ᠮᠠᠯᠵᠢᠬᠤ ᠦᠢᠯᠡᠳᠪᠦᠷᠢᠯᠡᠯ ᠢᠶᠠᠨ ᠭᠦᠭᠵᠢᠭᠦᠯᠭᠦ ᠳᠤ ᠦᠵᠡᠯᠳᠡ ᠲᠠᠨᠢᠯᠳᠠ ᠪᠠᠨ ᠬᠤᠪᠢᠷᠠᠭᠤᠯᠬᠤ ᠴᠢᠬᠤᠯᠠᠳᠠᠢ
ᠨᠡᠶᠢᠲᠡᠯᠡᠭᠰᠡᠨ ᠴᠠᠭ᠄
2017/11/14
                          ᠮᠡᠷᠭᠡᠨ       ᠬᠦᠳᠡᠯᠮᠤᠷᠢᠯᠠᠪᠠᠯ ᠠᠮᠢᠳᠤᠷᠠᠯ ᠪᠠᠶᠠᠵᠢᠨ᠎ᠠ᠂ ᠬᠠᠶᠢᠷᠠᠯᠠᠪᠠᠯ ᠰᠡᠳᠬᠢᠯ ᠪᠠᠶᠠᠵᠢᠨ᠎ᠠ ᠭᠡᠳᠡᠭ ᠢᠶᠠᠷ ᠬᠦᠳᠡᠯᠮᠤᠷᠢ  ᠠᠮᠢᠳᠤᠷᠠᠯ ᠢ ᠪᠦᠳᠦᠭᠡᠳᠡᠭ ᠪᠤᠯᠬᠤᠷ ᠪᠢᠳᠡᠨ ᠤ ᠠᠮᠢᠳᠤᠷᠠᠯ ᠬᠦᠳᠡᠯᠮᠤᠷᠢ ᠠᠴᠠ ᠰᠠᠯᠵᠦ ᠴᠢᠳᠠᠬᠤ ᠦᠭᠡᠢ᠃  ᠬᠡᠬᠦ ᠳᠡᠭᠡᠨ ᠪᠢᠳᠡ ᠮᠠᠯᠵᠢᠬᠤ ᠠᠮᠢᠳᠤᠷᠠᠯ ᠦᠢᠯᠡᠳᠪᠦᠷᠢᠯᠡᠯ ᠢ ᠵᠦᠪᠭᠡᠨ ᠪᠡᠶ᠎ᠠ ᠶᠢᠨ ᠬᠦᠳᠡᠯᠮᠤᠷᠢ ᠯᠠ ᠭᠡᠵᠦ  ᠤᠢᠢᠯᠠᠭᠠᠵᠦ ᠪᠤᠯᠬᠤ ᠦᠭᠡᠢ᠂ ᠤᠶᠤᠨ ᠤ ᠬᠦᠳᠡᠯᠮᠤᠷᠢ ᠨᠡᠩ ᠶᠡᠭᠡ ᠱᠠᠭᠠᠷᠳᠠᠭᠳᠠᠨ᠎ᠠ᠃           ᠵᠠᠬ᠎ᠠ ᠲᠡᠯᠭᠡᠬᠦᠷ ᠤᠨ ᠪᠠᠶᠢᠳᠠᠯ᠂ ᠴᠠᠭ ᠲᠦᠷᠦ ᠶᠢᠨ ᠦᠡᠭᠭᠡ ᠠᠶᠠᠰ ᠢ ᠰᠡᠷᠭᠡᠭ ᠢᠶᠠᠷ ᠠᠵᠢᠵᠦ᠂ ᠮᠠᠯᠵᠢᠬᠤ  ᠦᠢᠯᠡᠳᠪᠦᠷᠢᠯᠡᠯ ᠳᠡᠭᠡᠨ ᠲᠤᠬᠢᠷᠠᠭᠤᠯᠤᠯᠳᠠ ᠬᠢᠬᠦ ᠪᠤᠯ ᠤᠳᠤ ᠶᠢᠨ ᠮᠠᠯᠴᠢᠳ ᠲᠤ ᠲᠤᠯᠭᠠᠮ᠎ᠠ ᠱᠠᠭᠠᠷᠳᠠᠭᠳᠠᠵᠦ  ᠪᠠᠶᠢᠭ᠎ᠠ ᠵᠦᠢᠯ ᠮᠦᠨ᠃ ᠴᠠᠭ ᠦᠶ᠎ᠠ ᠶᠢᠨ ᠬᠦᠭ ᠠᠶᠠᠰ ᠢ ᠲᠠᠭᠠᠵᠦ᠂ ᠦᠢᠯᠡᠳᠪᠦᠷᠢᠯᠡᠯ ᠠᠮᠢᠳᠤᠷᠠᠯ ᠳᠠᠭᠠᠨ ᠰᠢᠨ᠎ᠠ  ᠲᠤᠬᠢᠷᠠᠭᠤᠯᠤᠯᠳᠠ ᠬᠢᠵᠦ ᠰᠤᠷᠬᠤ ᠭᠡᠷᠡᠭᠳᠡᠢ᠃ ᠪᠡᠯᠴᠢᠭᠡᠷ ᠤᠨ ᠭᠡᠮᠵᠢᠶ᠎ᠠ ᠪᠠᠷ ᠮᠠᠯ ᠮᠠᠯᠵᠢᠵᠦ᠂ ᠨᠤᠳᠤᠭ ᠢᠶᠠᠨ  ᠬᠠᠮᠠᠭᠠᠯᠠᠬᠤ ᠳᠤ ᠪᠢᠳᠡ ᠴᠦᠭᠡᠨ ᠮᠠᠯ ᠢᠶᠠᠷ ᠦᠨᠳᠦᠷ ᠠᠰᠢᠭ ᠬᠦᠷᠳᠡᠬᠦ ᠴᠢᠬᠤᠯᠠᠳᠠᠢ ᠪᠤᠯᠬᠤᠷ ᠡᠬᠦᠯᠳᠡᠷ  ᠰᠢᠯᠢᠳᠡᠭᠵᠢᠬᠦᠯᠦᠯᠳᠡ ᠶᠢ ᠭᠤᠤᠯᠳᠠᠯᠭ᠎ᠠ ᠲᠠᠢ ᠠᠳᠬᠤᠬᠤ ᠪᠤᠯ ᠦᠵᠡᠯ ᠰᠠᠨᠠᠭᠠᠨ ᠤ ᠬᠤᠪᠢᠷᠠᠭᠤᠯᠤᠯᠳᠠ ᠶᠢᠨ ᠨᠢᠭᠡ  ᠠᠯᠬᠤᠮ ᠪᠤᠯᠤᠨ᠎ᠠ᠂ ᠤᠢᠢᠷ᠎ᠠ ᠶᠢᠨ ᠵᠢᠯ ᠤᠨ ᠮᠠᠯ ᠤᠨ ᠪᠤᠷᠤᠯᠠᠭᠤᠯᠭ᠎ᠠ ᠶᠢᠨ ᠪᠠᠶᠢᠳᠠᠯ ᠠᠴᠠ ᠦᠵᠡᠪᠡᠯ ᠰᠢᠯᠢᠳᠡᠭ  ᠡᠬᠦᠯᠳᠡᠷ ᠤᠨ ᠬᠢ ᠨᠢ ᠦᠨ᠎ᠠ ᠬᠦᠷᠴᠦ ᠪᠠᠶᠢᠭ᠎ᠠ᠃ ᠬᠠᠭᠤᠴᠢᠨ ᠢᠶᠠᠨ ᠪᠠᠷᠢᠮᠳᠠᠯᠠᠵᠦ᠂ ᠭᠡᠪᠰᠢᠮᠡᠯ ᠬᠤᠴᠤᠷᠤᠩᠭᠤᠢ  ᠦᠵᠡᠯᠳᠡ ᠪᠠᠨ ᠲᠠᠶᠠᠭᠳᠠᠬᠤ ᠦᠭᠡᠢ ᠪᠤᠯ ᠤᠳᠤ ᠶᠢᠨ ᠨᠤᠳᠤᠭ ᠪᠡᠯᠴᠢᠭᠡᠷ ᠤᠨ ᠪᠠᠶᠢᠳᠠᠯ᠂ ᠵᠠᠬ᠎ᠠ ᠲᠡᠯᠭᠡᠬᠦᠷ ᠤᠨ  ᠪᠠᠶᠢᠳᠠᠯ ᠠᠴᠠ ᠦᠵᠡᠪᠡᠯ ᠬᠦᠮᠦᠨ ᠠᠴᠠ ᠬᠤᠴᠤᠷᠴᠦ ᠠᠮᠢᠳᠤᠷᠠᠯ ᠢᠶᠠᠨ ᠦᠭᠡᠳᠡᠯᠡᠬᠦᠯᠬᠦ ᠳᠤ ᠬᠦᠴᠢᠷᠳᠡᠬᠦ ᠪᠤᠯᠤᠨ᠎ᠠ᠃           ᠮᠡᠳᠡᠯᠭᠡ ᠲᠠᠢ ᠮᠠᠯᠴᠢᠳ ᠬᠦᠳᠡᠭᠡ ᠨᠤᠳᠤᠭ ᠲᠤ ᠨᠡᠩ ᠶᠡᠬᠡᠪᠡᠷ ᠱᠠᠭᠠᠷᠳᠠᠭᠳᠠᠬᠤ ᠪᠤᠯᠵᠦ᠂ ᠰᠢᠨ᠎ᠠ  ᠪᠦᠳᠦᠭᠡᠭᠳᠡᠬᠦᠨ ᠢ ᠡᠬᠦᠳᠴᠦ᠂ ᠰᠢᠨ᠎ᠠ ᠮᠡᠷᠭᠡᠵᠢᠯ ᠢ ᠠᠰᠢᠭᠯᠠᠵᠦ᠂ ᠲᠦᠬᠦᠭᠡᠢ ᠮᠠᠲ᠋ᠧᠷᠢᠶᠡᠯ ᠢᠶᠠᠨ ᠨᠡᠩ ᠦᠷᠳᠡᠭ ᠲᠤ  ᠬᠦᠷᠭᠡᠬᠦ ᠪᠤᠯ ᠤᠳᠤ ᠶᠢᠨ ᠮᠠᠯᠵᠢᠬᠤ ᠦᠢᠯᠡᠳᠪᠦᠷᠢᠯᠡᠯ ᠤᠨ ᠶᠠᠪᠤᠬᠤ ᠵᠠᠮ ᠪᠤᠯᠵᠠᠢ᠃ ᠪᠤᠬᠢᠷᠳᠤᠯ ᠦᠭᠡᠢ ᠴᠡᠪᠡᠷ  ᠪᠦᠳᠦᠭᠡᠭᠳᠡᠬᠦᠨ ᠪᠤᠯ ᠮᠠᠨ ᠤ ᠡᠬᠦᠷᠢᠳᠡ ᠶᠢᠨ ᠨᠡᠷᠡᠳᠦ ᠲᠡᠮᠳᠡᠭ ᠮᠦᠨ᠂ ᠪᠢᠳᠡ ᠡᠨᠡᠬᠦ ᠨᠡᠷᠡᠳᠦ ᠲᠡᠮᠳᠡᠭ ᠢᠶᠠᠨ  ᠬᠦᠭᠵᠢᠬᠦᠯᠵᠦ ᠂ ᠨᠡᠷᠡᠳᠦ ᠲᠡᠮᠳᠡᠭ ᠢᠶᠠᠷ ᠢᠶᠠᠨ ᠠᠰᠢᠭ ᠤᠷᠤᠯᠭ᠎ᠠ ᠡᠬᠦᠳᠴᠦ ᠶᠠᠪᠤᠬᠤ ᠳᠤ ᠮᠡᠳᠡᠯᠭᠡ ᠮᠡᠷᠭᠡᠵᠢᠯ ᠪᠠᠶᠢᠬᠤ  ᠭᠡᠷᠡᠭᠳᠡᠢ᠃ ᠰᠢᠨ᠎ᠠ ᠴᠠᠭ ᠦᠶ᠎ᠠ ᠶᠢᠨ ᠤᠯᠠᠨ ᠵᠦᠢᠯ ᠤᠨ ᠪᠤᠷᠤᠯᠠᠭᠤᠯᠭ᠎ᠠ ᠶᠢᠨ ᠠᠷᠭ᠎ᠠ ᠵᠠᠮ ᠨᠢ ᠮᠡᠳᠡᠯᠭᠡ  ᠮᠡᠷᠭᠡᠵᠢᠯ ᠲᠠᠢ ᠮᠡᠯᠴᠢᠳ ᠤᠨ ᠬᠢᠵᠦ ᠤᠷᠤᠯᠳᠤᠬᠤ ᠶᠢ ᠱᠠᠭᠠᠷᠳᠠᠵᠦ᠂ ᠰᠦᠯᠵᠢᠶ᠎ᠠ ᠶᠢᠨ ᠭᠠᠳᠠᠭᠰᠢ ᠪᠤᠷᠤᠯᠠᠭᠤᠯᠭ᠎ᠠ  ᠵᠡᠷᠭᠡ ᠨᠤᠳᠤᠭ ᠲᠠᠭᠠᠨ ᠰᠠᠭᠤᠭᠰᠠᠨ ᠮᠠᠯᠴᠢᠳ ᠤᠨ ᠦᠵᠡᠵᠦ ᠰᠤᠨᠤᠰᠤᠭ᠎ᠠ ᠦᠭᠡᠢ ᠵᠦᠢᠯᠡᠰ ᠢ ᠬᠢᠵᠦ ᠰᠡᠳᠦᠵᠦ  ᠤᠷᠤᠯᠳᠤᠵᠦ ᠶᠠᠪᠤᠬᠤ ᠪᠤᠯ ᠨᠢᠳᠤ ᠨᠡᠭᠡᠭᠡᠭᠰᠡᠨ ᠰᠢᠨ᠎ᠠ ᠴᠠᠭ ᠤᠨ ᠮᠠᠯᠴᠢᠳ ᠤᠨ ᠬᠢᠬᠦ ᠵᠤᠬᠢᠰᠳᠠᠢ ᠵᠦᠢᠯ ᠶᠤᠮ᠃  ᠶᠡᠭᠡ ᠶᠢ ᠦᠵᠡᠵᠦ᠂ ᠬᠤᠯᠠ ᠶᠢ ᠬᠠᠷᠠᠭᠰᠠᠨ ᠮᠠᠯᠴᠢᠳ ᠪᠢᠳᠡᠨ ᠳᠤ ᠭᠡᠷᠡᠭᠳᠡᠢ᠂ ᠤᠶᠤᠨ ᠮᠡᠳᠡᠯᠭᠡ ᠶᠢᠨ  ᠰᠢᠨᠡᠴᠢᠯᠡᠯᠳᠡ ᠠᠴᠠ ᠰᠢᠨ᠎ᠠ ᠠᠮᠢᠳᠤᠷᠠᠯ ᠤᠨ ᠪᠠᠷ᠎ᠠ ᠲᠤᠳᠤᠷᠠᠬᠤ ᠨᠢ ᠯᠠᠪᠳᠠᠢ ᠶᠤᠮ᠃      
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号