ᠮᠤᠩᠭᠤᠯ ᠭᠦᠮᠤᠨ ᠤ ᠠᠵᠢᠯᠴᠢ ᠭᠦᠳᠡᠯᠮᠤᠷᠢᠴᠢ ᠵᠠᠩ ᠴᠢᠨᠠᠷ ᠢᠶᠠᠨ ᠡᠭᠦᠷᠢᠳᠡ ᠪᠠᠷᠢᠮᠳᠠᠯᠠᠶ᠎ᠠ
ᠨᠡᠶᠢᠲᠡᠯᠡᠭᠰᠡᠨ ᠴᠠᠭ᠄
2017/2/28
                 ᠮᠤᠩᠭᠤᠯ ᠦᠨᠳᠤᠰᠤᠳᠡᠨ ᠭᠡᠭᠴᠢ ᠡᠷᠳᠡ ᠲᠡᠭᠡᠳᠤ ᠦᠶ᠎ᠡ ᠠᠴᠠ ᠪᠠᠨ ᠠᠪᠤᠭᠠᠤᠨ‌ᠠᠵᠢᠯᠴᠢ ᠭᠦᠳᠡᠯᠮᠤᠷᠢᠴᠢ᠂ ᠠᠮᠢᠳᠤᠷᠠᠯ ᠠᠬᠤᠢ ᠪᠠᠨ ᠡᠪ ᠵᠦᠢ ᠲᠠᠢ ᠵᠤᠬᠢᠴᠠᠭᠤᠯᠵᠤ ᠶᠠᠪᠤᠳᠠᠭ ᠰᠠᠶᠢᠬᠠᠨ ᠰᠤᠷᠳᠠᠯ ᠲᠠᠢ ᠦᠨᠳᠤᠰᠤᠳᠡᠨ ᠶᠤᠮ᠃ ᠴᠠᠭ ᠡᠷᠡᠨ ᠤ ᠭᠦᠭᠵᠢᠯᠳᠡ ᠶᠢᠨ ᠶᠡᠭᠡ ᠤᠷᠤᠰᠬᠠᠯ ᠳᠤ ᠦᠨᠳᠤᠰᠤᠳᠡᠨ ᠤ ᠮᠠᠨᠢ ᠵᠠᠷᠢᠮ ᠠᠮᠢᠳᠤᠷᠠᠯ ᠤᠨ ᠰᠠᠶᠢᠬᠠᠨ ᠵᠠᠩ ᠲᠠᠳᠬᠠᠯ ᠪᠠᠯᠠᠷᠠᠨ ᠬᠠᠶᠢᠯᠤᠭᠳᠠᠵᠤ ᠪᠠᠶᠢᠭ᠎ᠠ ᠨᠢ ᠬᠠᠷᠠᠮᠰᠠᠯᠳᠠᠢ᠃          ᠨᠠᠮᠠᠢᠢ ᠪᠠᠭ᠎ᠠ ᠪᠠᠶᠢᠬᠤ ᠳᠤ ᠮᠠᠨ ᠤ ᠬᠢᠨ ᠰᠤᠮᠤᠨ ᠳᠤ ᠠᠮᠢᠳᠤᠷᠠᠵᠤ ᠪᠠᠶᠢᠵᠠᠢ᠃ ᠰᠠᠭᠠᠬᠤ ᠠᠴᠠ ᠦᠨᠢᠶ᠎ᠡ ᠲᠠᠢ᠂ ᠢᠳᠡᠭᠦ ᠠᠴᠠ ᠲᠠᠷᠢᠮᠠᠯ ᠨᠤᠭᠤᠭ᠎ᠠ ᠲᠠᠢ᠂ ᠲᠦᠯᠡᠭᠦ ᠠᠴᠠ ᠠᠷᠭᠠᠯ ᠲᠠᠢ ᠪᠠᠶᠢᠯ᠎ᠠ᠃ ᠲᠡᠷᠡ ᠦᠶ᠎ᠡ ᠳᠤ ᠮᠠᠨᠠᠶᠢᠬᠢᠨ ᠦᠪᠡᠷ ᠎ ᠤᠨ ᠭᠡᠰᠡᠨ ᠪᠠᠯᠴᠢᠭᠡᠷ ᠨᠤᠳᠤᠭ ᠦᠭᠡᠢ ᠪᠤᠯᠬᠤᠷ ᠨᠤᠳᠤᠭ ᠲᠦᠷᠢᠶᠡᠰᠤᠯᠡᠵᠤ᠂ ᠮᠠᠯ ᠮᠠᠯᠵᠢᠨ ᠠᠵᠤ ᠲᠦᠷᠤᠵᠤ ᠪᠠᠶᠢᠯ᠎ᠠ᠃ ᠡᠵᠢ ᠮᠢᠨᠢ ᠨᠠᠷᠠᠨ ᠠᠴᠠ ᠡᠮᠤᠨ᠎ᠡ ᠪᠤᠰᠴᠤ᠂ ᠦᠨᠢᠶ᠎ᠡ ᠪᠠᠨ ᠰᠠᠭᠠᠵᠤ᠂ ᠴᠠᠭᠠᠨ ᠢᠳᠡᠭᠡᠨ ᠢ ᠡᠯᠪᠡᠭ ᠲᠡᠯᠪᠡᠭ ᠪᠡᠯᠡᠳᠭᠡᠵᠤ᠂ ᠲᠠᠷᠤᠭᠤᠯ ᠬᠤᠳᠳᠤᠭ ᠢᠶᠠᠷ ᠨᠤᠭᠤᠭ᠎ᠠ ᠪᠠᠨ ᠤᠰᠤᠯᠠᠵᠤ᠂ ᠪᠤᠬᠢᠷᠳᠤᠯ ᠦᠭᠡᠢ ᠢᠳᠡᠰᠢᠨ ᠨᠤᠭᠤᠭ᠎ᠠ ᠢᠳᠡᠵᠤ᠂ ᠠᠷᠪᠠᠨ ᠭᠡᠳᠤᠨ ᠲᠠᠬᠢᠶ᠎ᠠ ᠪᠠᠨ ᠦᠯᠡᠳᠡᠭᠰᠡᠨ ᠬᠤᠭᠤᠯᠠ ᠪᠤᠳᠠᠭ᠎ᠠ ᠪᠠᠷ ᠲᠡᠵᠢᠭᠡᠵᠤ᠂ ᠲᠠᠬᠢᠶᠠᠨ ᠦᠨᠳᠡᠭᠡ ᠮᠠᠨᠠᠶᠢᠬᠢᠨ ᠳᠤ ᠲᠠᠰᠤᠷᠠᠳᠠᠭ ᠦᠭᠡᠢ᠃ ᠪᠠᠶᠢᠮ᠎ᠠ ᠬᠤᠯᠠ ᠠᠴᠠ ᠠᠷᠤᠭ ᠢᠶᠠᠷ ᠠᠷᠭᠠᠯ ᠲᠡᠭᠦᠵᠤ ᠲᠠᠯᠡᠩ ᠢᠶᠠᠨ ᠲᠦᠭᠦᠷᠭᠡᠵᠤ᠂ ᠲᠤᠪ ᠲᠤᠯᠠᠭᠠᠬᠠᠨ ᠡᠪᠤᠯ ᠢ ᠦᠩᠭᠡᠷᠡᠭᠡᠳᠡᠭ ᠶᠤᠮ᠃ ᠲᠡᠷᠡ ᠦᠶ᠎ᠡ ᠳᠤ ᠡᠪᠤᠯ ᠤᠨ ᠤᠯᠠᠷᠢᠯ ᠭᠡᠵᠤ ᠦᠨᠡᠭᠡᠷ ᠭᠤᠨᠢᠨ ᠦᠭᠡᠷ ᠤᠨ ᠡᠪᠡᠷ ᠬᠠᠭ᠎ᠠ ᠭᠦᠯᠳᠡᠮᠡᠷ ᠭᠦᠢᠳᠡᠨ ᠪᠠᠶᠢᠭᠰᠠᠨ ᠴᠦ ᠡᠵᠢ ᠶᠢᠨ ᠢᠶᠠᠨ ᠤᠶᠤᠬᠰᠠᠨ ᠭᠦᠳᠦᠭᠰᠡᠨ ᠲᠡᠪᠡᠯ ᠢ ᠡᠮᠦᠰᠴᠦ᠂ ᠪᠡᠭᠡᠯᠡᠢ ᠪᠠᠨ ᠵᠡᠭᠦᠴᠢᠬᠡᠪᠡᠯ᠂ ᠭᠤᠷᠪᠠ ᠶᠢᠰᠤ ᠶᠢᠨ ᠭᠦᠢᠳᠡᠨ ᠢ ᠪᠢᠳᠡ ᠠᠵᠢᠭ ᠴᠦ ᠦᠭᠡᠢ ᠲᠤᠭᠤᠯᠳᠠᠭ ᠪᠠᠶᠢᠯ᠎ᠠ᠃ ᠭᠡᠳᠡᠯ᠎ᠡ ᠡᠳᠡᠭᠡᠷ ᠪᠦᠭᠦᠨ ᠢ ᠪᠠᠶᠠᠯᠡᠭᠦᠯᠭᠦ ᠳᠤ ᠨᠦᠷᠢ ᠶᠡᠭᠡ ᠭᠦᠳᠡᠯᠮᠤᠷᠢ ᠭᠦᠴᠤ ᠱᠠᠭᠠᠷᠳᠠᠭᠳᠠᠨ᠎ᠠ᠃ ᠡᠵᠢ ᠮᠢᠨᠢ ᠪᠤᠷᠪᠢ ᠪᠤᠬᠢᠰᠬᠢᠯ ᠦᠭᠡᠢ ᠠᠵᠢᠯᠯᠠᠵᠤ ᠡᠳᠤᠷᠵᠢᠨ ᠮᠤᠩᠭᠢᠨᠠᠵᠤ ᠯᠡ ᠪᠠᠶᠢᠳᠠᠭ᠃ ᠶᠡᠷᠤ ᠠᠴᠠ ᠵᠢᠭᠡᠯᠡᠯᠭᠡ ᠭᠡᠳᠡᠭ ᠶᠠᠭᠤᠮ᠎ᠠ ᠪᠢᠳᠡᠨ ᠤ ᠠᠮᠢᠳᠤᠷᠠᠯ ᠳᠤ ᠪᠠᠶᠢᠳᠠᠭ ᠦᠭᠡᠢ᠃ ᠦᠪᠡᠷ ᠢ ᠪᠠᠨ ᠦᠪᠡᠷᠳᠡᠭᠡᠨ ᠲᠡᠵᠢᠭᠡᠵᠤ ᠡᠯᠪᠡᠭ ᠲᠠᠯᠪᠡᠭ ᠠᠮᠢᠳᠤᠷᠠᠯ ᠲᠠᠢ ᠯᠡ ᠪᠠᠶᠢᠭᠰᠠᠨ ᠶᠤᠮ᠃ ︽ᠭᠦᠳᠡᠯᠮᠤᠷᠢ ᠭᠦᠮᠤᠨ ᠢ ᠭᠤᠮᠤᠳᠠᠭᠠᠳᠠᠭ ᠦᠭᠡᠢ︾ ᠭᠡᠳᠡᠭ ᠡᠨᠡ ᠯᠡ ᠳ᠋ᠠ᠃          ᠤᠳᠤ ᠪᠤᠯᠬᠤ ᠳᠤ ᠤᠷᠭᠤᠬᠤ ᠨᠠᠷᠠ ᠲᠠᠢ ᠤᠷᠤᠯᠳᠤᠨ ᠪᠤᠰᠴᠤ᠂ ᠤᠨᠠᠬᠤ ᠨᠠᠷᠠᠨ ᠢ ᠦᠳᠡᠨ ᠮᠤᠩᠭᠠᠨᠢᠳᠠᠭ ᠭᠦᠳᠡᠯᠮᠤᠷᠢᠴᠢ ᠮᠠᠯᠴᠢᠨ ᠴᠦᠭᠡᠷᠡᠵᠠᠢ᠃ ᠦᠨᠢᠶ᠎ᠡ ᠰᠠᠭᠠᠵᠤ ᠴᠠᠭᠠᠨ ᠢᠳᠡᠭᠡ ᠪᠡᠯᠡᠳᠭᠡᠭᠦ ᠪᠠᠶᠢᠳᠤᠭᠠᠢ ᠶᠠᠳᠠᠵᠤ ᠴᠠᠢ ᠶᠢᠨ ᠰᠦ ᠎ ᠪᠠᠨ ᠴᠦ ᠬᠤᠷᠰᠢᠶᠠᠨ ᠠᠴᠠ ᠬᠤᠳᠠᠯᠳᠤᠨ ᠠᠪᠬᠤ ᠨᠢ ᠤᠯᠠᠰᠢᠷᠠᠵᠠᠢ᠃ ᠨᠤᠭᠤᠭ᠎ᠠ ᠴᠠᠭ᠎ᠠ᠂ ᠬᠤᠭᠤᠯᠠ ᠤᠮᠳᠠ ᠪᠦᠭᠦᠨ ᠢ ᠪᠡᠯᠡᠨ ᠲᠦᠭᠦᠮ ᠭᠡᠤᠨ ᠲᠡᠯᠭᠡᠭᠦᠷ ᠠᠴᠠ ᠠᠪᠤᠨ᠎ᠠ᠃ ᠠᠷᠭᠠᠯ ᠢᠶᠠᠨ ᠭᠦᠷᠤᠯᠴᠡᠭᠡᠳᠠᠢ ᠪᠡᠯᠡᠳᠭᠡᠭᠦ ᠠᠴᠠ ᠪᠠᠨ ᠠᠯᠵᠠᠭᠤᠷᠠᠨ᠂ ᠨᠡᠭᠦᠷᠡᠰᠤ ᠲᠦᠯᠡᠰᠢᠨ ᠳᠤ ᠮᠦᠩᠭᠦ ᠪᠠᠨ ᠦᠷᠡᠨ᠎ᠡ᠃ ᠢᠩᠭᠢᠭᠡᠤᠨ ᠯᠡ ᠤᠷᠤᠯᠭ᠎ᠠ ᠵᠠᠷᠤᠯᠭ᠎ᠠ ᠨᠢ ᠲᠡᠩᠴᠡᠭᠦᠷᠢ ᠪᠠᠨ ᠠᠯᠳᠠᠵᠤ ᠂ ᠶᠠᠳᠠᠭᠤᠷᠬᠠᠤ ᠶᠢᠨ ᠭᠠᠰᠢᠭᠤᠨ ᠳᠤ ᠭᠠᠰᠠᠯᠵᠤ ᠰᠠᠭᠤᠬᠤ ᠮᠠᠯᠴᠢᠤᠨ ᠤᠯᠠᠰᠢᠷᠠᠭᠰᠠᠨ ᠢ ᠶᠠᠭᠠᠬᠢᠯᠳᠠᠢ ᠴᠦ ᠪᠢᠯᠡ︕          ᠪᠢᠳᠡᠨ ᠳᠤ ᠠᠵᠢᠯᠴᠢ ᠭᠦᠳᠡᠯᠮᠤᠷᠢᠴᠢ ᠵᠤᠷᠢᠭ ᠰᠠᠨᠠᠭ᠎ᠠ ᠲᠤᠳᠠᠭᠳᠠᠵᠤ᠂ ᠠᠮᠢᠳᠤᠷᠠᠯ ᠢᠶᠠᠨ ᠦᠭᠡᠳᠡᠯᠡᠭᠦᠯᠭᠦ ᠠᠷᠭ᠎ᠠ ᠤᠬᠠᠭᠠᠨ ᠴᠢᠬᠤᠯᠠᠳᠠᠢ ᠪᠤᠯᠤᠭᠠᠤᠨ ᠪᠠᠶᠢᠨ᠎ᠠ᠃ ᠦᠪᠡᠷ ᠤᠨ ᠭᠠᠷ ᠢᠶᠠᠷ ᠢᠶᠠᠨ ᠪᠦᠳᠤᠭᠡᠭᠰᠡᠨ ᠵᠤᠶᠢᠯ ᠪᠤᠯ ᠡᠷᠬᠢᠮ ᠪᠠᠶᠢᠳᠠᠭ᠂ ᠪᠢᠳᠡ ᠭᠦᠳᠡᠯᠮᠤᠷᠢ ᠶᠢ ᠭᠦᠨᠳᠤᠳᠭᠡᠵᠤ᠂ ᠭᠦᠳᠡᠯᠮᠤᠷᠢ ᠪᠠᠷ ᠢᠶᠠᠨ ᠪᠠᠭ᠋ᠠᠷᠬᠠᠵᠤ᠂ ᠠᠶᠢᠯ ᠭᠡᠷ ᠤᠨ ᠢᠶᠠᠨ ᠠᠮᠢᠳᠤᠷᠠᠯ ᠢ ᠦᠭᠡᠳᠡ ᠨᠢ ᠲᠠᠳᠠᠵᠤ ᠶᠠᠪᠤᠵᠠᠭᠠᠶ᠎ᠠ︕ ᠪᠢᠳᠡ ᠮᠤᠩᠭᠤᠯ ᠭᠦᠮᠤᠨ ᠤ ᠠᠵᠢᠯᠴᠢ ᠭᠦᠳᠡᠯᠮᠤᠷᠢᠴᠢ ᠵᠠᠩ ᠴᠢᠨᠠᠷ ᠎ ᠢᠶᠠᠨ ᠡᠭᠦᠷᠢᠳᠡ ᠪᠠᠷᠢᠮᠳᠠᠯᠠᠶ᠎ᠠ᠃ ︵ᠤᠶᠤᠩᠭᠤᠸ᠎ᠠ︶  
 
ᠢᠷᠡᠯᠲᠡ᠄ ᠰᠢᠯᠤᠭᠤᠨ ᠬᠥᠬᠡ ᠬᠤᠰᠢᠭᠤᠨ ᠤ ᠵᠠᠰᠠᠭ ᠤᠨ ᠣᠷᠳᠣᠨ ᠤ ᠮᠤᠩᠭᠤᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号