ᠬᠤᠯᠠᠨ ᠰᠢᠷᠭ᠎ᠠ ᠡᠯᠡᠰᠤᠨ ᠤ ᠮᠠᠯᠴᠢᠨ ᠨᠢ ᠮᠠᠩᠬᠠᠨ ᠤ ᠦᠭᠡᠷ ᠢᠶᠠᠨ ᠮᠠᠯᠵᠢᠭᠠᠤᠨ ᠪᠠᠶᠠᠵᠢᠨ ᠴᠢᠨᠡᠭᠡᠯᠢᠭᠵᠢᠵᠤ ᠪᠠᠶᠢᠨ᠎ᠠ
ᠨᠡᠶᠢᠲᠡᠯᠡᠭᠰᠡᠨ ᠴᠠᠭ᠄
2017/10/9
                      ᠰᠢᠯᠢ ᠶᠢᠨ ᠭᠤᠤᠯ ᠠᠶᠢᠮᠠᠭ ᠤᠨ ᠡᠮᠤᠨ᠎ᠡ ᠭᠡᠰᠡᠭ ᠢᠶᠠᠷ ᠪᠠᠶᠢᠳᠠᠭ ᠬᠤᠯᠠᠨ ᠰᠢᠷᠭ᠎ᠠ ᠲᠠᠭ᠎ᠠ ᠶᠢᠨ ᠡᠯᠡᠰᠤ ᠨᠢ ᠤᠷᠭᠤᠮᠠᠯ ᠬᠤᠴᠢᠯᠭ᠎ᠠ ᠰᠠᠶᠢᠳᠠᠢ ᠪᠠᠷ ᠬᠤᠯᠠ ᠤᠶᠢᠷ᠎ᠠ ᠳᠠᠭᠠᠨ ᠠᠯᠳᠠᠷᠰᠢᠵᠤ᠂ ᠪᠠᠶᠢᠭᠠᠯᠢ ᠶᠢᠨ ᠴᠡᠴᠡᠷᠯᠢᠭ ᠭᠡᠮᠡᠨ ᠠᠯᠳᠠᠷᠰᠢᠭᠰᠠᠨ ᠪᠠᠶᠢᠳᠠᠭ᠃ ᠲᠡᠭᠡᠪᠡᠯ ᠠᠳᠡᠬᠢ ᠶᠢᠨ ᠦᠡᠭ ᠰᠢᠮᠡᠯᠢᠭ ᠪᠠᠯᠴᠢᠭᠡᠷ ᠲᠤ ᠮᠠᠯᠵᠢᠵᠤ ᠪᠠᠶᠢᠭ᠎ᠠ ᠦᠭᠡᠷ ᠨᠢ ᠮᠢᠬᠠᠨ ᠤ ᠴᠢᠨᠠᠷ ᠰᠠᠶᠢᠳᠠᠢ᠂ ᠭᠠᠷᠤᠯᠳᠠ ᠦᠨᠳᠤᠷ᠂ ᠦᠨᠤᠷ ᠠᠮᠳᠠ ᠰᠤᠷᠭᠤᠭ ᠢᠶᠠᠷ ᠮᠠᠩᠬᠠᠨ ᠤ ᠦᠭᠡᠷ ᠭᠡᠮᠡᠨ ᠠᠯᠳᠠᠷᠰᠢᠵᠤ᠂ ᠠᠳᠡᠬᠢ ᠮᠠᠯᠴᠢᠤᠨ ᠤᠨ ᠪᠠᠶᠠᠵᠢᠨ ᠴᠢᠨᠡᠭᠡᠯᠢᠭᠵᠢᠭᠦ ᠶᠢᠨ ᠠᠮᠢᠳᠤ ᠡᠷᠳᠡᠨᠢ ᠪᠤᠯᠵᠤ ᠪᠤᠢ᠃
           ᠤᠶᠢᠷ᠎ᠠ ᠶᠢᠨ ᠡᠳᠤᠷ᠂ ᠰᠤᠷᠪᠤᠯᠵᠢᠯᠠᠭᠴᠢ ᠰᠢᠯᠤᠭᠤᠨ ᠭᠦᠭᠡ ᠬᠤᠰᠢᠭᠤᠨ ᠤ ᠰᠠᠶᠢᠨᠬᠤᠳᠳᠤᠭ ᠰᠤᠮᠤᠨ ᠤ ᠪᠠᠶᠠᠨᠳᠦ᠋ᠭᠦᠮ ᠭᠠᠴᠠᠭᠠᠨ ᠤ ᠪᠠᠶ᠋ᠬᠠᠦ᠋ᠨᠳᠤᠷ ᠬᠤᠳᠠᠨ ᠤ ᠮᠦᠩᠭᠡᠳᠡᠮᠤᠷ ᠤᠨ ᠭᠡᠷ ᠲᠤ ᠭᠦᠷᠭᠦ ᠳᠤ ᠲᠡᠷᠡ ᠶᠠᠭ ᠭᠡᠷᠭᠡᠢ ᠤᠳᠤᠮᠦ᠋ᠩᠭᠡ ᠲᠠᠢ ᠪᠠᠨ ᠮᠠᠰᠢᠨ ᠬᠤᠳᠳᠤᠭ ᠢᠶᠠᠷ ᠦᠭᠡᠷ ᠢᠶᠠᠨ ᠤᠰᠤᠯᠠᠭᠠᠤᠨ ᠶᠠᠭᠠᠷᠠᠤ ᠪᠠᠶᠢᠯ᠎ᠠ᠃ ᠮᠦᠩᠭᠡᠳᠡᠮᠤᠷ ᠤᠨ ᠬᠢ ᠪᠤᠯ ᠬᠤᠯᠠᠨ ᠰᠢᠷᠭ᠎ᠠ ᠲᠠᠭ᠎ᠠ ᠶᠢᠨ ᠡᠯᠡᠰᠤᠨ ᠳᠠᠬᠢ ᠪᠤᠰᠤᠤᠨ ᠮᠠᠯᠴᠢᠤᠨ ᠲᠠᠢ ᠠᠳᠠᠯᠢ ᠮᠠᠩᠬᠠᠨ ᠤ ᠦᠭᠡᠷ ᠮᠠᠯᠵᠢᠵᠤ᠂ ᠪᠠᠶᠠᠵᠢᠨ ᠴᠢᠨᠡᠭᠡᠯᠢᠭᠵᠢᠭᠰᠡᠨ ᠡᠷᠤᠭᠡ ᠶᠢᠨ ᠨᠢᠭᠡ ᠪᠤᠯᠤᠨ᠎ᠠ᠃
           ᠮᠠᠯᠴᠢᠨ ᠮᠦᠩᠭᠡᠳᠡᠮᠤᠷ᠄ ᠮᠠᠨ ᠤ ᠡᠨᠡ ᠮᠠᠩᠬᠠᠨ ᠭᠠᠵᠠᠷ ᠪᠤᠯ ᠤᠤᠯ ᠠᠴᠠ ᠪᠠᠨ ᠶᠡᠷᠤᠳᠡᠭᠡᠨ ᠬᠤᠨᠢ ᠶᠡᠭᠡ ᠮᠠᠯᠵᠢᠭᠰᠠᠭᠠᠷ ᠭᠠᠵᠠᠷ ᠲᠠᠭᠠᠨ ᠬᠠᠯᠠ ᠲᠠᠢ ᠭᠡᠵᠤ ᠮᠠᠯᠵᠢᠳᠠᠭ ᠦᠭᠡᠢ᠂ ᠪᠠᠶᠠᠨᠳᠦ᠋ᠭᠦᠮ ᠤᠤᠯ ᠠᠴᠠ ᠪᠠᠨ ᠪᠠᠷᠤᠭ ᠬᠤᠨᠢ ᠴᠦᠭᠡᠨ᠂ ᠭᠤᠤᠯᠳᠠᠭᠤ ᠦᠭᠡᠷ ᠢᠶᠠᠨ ᠮᠠᠯᠵᠢᠳᠠᠭ᠃ ᠦᠨᠤ ᠵᠢᠯ ᠤᠨ ᠪᠠᠶᠢᠳᠠᠯ ᠢᠶᠠᠷ ᠦᠵᠡᠪᠡᠯ ᠲᠤᠭᠤᠯ ᠤᠨ ᠦᠨ᠎ᠡ ᠰᠠᠶᠢᠨ ᠪᠠᠶᠢᠨ᠎ᠠ᠃ ᠪᠠᠷᠤᠭ ᠲᠡᠭᠰᠢᠳᠭᠡᠭᠡᠤᠨ 7000 ᠭᠠᠷᠤᠢ 8000 ᠲᠦᠭᠦᠷᠢᠭ ᠤᠨ ᠤᠷᠴᠢᠮ᠃ ᠵᠢᠯ ᠎ ᠳᠡᠭᠡᠨ ᠲᠦᠴᠢᠭᠡᠤᠨ ᠲᠤᠭᠤᠯ ᠬᠤᠳᠠᠯᠳᠤᠨ᠎ᠠ᠃
           ᠮᠦᠩᠭᠡᠳᠡᠮᠤᠷ ᠤᠨ ᠬᠠᠶᠢᠯᠠᠰᠤ ᠪᠤᠷᠭᠠᠰᠤ ᠶᠡᠭᠡ ᠲᠠᠢ ᠬᠤᠯᠠᠨ ᠰᠢᠷᠭ᠎ᠠ ᠲᠠᠭ᠎ᠠ ᠶᠢᠨ ᠡᠯᠡᠰᠤ ᠮᠠᠩᠬᠠᠨ ᠨᠤᠳᠤᠭ ᠤᠨ 3800 ᠭᠠᠷᠤᠢ ᠮᠤ᠋ ᠨᠤᠳᠤᠭ ᠪᠡᠯᠴᠢᠭᠡᠷ ᠲᠡᠭᠡᠷ᠎ᠡ ᠲᠠᠪᠤᠭᠤᠯᠠ ᠠᠵᠤ ᠲᠦᠷᠤᠨ ᠠᠮᠢᠳᠤᠷᠠᠵᠤ᠂ ᠱᠥᠯᠤᠨ ᠤ ᠭᠡᠳᠤᠨ ᠬᠤᠨᠢ᠂ 90 ᠭᠠᠷᠤᠢ ᠦᠭᠡᠷ ᠮᠠᠯᠵᠢᠵᠤ ᠪᠠᠶᠢᠭ᠎ᠠ ᠴᠢᠨᠡᠭᠡᠯᠢᠭ ᠡᠷᠤᠭᠡ ᠪᠤᠯᠤᠨ᠎ᠠ᠃ ᠦᠭᠡᠷ ᠮᠠᠯᠵᠢᠬᠤ ᠳᠤ ᠪᠡᠯᠴᠢᠭᠡᠷ ᠲᠤ ᠭᠠᠮᠳᠠᠢ ᠶᠢᠨ ᠵᠡᠷᠭᠡᠪᠡᠷ ᠮᠠᠩᠬᠠᠨ ᠤ ᠦᠭᠡᠷ ᠢ ᠭᠦᠮᠤᠰ ᠠᠪᠬᠤ ᠲᠤᠷᠠᠳᠠᠢ᠂ ᠢᠯᠠᠩᠭᠤᠶ᠎ᠠ ᠮᠠᠯ ᠤᠨ ᠭᠠᠷᠭᠠᠯᠳᠠ ᠶᠢᠨ ᠦᠶ᠎ᠡ ᠪᠠᠷ ᠮᠠᠩᠬᠠᠨ ᠤ ᠦᠭᠡᠷ ᠤᠨ ᠦᠨ᠎ᠡ ᠪᠤᠰᠤᠤᠨ ᠭᠠᠵᠠᠷ ᠤᠨ ᠬᠢ ᠲᠠᠢ ᠬᠠᠷᠢᠴᠠᠭᠤᠯᠪᠠᠯ ᠨᠠᠯᠢᠶᠡᠤᠨ ᠵᠦᠷᠢᠶᠡᠨ ᠲᠠᠢ ᠪᠠᠶᠢᠳᠠᠭ ᠭᠡᠵᠤ ᠪᠢᠳᠡᠨ ᠳᠤ ᠶᠠᠷᠢᠨ᠎ᠠ᠃ ᠮᠦᠩᠭᠡᠳᠡᠮᠤᠷ ᠮᠠᠯ ᠪᠠᠯᠴᠢᠭᠡᠷ ᠎ ᠤᠨ ᠲᠡᠩᠴᠡᠭᠦᠷᠢ ᠶᠢ ᠪᠠᠳᠤᠯᠬᠠᠤ ᠠᠵᠢᠯ ᠢ ᠴᠢᠬᠤᠯᠠᠴᠢᠯᠠᠨ ᠦᠵᠡᠳᠡᠭ ᠠᠴᠠ ᠵᠢᠯ ᠵᠢᠯ ᠲᠦᠯ ᠢᠶᠠᠨ ᠬᠤᠳᠠᠯᠳᠤᠭᠠᠤᠨ 60 ᠭᠠᠷᠤᠢ ᠯᠡ ᠦᠭᠡᠷ ᠦᠯᠡᠳᠡᠭᠡᠵᠤ ᠡᠪᠤᠯᠵᠢᠭᠦᠯᠳᠡᠭ᠃ ᠡᠨᠡ ᠵᠢᠯ ᠮᠠᠯ ᠤᠨ ᠦᠨ᠎ᠡ ᠦᠰᠦᠭᠰᠡᠨ ᠠᠴᠠ ᠨᠢᠭᠡ ᠲᠤᠭᠤᠯ ᠢ ᠲᠡᠭᠰᠢᠳᠭᠡᠭᠡᠤᠨ 7000 ᠭᠠᠷᠤᠢ ᠲᠦᠭᠦᠷᠢᠭ ᠢᠶᠠᠷ ᠬᠤᠳᠠᠯᠳᠤᠬᠤ ᠪᠠᠷ ᠪᠤᠳᠤᠪᠠᠯ 50 ᠲᠤᠭᠤᠯ ᠠᠴᠠ ᠪᠠᠷᠤᠭ 40 ᠲᠦᠮᠡᠨ ᠲᠦᠭᠦᠷᠢᠭ ᠤᠨ ᠠᠰᠢᠭ ᠤᠯᠵᠤ ᠲᠡᠶᠢᠯᠤᠨ᠎ᠡ ᠭᠡᠵᠤ ᠪᠠᠶᠠᠷᠳᠠᠢ ᠶᠠᠷᠢᠨ᠎ᠠ᠃ ︽ᠪᠡᠯᠡᠳᠭᠡᠯ ᠲᠠᠢ ᠪᠤᠯ ᠪᠠᠯᠢᠳᠠᠬᠤ ᠦᠭᠡᠢ︾ ᠭᠡᠳᠡᠭᠴᠢᠯᠡᠨ ᠲᠡᠳᠡᠨᠡᠶᠢᠬᠢᠨ ᠡᠨᠡ ᠵᠢᠯ ᠭᠦᠷᠤᠯᠴᠡᠭᠡᠳᠤᠢ ᠡᠪᠡᠰᠤ ᠪᠤᠷᠳᠤᠭ᠎ᠠ ᠨᠦᠭᠡᠴᠡᠯᠡᠭᠦ ᠎ ᠶᠢᠨ ᠲᠤᠯᠠᠳᠠ ᠭᠠᠳᠠᠨ᠎ᠠ ᠠᠴᠠ 5 ᠲᠦᠮᠡᠨ ᠲᠦᠭᠦᠷᠢᠭ ᠤᠨ ᠡᠪᠡᠰᠤ᠂ 1 ᠲᠦᠮᠡ ᠭᠠᠷᠤᠢ ᠲᠦᠭᠦᠷᠢᠭ ᠤᠨ ᠪᠤᠷᠳᠤᠭ᠎ᠠ ᠪᠡᠯᠡᠳᠭᠡᠵᠤ᠂ ᠨᠡᠶᠢᠳᠡ 70 ᠭᠠᠷᠤᠢ ᠲᠤᠨ ᠡᠪᠡᠰᠤ᠂ ᠪᠤᠷᠳᠤᠭ᠎ᠠ ᠶᠢ ᠪᠡᠯᠡᠳᠭᠡᠨ ᠵᠠᠪᠳᠤᠵᠤ ᠡᠪᠤᠯ ᠬᠠᠪᠤᠷ ᠎ ᠢ ᠲᠤᠭᠤᠯᠬᠤ ᠪᠠᠷ ᠪᠠᠶᠢᠨ᠎ᠠ᠃ ᠮᠦᠩᠭᠡᠳᠡᠮᠤᠷ ᠦᠭᠡᠷ ᠮᠠᠯᠵᠢᠬᠤ ᠪᠠᠷ ᠭᠤᠤᠯᠯᠠᠭᠰᠠᠨ ᠢᠶᠠᠷ ᠤᠷᠤᠯᠭ᠎ᠠ ᠪᠠᠨ ᠨᠡᠮᠡᠭᠳᠡᠭᠦᠯᠤᠨ ᠴᠢᠨᠡᠭᠡᠯᠢᠭᠵᠢᠭᠦ ᠬᠠᠷᠠᠯᠳᠠ ᠪᠠᠨ ᠪᠡᠶᠡᠯᠡᠭᠦᠯᠦᠭᠰᠡᠨ ᠤ ᠬᠠᠮᠳᠤ ᠲᠠᠯ᠎ᠠ ᠨᠤᠳᠤᠭ ᠤᠨ ᠠᠮᠢ ᠠᠬᠤᠢ ᠪᠠᠨ ᠰᠡᠷᠭᠦᠭᠡᠭᠦ ᠵᠤᠷᠢᠯᠭ᠎ᠠ ᠳᠠᠭᠠᠨ ᠭᠦᠷᠴᠤ ᠴᠢᠳᠠᠭᠰᠠᠨ ᠳᠠᠭᠠᠨ ᠰᠡᠳᠬᠢᠯ ᠬᠠᠩᠬᠤᠯᠤᠨ ᠠᠮᠢᠳᠤᠷᠠᠵᠤ ᠪᠠᠶᠢᠨ᠎ᠠ᠃
           ᠬᠤᠯᠠᠨ ᠰᠢᠷᠭ᠎ᠠ ᠲᠠᠭ᠎ᠠ ᠶᠢᠨ ᠡᠯᠡᠰᠤ ᠮᠠᠩᠬᠠᠨ ᠤ ᠡᠪᠡᠰᠤ ᠤᠷᠭᠤᠮᠠᠯ ᠤᠨ ᠪᠦᠷᠭᠦᠴᠡ ᠰᠠᠬᠤᠯᠠᠭ᠂ ᠲᠦᠷᠤᠯ ᠵᠤᠶᠢᠯ ᠠᠷᠪᠢᠨ᠂ ᠰᠢᠮ᠎ᠡ ᠲᠡᠵᠢᠭᠡᠯ ᠦᠨᠳᠤᠷ᠂ ᠦᠨᠤᠷ ᠠᠮᠳᠠ ᠰᠠᠶᠢᠬᠠᠨ᠂ ᠤᠰᠤᠨ ᠤ ᠴᠢᠨᠠᠷ ᠰᠠᠶᠢᠨ ᠵᠡᠷᠭᠡ ᠤᠨᠴᠠᠯᠢᠭ ᠲᠠᠢ ᠪᠠᠶᠢᠳᠠᠭ ᠢᠶᠠᠷ ᠠᠳᠡᠬᠢ ᠦᠭᠡᠷ ᠤᠨ ᠮᠢᠬ᠎ᠠ ᠠᠮᠳᠠ ᠰᠢᠮᠳᠡ ᠲᠠᠢ᠂ ᠮᠠᠶᠢᠮᠠᠶᠢᠴᠢᠨ ᠴᠦ ᠠᠳᠡᠭᠢ ᠦᠭᠡᠷ ᠢ ᠠᠪᠬᠤ ᠲᠤᠷᠠᠳᠠᠢ ᠪᠠᠶᠢᠵᠤ ᠠᠳᠡᠬᠢ ᠮᠠᠯᠴᠢᠤᠨ ᠤᠨ ᠮᠠᠯ ᠤᠨ ᠪᠤᠷᠤᠯᠠᠭᠤᠯᠭ᠎ᠠ ᠰᠠᠶᠢᠨ ᠪᠠᠶᠢᠳᠠᠭ᠃            ᠬᠤᠰᠢᠭᠤ ᠲᠠᠷᠢᠶᠠᠯᠠᠩ ᠮᠠᠯ ᠠᠵᠤ ᠠᠬᠤᠢ ᠶᠢᠨ ᠲᠤᠪᠴᠢᠶᠠᠨ ᠤ ᠲᠡᠳ᠋ ᠲᠠᠷᠤᠭ᠎ᠠ ᠨᠠᠰᠤᠨᠪᠠᠳᠤ᠄ ᠮᠠᠨ ᠎ ᠤ ᠬᠤᠰᠢᠭᠤ ᠤᠶᠢᠷ᠎ᠠ ᠶᠢᠨ ᠵᠢᠯ ᠠᠴᠠ ᠲᠠᠯ᠎ᠠ ᠨᠤᠳᠤᠭ ᠤᠨ ᠠᠮᠢ ᠠᠬᠤᠢ ᠶᠢ ᠰᠠᠶᠢᠵᠢᠷᠠᠭᠤᠯᠬᠤ᠂ ᠮᠠᠯᠴᠢᠤᠨ ᠤᠨ ᠤᠷᠤᠯᠭ᠎ᠠ ᠶᠢ ᠨᠡᠮᠡᠭᠳᠡᠭᠦᠯᠭᠦ ︽ᠬᠤᠨᠢ ᠶᠢ ᠴᠦᠭᠡᠴᠢᠯᠡᠵᠤ ᠦᠭᠡᠷ ᠢ ᠦᠰᠭᠡᠭᠦ︾ ᠲᠦᠷᠤ ᠶᠢᠨ ᠪᠤᠳᠤᠯᠭ᠎ᠠ ᠶᠢ ᠠᠪᠴᠤ᠂ ᠡᠮᠤᠨᠡᠳᠤ ᠪᠡᠶ᠎ᠡ ᠶᠢᠨ ᠲᠠᠪᠦ‍ ᠨᠢᠭᠡ ᠮᠠᠯᠵᠢᠯ ᠤᠨ ᠲᠠᠯᠠᠪᠠᠢ᠂ ᠱᠠᠩᠳᠦ ᠶᠢᠨ ᠭᠤᠤᠯ ᠵᠡᠷᠬᠡ ᠭᠠᠵᠠᠷ ᠲᠤ ᠬᠤᠨᠢᠨ ᠤ ᠦᠢᠯᠡᠰ ᠢ ᠬᠦᠭᠵᠢᠬᠦᠯᠵᠦ᠂᠂ ᠬᠤᠶᠢᠳᠦ ᠪᠠᠶ᠎ᠠ ᠶᠢᠨ ᠮᠠᠩᠬᠠᠨ ᠭᠠᠵᠠᠷ ᠲᠤ ᠦᠭᠡᠷ ᠮᠠᠯᠵᠢᠵᠤ᠂ ᠬᠤᠨᠢ ᠶᠢ ᠴᠦᠬᠡᠴᠢᠯᠡᠵᠦ ᠪᠠᠶᠢᠨ᠎ᠠ᠃2017 ᠤᠨ ᠤ ᠮᠠᠯ ᠤᠨ ᠲᠤᠭ᠎ᠠ 58 ᠲᠦᠮᠡ ᠳᠤ ᠭᠦᠷᠴᠤ᠂ ᠡᠭᠦᠨ ᠳᠤ ᠦᠬᠡᠷ ᠤᠨ ᠲᠤᠭ᠎ᠠ ᠲᠤᠯᠤᠭᠠᠢ 23.03 ᠲᠦᠮᠡ ᠳᠤ ᠭᠦᠷᠴᠠᠢ᠃ ᠡᠭᠦᠨ ᠳᠤ 21.8 ᠲᠦᠮᠡ ᠨᠢ ᠰᠢᠯᠢᠳᠡᠭ ᠡᠭᠦᠯᠳᠡᠷ ᠤᠨ ᠰᠢᠮᠧᠨ᠋ᠲ᠋ᠠᠷ ᠦᠭᠡᠷ ᠪᠠᠶᠢᠵᠤ᠂ ᠡᠭᠦᠯᠳᠡᠷ ᠰᠠᠶᠢᠵᠢᠷᠠᠭᠤᠯᠤᠯᠳᠠ ᠶᠢᠨ ᠨᠤᠷᠮ᠎ᠠ 97%᠎ ᠳᠤ ᠭᠦᠷᠦᠭᠰᠡᠨ ᠪᠠᠶᠢᠨ᠎ᠠ᠃ 2020 ᠤᠨ ᠪᠤᠯᠬᠤ ᠳᠤ ᠰᠢᠯᠢᠳᠡᠭ ᠡᠭᠦᠯᠳᠡᠷ ᠤᠨ ᠮᠠᠯ ᠤᠨ ᠲᠤᠭ᠎ᠠ ᠶᠢ 30 ᠲᠦᠮᠡᠨ ᠲᠤᠯᠤᠭᠠᠢ ᠳᠤ ᠭᠦᠷᠭᠡᠭᠦ ᠎ ᠪᠠᠷ ᠪᠠᠶᠢᠨ᠎ᠠ ᠭᠡᠯ᠎ᠡ᠃
           ᠰᠢᠯᠤᠭᠤᠨ ᠭᠦᠭᠡ ᠬᠤᠰᠢᠭᠤ ᠨᠢ ᠮᠠᠯ ᠪᠠᠯᠴᠢᠭᠡᠷ ᠤᠨ ᠲᠡᠩᠴᠡᠭᠦᠷᠢ ᠶᠢ ᠪᠠᠳᠤᠯᠠᠨ᠂ ᠪᠠᠶᠢᠭᠠᠯᠢ ᠤᠷᠴᠢᠨ ᠤ ᠰᠠᠶᠢᠵᠢᠷᠠᠯᠳᠠ ᠶᠢ ᠠᠬᠢᠭᠤᠯᠵᠤ᠂ ᠡᠭᠦᠨ ᠤ ᠤᠯᠠᠮ ᠢᠶᠠᠷ ᠮᠠᠯᠴᠢᠤᠨ ᠤᠨ ᠠᠮᠢᠳᠤᠷᠠᠯ ᠤᠨ ᠲᠤᠭᠳᠠᠭᠤᠨ ᠨᠡᠮᠡᠭᠳᠡᠯ ᠢ ᠪᠠᠳᠤᠯᠠᠬᠤ ᠶᠢᠨ ᠲᠤᠰᠠᠳᠠ ᠮᠠᠯ ᠠᠵᠤ ᠠᠬᠤᠢ ᠶᠢᠨ ᠪᠦᠳᠤᠴᠡ ᠳᠡᠭᠡᠨ ᠢᠳᠡᠪᠬᠢᠳᠠᠢ ᠲᠤᠬᠢᠷᠠᠭᠤᠯᠤᠯᠳᠠ ᠬᠢᠵᠤ᠂ ︽ᠬᠤᠨᠢ ᠶᠢ ᠴᠦᠭᠡᠴᠢᠯᠡᠨ ᠦᠭᠡᠷ ᠢ ᠦᠰᠭᠡᠭᠦ︾᠎ ᠶᠢ ᠵᠤᠷᠢᠭᠵᠢᠭᠤᠯᠤᠨ᠂ ᠦᠭᠡᠷ ᠤᠨ ᠡᠭᠦᠯᠳᠡᠷ ᠰᠠᠶᠢᠵᠢᠷᠠᠭᠤᠯᠬᠤ ᠠᠵᠢᠯ ᠢ ᠰᠠᠶᠢᠳᠤᠷ ᠬᠢᠭᠰᠡᠨ ᠢᠶᠠᠷ ᠤᠳᠤᠬᠠᠨ ᠳᠤ ᠮᠠᠩᠬᠠᠨ ᠤ ᠦᠭᠡᠷ ᠮᠠᠯᠵᠢᠬᠤ ᠨᠢ ᠨᠢᠭᠡᠨᠳᠡ ᠮᠠᠯᠴᠢᠤᠨ ᠤᠨ ᠲᠡᠷᠢᠭᠦᠨ ᠰᠤᠩᠭᠤᠯᠳᠠ ᠪᠤᠯᠤᠭᠰᠠᠨ ᠪᠠᠶᠢᠨ᠎ᠠ᠃ ᠡᠭᠦᠨ ᠤ ᠬᠠᠮᠳᠤ ᠮᠠᠨ ᠤ ᠬᠤᠰᠢᠭᠤ ᠬᠡᠪᠴᠢᠶᠡᠵᠢᠭᠰᠡᠨ ᠠᠮᠢᠳᠤ ᠮᠠᠯ ᠤᠨ ᠰᠤᠯᠢᠯᠴᠠᠭᠠᠨ ᠤ ᠵᠠᠬ᠎ᠠ ᠶᠢ ᠭᠤᠷᠪᠠ ᠶᠢ ᠪᠠᠶᠢᠭᠤᠯᠤᠨ ᠠᠰᠢᠬᠯᠠᠯᠳᠠ ᠳᠤ ᠤᠷᠤᠭᠤᠯᠵᠦ ᠨᠡᠭᠡᠭᠡᠨ᠂ ᠮᠠᠯᠴᠢᠤᠨ ᠤᠨ ᠮᠠᠯ ᠤᠨ ᠭᠠᠷᠭᠠᠯᠳᠠ ᠶᠢᠨ ᠠᠵᠢᠯ ᠳᠤ ᠲᠦᠭᠦᠮ ᠦᠵᠡᠭᠦᠯᠵᠤ᠂ ᠮᠠᠯᠴᠢᠤᠨ ᠎ ᠤᠨ ᠤᠷᠤᠯᠭ᠎ᠠ ᠶᠢᠨ ᠨᠡᠮᠡᠭᠳᠡᠯ ᠢ ᠠᠬᠢᠭᠤᠯᠬᠤ᠂ ᠨᠤᠳᠤᠭ ᠪᠠᠯᠴᠢᠭᠡᠷ ᠤᠨ ᠰᠡᠷᠭᠦᠨ ᠰᠠᠶᠢᠵᠢᠷᠠᠯᠳᠠ ᠶᠢ ᠪᠠᠳᠤᠯᠠᠬᠤ ᠬᠠᠷᠠᠯᠳᠠ ᠵᠦᠭ ᠰᠦᠪᠡᠭᠴᠢᠯᠡᠯᠳᠡ ᠬᠢᠭᠰᠡᠨ ᠠᠴᠠ ᠮᠡᠳᠡᠭᠳᠡᠮ᠎ᠡ ᠦᠷ᠎ᠡ ᠠᠰᠢᠭ ᠭᠦᠷᠳᠡᠯ᠎ᠡ᠃ ︵ᠤᠶᠤᠩᠭᠤᠸ᠎ᠠ︶
 
ᠢᠷᠡᠯᠲᠡ᠄ ᠰᠢᠯᠤᠭᠤᠨ ᠬᠥᠬᠡ ᠬᠤᠰᠢᠭᠤᠨ ᠤ ᠵᠠᠰᠠᠭ ᠤᠨ ᠣᠷᠳᠣᠨ ᠤ ᠮᠤᠩᠭᠤᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号