ᠪᠤᠷᠭᠠᠰᠤᠨ ᠬᠥᠷᠥᠮᠡᠯ ᠤᠨ ᠮᠡᠷᠬᠡᠵᠢᠯ
ᠨᠡᠶᠢᠲᠡᠯᠡᠭᠰᠡᠨ ᠴᠠᠭ᠄
2017/2/24
         ᠮᠤᠩᠭᠤᠯ ᠥᠨᠳᠥᠰᠥᠳᠡᠨ ᠤ ᠪᠤᠷᠭᠠᠰᠤᠨ ᠭᠦᠷᠦᠮᠡᠯ ᠤᠨ ᠮᠡᠷᠬᠡᠵᠢᠯ ᠥᠨᠢ ᠤᠳᠠᠭᠠᠨ ᠲᠡᠥᠬᠡ ᠲᠠᠢ ︽ᠮᠤᠩᠭᠤᠯ ᠤᠨ ᠨᠢᠭᠤᠴᠠ ᠲᠤᠪᠴᠢᠶᠠᠨ︾ ᠤ ᠲᠡᠮᠳᠡᠭᠯᠡᠯ ᠢ ᠥᠨᠳᠥᠰᠥᠯᠡᠪᠡᠯ ᠪᠠᠷᠤᠭ 2000 ᠵᠢᠯ ᠪᠤᠯᠵᠤ ᠪᠤᠢ᠃ ᠬᠤᠯᠠᠨ  ᠰᠢᠷᠭ᠎ᠠ ᠲᠠᠭ᠎ᠠ  ᠶᠢᠨ ᠮᠠᠩᠬᠠᠨ ᠤ ᠮᠠᠯᠴᠢᠳ ᠬᠡᠳᠥᠨ ᠮᠢᠩᠭᠠᠨ ᠵᠢᠯ ᠤᠨ ᠥᠢᠯᠡᠳᠪᠤᠷᠢᠯᠡᠯ ᠠᠮᠢᠳᠤᠷᠠᠯ ᠤᠨ ᠲᠤᠮᠳᠠ᠂  ᠮᠠᠰᠢ ᠤᠯᠠᠨ ᠬᠡᠪ  ᠨᠠᠮᠪᠠ ᠲᠠᠢ ᠮᠤᠩᠭᠤᠯ ᠦᠡᠳᠦᠰᠦᠲᠡᠨ ᠤ ᠦᠪᠡᠷᠮᠢᠴᠡ ᠤᠡᠴᠠᠯᠢᠭ ᠲᠠᠢ ᠪᠤᠷᠭᠠᠰᠤᠨ ᠭᠦᠷᠦᠮᠡᠯ ᠤᠨ ᠤᠷᠠᠨ ᠮᠡᠷᠭᠡᠵᠢᠯ ᠢ ᠡᠭᠦᠳᠦᠨ ᠪᠦᠳᠦᠭᠡᠵᠠᠢ᠃ ᠪᠤᠷᠭᠠᠰᠤ ᠪᠠᠷ ᠭᠡᠷ ᠪᠦᠬᠦᠭᠡ᠂ ᠮᠤᠬᠤᠯᠠᠭ᠂ ᠰᠠᠭᠰᠤ  ᠂ ᠠᠷᠤᠭ᠂ ᠰᠠᠪᠠᠷ᠂ ᠲᠡᠷᠭᠡᠨ  ᠤ ᠠᠳᠠᠷ᠂ ᠵᠠᠮᠪᠠ᠂ ᠬᠤᠷᠤᠭ᠎ᠠ ᠬᠠᠰᠢᠶ᠎ᠠ᠂ ᠰᠠᠷᠠᠪᠴᠢ ᠵᠡᠷᠭᠡ ᠶᠢ ᠴᠦᠮ ᠪᠤᠷᠭᠠᠰᠤ ᠪᠠᠷ ᠪᠦᠲᠦᠭᠡᠳᠡᠭ᠃ ᠪᠤᠷᠭᠠᠰᠤᠨ ᠤ ᠤᠡᠴᠠᠯᠢᠭ  ᠪᠤᠯ ᠬᠠᠷᠢᠮᠠᠬᠠᠢ ᠴᠢᠨᠠᠷ ᠲᠠᠢ᠂ ᠮᠠᠲᠠᠷᠢ  ᠳᠤ  ᠳᠠᠰᠪᠦᠷᠢᠲᠠᠢ  ᠂   ᠨᠤᠭᠤᠷᠠᠪᠠᠴᠤ ᠬᠤᠭᠤᠷᠠᠬᠤ ᠦᠭᠡᠢ᠂ ᠪᠤᠷᠭᠠᠰᠤᠨ‌‍ᠭᠦ᠋ᠷᠦᠮᠡᠯ ᠬᠦᠡᠭᠭᠡᠨ ᠪᠤᠯᠬᠤᠷ ᠵᠦᠭᠡᠭᠡᠪᠦᠷᠢᠯᠡᠬᠦ  ᠂ ᠨᠡᠭᠦᠯᠭᠡᠬᠦ ᠳᠤ ᠳᠦᠭᠦᠮ ᠭᠦᠷᠦᠮᠡᠯ ᠵᠠᠮᠪᠠ  ᠳᠤ ᠨᠢᠷᠤᠭᠤ ᠲᠤᠯᠭᠠᠭᠤᠷᠢ  ᠳᠤᠬᠢᠷᠠᠭᠤᠯᠵᠤ  ᠰᠢᠪᠠᠷ  ᠪᠠᠷ  ᠢᠯᠡᠵᠤ  ᠂  ᠢᠰᠡᠬᠡᠢ ᠪᠠᠷ ᠲᠠᠬᠡᠪᠤᠷᠯᠠᠵᠤ ᠤᠷᠤᠨ ᠰᠠᠭᠤᠴᠠ ᠪᠤᠯᠭᠠᠬᠤ ᠳᠤ ᠰᠠᠯᠬᠢᠨ ᠪᠤᠷᠤᠭᠠᠨ ᠳᠤ ᠳᠡᠭᠠᠭᠠᠴᠠ ᠲᠠᠢ ᠡᠭᠦᠳᠡ ᠴᠤᠩᠬᠤ ᠲᠠᠭᠠᠷᠠᠭᠤᠯᠵᠤ ᠭᠠᠯ ᠲᠤᠭᠤᠭᠠᠨ ᠤ  ᠭᠡᠷ᠂ ᠰᠠᠩ ᠬᠦᠮᠦᠷᠭᠡ ᠪᠤᠯᠭᠠᠳᠠᠭ᠃         ᠪᠤᠷᠭᠠᠰᠤᠨ ᠭᠦᠷᠦᠮᠡᠯ ᠪᠤᠯ ᠬᠠᠲᠠᠭᠤ ᠰᠢᠷᠦᠭᠦᠨ ᠬᠦᠴᠢᠷ ᠪᠡᠷᠬᠡᠲᠠᠢ ᠪᠠᠶᠢᠭᠠᠯᠢ ᠤᠷᠴᠢᠨ ᠤ ᠳᠤᠮᠳᠠ ᠨᠠᠭᠦᠳᠠᠯᠴᠢᠨ ᠮᠠᠯᠴᠢᠳ ᠤᠨ ᠠᠮᠢᠳᠤᠷᠠᠯ ᠲᠠᠢ ᠵᠤᠬᠢᠴᠠᠨ ᠬᠦᠭᠵᠢᠵᠤ᠂ ᠡᠬᠡ ᠶᠢᠷᠲᠢᠡᠴᠦ ᠳᠤ ᠡᠪᠰᠢᠭᠰᠡᠨ ᠤᠯᠠᠮᠵᠢᠯᠠᠯᠳᠦ ᠰᠤᠶᠤᠯ ᠪᠤᠯᠤᠨ᠎ᠠ᠃
                        ᠰᠢᠯᠤᠭᠤᠨ ᠭᠥᠬᠡ ᠬᠤᠰᠢᠭᠤᠨ ᠤ ᠰᠣᠶᠣᠯ ᠤᠨ ᠭᠡᠷ  ᠬᠠᠩᠭᠠᠪᠠ  
 
ᠢᠷᠡᠯᠲᠡ᠄ ᠰᠢᠯᠤᠭᠤᠨ ᠬᠥᠬᠡ ᠬᠤᠰᠢᠭᠤᠨ ᠤ ᠵᠠᠰᠠᠭ ᠤᠨ ᠣᠷᠳᠣᠨ ᠤ ᠮᠤᠩᠭᠤᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号