ᠰᠦ ᠲᠠᠢ ᠪᠤᠷᠬᠠᠨ ᠡᠵᠢ ᠳᠡᠭᠡᠨ ᠪᠢᠴᠢᠭᠰᠡᠨ ᠰᠢᠯᠦᠭ
ᠨᠡᠶᠢᠲᠡᠯᠡᠭᠰᠡᠨ ᠴᠠᠭ᠄
2017/4/13
ᠪᠤᠭᠤᠷᠤᠯ  ᠬᠤᠷᠸ᠎ᠠ ᠳᠤ ᠦᠷ᠎ᠠ ᠪᠠᠨ ᠬᠡᠭᠦ ᠠᠮᠢᠨ ᠡᠯᠪᠡᠷᠢᠯ ᠰᠦ ᠲᠠᠢ ᠪᠤᠷᠬᠠᠨ ᠪᠤᠳᠤᠯ ᠵᠢᠷᠦᠬᠡᠨ ᠤ ᠳᠠᠯᠳᠠ ᠬᠦᠨ ᠳᠤ ᠠᠯᠲᠠᠨ ᠰᠤᠷᠭᠠᠯ ᠰᠦ ᠲᠠᠢ ᠪᠤᠷᠬᠠᠨ ᠳᠤᠭᠤᠰᠤᠲᠤ ᠤᠷᠴᠢᠯᠠᠩ ᠳᠤ ᠵᠤᠷᠢᠭ ᠢ ᠮᠢᠨᠢ ᠡᠷᠴᠢᠯᠡᠭᠰᠡᠨ ᠰᠡᠳᠬᠢᠯ ᠤᠨ ᠲᠠᠮᠢᠷᠲᠤ ᠰᠦ ᠲᠠᠢ ᠪᠤᠷᠬᠠᠨ ᠳᠤᠮᠤᠭᠲᠤ ᠲᠡᠤᠬᠡ ᠪᠠᠷ ᠤᠬᠠᠭᠠᠨ ᠢ ᠮᠢᠨᠢ ᠰᠢᠪᠰᠢᠭᠰᠡᠨ ᠰᠤᠳᠤᠨ ᠤᠬᠠᠭᠠᠨᠳᠤ ᠰᠦ ᠲᠠᠢ ᠪᠤᠷᠬᠠᠨ ᠬᠦᠦ ᠨᠠᠮ᠎ᠠ ᠪᠠᠨ ᠬᠦᠯ ᠳᠤ ᠤᠷᠤᠬᠤ ᠶᠢ ᠬᠦᠰᠡᠨ ᠬᠦᠯᠢᠶᠡᠭᠰᠡᠨ ᠰᠦ ᠲᠠᠢ ᠪᠤᠷᠬᠠᠨ ᠬᠦᠮᠦᠨ ᠤ ᠤᠷᠴᠢᠯᠡᠩ ᠤᠨ ᠳᠡᠭᠡᠳᠦ ᠠᠮᠵᠢᠯᠲᠠ ᠶᠢ ᠢᠪᠡᠭᠡᠨ ᠵᠦᠡᠭᠨᠡᠭᠰᠡᠨ ᠰᠦ ᠲᠠᠢ ᠪᠤᠷᠬᠠᠨ   ᠠᠩᠬᠢᠷ ᠤᠭᠤᠷᠠᠭ ᠢᠶᠠᠨ ᠰᠢᠮᠡᠭᠦᠯᠵᠦ ᠠᠯᠤᠰ ᠤᠨ ᠵᠠᠮ ᠳᠤ ᠬᠦᠳᠦᠯᠦᠭᠰᠡᠨ ᠰᠦ ᠲᠠᠢ ᠪᠤᠷᠬᠠᠨ ᠠᠯᠠᠭ ᠳᠠᠭ᠎ᠠ ᠶᠢ ᠴᠢᠬᠢᠳᠡᠵᠦ ᠤᠨᠤᠬᠤ ᠢᠳᠡ ᠬᠦᠴᠦᠨ ᠢ ᠰᠤᠶᠤᠷᠬᠠᠭᠰᠠᠨ ᠰᠦ ᠲᠠᠢ ᠪᠤᠷᠬᠠᠨ ᠡᠷᠳᠡᠮ ᠤᠨ ᠠᠶᠠᠨ ᠳᠤ ᠮᠤᠷᠳᠠᠬᠤ ᠳᠤ ᠰᠠᠴᠤᠯᠢ ᠪᠠᠨ ᠡᠷᠭᠦᠭᠰᠡᠨ ᠰᠦ ᠲᠠᠢ ᠪᠤᠷᠬᠠᠨ ᠡᠷᠳᠡᠨᠢᠲᠤ ᠪᠤᠷᠤ ᠲᠤᠯᠤᠭᠠᠳ ᠢ ᠳᠠᠪᠠᠲᠠᠯ᠎ᠠ ᠰᠠᠷᠠᠪᠴᠢᠯᠠᠨ ᠬᠤᠴᠤᠷᠤᠬᠰᠠᠨ ᠰᠦ ᠲᠠᠢ ᠪᠤᠷᠬᠠᠨ   ᠬᠠᠷᠢ ᠶᠢᠨ ᠭᠠᠵᠠᠷ ᠬᠠᠯᠠ ᠲᠠᠢ ᠬᠡᠴᠡᠭᠦᠦ ᠭᠡᠵᠦ ᠪᠤᠯᠭᠤᠮᠵᠢᠯᠠᠭᠤᠯᠵᠤ ᠵᠠᠬᠢᠭᠰᠠᠨ ᠰᠦ ᠲᠠᠢ ᠪᠤᠷᠬᠠᠨ ᠬᠠᠶᠢᠷᠠᠲᠤ ᠪᠠᠭᠰᠢ ᠶᠢᠨ ᠢᠶᠠᠨ ᠰᠤᠷᠭᠠᠯ ᠢ ᠰᠤᠨᠤᠰ ᠭᠡᠵᠦ ᠬᠦᠮᠦᠵᠢᠭᠦᠯᠵᠦ ᠰᠠᠨᠠᠭᠤᠯᠤᠭᠰᠠᠨ ᠰᠦ ᠲᠠᠢ ᠪᠤᠷᠬᠠᠨ ᠪᠤᠯᠪᠠᠷᠠᠢ ᠦᠷ ᠎ᠠ ᠴᠢᠨᠢ ᠪᠤᠷᠬᠠᠨ ᠡᠵᠢ ᠳᠡᠭᠡᠨ ᠡᠷᠳᠡᠮ ᠤᠨ ᠭᠠᠨᠵᠤᠭ᠎ᠠ ᠲᠠᠢ ᠬᠠᠷᠢᠭᠠᠳ ᠢᠷᠡᠬᠦ ᠶᠤᠮ ᠪᠢᠴᠢᠬᠠᠨ ᠬᠦᠦ ᠴᠢᠨᠢ ᠪᠤᠶᠠᠨᠲᠤ ᠨᠤᠲᠤᠭ ᠲᠠᠭᠠᠨ   ᠤᠬᠠᠭᠠᠨ ᠤ ᠪᠦᠲᠦᠭᠡᠯ ᠲᠠᠢ ᠪᠤᠴᠠᠭᠠᠳ ᠢᠷᠡᠬᠦ ᠶᠤᠮ ᠲᠤᠭᠤᠰᠤᠲᠤ ᠶᠢᠨ ᠠᠮᠢᠳᠤᠷᠠᠯ ᠳᠤ ᠨᠠᠰᠤ ᠪᠠᠨ ᠡᠯᠡᠭᠡᠭᠰᠡᠨ ᠰᠦ ᠲᠠᠢ ᠪᠤᠷᠬᠠᠨ ᠡᠵᠢ ᠳᠡᠭᠡᠨ ᠪᠢ ᠬᠠᠶᠢᠷᠠᠲᠠᠢ ᠳᠤᠷᠭᠠᠨ ᠬᠠᠶᠢᠷ᠎ᠠ ᠳᠤ ᠪᠠᠨ ᠬᠦᠦ ᠪᠠᠨ ᠡᠩᠭᠦᠷᠡᠶᠢᠯᠡᠭᠰᠡᠨ ᠰᠦ ᠲᠠᠢ ᠪᠤᠷᠬᠠᠨ ᠡᠵᠢ ᠳᠡᠭᠡᠨ ᠪᠢ ᠬᠠᠶᠢᠷᠠᠲᠠᠢ        
 
ᠢᠷᠡᠯᠲᠡ᠄ ᠰᠢᠯᠢ ᠶᠢᠨ ᠭᠤᠤᠯ ᠤᠨ ᠡᠳᠤᠷ ᠤᠨ ᠰᠤᠨᠢᠨ ᠤ ᠰᠤᠶᠤᠯ ᠭᠠᠷᠠᠭ ᠤᠨ ᠬᠡᠪᠯᠡᠯ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号