ᠰᠢᠯᠤᠭᠤᠨ ᠬᠥᠬᠡ ᠬᠤᠰᠢᠭᠤᠨ ᠤ ᠠᠷᠠᠳ ᠤᠨ ᠰᠢᠬᠦᠬᠦ ᠬᠤᠷᠢᠶ᠎ᠠ ᠰᠢᠯᠤᠭᠤᠨ ᠬᠥᠬᠡ ᠬᠤᠰᠢᠭᠤᠨ ᠤ ᠬᠤᠨᠳᠦ  ᠨᠠᠭᠤᠷ ᠲᠤ ᠡᠭᠦᠰᠦᠭᠰᠡᠨ ᠬᠠᠥᠯᠢ ᠪᠤᠰᠦ ᠪᠠᠷ ᠬᠤᠪᠤᠷ ᠴᠤᠬᠠᠭ ᠬᠡᠬᠡᠷ᠎ᠡ ᠶᠢᠨ ᠠᠮᠢᠳᠠᠨ ᠢ ᠠᠩᠨᠠᠵᠦ  ᠬᠥᠨᠥᠭᠡᠭᠰᠡᠨ ᠬᠡᠷᠡᠭ ᠢ ᠬᠠᠥᠯᠢ ᠶᠤᠰᠤᠭᠠᠷ ᠲᠢᠩᠭᠢᠮ ᠨᠡᠭᠡᠭᠡᠵᠦ ᠢᠯᠡ ᠪᠠᠷ ᠰᠢᠭᠦᠪᠡ
ᠨᠡᠶᠢᠲᠡᠯᠡᠭᠰᠡᠨ ᠴᠠᠭ᠄
2017/5/22
            5 ᠳ᠋ᠤᠭᠠᠷ ᠰᠠᠷ᠎ᠠ ᠶᠢᠨ 17᠎ ᠤ ᠡᠳᠦᠷ᠂ ᠰᠢᠯᠤᠭᠤᠨ ᠬᠥᠬᠡ ᠬᠤᠰᠢᠭᠤᠨ ᠤ ᠠᠷᠠᠳ ᠤᠨ ᠰᠢᠬᠦᠬᠦ ᠬᠤᠷᠢᠶ᠎ᠠ  ᠰᠢᠯᠤᠭᠤᠨ ᠬᠥᠬᠡ ᠬᠤᠰᠢᠭᠤᠨ ᠤ ᠬᠤᠨᠳᠦ ᠨᠠᠭᠤᠷ ᠲᠤ ᠡᠭᠦᠰᠦᠭᠰᠡᠨ ᠬᠠᠥᠯᠢ ᠪᠤᠰᠦ ᠪᠠᠷ ᠬᠤᠪᠤᠷ ᠴᠤᠬᠠᠭ  ᠬᠡᠬᠡᠷ᠎ᠡ ᠶᠢᠨ ᠠᠮᠢᠳᠠᠨ ᠢ ᠠᠩᠨᠠᠵᠦ ᠬᠥᠨᠥᠭᠡᠭᠰᠡᠨ ᠬᠡᠷᠡᠭ ᠢ ᠬᠠᠥᠯᠢ ᠶᠤᠰᠤᠭᠠᠷ ᠲᠢᠩᠭᠢᠮ ᠨᠡᠭᠡᠭᠡᠵᠦ ᠢᠯᠡ ᠪᠠᠷ ᠰᠢᠭᠦᠪᠡ  ᠃             2017 ᠤᠨ ᠤ 4 ᠳ᠋ᠤᠭᠡᠷ ᠰᠠᠷ᠎ᠠ ᠶᠢᠨ 21᠎ ᠤ ᠡᠳᠦᠷ᠂ ᠰᠢᠯᠤᠭᠤᠨ ᠬᠥᠬᠡ ᠬᠤᠰᠢᠭᠤᠨ ᠤ ᠠᠷᠠᠳ ᠤᠨ  ᠪᠠᠶᠢᠴᠠᠭᠠᠬᠤ ᠬᠤᠷᠢᠶ᠎ᠠ ᠨᠢ ᠵᠠᠭᠠᠯᠳᠤᠭᠳᠠᠭᠴᠢ ᠢᠥᠢ ᠱᠧᠩ ᠶᠥᠩ᠂ ᠰᠤᠳᠤᠪᠢᠯᠢᠭ᠌ ᠵᠡᠷᠭᠡ 9 ᠬᠥᠮᠥᠨ ᠢ ᠬᠠᠥᠯᠢ  ᠪᠤᠰᠦ ᠪᠠᠷ ᠬᠤᠪᠤᠷ ᠴᠤᠬᠠᠭ ᠬᠡᠬᠡᠷ᠎ᠡ ᠶᠢᠨ ᠠᠮᠢᠳᠠᠨ ᠢ ᠠᠩᠨᠠᠵᠥ ᠬᠥᠨᠥᠭᠡᠭᠰᠡᠨ ᠵᠡᠷᠭᠡ ᠶᠠᠯ᠎ᠠ ᠬᠢᠭᠰᠡᠨ ᠢᠶᠠᠷ ᠰᠡᠵᠢᠭᠯᠡᠵᠦ  ᠂ ᠰᠢᠯᠤᠭᠤᠨ ᠬᠥᠬᠡ ᠬᠤᠰᠢᠭᠤᠨ ᠤ ᠠᠷᠠᠳ ᠤᠨ ᠰᠢᠬᠦᠬᠦ ᠬᠤᠷᠢᠶᠠᠨ ᠳᠤ ᠠᠯᠪᠠᠨ ᠵᠠᠭᠠᠯᠳᠤᠯᠭ᠎ᠠ ᠲᠡᠪᠰᠢᠬᠦᠯᠥᠭᠰᠡᠨ  ᠪᠠᠶᠢᠨ᠎ᠠ᠃             ᠵᠠᠭᠠᠯᠳᠤᠯᠭ᠎ᠠ ᠶᠢᠨ ᠪᠢᠴᠢᠭ ᠲᠤ ᠵᠠᠭᠠᠯᠳᠤᠭᠰᠠᠨ ᠢᠶᠠᠷ᠂ 2016 ᠤᠨ ᠤ 10 ᠳ᠋ᠤᠭᠠᠷ ᠰᠠᠷ᠎ᠠ ᠳᠤ᠂  ᠵᠠᠭᠠᠯᠳᠤᠭᠳᠠᠭᠴᠢ ᠢᠥᠢ ᠱᠧᠩ ᠶᠥᠩ ᠵᠡᠷᠭᠡ 5 ᠬᠥᠮᠥᠨ ᠬᠠᠥᠯᠢ ᠪᠤᠰᠦ ᠠᠰᠢᠭ ᠤᠯᠬᠤ ᠪᠠᠷ ᠵᠤᠷᠢᠯᠭ᠎ᠠ ᠪᠤᠯᠭᠠᠵᠦ᠂  ᠰᠢᠯᠤᠭᠤᠨ ᠬᠥᠬᠡ ᠬᠤᠰᠢᠭᠤᠨ ᠤ ᠵᠢᠭᠠᠰᠤᠳᠠᠢ ᠰᠤᠮᠤ ᠶᠢᠨ ᠰᠢᠷᠡᠭᠡᠳᠦ ᠭᠠᠴᠠᠭᠠᠨ ᠳᠠᠬᠢ ᠬᠤᠨᠳᠦ ᠨᠠᠭᠤᠷ ᠲᠤ  ᠬᠤᠤᠷᠠᠳᠦ ᠡᠮ ︽ᠺᠧ ᠪᠠᠢ ᠸᠧᠢ︾ ᠬᠤᠯᠢᠭᠰᠠᠨ ᠡᠷᠳᠡᠨᠢ ᠰᠢᠰᠢ ᠰᠠᠴᠤᠵᠦ᠂ ᠤᠯᠤᠰ ᠤᠨ ᠬᠤᠶᠠᠳᠤᠭᠠᠷ ᠲᠡᠰ ᠤᠨ  ᠬᠠᠮᠠᠭᠠᠯᠠᠯᠳᠠ ᠲᠠᠢ ᠠᠮᠢᠳᠠᠨ ᠪᠤᠯᠬᠤ ᠬᠤᠨ ᠭᠠᠯᠠᠭᠤ 290᠂ ᠤᠯᠤᠰ ᠤᠨ ᠬᠤᠶᠠᠳᠤᠭᠠᠷ ᠲᠡᠰ ᠤᠨ  ᠬᠠᠮᠠᠭᠠᠯᠠᠯᠳᠠ ᠲᠠᠢ ᠠᠮᠢᠳᠠᠨ ᠴᠠᠭᠠᠨ ᠲᠡᠭᠡᠯᠡᠢ 1 ᠵᠢᠴᠢ ᠪᠤᠰᠤᠳ ᠤᠰᠤᠨ ᠰᠢᠪᠠᠭᠤ 60᠎ ᠶᠢ ᠬᠤᠤᠷᠠᠳᠠᠭᠤᠯᠵᠦ  ᠠᠯᠠᠭᠰᠠᠨ ᠪᠠᠶᠢᠨ᠎ᠠ︔ ᠵᠠᠭᠠᠯᠳᠤᠭᠳᠠᠭᠴᠢ ᠶᠠᠩ ᠼᠤᠤ × ᠬᠠᠥᠯᠢ ᠪᠤᠰᠦ ᠪᠠᠷ ᠠᠰᠢᠭ ᠤᠯᠬᠤ ᠵᠤᠷᠢᠯᠭ᠎ᠠ ᠪᠠᠷ᠂  ᠬᠤᠤᠷᠠᠳᠠᠬᠳᠠᠵᠦ ᠥᠭᠦᠭᠰᠡᠨ ᠤᠰᠤᠨ ᠰᠢᠪᠠᠭᠤ ᠶᠢ ᠲᠡᠭᠡᠭᠡᠪᠤᠷᠢᠯᠡᠬᠦ ᠳᠤ ᠵᠠᠮ ᠬᠠᠷᠢᠯᠴᠠᠭᠠᠨ ᠤ ᠪᠠᠭᠠᠵᠢ ᠬᠠᠩᠭᠠᠵᠦ᠂  ᠵᠠᠭᠠᠯᠳᠤᠭᠳᠠᠭᠴᠢ ᠯᠢ ᠤᠪᠤᠬᠳᠦ ᠵᠡᠷᠭᠡ 2 ᠬᠥᠮᠥᠨ ᠶᠠᠯ᠎ᠠ ᠬᠢᠭᠰᠡᠨ ᠤᠯᠵᠠᠪᠤᠷᠢ ᠶᠢ ᠨᠢᠭᠤᠨ ᠲᠠᠯᠳᠠᠯᠠᠭᠰᠠᠨ ᠪᠠᠶᠢᠨ᠎ᠠ︔  ᠵᠠᠭᠠᠯᠳᠤᠭᠳᠠᠭᠴᠢ ᠢᠥᠢ ᠱᠧᠩ ᠶᠥᠩ ᠵᠡᠷᠭᠡ 4 ᠬᠥᠮᠥᠨ ᠮᠠᠨ ᠤ ᠠᠶᠢᠮᠠᠭ ᠤᠨ ᠤᠯᠠᠭᠠᠢ ᠬᠠᠮᠢᠶᠠᠷᠤᠯᠳᠠ ᠶᠢᠨ  ᠤᠷᠤᠨ ᠳᠤ ᠬᠤᠤᠷᠠᠳᠦ ᠡᠮ ︽ᠺᠧ ᠪᠠᠢ ᠸᠧᠢ︾ ᠬᠤᠯᠢᠭᠰᠠᠨ ᠶᠤᠤᠮᠠᠢ ᠪᠠᠷ 8 ᠯᠠᠮᠠ ᠭᠠᠯᠠᠭᠤ᠂ 96 ᠵᠢᠷᠬᠢᠮᠡᠯ  ᠰᠢᠪᠠᠭᠤ᠂ 145 ᠮᠤᠩᠭᠤᠯ ᠨᠤᠳᠤᠭ ᠤᠨ ᠬᠠᠶᠢᠷᠭᠤᠴᠠᠢ᠂ 8 ᠪᠤᠭᠤᠨᠢ ᠰᠠᠪᠠᠷᠳᠦ ᠬᠠᠶᠢᠷᠭᠤᠴᠠᠢ ᠶᠢ  ᠬᠤᠤᠷᠠᠳᠠᠭᠤᠯᠤᠨ ᠠᠯᠠᠵᠦ᠂ ᠬᠡᠭᠡᠷ᠎ᠡ ᠶᠢᠨ ᠠᠮᠢᠳᠡᠠ ᠤ ᠡᠬᠢ ᠪᠠᠶᠠᠯᠢᠭ ᠲᠤ ᠬᠥᠨᠳᠦ ᠨᠤᠴᠢᠳᠠᠢ ᠡᠪᠲᠡᠯᠡᠭᠡ ᠬᠢᠭᠰᠡᠨ  ᠪᠠᠶᠢᠨ᠎ᠠ︔ ᠵᠠᠭᠠᠯᠳᠤᠭᠳᠠᠭᠴᠢ ᠶᠠᠩ ᠵᠢᠶᠠᠨ × ᠬᠠᠥᠯᠢ ᠪᠤᠰᠦ ᠪᠠᠷ ᠫᠤᠤ ᠵᠡᠪᠰᠡᠭ ᠠᠪᠴᠦ ᠶᠠᠪᠤᠵᠦ᠂ ᠤᠯᠠᠨ  ᠨᠡᠶᠢᠲᠡ ᠶᠢᠨ ᠠᠮᠤᠷ ᠲᠥᠪᠰᠢᠨ ᠢ ᠬᠥᠨᠳᠦ ᠨᠤᠴᠢᠳᠠᠢ ᠨᠥᠯᠥᠭᠡᠯᠡᠭᠰᠡᠨ ᠪᠠᠶᠢᠨ᠎ᠠ᠃             2017 ᠤᠨ ᠤ 4 ᠳ᠋ᠤᠭᠡᠷ ᠰᠠᠷ᠎ᠠ ᠶᠢᠨ 26᠎ ᠤ ᠡᠳᠦᠷ᠂ ᠰᠢᠯᠤᠭᠤᠨ ᠬᠥᠬᠡ ᠬᠤᠰᠢᠭᠤᠨ ᠤ ᠠᠷᠠᠳ ᠤᠨ  ᠰᠢᠬᠦᠬᠦ ᠬᠤᠷᠢᠶ᠎ᠠ ᠬᠡᠷᠡᠭ ᠪᠤᠯᠭᠠᠨ ᠳᠠᠩᠰᠠᠯᠠᠵᠦ᠂ ᠬᠠᠥᠯᠢ ᠶᠤᠰᠤᠭᠠᠷ ᠵᠥᠪᠯᠡᠬᠦ ᠲᠢᠩᠭᠢᠮ ᠢ ᠪᠥᠷᠢᠯᠳᠦᠭᠦᠯᠵᠦ᠂ 5  ᠳ᠋ᠤᠭᠠᠷ ᠰᠠᠷ᠎ᠠ ᠶᠢᠨ 17᠎ ᠤ ᠥᠳᠡ ᠶᠢᠨ ᠡᠮᠦᠨ᠎ᠡ ᠬᠠᠥᠯᠢ ᠶᠤᠰᠤᠭᠠᠷ ᠢᠯᠠ ᠪᠠᠷ ᠳᠢᠩᠬᠢᠮ ᠨᠡᠭᠡᠭᠡᠵᠤ ᠰᠢᠬᠦᠯᠳᠠ ᠬᠢᠪᠠ  ᠃ ᠬᠤᠶᠠᠷ ᠡᠳᠦᠷ ᠤᠨ ᠰᠢᠬᠦᠯᠳᠡ ᠪᠠᠷ ᠲᠠᠮᠵᠢᠵᠦ᠂ 18᠎ ᠤ ᠡᠳᠦᠷ ᠲᠤᠰ ᠤᠳᠠᠭᠠᠨ ᠤ ᠲᠢᠩᠭᠢᠮ ᠤᠨ ᠰᠢᠬᠦᠯᠳᠡ  ᠲᠠᠭᠤᠰᠴᠦ᠂ ᠰᠢᠬᠦᠨ ᠲᠠᠰᠤᠯᠤᠯᠲᠠ ᠶᠢ ᠲᠠᠷᠠᠭᠠᠴᠢ ᠪᠠᠷ ᠨᠡᠶᠢᠲᠡᠯᠡᠬᠦ ᠪᠠᠷ ᠪᠤᠯᠪᠠ᠃ ( ᠠᠷᠢᠭᠤᠨ᠎ᠠ ᠰᠤᠳᠦ)  
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号