ᠰᠢᠯᠤᠭᠤᠨ ᠬᠥᠬᠡ ᠬᠤᠰᠢᠭᠤᠨ ᠤ ᠦᠬᠡᠯᠦᠨ ᠴᠡᠴᠡᠷᠯᠢᠭ ᠮᠣᠩᠭᠤᠯ ᠣᠯᠣᠰ ᠤᠨ ᠣᠯᠠᠭᠠᠨᠪᠠᠭᠠᠳᠣᠷ ᠲᠤ ᠪᠣᠯᠣᠭᠰᠠᠨ ︽  ᠬᠡᠣᠬᠡᠳ  ᠤᠨ ᠬᠦᠭᠵᠢᠯ ᠲᠦᠯᠦᠪᠰᠢᠷᠡᠯ  2017 ᠣᠯᠠᠨ ᠣᠯᠣᠰ ᠤᠨ ᠡᠷᠳᠡᠮ ᠰᠢᠨᠵᠢᠯᠡᠭᠡᠨ ᠤ ᠪᠠᠭ᠎ᠠ ᠬᠤᠷᠠᠯ︾ ᠳᠤ ᠣᠷᠣᠯᠴᠠᠯ᠎ᠠ
ᠨᠡᠶᠢᠲᠡᠯᠡᠭᠰᠡᠨ ᠴᠠᠭ᠄
2017/4/27
   
      ᠰᠣᠷᠭᠠᠨ ᠬᠦᠮᠦᠵᠢᠯ ᠢ ᠢᠷᠡᠭᠡᠳᠦᠢ ᠳᠤ ᠬᠠᠨᠳᠣᠭᠤᠯᠣᠨ᠂ ᠲᠡᠯᠡᠬᠡᠢ ᠨᠡᠶᠢᠳᠡ ᠳᠤ ᠬᠦᠯ ᠵᠣᠭᠰᠣᠵᠣ ᠴᠢᠳᠠᠬᠤ ᠢᠷᠭᠡᠨ ᠢ ᠬᠦᠮᠦᠵᠢᠬᠦᠯᠬᠦ ᠪᠣᠯ ᠪᠢᠳᠠᠨ ᠤ ᠣᠳᠣ ᠦᠶ᠎ᠡ ᠶᠢᠨ ᠰᠣᠷᠭᠠᠨ ᠬᠦᠮᠦᠵᠢᠯ ᠤᠨ ᠴᠢᠭᠯᠡᠯᠳᠡ ᠪᠣᠯᠵᠣ ᠪᠠᠶᠢᠳᠠᠭ᠃ ᠴᠠᠭ ᠦᠶ᠎ᠡ ᠶᠢᠨ ᠰᠣᠷᠭᠠᠨ ᠬᠦᠮᠦᠵᠢᠯ ᠤᠨ ᠬᠦᠭᠵᠢᠯᠳᠠ ᠶᠢ ᠲᠠᠭᠠᠯᠳᠣᠨ ᠨᠡᠶᠢᠭᠡᠮ ᠠᠴᠠ ᠰᠣᠷᠭᠠᠭᠤᠯᠢ ᠴᠡᠴᠡᠷᠯᠢᠭ  ᠂ ᠪᠠᠭᠰᠢ ᠳᠤ  ᠲᠠᠯᠪᠢᠬᠤ ᠱᠠᠭᠠᠷᠳᠠᠯᠭ᠎ᠠ ᠣᠯᠠᠮ ᠦᠨᠳᠦᠷᠵᠢᠨ᠂ ᠰᠣᠳᠣᠯᠣᠯᠳᠠ ᠲᠠᠢ ᠪᠠᠷ ᠠᠵᠢᠯᠯᠠᠬᠤ ᠴᠢᠬᠤᠯᠴᠢᠯᠠᠭ᠎ᠠ ᠪᠢᠳᠠᠨ ᠳᠤ ᠲᠣᠯᠵᠣ ᠢᠷᠡᠭᠰᠡᠨ ᠪᠠᠶᠢᠨ᠎ᠠ᠃
     ᠮᠠᠨ ᠤ ᠦᠬᠡᠯᠦᠨ ᠴᠡᠴᠡᠷᠯᠢᠭ ᠨᠢ ᠴᠠᠭ  ᠦᠶ᠎ᠡ ᠶᠢᠨ ᠱᠠᠭᠠᠷᠳᠠᠯᠭ᠎ᠠ ᠳᠤ ᠲᠣᠬᠢᠷᠠᠭᠰᠠᠨ᠂ ᠲᠡᠯᠡᠬᠡᠢ ᠨᠡᠶᠢᠳᠡ ᠶᠢᠨ ᠲᠡᠷᠢᠭᠦᠨ ᠤ ᠰᠣᠷᠭᠠᠨ ᠬᠦᠮᠦᠵᠢᠯ ᠤᠨ ᠬᠠᠨᠳᠣᠰᠢ ᠲᠠᠢ ᠵᠣᠬᠢᠴᠠᠭᠰᠠᠨ᠂ ᠰᠢᠨ᠎ᠠ ᠴᠠᠭ ᠦᠶ᠎ᠡ ᠶᠢᠨ ᠰᠢᠯᠢᠳᠡᠭ ᠲᠠᠷᠢᠭᠦᠨ ᠤ ᠴᠡᠴᠡᠷᠯᠢᠭ ᠢ ᠪᠠᠶᠢᠭᠤᠯᠬᠤ ᠵᠣᠷᠢᠯᠳᠠ ᠠᠴᠠ ᠴᠡᠴᠡᠷᠯᠢᠭ ᠤᠨ ᠬᠠᠮᠢᠶᠠᠷᠣᠯᠳᠠ᠂ ᠪᠠᠭᠰᠢ ᠶᠢᠨ ᠡᠩᠨᠡᠭᠡᠨ ᠤ ᠪᠦᠳᠦᠭᠡᠨ ᠪᠠᠶᠢᠭᠤᠯᠣᠯᠳᠠ᠂ ᠵᠢᠭᠠᠨ ᠰᠣᠷᠭᠠᠯᠳᠠ᠂ ᠠᠷᠣ ᠲᠠᠯ᠎ᠠ ᠶᠢᠨ ᠦᠢᠯᠡᠴᠢᠯᠡᠭᠡᠨ ᠵᠡᠷᠭᠡ ᠪᠦᠬᠦ ᠲᠠᠯ᠎ᠠ ᠶᠢᠨ ᠬᠦᠭᠵᠢᠯᠳᠠ ᠶᠢ ᠠᠩᠬᠠᠷᠣᠨ᠂ ᠰᠣᠷᠬᠤ ᠪᠠ ᠰᠣᠳᠣᠯᠬᠤ ᠶᠢ ᠴᠡᠴᠡᠷᠯᠢᠭ ᠤᠨ ᠪᠦᠬᠦ ᠪᠠᠭᠰᠢ ᠠᠵᠢᠯᠳᠠᠨ ᠤ ᠠᠵᠢᠯᠯᠠᠬᠤ ᠰᠣᠷᠳᠠᠯ ᠪᠣᠯᠭᠠᠨ ᠬᠦᠮᠦᠵᠢᠬᠦᠯᠦᠭᠰᠡᠭᠡᠷ ᠢᠷᠡᠵᠡᠢ᠃
     2017 ᠣᠨ ᠤ 4  ᠰᠠᠷ᠎ᠠ ᠶᠢᠨ 21 ᠳᠤ ᠮᠠᠨ ᠤ ᠴᠡᠴᠡᠷᠯᠢᠭ ᠨᠢ ᠣᠷᠢᠯᠭ᠎ᠠ ᠪᠠᠷ ᠮᠣᠩᠭᠤᠯ ᠣᠯᠣᠰ ᠤᠨ ᠣᠯᠠᠭᠠᠨᠪᠠᠭᠠᠳᠣᠷ ᠲᠤ ᠪᠣᠯᠣᠭᠰᠠᠨ ︽ ᠬᠡᠣᠬᠡᠳ   ᠤᠨ ᠬᠦᠭᠵᠢᠯ ᠲᠦᠯᠦᠪᠰᠢᠷᠡᠯ  2017 ᠣᠯᠠᠨ ᠣᠯᠣᠰ ᠤᠨ ᠡᠷᠳᠡᠮ ᠰᠢᠨᠵᠢᠯᠡᠭᠡᠨ ᠤ ᠪᠠᠭ᠎ᠠ ᠬᠤᠷᠠᠯ︾ ᠳᠤ ᠣᠷᠣᠯᠴᠠᠯ᠎ᠠ᠃  ᠬᠤᠷᠠᠯ   ᠢ ᠮᠣᠩᠭᠤᠯ ᠣᠯᠣᠰ ᠤᠨ ᠣᠳᠬᠠᠨᠲᠡᠭᠷᠢ ᠶᠡᠭᠡ ᠰᠣᠷᠭᠠᠭᠤᠯᠢ ᠠᠴᠠ ᠵᠣᠬᠢᠶᠠᠨ ᠪᠠᠶᠢᠭᠤᠯᠣᠨ ᠡᠷᠬᠢᠯᠡᠵᠣ᠂ ᠲᠠᠪᠣᠨ ᠣᠯᠣᠰ ᠣᠷᠣᠨ ᠤ ᠡᠷᠳᠡᠮᠳᠡᠨ ᠳ᠋ᠣᠺᠲ᠋ᠣᠷ ᠵᠢᠴᠢ ᠪᠠᠭᠰᠢ ᠨᠠᠷ ᠣᠷᠣᠯᠴᠠᠭᠰᠠᠨ ᠪᠠᠶᠢᠨ᠎ᠠ᠃ ᠬᠤᠷᠠᠯ ᠳᠤ ᠡᠷᠳᠡᠮᠳᠡᠨ ᠪᠠᠭᠰᠢ ᠨᠠᠷ ᠠᠴᠠ ᠣᠳᠣᠬᠠᠨ ᠤ ᠰᠣᠷᠭᠠᠨ ᠬᠦᠮᠦᠵᠢᠯ ᠤᠨ ᠬᠠᠨᠳᠣᠰᠢ᠂ ᠬᠡᠣᠬᠡᠳ ᠤᠨ ᠬᠦᠭᠵᠢᠯ᠂ ᠬᠦᠨᠳᠣᠷᠡᠭᠦᠰᠢᠳᠠᠢ ᠨᠡᠶᠢᠭᠡᠮ ᠤᠨ ᠠᠰᠠᠭᠤᠳᠠᠯ᠂ ᠰᠣᠷᠭᠠᠭᠤᠯᠢ ᠴᠡᠴᠡᠷᠯᠢᠭ ᠤᠨ ᠵᠢᠭᠠᠬᠤ ᠠᠷᠭ᠎ᠠ ᠵᠦᠢ ᠶᠢᠨ ᠬᠠᠨᠳᠣᠯᠭ᠎ᠠ᠂ ᠬᠡᠣᠬᠡᠳ ᠤᠨ ᠡᠷᠭᠡ ᠶᠢ ᠬᠠᠮᠠᠭᠠᠯᠠᠬᠤ᠂ ᠪᠠᠭᠰᠢ ᠶᠢᠨ ᠠᠵᠢᠯ ᠤᠨ ᠰᠣᠳᠣᠯᠭᠠᠨ ᠵᠡᠷᠭᠡ ᠲᠠᠯ᠎ᠠ   ᠠᠴᠠ ᠦᠨᠳᠣᠰᠣᠯᠠᠯ ᠢᠯᠡᠳᠭᠡᠯ ᠲᠠᠶᠢᠯᠣᠮᠵᠢ ᠬᠢᠯ᠎ᠡ᠃   ᠡᠭᠦᠨ ᠤ ᠲᠠᠭᠠᠣ ᠳᠤ  ᠬᠤᠷᠠᠯ ᠳᠤ ᠲᠠᠪᠰᠢᠬᠦᠯᠦᠭᠰᠡᠨ ᠡᠯ᠎ᠠ ᠣᠯᠣᠰ ᠣᠷᠣᠨ ᠤ ᠵᠠᠭᠤ ᠭᠠᠷᠣᠢ ᠰᠣᠳᠣᠯᠭᠠᠨ ᠤ ᠦᠬᠦᠯᠡᠯ ᠠᠴᠠ ᠰᠢᠯᠭᠠᠷᠠᠭᠰᠠᠨ᠂ 38 ᠬᠦᠮᠦᠨ  ᠤ ᠰᠣᠳᠣᠯᠭᠠᠨ ᠢ ᠰᠣᠩᠭᠤᠨ ᠠᠬᠤᠢ ᠲᠠᠯᠠᠪᠠᠢ ᠳᠤ ᠲᠠᠶᠢᠯᠣᠮᠵᠢ ᠢᠯᠡᠳᠬᠡᠯ ᠬᠢᠬᠦ  ᠣᠷᠣᠯᠳᠣᠭᠠᠨ ᠶᠠᠪᠣᠭᠳᠠᠭᠤᠯᠣᠯ᠎ᠠ᠃ ᠣᠷᠣᠯᠳᠣᠭᠠᠨ ᠨᠢ ᠢᠯᠡᠳᠬᠡᠯ ᠪᠠ ᠬᠠᠷᠢᠭᠤ ᠮᠠᠷᠭᠤᠯᠳᠠ ᠬᠤᠶᠠᠷ ᠠᠭᠤᠯᠭ᠎ᠠ ᠪᠠᠷ ᠮᠣᠩᠭᠤᠯ᠂ ᠲᠣᠮᠳᠠᠳᠣ᠂ ᠶᠠᠫᠦᠨ᠂ ᠲᠦᠷᠺ᠂ ᠣᠷᠣᠰ   ᠵᠡᠷᠭᠡ ᠣᠯᠣᠰ ᠣᠷᠣᠨ ᠤ 38 ᠨᠡᠷ᠎ᠡ ᠪᠠᠭᠰᠢ ᠨᠠᠷ ᠤᠨ  ᠲᠣᠮᠳᠠ ᠶᠠᠪᠣᠭᠳᠠᠵᠣ᠂ ᠡᠭᠦᠨ ᠳᠤ ᠮᠠᠨ ᠤ  ᠰᠢᠯᠣᠭᠤᠨ ᠬᠦᠬᠡ ᠬᠤᠰᠢᠭᠤᠨ ᠤ ᠦᠬᠡᠯᠦᠨ ᠬᠡᠣᠬᠡᠳ ᠤᠨ ᠴᠡᠴᠡᠷᠯᠢᠭ ᠤᠨ ᠲᠦᠯᠦᠭᠡᠯᠡᠭᠴᠢ᠂ ᠣᠷᠢᠬᠠᠨ ᠪᠠᠭᠰᠢ ︽ᠣᠯᠠᠮᠵᠢᠯᠠᠯᠳᠣ  ᠰᠣᠷᠭᠠᠨ  ᠬᠦᠮᠦᠵᠢᠯ ᠤᠨ ᠠᠷᠭ᠎ᠠ ᠪᠠᠷᠢᠯ ᠢ ᠣᠳᠣ ᠴᠠᠭ ᠤᠨ ᠴᠡᠴᠡᠷᠯᠢᠭ ᠤᠨ ᠰᠣᠷᠭᠠᠨ ᠬᠦᠮᠦᠵᠢᠯ ᠳᠤ ᠲᠣᠷᠰᠢᠨ ᠬᠡᠷᠡᠭᠯᠡᠬᠦ︾ ᠬᠡᠬᠦ  ᠰᠣᠳᠣᠯᠭᠠᠨ ᠤ ᠲᠠᠶᠢᠯᠣᠮᠵᠢ ᠢᠯᠡᠳᠭᠡᠯ ᠢᠶᠠᠷ ᠢᠶᠠᠨ ᠲᠣᠰ ᠣᠷᠣᠯᠳᠣᠭᠠᠨ ᠤ ᠭᠤᠳᠠᠭᠠᠷ ᠪᠠᠶᠢᠷᠢ  ᠶᠢ ᠡᠵᠡᠯᠡᠨ᠂   ᠡᠷᠭᠦᠮᠵᠢᠯᠡᠯ ᠬᠦᠷᠳᠡᠵᠡᠢ᠃  
     ᠡᠨᠡ ᠣᠳᠠᠭᠠᠨ ᠤ ᠮᠣᠩᠭᠤᠯ ᠣᠯᠣᠰ ᠲᠤ ᠲᠣᠭᠤᠷᠢᠨ ᠰᠣᠷᠣᠯᠴᠠᠬᠤ ᠠᠵᠢᠯᠯᠠᠭᠠᠨ   ᠢᠶᠠᠷ ᠴᠡᠴᠡᠷᠯᠢᠭ ᠤᠨ ᠨᠠᠮ ᠤᠨ ᠡᠭᠦᠷ ᠤᠨ ᠱᠦᠵᠢ  ᠡᠷᠳᠡᠨᠢᠳᠦᠭᠦᠷᠡᠩ᠂ ᠴᠡᠴᠡᠷᠯᠢᠭ ᠤᠨ ᠡᠮᠴᠢ ᠰᠣᠪᠣᠳ ᠨᠠᠷ ᠠᠴᠠ ᠣᠯᠠᠭᠠᠨᠪᠠᠭᠠᠳᠣᠷ ᠤᠨ ᠴᠡᠴᠡᠷᠯᠢᠭ  ᠤᠳ ᠢᠶᠠᠷ ᠬᠦᠷᠴᠣ ᠮᠣᠩᠭᠤᠯ ᠣᠯᠣᠰ ᠤᠨ ᠴᠡᠴᠡᠷᠯᠢᠭ ᠤᠨ ᠠᠰᠠᠷᠠᠨ ᠬᠦᠮᠦᠵᠢᠬᠦᠯᠦᠯᠳᠠ᠂ ᠠᠷᠢᠭᠤᠨ ᠴᠡᠪᠡᠷ᠂ ᠡᠷᠡᠭᠦᠯ ᠬᠠᠮᠠᠭᠠᠯᠠᠯ᠂ ᠬᠡᠣᠬᠡᠳ ᠤᠨ ᠢᠳᠡᠭᠡᠨ ᠣᠮᠳᠠᠭᠠᠨ ᠢ ᠲᠣᠬᠢᠷᠠᠭᠤᠯᠬᠤ᠂ ᠰᠢᠮ᠎ᠠ ᠲᠡᠵᠢᠭᠡᠯ ᠤᠨ ᠪᠣᠳᠣᠯᠳᠠ᠂ ᠬᠡᠣᠬᠡᠳ ᠤᠨ ᠡᠷᠡᠬᠦᠯ ᠦᠰᠦᠯᠳᠡ ᠬᠦᠭᠵᠢᠯᠳᠠ ᠵᠡᠷᠭᠡ ᠲᠠᠯ᠎ᠠ ᠪᠠᠷ ᠲᠣᠭᠤᠷᠢᠨ  ᠰᠣᠷᠣᠯᠴᠠᠵᠠᠢ᠃ ᠲᠣᠰᠬᠠᠢ ᠴᠡᠴᠡᠷᠯᠢᠭ ᠤᠨ  ᠡᠮᠴᠢ᠂  ᠲᠣᠭᠤᠭᠠᠴᠢ᠂  ᠨᠢᠷᠪᠡ᠂ ᠡᠷᠬᠢᠯᠡᠭᠴᠢ ᠨᠠᠷ ᠲᠠᠢ ᠣᠴᠠᠷᠠᠨ ᠪᠣᠳᠠᠳᠠᠢ ᠠᠵᠢᠯᠯᠠᠵᠣ ᠪᠠᠶᠢᠭ᠎ᠠ ᠪᠠᠶᠢᠳᠠᠯ ᠢ ᠲᠠᠭᠠᠨ ᠦᠵᠡᠵᠣ᠂  ᠬᠤᠶᠠᠷ ᠣᠯᠣᠰ ᠤᠨ ᠴᠡᠴᠡᠷᠯᠢᠭ ᠤᠨ ᠠᠷᠣ ᠲᠠᠯ᠎ᠠ ᠶᠢᠨ ᠠᠵᠢᠯ ᠶᠢᠨ ᠲᠣᠬᠢᠷᠠᠭᠤᠯᠣᠯᠳᠠ᠂ ᠠᠵᠢᠯᠯᠠᠬᠤ ᠦᠨᠳᠣᠰᠦᠯᠡᠯ ᠰᠣᠳᠣᠯᠭᠠᠨ ᠤ ᠲᠠᠯ᠎ᠠ ᠪᠠᠷ ᠲᠣᠷᠰᠢᠯᠭ᠎ᠠ ᠪᠠᠨ ᠰᠣᠯᠢᠯᠴᠠᠨ᠂ ᠮᠣᠩᠭᠤᠯ ᠣᠯᠣᠰ ᠤᠨ ᠴᠡᠴᠡᠷᠯᠢᠭ ᠤᠨ ᠬᠡᠣᠬᠡᠳ ᠤᠨ ᠢᠳᠡᠭᠡᠨ ᠣᠮᠳᠠᠭᠠᠨ   ᠤ ᠠᠮᠳᠠ᠂ ᠦᠡᠭᠭᠡ᠂ ᠬᠡᠮᠵᠢᠶ᠎ᠠ ᠵᠡᠷᠭᠡ ᠵᠢᠨ‌‍ᠲ᠋ᠣᠬᠢᠷᠠᠭᠤᠯᠣᠯᠳᠠ᠂ ᠪᠠᠶᠢᠭᠠᠯᠢᠭ ᠢᠳᠡᠭᠡᠨ ᠢ ᠴᠢᠬᠤᠯᠴᠢᠯᠠᠵᠣ ᠪᠠᠶᠢᠬᠤ᠂ ᠬᠡᠣᠬᠡᠳ ᠤᠨ ᠰᠢᠩᠭᠡᠭᠡᠯᠳᠡ ᠳᠤ ᠲᠣᠬᠢᠷᠠᠭᠰᠠᠨ ᠬᠦᠡᠭᠭᠡᠨ ᠢᠳᠡᠭᠡᠨ ᠢ ᠪᠣᠯᠪᠠᠰᠣᠷᠠᠭᠤᠯᠬᠤ᠂ ᠬᠡᠣᠬᠡᠳ ᠤᠨ ᠡᠳᠦᠷ  ᠤᠨ ᠬᠡᠷᠡᠭᠰᠡᠬᠦ  ᠰᠢᠮ᠎ᠡ ᠲᠡᠵᠢᠭᠡᠯ ᠤᠨ ᠨᠠᠷᠢᠯᠢᠭ ᠪᠣᠳᠣᠯᠳᠠ ᠬᠢᠵᠣ ᠪᠠᠶᠢᠬᠤ ᠵᠡᠷᠭᠡ ᠲᠠᠪᠠᠭᠤᠯᠢᠭ ᠲᠠᠯ᠎ᠠ ᠶᠢ ᠰᠣᠷᠣᠯᠴᠠᠨ᠂ ᠮᠠᠨ ᠤ ᠭᠠᠵᠠᠷ ᠣᠷᠣᠨ ᠤ ᠪᠠᠨ ᠪᠣᠳᠠᠳᠣ ᠪᠠᠶᠢᠳᠠᠯ ᠳᠤ ᠣᠶᠠᠯᠳᠣᠭᠤᠯᠣᠨ ᠴᠡᠴᠷᠯᠢᠭ ᠲᠤ ᠪᠠᠨ ᠬᠡᠷᠡᠭᠯᠡᠬᠦ ᠪᠠᠷ ᠪᠠᠶᠢᠨ᠎ᠠ᠃  
         ᠲᠣᠰ ᠣᠳᠠᠭᠠᠨ ᠤ ᠮᠣᠩᠭᠤᠯ ᠳᠤ ᠰᠣᠷᠣᠯᠴᠠᠬᠤ ᠠᠵᠢᠯᠯᠭᠠᠨ ᠳᠤ ᠵᠣᠬᠢᠴᠠᠭᠤᠯᠣᠨ᠂ ᠦᠬᠡᠯᠦᠨ ᠴᠡᠴᠡᠷᠯᠢᠭ ᠤᠨ ᠨᠠᠮ ᠤᠨ ᠡᠭᠦᠷ ᠤᠨ ᠱᠦᠵᠢ ᠡᠷᠳᠡᠨᠢᠳᠦᠭᠦᠷᠡᠩ ᠠᠴᠠ ᠨᠠᠮ ᠤᠨ ᠭᠡᠰᠢᠭᠦᠳ ᠢᠶᠠᠨ ᠲᠠᠶᠢᠴᠢᠯᠠᠨ᠂ ᠨᠠᠮ ᠤᠨ  ᠬᠡᠰᠢᠭᠦᠨ ᠤ ᠲᠡᠷᠢᠭᠦᠨ ᠤ ᠴᠢᠨᠠᠷ ᠢ ᠪᠠᠳᠠᠷᠠᠭᠤᠯᠣᠨ᠂ ᠦᠬᠡᠯᠦᠨ ᠴᠡᠴᠡᠷᠯᠢᠭ ᠤᠨ ᠪᠠᠭᠰᠢ ᠨᠠᠷ ᠪᠠ ᠭᠡᠷ ᠤᠨ ᠠᠬᠠᠮᠠᠳ ᠢᠶᠠᠨ ᠵᠣᠬᠢᠶᠠᠨ ᠪᠠᠶᠢᠭᠤᠯᠣᠨ  ︽ᠬᠠᠯᠠᠮᠵᠢ ᠶᠢᠨ ᠬᠤᠯᠪᠣᠭ᠎ᠠ︾ ᠮᠣᠩᠭᠤᠯ ᠣᠯᠣᠰ ᠤᠨ ᠣᠯᠠᠭᠠᠨᠪᠠᠭᠠᠳᠣᠷ ᠬᠤᠳᠠ ᠶᠢᠨ ᠪᠠᠶᠠᠨᠵᠢᠷᠦᠭᠡ ᠲᠡᠭᠦᠷᠭᠡ ᠶᠢᠨ ᠬᠠᠷᠢᠴᠠᠭ᠎ᠠ ᠪᠠᠶᠢᠭᠤᠯᠵᠣ ᠪᠠᠶᠢᠭ᠎ᠠ ᠬᠤᠶᠠᠷ ᠴᠡᠴᠡᠷᠯᠢᠭ ᠤᠨ ᠢᠶᠠᠨ ᠦᠨᠦᠴᠢᠨ ᠬᠡᠣᠬᠡᠳ ᠤᠳ ᠪᠠ ᠭᠦᠭᠵᠢᠯ  ᠤᠨ ᠪᠡᠷᠭᠡᠰᠢᠶᠠᠯ ᠢᠶᠠᠷ ᠡᠮᠴᠢᠯᠡᠭᠦᠯᠵᠣ ᠪᠠᠶᠢᠭ᠎ᠠ ᠬᠡᠣᠬᠡᠳ ᠤᠳ ᠢ ᠲᠣᠰᠠᠯᠠᠨ ᠲᠡᠮᠵᠢᠬᠦ ᠠᠵᠢᠯᠯᠠᠭ᠎ᠠ  ᠦᠷᠨᠢᠬᠦᠯᠵᠣ᠂   ᠴᠣᠭᠯᠠᠭᠤᠯᠣᠭᠰᠠᠨ ᠨᠠᠮᠠᠷᠢ ᠬᠠᠨᠳᠢᠪ ᠢᠶᠠᠨ ᠡᠨᠡ ᠣᠳᠠᠭ᠎ᠠ ᠮᠣᠩᠭᠤᠯ   ᠤᠨ ᠴᠡᠴᠡᠷᠯᠢᠭ ᠲᠤ ᠬᠦᠷᠭᠡᠵᠣ ᠣᠴᠢᠯ᠎ᠠ᠃ ᠲᠣᠰ ᠣᠳᠠᠭᠠᠨ ᠤ ᠨᠡᠮᠡᠷᠢ ᠬᠠᠨᠳᠢᠪ ᠴᠣᠭᠯᠠᠭᠤᠯᠬᠤ ᠠᠵᠢᠯᠯᠠᠭᠠᠨ ᠳᠤ ᠬᠡᠣᠬᠡᠳ ᠤᠨ ᠬᠤᠪᠴᠠᠰᠣ ᠬᠤᠨᠠᠷ ᠬᠠᠨᠪᠢᠪᠯᠠᠬᠤ ᠪᠠᠷ ᠭᠤᠣᠯ ᠪᠣᠯᠭᠠᠨ᠂ ᠡᠭᠦᠨ ᠤ ᠲᠠᠭᠠᠣ ᠳᠤ ᠴᠣᠭᠯᠠᠭᠰᠠᠨ5120 ᠲᠦᠭᠦᠷᠢᠭ ᠢ  ᠦᠨᠦᠴᠢᠨ ᠬᠡᠣᠬᠡᠳ ᠤᠨ ᠬᠦᠷᠢᠶᠡᠯᠡᠩ ᠳᠤ ᠠᠮᠢᠳᠣᠷᠠᠵᠣ᠂ ᠪᠠᠶᠠᠨᠵᠢᠷᠦᠭᠡ ᠲᠡᠭᠦᠷᠭᠡ ᠶᠢᠨ ᠴᠡᠴᠡᠷᠯᠢᠭ ᠲᠤ ᠰᠣᠷᠣᠯᠴᠠᠵᠣ ᠪᠠᠶᠢᠭ᠎ᠠ ᠠᠵᠠᠵᠢᠶᠠᠭ᠎ᠠ ᠵᠡᠷᠭᠡ ᠲᠦᠷᠪᠡᠨ ᠦᠨᠦᠴᠢᠨ ᠬᠡᠣᠬᠡᠳ  ᠪᠠ ᠰᠣᠨᠣᠷ ᠠᠯᠳᠠᠨ ᠡᠮᠴᠢᠯᠡᠭᠦᠯᠵᠣ ᠪᠠᠶᠢᠭ᠎ᠠ ᠪᠢᠴᠢᠬᠠᠨ ᠬᠦᠣ  ᠠᠩᠭᠠᠷᠠᠭ ᠨᠠᠷ ᠲᠤ ᠬᠤᠪᠢᠶᠠᠨ  ᠲᠣᠰᠠᠯᠠᠵᠣ᠂ ᠡᠳᠡᠨ ᠤ ᠰᠣᠷᠣᠯᠭ᠎ᠠ ᠠᠮᠢᠳᠣᠷᠠᠯ ᠳᠤ ᠨᠢ ᠲᠠᠮᠵᠢᠯᠭᠡ ᠪᠣᠯᠬᠤ ᠶᠢ ᠬᠦᠰᠡᠭᠰᠡᠨ ᠪᠠᠶᠢᠨ᠎ᠠ᠃
 
ᠢᠷᠡᠯᠲᠡ᠄ ᠰᠢᠯᠤᠭᠤᠨ ᠬᠥᠬᠡ ᠬᠤᠰᠢᠭᠤᠨ ᠤ ᠵᠠᠰᠠᠭ ᠤᠨ ᠣᠷᠳᠣᠨ ᠤ ᠮᠤᠩᠭᠤᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号