᠯ ᠢ ᠴᠢᠩᠭ᠎ᠠ ᠰᠢᠢᠳᠪᠦᠷᠢᠯᠡᠨ᠎ᠡ᠃ ᠭᠤᠷᠪᠠ ᠳᠤ᠂ ᠢᠯᠵᠠᠷᠠᠯ ᠢ ᠰᠡᠷᠭᠡᠶᠢᠯᠡᠬᠦ ᠵᠢᠴᠢ | ᠵᠠᠯᠬᠠᠭᠠᠨ ᠰᠢᠢᠳᠭᠡᠬᠦ ᠰᠢᠰᠲ᠋ᠧᠮ ᠤᠨ ᠪᠠᠶᠢᠭᠤᠯᠣᠯᠳᠠ ᠶᠢ ᠯᠠᠪᠳᠠᠭᠤᠨ ᠪᠠᠳᠣᠳᠠᠢ ᠠᠬᠢᠭᠤᠯᠵᠣ᠂ ᠨᠠᠮ ᠤᠨ ᠰᠤᠷᠳᠠᠯ ᠴᠢᠭᠡᠴᠢ | ᠵᠠᠰᠠᠭ ᠤᠨ ᠪᠠᠶᠢᠭᠤᠯᠣᠯᠳᠠ ᠶᠢᠨ ᠬᠠᠷᠢᠭᠤᠴᠠᠯᠭ᠎ᠠ ᠶᠢᠨ ᠲᠦᠷᠢᠮ ᠢ ᠨᠠᠶᠢᠳᠠᠪᠣᠷᠢᠵᠢᠭᠤᠯᠣᠨ᠂ ᠠᠷᠢᠭᠤᠨ ᠴᠢᠭᠡᠴᠢ ᠪᠠᠷ ᠵᠠᠰᠠᠭ | ᠶᠠᠪᠤᠭᠤᠯᠬᠤ ᠬᠠᠮᠢᠶ᠎ᠠ ᠪᠦᠬᠦᠢ ᠲᠦᠷᠢᠮ ᠲᠤᠭᠳᠠᠭᠠᠯ ᠢ ᠴᠢᠩᠭ᠎ᠠ ᠵᠢᠷᠤᠮᠯᠠᠵᠥ᠂ ᠠᠵᠢᠯᠴᠢ ᠠᠷᠪᠢᠴᠢ ᠰᠤᠷᠳᠠᠯ ᠢ ᠡᠷᠬᠢᠮᠯᠡᠵᠣ᠂ | ᠺᠠᠳ᠋ᠷ ᠲᠦᠪ ᠭᠤᠣᠯᠴᠢ᠂ ᠵᠠᠰᠠᠭ ᠤᠨ ᠣᠷᠳᠣᠨ ᠠᠷᠢᠭᠤᠨ ᠴᠢᠬᠡᠴᠢ᠂ ᠣᠯᠣᠰ ᠲᠦᠷᠦ ᠢᠯᠨ ᠲᠤᠳᠤ ᠪᠠᠶᠢᠬᠤ ᠵᠠᠷᠴᠢᠮ ᠢ | ᠪᠡᠶᠡᠯᠡᠬᠦᠯᠦᠨ᠎ᠡ᠃ ᠵᠠᠰᠠᠭ ᠤᠨ ᠣᠷᠳᠣᠨ ᠠᠴᠠ ᠪᠡᠯᠨ ᠣᠷᠣᠭᠤᠯᠣᠭᠰᠠᠨ ᠲᠦᠰᠦᠯ ᠢ ᠬᠢᠨᠠᠨ ᠪᠣᠳᠣᠵᠣ ᠬᠠᠮᠢᠶᠠᠷᠬᠤ ᠪᠠ ᠵᠠᠰᠭ | ᠵᠠᠬᠢᠷᠭᠠᠨ ᠤ ᠬᠢᠨᠠᠨ ᠪᠠᠶᠢᠴᠠᠭᠠᠯᠳᠠ ᠶᠢ ᠴᠢᠩᠭᠠᠳᠬᠠᠵᠣ᠂ ᠪᠠᠷᠢᠯᠭ᠎ᠠ ᠶᠢᠨ ᠳᠠᠭᠠᠭᠠᠴᠢᠯᠠᠯᠳᠠ ᠵᠠᠷᠯᠠᠬᠤ ᠳᠠᠭᠠᠭᠠᠴᠢᠯᠠᠯᠳᠠ | ᠬᠦᠯᠢᠶᠡᠬᠦ᠂ ᠵᠠᠰᠠᠭ ᠤᠨ ᠣᠷᠳᠣᠨ ᠠᠴᠠ ᠬᠤᠳᠠᠯᠳᠣᠨ ᠤᠷᠤᠭᠤᠯᠬᠤ ᠵᠡᠷᠭᠡ ᠨᠡᠶᠢᠳᠡ ᠶᠢᠨ ᠡᠬᠢ ᠪᠠᠶᠠᠯᠢᠭ ᠤᠨ ᠰᠣᠯᠢᠯᠴᠠᠭᠠᠨ | ᠤ ᠠᠵᠢᠯᠯᠠᠭ᠎ᠠ ᠶᠢ ᠲᠦᠷᠢᠮᠵᠢᠬᠦᠯᠦᠨ᠂ ᠪᠠᠷᠢᠯᠭ᠎ᠠ ᠶᠢᠨ ᠪᠦᠳᠦᠬᠡᠨ ᠪᠠᠶᠢᠭᠤᠯᠣᠯᠳᠠ ᠶᠢᠨ ᠬᠦᠷᠢᠶᠡᠨ ᠳᠠᠬᠢ ᠲᠣᠪᠣᠶᠢᠮ᠎ᠠ | ᠠᠰᠠᠭᠤᠳᠠᠯ ᠢ ᠵᠠᠰᠠᠨ ᠴᠡᠭᠴᠡᠯᠡᠵᠣ᠂ ᠵᠠᠰᠠᠭ ᠤᠨ ᠠᠵᠢᠯ ᠤᠨ ᠢᠯᠨ ᠲᠤᠳᠤᠷᠬᠠᠢ ᠴᠢᠨᠠᠷ ᠢ ᠳᠡᠭᠡᠭᠰᠢᠯᠡᠬᠦᠯᠦᠨ᠎ᠡ᠃ | ᠲᠥᠯᠥᠭᠡᠯᠡᠭᠴᠢᠳ ᠡ᠂ ᠪᠢᠳᠠ ᠲᠡᠤᠭᠡ ᠶᠢᠨ ᠴᠢᠬᠤᠯᠨ ᠱᠠᠳᠤ ᠦᠶ᠎ᠡ ᠳᠤ ᠠᠯᠬᠤᠨ ᠣᠷᠣᠯ᠎ᠠ᠃ ᠮᠣᠩᠭᠤᠯ | ᠶᠣᠸᠠᠨ ᠤ ᠰᠣᠶᠣᠯ ᠪᠠ ᠶᠣᠸᠠᠨ ᠤ ᠳᠡᠭᠡᠳᠦ ᠨᠡᠶᠢᠰᠯᠡᠯ ᠤᠨ ᠲᠡᠤᠭᠡᠨ ᠦᠪ ᠦᠯᠡᠳᠡᠭᠳᠡᠯ ᠨᠢ ᠪᠢᠳᠡᠨ ᠳᠤ ᠬᠢᠵᠠᠭᠠᠯᠠᠰᠢ | ᠦᠬᠡᠢ ᠦᠩᠭᠡ ᠭᠡᠷᠡᠯ ᠠᠪᠴᠢᠷᠠᠯ᠎ᠠ᠃ ᠤᠳᠤ ᠪᠤᠯᠬᠤ ᠳᠤ ᠪᠦᠬᠦ ᠬᠤᠰᠢᠭᠤᠨ ᠤ ᠠᠮᠢ ᠠᠬᠤᠢ ᠶᠢᠨ ᠪᠦᠳᠤᠭᠡᠨ | ᠪᠠᠶᠢᠭᠤᠯᠤᠯᠳᠠ ᠦᠨᠳᠤᠷ ᠦᠷ᠎ᠡ ᠪᠦᠳᠦᠮᠵᠢ ᠤᠯᠵᠥ᠂ ᠠᠵᠣ ᠦᠢᠯᠡᠳᠪᠦᠷᠢ ᠡᠷᠡᠬᠦᠯ ᠲᠤᠭᠳᠠᠭᠤᠨ ᠬᠦᠭᠵᠢᠵᠥ᠂ ᠬᠤᠳᠠ | ᠬᠦᠳᠡᠭᠡ ᠶᠢᠨ ᠪᠦᠳᠦᠭᠡᠨ ᠪᠠᠶᠢᠭᠤᠯᠣᠯᠳᠠ ᠰᠢᠨᠡᠴᠢᠯᠡᠯᠳᠠ ᠦᠭᠡᠷᠡᠴᠢᠯᠡᠯᠳᠠ ᠲᠠᠢ ᠪᠤᠯᠤᠭᠰᠠᠨ ᠢᠶᠠᠷ ᠦᠯᠦ ᠪᠠᠷᠠᠮ ᠬᠤᠪᠣᠷ | ᠲᠣᠬᠢᠶᠠᠬᠤ ᠲᠡᠦᠬᠡᠨ ᠠᠵᠨ ᠵᠠᠪᠰᠢᠶᠠᠨ ᠤᠯᠳᠠᠭᠰᠠᠨ ᠨᠢ ᠪᠢᠳᠡᠨ ᠤ ᠢᠷᠡᠭᠡᠳᠤᠢ ᠳᠤ ᠪᠠᠨ ᠢᠳᠡᠭᠡᠬᠦ ᠬᠦᠰᠡᠯ ᠵᠤᠷᠢᠭ ᠢ | ᠬᠦᠪᠴᠢᠯᠡᠵᠥ ᠦᠭᠬᠦᠯ᠎ᠡ᠃ ᠶᠠᠭ ᠡᠨᠡᠬᠦ ᠬᠦᠭᠵᠢᠯ ᠪᠠᠳᠠᠷᠠᠯ ᠤᠨ ᠴᠠᠭ ᠦᠶ᠎ᠡ ᠳᠤ ᠪᠢᠳᠡ ᠪᠦᠬᠦ ᠬᠤᠰᠢᠭᠤᠨ ᠤ ᠡᠯ᠎ᠡ | ᠦᠨᠳᠦᠰᠦᠳᠡᠨ ᠤ ᠺᠠᠳ᠋ᠷ ᠣᠯᠠᠨ ᠲᠦᠮᠡᠨ ᠤ ᠬᠦᠰᠡᠯ ᠨᠠᠶᠢᠳᠠᠯᠭ᠎ᠠ ᠶᠢ ᠬᠦᠯᠢᠶᠡᠵᠥ ᠪᠠᠶᠢᠬᠤ ᠳᠤ ᠪᠠᠨ ᠦᠪᠡᠷ ᠤᠨ ᠡᠬᠦᠷᠭᠡ | ᠲᠤᠰᠢᠶᠠᠯ ᠦᠩᠬᠡ ᠬᠡᠷᠡᠯᠳᠡᠢ ᠮᠦᠷᠳᠡᠭᠡᠨ ᠬᠠᠷᠢᠭᠤᠴᠠᠯᠭ᠎ᠠ ᠮᠠᠰᠢ ᠬᠦᠨᠳᠤ ᠪᠠᠶᠢᠨ᠎ᠠ ᠭᠡᠳᠡᠭ ᠢ ᠬᠦᠨ᠎ᠡ ᠮᠡᠳᠡᠷᠡᠵᠣ ᠪᠠᠶᠢᠨ᠎ᠠ᠃ | ᠪᠢᠳᠡ ᠬᠤᠰᠢᠭᠤ ᠨᠠᠮ ᠤᠨ ᠬᠤᠷᠢᠶᠠᠨ ᠤ ᠭᠤᠶᠢᠪᠢᠰᠢ ᠦᠬᠡᠢ ᠣᠳᠣᠷᠢᠳᠣᠯᠭ᠎ᠠ ᠳᠣᠣᠷ᠎ᠠ ᠨᠠᠮ ᠤᠨ ᠠᠷᠪᠠᠨ ᠨᠠᠢᠮᠠᠳᠣᠭᠠᠷ | ᠶᠡᠭᠡ ᠬᠤᠷᠠᠯ ᠤᠨ ᠵᠣᠷᠢᠭ ᠰᠠᠨᠠᠭ᠎ᠠ ᠶᠢ ᠬᠦᠨᠵᠡᠬᠡᠢ ᠲᠣᠣᠱᠠᠯᠠᠭᠤᠯᠣᠨ ᠨᠠᠶᠢᠳᠠᠪᠣᠷᠢᠵᠢᠭᠤᠯᠵᠣ᠂ ᠰᠢᠨᠵᠢᠯᠡᠬᠦ ᠣᠬᠠᠭᠠᠨᠴᠢ | ᠬᠦᠭᠵᠢᠯᠳᠡ ᠶᠢᠨ ᠦᠵᠡᠯᠳᠡ ᠪᠠᠷ ᠵᠢᠯᠣᠭᠤᠳᠣᠯᠭ᠎ᠠ ᠪᠣᠯᠭᠠᠨ ᠰᠢᠨ᠎ᠡ ᠭᠠᠷᠣᠭᠠᠨ ᠤ ᠴᠡᠭ ᠳᠡᠭᠡᠷ᠎ᠡ ᠠᠴᠠ ᠲᠣᠬᠢᠶᠠᠯ ᠢ | ᠠᠳᠬᠤᠨ ᠵᠣᠷᠢᠭᠳᠠᠢ ᠪᠠᠷ ᠨᠡᠭᠡᠭᠡᠨ ᠣᠷᠣᠭᠰᠢᠯᠠᠵᠣ᠂ ᠬᠤᠰᠢᠭᠤᠨ ᠤ ᠪᠠᠨ ᠮᠠᠷᠭᠠᠰᠢ ᠶᠢᠨ ᠰᠠᠶᠢᠨ ᠰᠠᠶᠢᠬᠠᠨ ᠪᠤᠯᠤᠨ ᠠᠷᠠᠳ | ᠤᠯᠠᠨ ᠤ ᠪᠠᠨ ᠠᠮᠢᠳᠣᠷᠠᠯ ᠵᠢᠷᠭᠠᠯ ᠤᠨ ᠲᠦᠯᠦᠭᠡ ᠰᠡᠳᠬᠢᠯ ᠢᠶᠠᠨ ᠨᠢᠬᠡᠳᠬᠡᠨ ᠢᠳᠡᠭᠡᠯ ᠢᠶᠠᠨ ᠪᠠᠳᠤᠳᠬᠠᠵᠥ ᠬᠠᠮᠳᠣᠪᠠᠷ | ᠮᠡᠷᠡᠶᠢᠨ ᠠᠵᠢᠯᠯᠠᠰᠤᠭᠠᠢ︕ |