ᠴᠢᠩ ᠤᠯᠤᠰ ᠤᠨ ᠦᠶ᠎ᠡ ᠶᠢᠨ ᠴᠠᠬᠠᠷ ᠤᠨ ᠨᠠᠢᠮᠠᠨ ᠬᠤᠰᠢᠭᠤ ᠳᠦᠷᠪᠡᠨ ᠮᠠᠯᠵᠢᠬᠤ  ᠰᠦᠷᠦᠭ ᠤᠨ  ᠲᠠᠷᠬᠠᠯᠲᠠ ᠶᠢᠨ ᠵᠢᠷᠤᠭ
ᠨᠡᠶᠢᠲᠡᠯᠡᠭᠰᠡᠨ ᠴᠠᠭ᠄
2017/1/6
        ᠡᠩᠬᠡ ᠠᠮᠤᠭᠤᠯᠠᠩ ᠬᠠᠭᠠᠨ ᠤ ᠠᠷᠪᠠᠨ ᠳᠦᠷᠪᠡᠳᠤᠭᠡᠷ ᠤᠨ ᠳᠤ᠂  ᠮᠠᠨᠵᠤ  ᠴᠢᠩ ᠤᠨ  ᠲᠦᠷᠦ  ᠤᠤᠯ ᠤᠨ  ᠴᠠᠬᠠᠷ ᠠᠶᠢᠮᠠᠭ ᠤᠨ ᠰᠠᠭᠤᠷᠢᠰᠢᠵᠤ  ᠪᠠᠶᠢᠭ᠎ᠠ  ᠭᠠᠵᠠᠷ  ᠢᠵᠸᠤ ᠶᠢ  ᠬᠤᠷᠢᠶᠠᠨ  ᠠᠪᠴᠤ᠂  ᠴᠠᠬᠠᠷ  ᠵᠠᠰᠠᠭ  ᠬᠤᠰᠢᠭᠤᠨ ᠤ  ᠳᠦᠷᠢᠮ ᠢ ᠦᠭᠡᠶᠢᠰᠭᠡᠵᠤ ᠠᠷᠠᠳ ᠤᠯᠠᠨ ᠢ ᠰᠢᠶᠤᠸᠠᠨ ᠬᠤᠸᠠ᠂ ᠳ᠋ᠠᠢ ᠲᠦᠩ ᠤᠨ ᠠᠷᠤ ᠳᠤ ᠰᠢᠯᠵᠢᠭᠦᠯᠵᠦ ᠂ ᠤᠤᠯ ᠤᠨ  ᠠᠳᠡ  ᠰᠠᠭᠤᠭ᠎ᠠ ᠨᠠᠢᠮᠠᠨ ᠬᠤᠰᠢᠭᠤ ᠴᠠᠬᠠᠷ ᠲᠠᠢ ᠨᠡᠶᠢᠯᠡᠭᠦᠯᠦᠨ᠂ ᠴᠠᠬᠠᠷ ᠨᠠᠢᠮᠠᠨ ᠬᠤᠰᠢᠭᠤ ᠶᠢ  ᠪᠠᠶᠢᠭᠤᠯᠵᠤ  ᠵᠡᠭᠦᠨ  ᠪᠠᠷᠠᠭᠤᠨ  ᠭᠠᠷ  ᠲᠤᠰᠪᠦᠷᠢ ᠳᠦᠷᠪᠡᠨ ᠬᠤᠰᠢᠭᠤ ᠪᠤᠯᠭᠠᠨ ᠪᠠᠶᠢᠷᠢᠯᠠᠭᠤᠯᠪᠠ᠃ ᠳᠠᠶᠢᠨ ᠤ ᠤᠨᠤᠭ᠎ᠠ ᠪᠤᠯᠤᠨ ᠬᠠᠭᠠᠨ ᠤᠷᠳᠤᠨ ᠤ ᠤᠯᠠᠭᠠᠨ ᠴᠠᠭᠠᠨ ᠢᠳᠡᠭᠡ ᠶᠢ ᠬᠠᠩᠭᠠᠬᠤ ᠬᠡᠷᠡᠭᠴᠡᠭᠡᠨ ᠠᠴᠠ ᠴᠠᠬᠠᠷ ᠨᠠᠢᠮᠠᠨ  ᠬᠤᠰᠢᠭᠤᠨ ᠠᠴᠠ  ᠡᠷᠤᠬᠡ  ᠳᠠᠲᠠᠵᠤ᠂  ᠳᠦᠷᠪᠡᠨ  ᠶᠡᠭᠡ  ᠮᠠᠯᠵᠢᠬᠤ  ᠰᠦᠷᠦᠭ ᠪᠠᠶᠢᠭᠤᠯᠵᠡᠢ᠃ ᠲᠤᠬᠠᠶᠢᠯᠠᠪᠡᠯ ᠱᠠᠩᠳᠤ ᠠᠳᠤᠭᠤᠨ ᠰᠦᠷᠦᠭ᠂ ᠮᠢᠩᠭᠠᠨ  ᠦᠬᠡᠷ  ᠬᠤᠨᠢᠨ  ᠰᠦᠷᠦᠭ᠂  ᠲᠠᠶᠢᠹᠦᠰᠧ  ᠪᠠᠷᠠᠭᠤᠨ ᠭᠠᠷᠤᠨ ᠰᠦᠷᠦᠭ᠂ ᠲᠠᠶᠢᠹᠦᠰᠧ ᠵᠡᠭᠦᠨ ᠭᠠᠷᠤᠨ ᠰᠦᠷᠦᠭ ᠪᠠᠶᠢᠵᠤ ᠴᠠᠬᠠᠷ ᠨᠠᠢᠮᠠᠨ ᠬᠤᠰᠢᠭᠤ ᠲᠠᠢ ᠬᠠᠮᠲᠤ ᠳᠤᠨᠢ ᠠᠷᠪᠠᠨ  ᠬᠤᠶᠠᠷ ᠬᠤᠰᠢᠭᠤ ᠰᠦᠷᠦᠭ ᠭᠡᠳᠡᠭ᠃        ᠴᠠᠬᠠᠷ ᠲᠦᠷᠪᠡᠨ ᠰᠦᠷᠦᠭ ᠨᠢ ᠵᠢᠯ ᠪᠦᠷᠢ  ᠬᠠᠭᠠᠨ  ᠤᠷᠳᠤᠨ ᠳᠤ  ᠰᠢᠷ᠎ᠠ  ᠳᠤᠰᠤ16327  ᠵᠢᠩ᠂  ᠬᠤᠷᠤᠳ ᠦᠷᠤᠮ᠎ᠡ 7268 ᠵᠢᠩ ᠡᠷᠭᠦᠨ᠂ ᠬᠤᠨᠢᠨ ᠨᠤᠤᠰᠤ 400 ᠵᠢᠩ ᠳᠤᠰᠢᠶᠠᠳᠠᠭ᠃ ᠳᠦᠷᠪᠡᠨ  ᠰᠦᠷᠦᠭ ᠠᠴᠠ  ᠪᠠᠰᠠ  ᠡᠯ᠎ᠡ ᠬᠠᠭᠠᠨ ᠤ ᠤᠩᠭᠤᠳ ᠳᠤ ᠳᠠᠬᠢᠯ ᠤᠨ ᠵᠦᠢᠯ ᠬᠠᠩᠭᠠᠳᠠᠭ᠃ ᠵᠢᠯ ᠪᠦᠷᠢ ᠴᠠᠬᠠᠷ ᠰᠦᠷᠦᠭ  ᠬᠤᠰᠢᠭᠤᠳ ᠠᠴᠠ100  ᠲᠤᠭᠤᠯ ᠲᠠᠢ  ᠦᠨᠢᠶ᠎ᠡ  ᠰᠤᠩᠭᠤᠵᠤ᠂  ᠬᠠᠩᠰᠢᠨ ᠳᠤ  ᠤᠩᠭᠤᠳ ᠢ  ᠲᠠᠬᠢᠬᠤ  ᠎ ᠳᠤ  ᠰᠦ  ᠰᠠᠭᠠᠬᠤ ᠳᠤ  ᠪᠡᠯᠡᠳᠭᠡᠳᠡᠭ᠃ ᠳᠠᠬᠢᠯᠭ᠎ᠠ ᠳᠠᠭᠤᠰᠤᠭᠰᠠᠨ ᠤ ᠳᠠᠷᠠᠭ᠎ᠠ᠂ ᠦᠨᠢᠶᠡᠳ ᠢ ᠪᠤᠴᠠᠭᠠᠨ ᠠᠪᠤᠭᠠᠴᠠᠳᠠᠭ ᠪᠢᠯᠡ᠃      
 
ᠢᠷᠡᠯᠲᠡ᠄ ᠤᠯᠠᠭᠠᠨᠴᠠᠪ ᠮᠤᠩᠭᠤᠯ ᠰᠦᠯᠵᠢᠶ᠎ᠠ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号