ᠮᠠᠩᠬᠠᠨ ᠨᠤᠲᠤᠭ ᠲᠤ ᠮᠠᠯᠵᠢᠯ ᠤᠨ ᠰᠢᠨ᠎ᠡ ᠲᠤᠤᠯᠢ ᠬᠠᠶᠢᠯᠠᠨ᠎ᠠ
ᠨᠡᠶᠢᠲᠡᠯᠡᠭᠰᠡᠨ ᠴᠠᠭ᠄
2017/11/14
                                                ᠰᠤᠷᠪᠤᠯᠵᠢᠯᠠᠭᠴᠢ ᠮᠡᠷᠭᠡᠨ          ᠠᠷᠪᠠᠨ ᠰᠠᠷ᠎ᠠ ᠶᠢᠨ ᠡᠯᠡᠰᠦ ᠮᠠᠩᠬᠠᠨ ᠤ ᠡᠭᠡ ᠨᠤᠳᠤᠬ ᠲᠤ ᠡᠯᠪᠡᠭ ᠬᠤᠷᠢᠶᠠᠯᠳᠡ ᠶᠢᠨ ᠲᠠᠭᠤᠯᠠᠯ ᠬᠠᠨᠭ᠍ᠬᠢᠨᠠᠵᠦ᠂  ᠠᠵᠢᠯᠴᠢ ᠮᠠᠯᠴᠢᠳ ᠪᠠᠶᠠᠨ ᠰᠦᠷᠦᠭ ᠤᠨ ᠪᠠᠭ᠋ᠠᠳᠤᠯ ᠢᠶᠠᠷ ᠨᠠᠮ ᠤᠨ ᠠᠷᠪᠠ ᠶᠢᠰᠦᠳᠦᠭᠡᠷ ᠶᠡᠭᠡ ᠬᠤᠷᠠᠯ ᠢ ᠤᠬᠳᠤᠨ  ᠪᠠᠷᠠᠯᠠᠨ᠎ᠠ᠃ ᠰᠢᠯᠤᠭᠤᠨ ᠬᠦᠭᠡ ᠬᠤᠰᠢᠭᠤᠨ ᠤ ᠰᠠᠶᠢᠨᠬᠤᠳᠳᠤᠭ ᠰᠤᠮᠤᠨ ᠤ ᠨᠠᠷᠠᠰᠤᠳᠤ ᠭᠠᠴᠠᠭᠠᠨ ᠤ  ᠰᠤᠶᠤᠯᠳᠤ ᠶᠢᠨ ᠬᠢ ᠡᠯᠡᠰᠦ ᠮᠠᠩᠬᠠᠨ ᠤ ᠨᠦᠮᠦᠷᠢ ᠳᠤ ᠲᠤᠯᠠᠭᠠᠨ ᠲᠠᠪᠠᠳᠠᠢ ᠨᠠᠮᠤᠷᠵᠢᠵᠤ᠂ ᠡᠪᠡᠰᠤ ᠬᠠᠳᠤᠯᠠᠩ ᠢᠶᠠᠨ  ᠠᠭᠤᠯᠠ ᠮᠡᠳᠤ ᠤᠪᠤᠭᠠᠯᠠᠵᠤ᠂ ᠮᠠᠯ ᠰᠦᠷᠦᠭ ᠢᠶᠠᠨ ᠮᠡᠨᠳᠤ ᠡᠪᠤᠯᠵᠢᠬᠦᠯᠬᠦ ᠪᠡᠯᠡᠳᠬᠡᠯ ᠢ ᠰᠠᠶᠢᠨ ᠬᠢᠭᠰᠡᠨ ᠪᠠᠶᠢᠯ᠎ᠡ᠃  ᠮᠠᠯᠴᠢᠨ ᠰᠤᠶᠤᠯᠳᠤ ᠶᠢᠨ ᠭᠡᠯᠡᠬᠦ ᠪᠠᠷ᠂ ᠡᠨᠡ ᠨᠠᠮᠤᠷ ᠨᠤᠳᠤᠭ ᠠᠴᠠ ᠪᠠᠨ 20 ᠲᠦᠮᠡᠨ ᠵᠢᠩ ᠬᠠᠳᠤᠯᠠᠩ ᠬᠤᠷᠢᠶᠠᠵᠤ  ᠂ ᠮᠠᠯᠵᠢᠯ ᠤᠨ ᠤᠷᠤᠯᠭ᠎ᠠ 60 — 70 ᠲᠦᠮᠡᠨ ᠲᠦᠭᠦᠷᠢᠭ ᠬᠦᠷᠴᠦ ᠪᠠᠶᠢᠨ᠎ᠠ ᠭᠡᠨ᠎ᠠ᠃            ᠬᠤᠯᠠᠨ ᠰᠢᠷᠭ᠎ᠠ ᠲᠠᠭ᠎ᠠ ᠶᠢᠨ ᠡᠯᠡᠰᠦᠨ ᠲᠤᠮᠳᠠ ᠪᠠᠶᠢᠷᠢᠯᠠᠵᠦ᠂ ᠰᠠᠶ᠋ᠢ 2300 ᠮᠦ ᠨᠤᠳᠤᠭ ᠪᠡᠯᠴᠢᠭᠡᠷ ᠲᠠᠢ  ᠡᠨᠡ ᠠᠶᠢᠯ ᠶᠠᠭᠠᠬᠢᠭᠠᠳ ᠡᠶᠢᠮᠦ ᠶᠡᠭᠡ ᠡᠪᠡᠰᠦ ᠬᠠᠳᠤᠯᠠᠩ ᠠᠪᠴᠦ᠂ ᠦᠯᠡᠮᠵᠢ ᠶᠡᠭᠡ ᠠᠰᠢᠭ ᠬᠦᠷᠳᠡᠵᠦ ᠪᠠᠶᠢᠭ᠎ᠠ  ᠪᠤᠯ︖ ᠭᠡᠵᠦ ᠰᠤᠨᠢᠭᠤᠴᠢᠯᠠᠨ ᠰᠤᠶᠤᠯᠳᠤ ᠶᠢᠨ ᠵᠠᠮᠴᠢᠯᠠᠭ᠎ᠠ ᠪᠠᠷ ᠭᠡᠭᠡᠷᠡᠯᠡᠨ ᠬᠦᠶᠦᠬᠦ ᠮᠠᠰᠢᠨ ᠢᠶᠠᠷ ᠨᠤᠳᠤᠭ ᠢ ᠨᠢ  ᠨᠢᠭᠡ ᠲᠤᠭᠤᠷᠢᠵᠦ ᠦᠵᠡᠯ᠎ᠠ᠃ ᠠᠷᠦ ᠬᠦᠷᠢᠶ᠎ᠠ ᠶᠢᠨ ᠡᠪᠡᠰᠦ ᠶᠢ ᠭᠤᠷᠪᠠ ᠲᠠᠪᠤᠨ ᠬᠦᠮᠦᠨ ᠪᠦᠳᠦᠬᠦᠨ ᠲᠡᠷᠭᠡ ᠪᠠᠷ  ᠲᠡᠭᠡᠭᠡᠵᠦ ᠶᠠᠭᠠᠷᠠᠯᠳᠤᠨ᠎ᠠ᠂ ᠡᠮᠤᠨ᠎ᠠ ᠬᠦᠷᠢᠶ᠎ᠠ ᠶᠢᠨ ᠢᠶᠠᠨ ᠵᠠᠷᠢᠮ ᠭᠡᠰᠡᠭ ᠭᠠᠵᠠᠷ ᠤᠨ ᠡᠪᠡᠰᠦ ᠶᠢ ᠬᠠᠳᠤᠭᠰᠠᠨ ᠦᠭᠡᠢ  ᠦᠯᠡᠳᠡᠭᠡᠵᠦ᠂ ᠬᠤᠳᠤᠭᠤᠷ ᠪᠤᠯᠭᠠᠨ ᠳᠤ ᠨᠢᠭᠡᠨᠳᠡ ᠪᠤᠭᠤᠵᠢᠯᠠᠭᠠᠳ ᠲᠠᠯᠪᠢᠭᠰᠠᠨ ᠡᠪᠡᠰᠦ ᠵᠡᠷᠭᠡᠯᠡᠭᠳᠡᠵᠦ᠂ ᠡᠨᠡ  ᠨᠤᠳᠤᠭ ᠲᠤ ᠬᠠᠳᠤᠯᠠᠩ ᠰᠠᠶᠢᠨ ᠭᠠᠷᠦᠯ᠎ᠠ ᠭᠡᠳᠡᠭ ᠢ ᠲᠠᠭᠤᠨ ᠦᠭᠡᠢ ᠦᠭᠦᠯᠡᠵᠦ᠂ ᠦᠷᠦᠭᠡᠯ ᠤᠨ  ᠡᠯᠡᠰᠦᠷᠭᠡᠭᠵᠢᠭᠰᠡᠨ ᠨᠤᠳᠤᠭ ᠲᠠᠢ ᠢᠯᠡ ᠳᠤᠳᠤ ᠬᠠᠷᠢᠴᠠᠭᠤᠯᠤᠯ ᠪᠤᠯᠵᠦ ᠬᠠᠷᠠᠬᠳᠠᠨ᠎ᠠ᠃            ᠰᠤᠶᠤᠯᠳᠤ ᠶᠢᠨ 2300 ᠮᠦ ᠪᠡᠯᠴᠢᠭᠡᠷ ᠲᠠᠢ᠂ ᠡᠬᠦᠨ ᠤ ᠪᠠᠨ ᠲᠡᠭᠡᠷ᠎ᠠ ᠤᠢᠢᠷ᠎ᠠ ᠬᠠᠪᠢ ᠶᠢᠨ ᠭᠤᠷᠪᠠᠨ  ᠠᠶᠢᠯ ᠤᠨ 7000 ᠮᠦ ᠪᠡᠯᠴᠢᠭᠡᠷ ᠢ ᠲᠦᠷᠢᠶᠡᠰᠦᠯᠡᠵᠦ ᠪᠠᠶᠢᠨ᠎ᠠ᠃ ᠦᠪᠡᠷ ᠤᠨ ᠪᠠ ᠬᠦᠮᠦᠨ ᠤ ᠪᠡᠯᠴᠢᠭᠡᠷ  ᠠᠳᠠᠯᠢᠬᠠᠨ ᠭᠡᠵᠦ ᠦᠵᠡᠨ ᠪᠡᠯᠴᠢᠭᠡᠷ ᠢᠶᠠᠨ ᠬᠠᠶᠢᠷᠠᠯᠠᠵᠦ ᠬᠠᠮᠠᠭᠠᠯᠠᠬᠤ ᠶᠢ ᠴᠢᠬᠤᠯᠠᠴᠢᠯᠠᠨ᠂ ᠲᠦᠷᠪᠡᠨ ᠤᠯᠠᠷᠢᠯ ᠢᠶᠠᠷ  ᠰᠡᠯᠬᠦᠨ ᠮᠠᠯᠵᠢᠵᠦ᠂ ᠡᠪᠡᠰᠦᠨ ᠤ ᠦᠷ᠎ᠠ ᠰᠠᠭᠤᠵᠦ ᠡᠪᠡᠰᠦ ᠪᠠᠨ ᠤᠷᠭᠤᠭᠤᠯᠬᠤ ᠶᠢᠨ ᠲᠦᠯᠦᠭᠡ ᠵᠠᠷᠢᠮ ᠭᠡᠰᠡᠭ  ᠭᠠᠵᠠᠷ ᠤᠨ ᠢᠶᠠᠨ ᠬᠠᠳᠤᠯᠠᠩ ᠢ ᠬᠠᠳᠤᠬᠤ ᠦᠭᠡᠢ ᠦᠯᠡᠳᠡᠭᠡᠵᠦ ᠪᠠᠶᠢᠨ᠎ᠠ᠃ ᠡᠯᠡᠰᠦᠷᠭᠡᠭᠵᠢᠭᠰᠡᠨ ᠭᠠᠵᠠᠷ ᠲᠤᠨᠢ ᠤᠳᠤ  ᠪᠤᠷᠭᠠᠰᠤ᠂ ᠬᠠᠷᠭᠠᠨ᠎ᠠ᠂ ᠰᠢᠪᠠᠭ ᠢᠭᠴᠤᠷᠠᠨ ᠤᠷᠭᠤᠵᠦ᠂ ᠵᠢᠯ ᠵᠢᠯ ᠤᠨ ᠵᠤᠨ ᠨᠠᠮᠤᠷ ᠲᠠᠭᠠᠨ ᠮᠠᠩᠬ᠎ᠠ ᠪᠠᠨ  ᠨᠤᠭᠤᠭᠠᠷᠠᠭᠤᠯᠤᠭᠰᠠᠭᠠᠷ ᠪᠠᠶᠢᠵᠦ᠂ ᠬᠠᠯᠴᠠᠭᠠᠢ ᠮᠠᠩᠬ᠎ᠠ ᠬᠠᠷᠠᠭᠳᠠᠬᠤ ᠦᠭᠡᠢ ᠪᠤᠯᠵᠠᠢ᠃ ᠪᠠᠰᠠ ᠭᠤᠴᠢᠭᠠᠳ  ᠠᠳᠤᠭᠤ ᠮᠠᠯᠵᠢᠵᠦ ᠪᠠᠶᠢᠳᠠᠭ ᠤᠨ ᠤᠴᠢᠷ ᠢ ᠠᠰᠠᠭᠤᠪᠠᠯ ᠠᠳᠤᠭᠤᠨ ᠠᠴᠠ ᠪᠠᠨ ᠠᠰᠢᠭ ᠤᠯᠬᠤ ᠭᠡᠵᠦ ᠪᠠᠶᠢᠭ᠎ᠠ ᠪᠢᠰᠢ  ᠬᠠᠷᠢᠨ ᠨᠤᠳᠤᠭ ᠢᠶᠠᠨ ᠰᠡᠷᠭᠦᠭᠡᠬᠦ ᠶᠢᠨ ᠲᠦᠯᠦᠭᠡ ᠮᠠᠯᠵᠢᠵᠦ ᠪᠠᠶᠢᠨ᠎ᠠ ᠭᠡᠨ᠎ᠠ᠂ ᠠᠳᠤᠭᠤ ᠭᠡᠳᠡᠭ ᠠᠮᠢᠳᠠᠨ ᠭᠡᠪᠢᠳᠡᠭ  ᠦᠭᠡᠢ ᠪᠤᠯᠬᠤᠷ ᠬᠤᠮᠤᠯ ᠳᠤᠨᠢ ᠡᠪᠡᠰᠦᠨ ᠤ ᠦᠷ᠎ᠠ ᠪᠦᠬᠦᠯᠢ ᠪᠠᠷ ᠢᠶᠠᠨ ᠪᠠᠶᠢᠵᠦ᠂ ᠡᠪᠡᠰᠦᠨ ᠤ ᠦᠷ᠎ᠠ ᠶᠢ  ᠲᠠᠮᠵᠢᠭᠤᠯᠬᠤ ᠳᠤ ᠰᠠᠶᠢᠨ ᠭᠡᠵᠦ ᠰᠤᠶᠤᠯᠳᠤ ᠲᠠᠨᠢᠯᠴᠠᠭᠤᠯᠤᠯ᠎ᠠ᠃            ᠬᠤᠨᠢ ᠶᠢ ᠴᠦᠭᠡᠴᠢᠯᠡᠵᠦ ᠦᠭᠡᠷ ᠮᠠᠯᠵᠢᠬᠤ ᠲᠦᠷᠦ ᠶᠢᠨ ᠪᠤᠳᠤᠯᠭ᠎ᠠ ᠪᠠᠷ ᠰᠤᠶᠤᠯᠳᠤ ᠨᠤᠳᠤᠭ ᠢᠶᠠᠨ  ᠬᠠᠮᠠᠭᠠᠯᠠᠬᠤ ᠪᠠ ᠦᠭᠡᠷ ᠠᠴᠠ ᠪᠠᠨ ᠨᠡᠩ ᠶᠡᠭᠡ ᠠᠰᠢᠭ ᠡᠬᠦᠳᠬᠦ ᠰᠢᠨ᠎ᠠ ᠵᠠᠮ ᠢᠶᠠᠷ ᠵᠠᠮᠨᠠᠵᠦ ᠪᠠᠶᠢᠨ᠎ᠠ᠃ ᠲᠡᠷᠡ  ᠠᠮᠢᠨ ᠡᠷᠳᠡᠨᠢ ᠨᠤᠳᠤᠭ ᠢᠶᠠᠨ ᠬᠠᠮᠠᠭᠠᠯᠠᠬᠤ ᠶᠢᠨ ᠲᠦᠯᠦᠭᠡ ᠶᠡᠬᠡᠪᠡᠷ ᠮᠠᠯ ᠮᠠᠯᠵᠢᠬᠤ ᠶᠢ ᠬᠦᠭᠡᠭᠡᠴᠡᠯᠳᠦᠭᠰᠡᠨ ᠦᠭᠡᠢ᠂  ᠬᠠᠷᠢᠨ ᠲᠤᠭᠤᠯ ᠢᠶᠠᠨ ᠵᠢᠯ ᠳᠡᠭᠡᠨ ᠪᠤᠷᠳᠤᠨ ᠪᠤᠷᠤᠯᠠᠭᠤᠯᠵᠦ᠂ ᠶᠡᠷᠡᠭᠡᠳ ᠦᠭᠡᠷ ᠢᠶᠠᠨ ᠡᠪᠤᠯᠵᠢᠬᠦᠯᠳᠡᠭ᠃ ᠮᠠᠩᠬᠠᠨ  ᠬᠦᠨ ᠳᠤ ᠰᠠᠭᠤᠷᠢᠰᠢᠭᠰᠠᠨ ᠴᠦ ᠮᠠᠯᠵᠢᠯ ᠤᠨ ᠤᠬᠠᠭᠠᠨ ᠢᠶᠠᠷ ᠢᠶᠠᠨ ᠮᠠᠯᠴᠢᠨ ᠰᠤᠶᠤᠯᠳᠤ ᠤᠯᠠᠨ ᠠᠴᠠ  ᠤᠷᠦ᠋ᠢᠯᠠᠭᠰᠠᠨ ᠪᠠᠶᠢᠨ᠎ᠠ᠃ 2013 ᠤᠨ ᠠᠴᠠ ᠡᠬᠢᠯᠡᠨ ᠪᠤᠷᠳᠤᠨ ᠲᠠᠷᠭᠤᠯᠠᠭᠤᠯᠬᠤ ᠵᠠᠮ ᠢᠶᠠᠷ ᠵᠠᠮᠨᠠᠵᠦ᠂  ᠦᠪᠡᠷ ᠤᠨ ᠲᠤᠭᠤᠯ ᠪᠠ ᠭᠠᠳᠠᠨ᠎ᠠ ᠠᠴᠠ ᠦᠭᠡᠷ ᠬᠤᠳᠠᠯᠳᠤᠨ ᠠᠪᠴᠦ ᠪᠤᠷᠳᠤᠭᠠᠳ ᠠᠩᠬᠠᠨ ᠤ ᠵᠢᠯ ᠳᠡᠭᠡᠨ ᠠᠰᠢᠭ  ᠬᠦᠷᠳᠡᠪᠡ᠃ ᠡᠬᠦᠨ ᠠᠴᠠ ᠡᠬᠢᠯᠡᠨ ᠲᠤᠭᠤᠯ ᠢᠶᠠᠨ 3 — 4 ᠰᠠᠷ᠎ᠠ ᠪᠤᠷᠳᠤᠨ ᠲᠡᠵᠢᠭᠡᠵᠦ ᠪᠤᠷᠤᠯᠠᠭᠤᠯᠬᠤ ᠪᠤᠯᠵᠦ᠂ ᠪᠤᠷᠳᠤᠭᠠᠨ ᠤ ᠵᠠᠷᠤᠯᠭ᠎ᠠ ᠪᠠᠨ ᠭᠠᠷᠭᠠᠭᠠᠳ ᠨᠢᠭᠡ ᠲᠤᠭᠤᠯ ᠠᠴᠠ ᠢᠯᠡᠬᠦᠦ 1000 ᠲᠦᠭᠦᠷᠢᠭ ᠤᠨ ᠴᠡᠪᠡᠷ  ᠤᠷᠤᠯᠭ᠎ᠠ ᠤᠯᠳᠠᠭ᠃ ︽ᠵᠢᠯ ᠤᠨ 70 ᠲᠤᠭᠤᠯ ᠪᠤᠷᠳᠤᠨ ᠪᠤᠷᠤᠯᠠᠭᠤᠯᠵᠦ ᠪᠠᠶᠢᠨ᠎ᠠ᠂ ᠨᠢᠳᠤᠨᠤᠨ ᠵᠢᠯ ᠲᠤᠭᠤᠯ ᠤᠨ  ᠦᠨ᠎ᠠ ᠲᠤᠤᠷ᠎ᠠ ᠪᠠᠶᠢᠳᠠᠯ ᠳᠤ ᠲᠤᠭᠤᠯ ᠪᠦᠷᠢ ᠶᠢ ᠲᠡᠭᠰᠢᠳᠭᠡᠭᠡᠳ 8000 ᠲᠦᠭᠦᠷᠢᠭ ᠢᠶᠠᠷ ᠪᠤᠷᠤᠯᠠᠭᠤᠯᠵᠦ᠂ 60  ᠲᠦᠮᠡᠨ ᠲᠦᠭᠦᠷᠢᠭ ᠤᠨ ᠤᠷᠤᠯᠭ᠎ᠠ ᠤᠯᠤᠭᠰᠠᠨ ᠪᠤᠯ ᠡᠨᠡ ᠵᠢᠯ ᠲᠤᠭᠤᠯ ᠤᠨ ᠦᠨ᠎ᠠ ᠦᠰᠴᠦ ᠪᠠᠶᠢᠭ᠎ᠠ ᠪᠤᠯᠬᠤᠷ  ᠲᠤᠭᠤᠯ ᠪᠦᠷᠢ ᠶᠢᠨ ᠲᠡᠭᠰᠢᠳᠭᠡᠭᠰᠡᠨ ᠦᠨ᠎ᠠ 1 ᠲᠦᠮᠡᠨ ᠲᠦᠭᠦᠷᠢᠭ ᠢ ᠲᠠᠪᠠᠨ᠎ᠠ᠂ ᠨᠡᠶᠢᠳᠡ 70 ᠲᠦᠮᠡᠨ  ᠲᠦᠭᠦᠷᠢᠭ ᠤᠨ ᠴᠡᠪᠡᠷ ᠤᠷᠤᠯᠭ᠎ᠠ ᠤᠯᠬᠤ ᠪᠠᠳᠤᠯᠠᠭ᠎ᠠ ᠲᠠᠢ︾ ᠭᠡᠵᠦ ᠰᠤᠶᠤᠯᠳᠤ ᠪᠠᠳᠤᠳᠠᠢ ᠭᠡᠯᠡᠨ᠎ᠠ᠃            ᠴᠠᠬᠠᠷ ᠨᠤᠳᠤᠭ ᠤᠨ ᠦᠭᠡᠷᠳᠦ ᠪᠠᠶᠠᠨ ᠰᠤᠶᠤᠯᠳᠤ ᠶᠢᠨ ᠮᠠᠯᠵᠢᠯ ᠤᠨ ᠨᠠᠷᠢᠨ ᠲᠡᠩᠰᠠ ᠢ ᠨᠠᠷᠢᠪᠴᠢᠯᠠᠪᠠᠯ  ᠶᠠᠭᠤᠨ ᠤ ᠤᠷᠢᠳ ᠪᠡᠯᠴᠢᠭᠡᠷ ᠨᠤᠳᠤᠬ ᠢᠶᠠᠨ ᠭᠠᠮᠨᠠᠬᠤ ᠶᠢ ᠪᠤᠳᠤᠵᠦ᠂ ᠰᠡᠯᠭᠦᠨ ᠮᠠᠯᠵᠢᠵᠦ᠂ ᠰᠡᠷᠭᠦᠭᠡᠵᠦ  ᠠᠮᠠᠷᠠᠭᠠᠳᠠᠬ ᠪᠤᠯᠬᠤᠷ ᠵᠢᠯ ᠳᠡᠭᠡᠨ ᠦᠪᠡᠷ ᠤᠨ ᠪᠡᠯᠴᠢᠭᠡᠷ ᠠᠴᠠ ᠪᠠᠨ 20 ᠲᠦᠮᠡᠨ ᠵᠢᠩ ᠭᠠᠷᠦᠢ ᠬᠠᠳᠤᠯᠠᠩ  ᠬᠠᠳᠤᠵᠦ ᠨᠦᠭᠡᠴᠡᠯᠡᠵᠦ᠂ 10 ᠲᠦᠮᠡᠨ ᠵᠢᠩ ᠨᠤᠭᠤᠭᠠᠨ ᠲᠠᠷᠤᠰᠢ ᠲᠠᠷᠢᠵᠦ ᠲᠠᠷᠤᠰᠢᠭᠤᠯᠵᠦ᠂ ᠡᠪᠡᠰᠦ ᠪᠤᠷᠳᠤᠭ᠎ᠠ  ᠬᠤᠳᠠᠯᠳᠤᠨ ᠠᠪᠬᠤ ᠵᠠᠷᠤᠯᠭ᠎ᠠ ᠠᠷᠪᠢᠯᠠᠳᠠᠬ ᠪᠠᠶᠢᠨ᠎ᠠ᠃ ᠲᠠᠬᠢᠪᠠᠯ ᠳᠡᠷᠡ ᠵᠠᠬ᠎ᠠ ᠳᠡᠯᠭᠡᠬᠦᠷ ᠲᠤ ᠠᠵᠢᠬᠯᠠᠯᠳᠡ ᠬᠢᠵᠦ᠂  ᠦᠭᠡᠷ ᠤᠨ ᠠᠰᠢᠬ ᠤᠷᠤᠯᠭ᠎ᠠ ᠦᠨᠳᠦᠷ ᠪᠠᠶᠢᠭ᠎ᠠ ᠳᠤᠬᠢᠶᠠᠯ ᠢ ᠠᠳᠬᠤᠵᠦ᠂ ᠳᠤᠭᠤᠯ ᠠᠪᠴᠦ ᠪᠤᠷᠳᠤᠨ  ᠳᠠᠷᠭᠤᠯᠠᠭᠤᠯᠵᠦ ᠪᠤᠷᠤᠯᠠᠭᠤᠯᠤᠭᠠᠳ ᠠᠰᠢᠬ ᠡᠭᠦᠳᠦᠭᠰᠡᠨ ᠪᠠᠶᠢᠨ᠎ᠠ᠃      
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ 
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号