| —— ᠱᠠᠩᠳᠤ ᠪᠠᠯᠭᠠᠰᠤᠨ ᠳᠠᠬᠢ ︽ᠬᠤᠸᠠ ᠱᠥᠸᠧ ᠺᠤᠮᠫᠢᠦ᠋ᠲ᠋ᠧᠷ ᠤᠨ | ᠲᠠᠯᠭᠡᠭᠦᠷ︾ ᠤᠨ ᠤᠶᠤᠨ ᠢ ᠲᠡᠮᠳᠡᠭᠯᠡᠪᠡ | | | ᠰᠢᠯᠤᠭᠤᠨ ᠬᠦᠬᠡ ᠬᠤᠰᠢᠭᠤᠨ ᠳᠠᠬᠢ ︽ᠬᠤᠸᠠ ᠱᠥᠸᠧ ᠺᠤᠮᠫᠢᠦ᠋ᠲ᠋ᠧᠷ ᠤᠨ ᠲᠠᠯᠭᠡᠭᠦᠷ︾ ᠪᠤᠯ ᠤᠶᠤᠨ | ᠭᠠᠨᠭᠧᠴᠢᠷ ᠬᠤᠶᠠᠷ ᠤᠨᠦᠢᠯᠡᠰ ᠪᠤᠰᠬᠠᠬᠰᠠᠨ ᠵᠢᠷᠭᠠᠯᠳᠦ ᠬᠡᠷ ᠪᠦᠯᠢ ᠶᠢᠨ ᠬᠢᠨᠢ ᠬᠠᠯᠠᠭᠤᠬᠠᠨ ᠦᠷᠦᠬᠡ ᠪᠤᠯᠬᠤ ᠶᠤᠮ᠃ | ᠲᠡᠳᠡ ᠬᠤᠶᠠᠷ ᠠᠵᠢᠯ ᠦᠢᠯᠡᠰ ᠤᠨ ᠢᠶᠠᠨ ᠲᠦᠯᠦᠭᠡ ᠬᠠᠷᠢᠯᠴᠠᠨ ᠬᠠᠪᠰᠤᠷᠤᠯᠴᠠᠵᠤ ᠬᠠᠷᠢᠯᠴᠠᠨ ᠲᠤᠰᠠᠯᠠᠯᠴᠠᠵᠤ ᠬᠠᠮᠳᠦ ᠶᠢᠨ | ᠬᠦᠰᠡᠯ ᠮᠦᠷᠦᠬᠡᠳᠦᠯ ᠦᠬᠡᠳᠠ ᠴᠤᠴᠠᠯᠳᠠ ᠦᠭᠡᠢ ᠴᠢᠷᠮᠠᠶᠢᠵᠤ ᠢᠷᠡᠭᠰᠡᠨ ᠢᠶᠠᠷ ᠵᠠᠬ᠎ᠠᠲ᠋ᠡᠯᠭᠡᠭᠦᠷ ᠤᠨ ᠦᠷᠭᠡᠨ ᠵᠠᠢ ᠳᠤ | ᠤᠯᠠᠨ ᠤ ᠭᠦᠨᠳᠤᠳᠭᠡᠯ ᠪᠢᠰᠢᠷᠡᠯ ᠢ ᠤᠯᠵᠤ ᠢᠷᠡᠭᠰᠡᠨ ᠪᠠᠶᠢᠨ᠎ᠠ᠃ | | ᠤᠶᠤᠨ 2008 ᠤᠨ ᠳᠤ ᠦᠪᠦᠷ ᠮᠤᠩᠭᠤᠯ ᠤᠨ ᠦᠨᠳᠦᠰᠦᠳᠡᠨ ᠤ ᠶᠡᠭᠡ ᠰᠤᠷᠭᠠᠭᠤᠯᠢ ᠶᠢᠨ ᠮᠤᠩᠭᠤᠯ | ᠰᠤᠳᠤᠯᠤᠯ ᠤᠨ ᠲᠡᠬᠡᠳᠦ ᠰᠤᠷᠭᠠᠭᠤᠯᠢ ᠠᠴᠠ ᠨᠠᠶᠢᠷᠠᠭᠤᠯᠵᠤ ᠬᠡᠪᠯᠡᠬᠦᠯᠬᠦ ᠤᠬᠠᠭᠠᠨ ᠤ ᠲᠤᠰᠬᠠᠢ ᠮᠡᠷᠬᠡᠵᠢᠯ ᠢᠶᠠᠷ ᠶᠡᠭᠡ | ᠰᠤᠷᠭᠠᠭᠤᠯᠢ ᠶᠢᠨ ᠵᠢᠩᠬᠢᠨᠢ ᠠᠩᠬᠢ ᠪᠠᠨ ᠲᠡᠬᠦᠰᠬᠡᠬᠡᠳ ᠦᠪᠡᠷ ᠤᠨ ᠨᠤᠳᠤᠭ ᠰᠢᠯᠤᠭᠤᠨ ᠬᠦᠬᠡ ᠬᠤᠰᠢᠭᠤᠨ ᠳᠠᠭᠠᠨ | ᠪᠤᠴᠠᠵᠠᠢ᠃ ᠵᠢᠩᠬᠢᠨᠢ ᠠᠵᠢᠯ ᠤᠨ ᠪᠠᠶᠢᠷᠢ ᠡᠷᠢᠬᠦ᠂ ᠡᠰᠡᠬᠦᠯ᠎ᠡ ᠦᠪᠡᠷ ᠲᠡᠭᠡᠨ ᠠᠵᠢᠯ ᠦᠢᠯᠡᠰ ᠪᠤᠰᠬᠠᠬᠤ ᠬᠡᠳᠡᠭ | ᠰᠤᠩᠭᠤᠯᠳᠠ ᠰᠤᠷᠭᠠᠭᠤᠯᠢ ᠪᠠᠨ ᠲᠡᠬᠦᠰᠦᠭᠰᠡᠨ ᠤᠶᠤᠳᠠᠨ ᠪᠤᠯᠭᠠᠨ ᠳᠤ ᠲᠤᠯᠭᠠᠷᠠᠳᠠᠭ ᠨᠢ ᠮᠡᠳᠡᠬᠡᠵᠢ᠃ ᠤᠶᠤᠨ ᠴᠦ ᠲᠡᠷᠡ | ᠦᠶ᠎ᠡ ᠳᠤ ᠪᠦᠬᠦᠶᠢᠯᠡ ᠮᠤᠩᠭᠤᠯ ᠤᠶᠤᠳᠠᠳ ᠲᠠᠢ ᠠᠳᠠᠯᠢᠬᠠᠨ ᠨᠡᠶᠢᠬᠡᠮ ᠲᠡᠬᠡᠷ᠎ᠡ ᠠᠩᠬ᠎ᠠ ᠠᠯᠬᠤᠨ ᠭᠠᠷᠴᠦ᠂ ᠬᠤᠵᠢᠮ | ᠬᠤᠶᠢᠰᠢᠳᠠ ᠶᠢᠨ ᠠᠵᠢᠯ ᠦᠢᠯᠡᠰ ᠤᠨ ᠢᠶᠠᠨ ᠰᠤᠩᠭᠤᠯᠳᠠ ᠶᠢᠨ ᠵᠠᠮ ᠳᠤ ᠠᠶᠠᠨ ᠤ ᠭᠠᠷᠤᠭ᠎ᠠ ᠪᠠᠨ ᠠᠪᠤᠬᠰᠠᠨ ᠪᠠᠶᠢᠨ᠎ᠠ᠃ | ᠦᠨᠦᠳᠦᠷ ᠪᠤᠯᠬᠤ ᠳᠤ ᠲᠡᠬᠦᠨ ᠤ ᠨᠦᠬᠦᠷ ᠲᠠᠢ ᠪᠠᠨ ᠡᠷᠬᠢᠯᠡᠭᠰᠡᠨ ︽ᠰᠢᠯᠤᠭᠤᠨ ᠬᠦᠬᠡ ᠬᠤᠰᠢᠭᠤᠨ ᠤ ᠬᠤᠸᠠ ᠱᠥᠸᠧ | ᠺᠤᠮᠫᠢᠦ᠋ᠲ᠋ᠧᠷ ᠤᠨ ᠲᠠᠯᠭᠡᠭᠦᠷ︾ ᠨᠢ ᠡᠬᠦᠳᠠ ᠪᠠᠨ ᠨᠡᠬᠡᠬᠡᠵᠤ ᠡᠷᠦᠬᠡ ᠪᠠᠨ ᠰᠡᠬᠦᠬᠡᠳ ᠨᠢᠬᠡᠨᠳᠠ 7 ᠵᠢᠯ ᠤᠨ ᠨᠢᠭᠤᠷ | ᠦᠵᠡᠵᠤ᠂ ᠵᠢᠯ ᠤᠨ ᠤᠷᠤᠯᠭ᠎ᠠ 20 ᠲᠦᠮᠡᠨ ᠲᠦᠭᠦᠷᠢᠭᠲ᠋ᠤ ᠬᠦᠷᠴᠦ᠂ ᠦᠢᠯᠡᠰ ᠪᠤᠰᠬᠠᠬᠴᠢᠳ ᠤᠨ ᠡᠩᠨᠡᠬᠡᠨ ᠳᠤ | ᠤᠯᠵᠠ ᠬᠡᠶᠢᠮᠤᠷᠢ ᠲᠠᠢ ᠬᠢᠯᠠᠷᠠᠭᠤᠯᠵᠤ ᠶᠠᠪᠤᠨ᠎ᠠ᠃ | | 2010 ᠤᠨ ᠤ 3 ᠰᠠᠷ᠎ᠠ ᠳᠤ᠂ ᠤᠶᠤᠨ ᠨᠦᠭᠦᠷ ᠲᠠᠢ ᠪᠠᠨ ᠬᠤᠶᠠᠭᠤᠯᠠ ᠠᠪᠤ ᠡᠵᠢ ᠰᠠᠳᠤᠨ ᠲᠦᠷᠦᠯ ᠠᠴᠠ | ᠪᠠᠨ ᠡᠪᠯᠡᠬᠦᠯᠵᠤ ᠬᠤᠷᠠᠮᠳᠤᠭᠤᠯᠤᠬᠰᠠᠨ 3 ᠲᠦᠮᠡᠨ ᠲᠦᠭᠦᠷᠢᠭ ᠪᠡᠯᠡ ᠤᠷᠤᠭᠤᠯᠤᠭᠰᠠᠨ ᠲᠤᠰ ᠲᠡᠯᠬᠡᠬᠦᠷ ᠢᠶᠠᠨ ᠡᠷᠬᠢᠯᠡᠨ | ᠡᠵᠡᠩᠨᠡᠵᠠᠢ᠃ ᠲᠤᠬᠠᠢ ᠶᠢᠨ ᠦᠶ᠎ᠡ ᠳᠤ ᠨᠦᠭᠦᠷ ᠨᠢ ᠬᠦᠬᠡᠬᠤᠳᠠ ᠳᠤ ᠲᠤᠰᠬᠠᠶᠢᠯᠠᠨ ᠬᠤᠪᠢ ᠶᠢᠨ ᠰᠤᠶᠢᠳᠬᠡᠯ ᠢᠶᠠᠷ ᠢᠶᠠᠨ | ᠺᠤᠮᠫᠢᠦ᠋ᠲ᠋ᠧᠷ ᠤᠨ ᠲᠤᠰᠬᠠᠢ ᠮᠡᠷᠬᠡᠵᠢᠯ ᠰᠤᠷᠤᠬᠰᠠᠨ ᠪᠤᠯᠪᠠᠴᠦ ᠬᠦᠳᠡᠭᠡ ᠬᠡᠷ ᠲᠡᠭᠡᠨ ᠠᠪᠤ ᠡᠵᠢ ᠪᠠᠨ ᠬᠠᠪᠰᠤᠷᠴᠦ ᠮᠠᠯ ᠢᠶᠠᠨ | ᠮᠠᠯᠵᠢᠨ᠂ ᠬᠤᠳᠠ ᠤᠷᠤᠵᠤ ᠠᠳᠠᠯ ᠦᠢᠯᠡᠰ ᠪᠤᠰᠬᠠᠬᠤ ᠰᠠᠨᠠᠭ᠎ᠠ ᠪᠠᠶᠢᠭᠠᠳ ᠤᠨᠤᠭ᠎ᠠ ᠬᠦᠷᠬᠦ ᠦᠬᠡᠢ ᠪᠠᠶᠢᠵᠠᠢ᠃ ᠶᠠᠭ | ᠡᠶᠢᠮᠦᠷᠬᠦᠦ ᠬᠦᠳᠡᠭᠡ ᠨᠢ ᠭᠠᠵᠠᠷ ᠨᠤᠳᠤᠭ ᠪᠠᠭ᠎ᠠ᠂ ᠮᠠᠯ ᠪᠡᠯᠴᠢᠬᠡᠷ ᠤᠨ ᠲᠡᠩᠴᠡᠬᠦᠷᠢ ᠶᠢ ᠪᠠᠳᠤᠯᠠᠬᠤ ᠲᠦᠷᠦ ᠶᠢᠨ | ᠪᠤᠳᠤᠯᠭ᠎ᠠ ᠶᠢᠨ ᠱᠠᠭᠠᠷᠳᠠᠯᠭ᠎ᠠ᠂ ᠮᠠᠯ ᠤᠨ ᠦᠨ᠎ᠠ ᠬᠠᠨᠭ᠍ᠰᠢ ᠵᠢᠯ ᠠᠴᠠ ᠵᠢᠯ ᠲᠤᠬᠳᠠᠪᠤᠷᠢ ᠦᠬᠡᠢ ᠪᠤᠯᠵᠤ ᠪᠠᠶᠢᠬᠤ ᠵᠡᠷᠬᠡ | ᠤᠯᠠᠨ ᠤᠯᠠᠨ ᠪᠤᠳᠠᠳᠦ ᠪᠠᠶᠢᠳᠠᠯ ᠳᠠᠭᠠᠨ ᠬᠠᠨᠳᠤᠭᠤᠯᠵᠤ᠂ ᠬᠤᠳᠠ ᠤᠷᠤᠵᠤ ᠤᠶᠢᠯᠡᠰ ᠪᠤᠰᠬᠠᠬᠤ ᠶᠢᠨ ᠵᠡᠷᠬᠡᠪᠡᠷ ᠴᠢᠯᠦᠬᠡ | ᠵᠠᠪ ᠢᠶᠠᠷ ᠢᠶᠠᠨ ᠬᠦᠳᠡᠭᠡ ᠳᠡᠭᠡᠨ ᠮᠠᠯᠵᠢᠯ ᠦᠢᠯᠡᠳᠪᠤᠷᠢᠯᠡᠯ ᠳᠡᠭᠡᠨ ᠲᠤᠰᠠ ᠲᠡᠮ ᠪᠤᠯᠬᠤ ᠶᠠᠭᠠᠷᠠᠯᠳᠠᠳᠠᠢ ᠠᠮᠢᠳᠤᠷᠠᠯ ᠢᠶᠠᠨ | ᠡᠬᠢᠯᠡᠭᠦᠯᠦᠭᠰᠡᠨ ᠪᠠᠶᠢᠨ᠎ᠠ᠃ | | ᠤᠳᠤᠬᠢ ᠵᠠᠬ᠎ᠠ ᠲᠡᠯᠬᠡᠬᠦᠷ ᠤᠨ ᠬᠦᠭᠵᠢᠯᠳᠡ᠂ ᠨᠡᠩ ᠴᠦ ᠺᠤᠮᠫᠢᠦ᠋ᠲ᠋ᠧᠷ ᠤᠨ ᠬᠡᠷᠡᠭᠯᠡᠬᠡᠨ ᠤ ᠬᠦᠷᠢᠶ᠎ᠡ ᠬᠡᠪᠴᠢᠶ᠎ᠡ | ᠤᠯᠠᠮ ᠶᠠᠪᠤᠬᠤ ᠲᠤᠳᠤᠮ ᠦᠷᠬᠡᠵᠢᠬᠦ ᠶᠢ ᠲᠠᠭᠠᠯᠳᠤᠨ ᠡᠳᠡᠨ ᠤ ᠬᠢᠨ ᠲᠡᠯᠬᠡᠬᠦᠷ ᠤᠨ ᠡᠵᠡᠩᠨᠡᠯᠳᠡ ᠶᠢᠨ ᠬᠦᠷᠢᠶ᠎ᠡ ᠬᠡᠪᠴᠢᠶ᠎ᠡ | ᠪᠠᠨ ᠴᠦ ᠦᠷᠬᠡᠳᠬᠡᠨ᠂ ᠰᠢᠨ᠎ᠠ ᠴᠠᠭ ᠦᠶ᠎ᠡ ᠶᠢᠨ ᠬᠡᠷᠡᠭᠴᠡᠭᠡ ᠱᠠᠭᠠᠷᠳᠠᠯᠭ᠎ᠠ ᠳᠤ ᠵᠤᠬᠢᠴᠠᠭᠤᠯᠬᠤ ᠶᠢ ᠵᠤᠷᠢᠵᠤ᠂ 2012 | ᠤᠨ ᠳᠤ ᠬᠤᠰᠢᠭᠤᠨ ᠤ ᠪᠠᠨ ᠬᠤᠳᠠ ᠤᠷᠤᠵᠤ ᠦᠢᠯᠡᠰ ᠪᠤᠰᠬᠠᠬᠴᠢᠳ ᠢ ᠲᠡᠮᠵᠢᠬᠦ ᠬᠦᠦ ᠮᠦᠡᠭᠬᠦ ᠦᠬᠡᠢ ᠵᠢᠬᠡᠯᠡᠯᠬᠡ | ᠠᠴᠠ5 ᠲᠦᠮᠡᠨ ᠲᠦᠭᠦᠷᠢᠭ ᠠᠪᠴᠦ ᠺᠤᠮᠫᠢᠦ᠋ᠲ᠋ᠧᠷ ᠤᠨ ᠭᠠᠵᠠᠷ ᠲᠠᠭᠠᠨ ᠵᠠᠷᠤᠴᠠᠭᠤᠯᠵᠠᠢ᠃ ᠤᠳᠦ ᠺᠤᠮᠫᠢᠦ᠋ᠲ᠋ᠧᠷ ᠤᠨ | ᠭᠠᠵᠠᠷ ᠨᠢ ᠵᠡᠬᠡᠯᠢ ᠨᠢᠭᠤᠷᠯᠡᠭᠰᠡᠨ ᠬᠤᠶᠠᠷ ᠲᠠᠪᠬᠤᠷᠭ᠎ᠠ ᠠᠰᠠᠷ ᠲᠤ ᠪᠠᠶᠢᠷᠢᠯᠠᠵᠤ᠂ ᠲᠤᠰᠬᠠᠢ ᠺᠤᠮᠫᠢᠦ᠋ᠲ᠋ᠧᠷ ᠤᠨ | ᠬᠤᠳᠠᠯᠳᠤᠭᠠᠨ ᠤ ᠦᠪᠡᠷᠮᠢᠴᠠ ᠤᠨᠴᠠᠯᠢᠭ ᠪᠦᠬᠦᠢ ᠵᠠᠰᠠᠯ ᠴᠢᠮᠡᠭᠯᠡᠯ ᠢ ᠪᠦᠷᠢᠨᠰᠢᠬᠦᠯᠵᠤ᠂ ᠬᠤᠸᠠ ᠱᠥᠸᠧ ᠺᠤᠮᠫᠢᠦ᠋ᠲ᠋ᠧᠷ | ᠤᠨ ᠲᠤᠰᠬᠠᠢ ᠪᠤᠷᠤᠯᠠᠭᠤᠯᠭ᠎ᠠ᠂ ᠤᠬᠰᠠᠷᠠᠬᠤ᠂ ᠰᠡᠯᠪᠢᠭᠲ᠋ᠤᠨᠤᠭ ᠪᠤᠷᠤᠯᠠᠭᠤᠯᠬᠤ᠂ ᠲᠤᠤᠷ ᠰᠦᠯᠵᠢᠶ᠎ᠡ᠂ ᠲᠤᠷᠠᠨᠳᠤᠭᠤᠷ | ᠤᠬᠰᠠᠷᠠᠬᠤ᠂ ᠠᠯᠪᠠᠨ ᠬᠡᠷ ᠤᠨ ᠺᠤᠮᠫᠢᠦ᠋ᠲ᠋ᠧᠷ ᠮᠠᠰᠢᠨ ᠤ ᠠᠷᠠᠴᠢᠯᠠᠭᠠᠵᠡᠷᠬᠡ ᠢᠵᠢ ᠪᠦᠷᠢᠨ ᠦᠢᠯᠡᠴᠢᠯᠡᠭᠡ ᠶᠢ ᠬᠠᠩᠭᠠᠭᠰᠠᠨ | ᠪᠠᠶᠢᠨ᠎ᠠ᠃ ᠬᠤᠰᠢᠭᠤᠨ ᠤ ᠡᠯ᠎ᠡ ᠠᠯᠪᠠᠨ ᠪᠠᠶᠢᠭᠤᠯᠣᠯᠭ᠎ᠠ ᠶᠢᠨ ᠲᠣᠣᠷ ᠰᠥᠯᠵᠢᠶ᠎ᠡ᠂ ᠲᠠᠷᠤᠮᠠᠯᠯᠠᠬᠤ ᠮᠠᠰᠢᠨ ᠵᠡᠷᠭᠡ ᠭᠡᠷᠡᠭᠯᠡᠭᠡᠨ | ᠤ ᠡᠳᠣᠷ ᠲᠣᠳᠣᠮ ᠤᠨ ᠥᠢᠯᠡᠴᠢᠯᠡᠭᠡ᠂ ᠮᠠᠯᠴᠢᠳ ᠲᠤ ᠠᠯᠣᠰ ᠲᠣᠷᠠᠨᠳᠣᠭᠤᠷ ᠣᠬᠰᠠᠷᠠᠬᠤ ᠵᠡᠷᠭᠡ ᠠᠵᠢᠯ ᠤᠨ ᠭᠡᠷᠡᠭᠴᠡᠭᠡ | ᠠᠴᠠ ᠲᠡᠯᠭᠡᠭᠦᠷ ᠨᠢ ᠲᠣᠶᠢᠯ ᠤᠨ ᠶᠡᠭᠠᠷᠠᠯᠳᠡᠢ ᠪᠠᠶᠢᠳᠠᠭ ᠠᠴᠠ ᠬᠤᠳᠡ ᠣᠷᠣᠬᠰᠠᠨ ᠮᠠᠯᠴᠢᠨ ᠨᠠᠶᠢᠵᠡ ᠨᠥᠭᠦᠳ ᠢᠶᠠᠨ | ᠲᠣᠬᠳᠠᠮᠠᠯ ᠪᠣᠰᠣ ᠬᠤᠭᠤᠴᠠᠭ᠎ᠠ ᠲᠠᠢ ᠪᠠᠷ ᠲᠠᠯᠭᠡᠭᠦᠷ ᠲᠡᠭᠡᠨ ᠠᠵᠢᠯᠯᠠᠭᠤᠯᠬᠤ ᠶᠢᠨ ᠲᠠᠭᠠᠤ ᠮᠠᠷᠭᠡᠵᠢᠯ ᠤᠨ ᠵᠢᠭᠠᠨ | ᠰᠣᠷᠭᠠᠯᠳᠡ ᠭᠢᠳᠡᠭ ᠪᠡᠶᠢᠨ᠎ᠡ᠃ | | | | ᠴᠢᠩ ᠥᠨᠡᠨᠴᠢ ᠣᠷᠣᠯᠳᠣᠯᠭ᠎ᠠ᠂ ᠴᠢᠭᠡᠴᠢ ᠨᠠᠨᠳᠢᠨ ᠢᠳᠡᠭᠡᠯ ᠠᠴᠠ ᠥᠷ᠎ᠡ ᠳ᠋ᠦᠩ ᠲᠣᠳᠣᠷᠠᠬᠤ ᠨᠢ ᠵᠥᠢ ᠶᠣᠰᠣ | ᠪᠢᠯᠡ᠃ ᠭᠡᠳᠣᠨ ᠵᠢᠯ ᠤᠨ ᠰᠢᠷᠭᠠᠬᠤ ᠭᠥᠳᠡᠯᠮᠣᠷᠢ ᠪᠠᠷ ᠤᠯᠠᠨ ᠲᠥᠮᠡᠨ ᠤ ᠭᠥᠷᠢᠶᠡᠯᠡᠯ ᠢ ᠣᠯᠵᠣ᠂ ᠬᠤᠯᠡ ᠥᠢᠷ᠎ᠡ ᠳᠠᠭᠠᠨ | ᠲᠠᠨᠢᠬᠳᠠᠵᠣ ᠴᠢᠳᠠᠭᠰᠠᠨ ᠪᠠᠶᠢᠨ᠎ᠠ᠃ ᠤᠶᠤᠨ ᠨᠦᠭᠦᠷ ᠲᠠᠢ ᠪᠠᠨ ᠬᠤᠶᠠᠭᠤᠯᠡ ᠪᠠᠨ ᠠᠵᠢᠯ ᠶᠡᠭᠠᠷᠠᠣ ᠴᠣ᠋ ᠠᠰ ᠤᠨ ᠪᠡᠶ᠎ᠡ | ᠪᠠᠨ ᠪᠣᠳᠣᠵᠣ ᠰᠠᠭᠤᠬᠰᠠᠨ ᠥᠭᠡᠢ᠂ ᠡᠳᠡᠭᠡᠷ ᠵᠢᠯ ᠤᠳ ᠲᠤ ᠭᠥᠨᠳᠣ ᠡᠪᠡᠳᠴᠢᠯᠡᠭᠰᠠᠨ᠂ ᠭᠠᠴᠢᠬᠳᠠᠵᠣ ᠵᠥᠳᠡᠷᠡᠭᠰᠠᠨ | ᠭᠥᠮᠣᠰ ᠲᠤ ᠬᠠᠨᠳᠢᠪ ᠴᠣᠬᠯᠠᠭᠤᠯᠬᠤ ᠠᠵᠢᠯᠯᠠᠭ᠎ᠠ ᠳᠤ ᠪᠡᠶᠡᠴᠢᠯᠠᠨ ᠣᠷᠣᠯᠴᠠᠵᠣ᠂ ᠨᠢᠭᠡ ᠨᠢ ᠭᠠᠴᠢᠬᠳᠡᠪᠠᠯ ᠨᠡᠶᠢᠳᠡ ᠪᠠᠷ | ᠢᠶᠠᠨ ᠲᠣᠰᠠᠯᠠᠬᠤ ᠵᠥᠪ ᠡᠨ᠋ᠷᠧᠭᠢ ᠶᠢ ᠲᠥᠭᠡᠭᠡᠵᠣ ᠶᠠᠪᠤᠭᠰᠠᠨ ᠪᠠᠶᠢᠨ᠎ᠠ᠃ ︵ᠤᠶᠤᠩᠭᠤᠸ᠎ᠠ︶ | |