256 ᠬᠦᠴᠤᠳᠡᠨ ᠵᠤᠳᠤᠡᠡᠯᠬᠠᠰᠡᠨ ︽ᠬᠤᠯᠠᠨ ᠰᠢᠷᠭ᠎ᠠ︾ ᠬᠠᠪᠤᠷ ᠤᠨ ᠨᠠᠭᠠᠳᠤᠮ
ᠨᠡᠶᠢᠲᠡᠯᠡᠭᠰᠡᠨ ᠴᠠᠭ᠄
2017/5/9
          ᠰᠢᠯᠤᠭᠤᠨ ᠭᠦᠭᠡ ᠬᠤᠰᠢᠭᠤᠨ ᠤ ᠠᠩᠬᠠᠳᠤᠭᠠᠷ ᠬᠤᠭᠤᠴᠠᠭᠠᠨ ᠤ ︽ᠬᠤᠯᠠᠨ ᠰᠢᠷᠭ᠎ᠠ︾ ᠬᠠᠪᠤᠷ ᠤᠨ  ᠨᠠᠭᠠᠳᠤᠮ 4 ᠳ᠋ᠤᠭᠡᠷ ᠰᠠᠷ᠎ᠠ ᠶᠢᠨ 30᠎ ᠤ ᠡᠳᠤᠷ ᠠᠴᠠ 5 ᠳ᠋ᠤᠭᠠᠷ ᠰᠠᠷ᠎ᠠ ᠶᠢᠨ 2᠎ ᠤᠨ ᠡᠳᠤᠷ ᠪᠤᠯᠳᠠᠯ᠎ᠠ ᠰᠠᠩ ᠤᠨ  ᠳᠠᠯᠠᠢ ᠪᠠᠯᠭᠠᠰᠤᠨ ᠤ ᠦᠭᠡᠷᠴᠢᠨ ᠤᠪᠤᠭᠠᠨ ᠤ ᠡᠩᠭᠡᠷ ᠲᠤ ᠶᠠᠪᠤᠬᠳᠠᠵᠤ᠂ ᠳᠤᠰ ᠤᠳᠠᠭᠠᠨ ᠤ ᠨᠠᠶᠢᠷ ᠲᠤ ᠠᠷᠤ  ᠦᠪᠦᠷ ᠤᠨ 256 ᠭᠦᠴᠦᠳᠡᠨ ᠵᠤᠳᠤᠬᠯᠠᠵᠤ᠂ ᠭᠦᠴᠦ ᠴᠢᠳᠠᠯ ᠢᠶᠠᠨ ᠰᠤᠷᠢᠵᠤ ᠪᠢᠯᠡ᠃               ᠨᠠᠶᠢᠷ ᠲᠤ ᠭᠦᠷᠦᠯᠴᠡᠨ ᠢᠷᠡᠭᠰᠡᠨ ᠨᠠᠭᠠᠳᠤᠮᠴᠢᠨ ᠤᠯᠠᠨ ᠮᠢᠨᠢ ᠡᠯᠡᠰᠤᠨ ᠰᠢᠭᠤᠷᠭ᠎ᠠ ᠳᠡᠭᠳᠡᠵᠤ ᠪᠠᠶᠢᠬᠰᠠᠨ ᠴᠤ  ᠭᠦᠴᠦᠳᠤ ᠪᠦᠭᠡᠴᠢᠳ ᠤᠨ ᠢᠶᠠᠨ ᠪᠠᠷᠢᠯᠳᠤᠭᠠᠨ ᠢ ᠬᠠᠷᠠᠬᠤ ᠭᠡᠮᠡᠨ ᠨᠠᠶᠢᠷ ᠤᠨ ᠳᠠᠯᠠᠪᠠᠢ ᠪᠠᠨ ᠳᠤᠭᠤᠢᠢᠯᠠᠨ ᠰᠠᠭᠤᠨ᠎ᠠ᠃  ᠨᠠᠶᠢᠷ ᠤᠨ ᠳᠠᠯᠠᠪᠠᠢ ᠳᠤ ᠪᠦᠭᠦᠳᠡ ᠤᠯᠠᠨ ᠤ ᠪᠠᠨ ᠳᠠᠨᠢᠯ ᠳᠠᠰᠤᠯ ᠪᠤᠯᠤᠬᠰᠠᠨ ᠳᠠᠯᠠᠢ ᠠᠪᠤᠷᠭᠤ ᠴᠠᠭᠠᠨᠵᠠᠭᠠᠨ᠂  ᠭᠦᠴᠦᠳᠤ ᠠᠷᠰᠯᠠᠨ ᠪᠠᠳᠤᠵᠢᠷᠭᠠᠯ᠂ ᠰᠢᠷᠦᠭᠦᠨ ᠪᠠᠷᠢᠯᠳᠤᠭᠠᠨᠳᠤ ᠦᠯᠵᠠᠶᠢᠪᠠᠭᠠᠳᠤᠷ᠂ ᠠᠪᠤᠷᠭᠤ ᠪᠦᠷᠢᠨᠰᠠᠶᠢᠨ᠂  ᠴᠠᠬᠠᠷ ᠤᠨ ᠤᠯᠠᠭᠠᠨ ᠭᠤᠳᠤᠯᠳᠤ ᠨᠠᠰᠤᠨᠴᠤᠬᠳᠤ᠂ ᠮᠢᠩᠭᠠᠨ ᠪᠦᠭᠡ ᠶᠢᠨ ᠳᠡᠷᠢᠭᠦᠨ ᠭᠡᠭᠡᠷᠡᠭᠦ᠂ ᠠᠷᠤ ᠬᠤᠷᠴᠢᠨ ᠤ  ᠵᠠᠯᠠᠭᠤ ᠰᠤᠳᠤᠨ ᠪᠦᠭᠡ ᠮᠦᠡᠭᠭᠡᠳᠦ᠋ᠭᠦᠷᠡᠩ ᠵᠡᠷᠭᠡ ᠦᠪᠦᠷ ᠮᠤᠩᠭᠤᠯ ᠨᠤᠳᠤᠭ ᠤᠨ ᠮᠢᠨᠢ ᠰᠠᠶᠢᠨ ᠰᠠᠶᠢᠨ  ᠪᠦᠭᠡᠴᠢᠳ ᠠᠴᠠ ᠭᠠᠳᠠᠨ᠎ᠠ᠂ ᠮᠤᠩᠭᠤᠯ ᠤᠯᠤᠰ ᠤᠨ ᠤᠯᠤᠰ ᠤᠨ ᠨᠠᠴᠢᠨ ᠳ᠋ᠠᠰᠢ᠂ ᠠᠶᠢᠮᠠᠭ ᠤᠨ ᠠᠷᠰᠯᠠᠨ  ᠫᠦᠷᠪᠤᠭᠠᠷᠤᠳᠢ ᠵᠡᠷᠭᠡ ᠭᠦᠴᠦᠳᠤ ᠪᠦᠭᠡᠴᠢᠳ ᠢᠷᠡᠵᠤ ᠵᠤᠳᠤᠬᠯᠠᠨ ᠤᠷᠠᠨ ᠪᠠᠷᠢᠯᠳᠤᠭᠠᠨ ᠭᠠᠷᠭᠠᠵᠤ ᠦᠵᠡᠭᠴᠢᠳ  ᠤᠯᠠᠨ ᠢ ᠤᠤᠬᠠᠢ ᠠᠯᠳᠠᠭᠤᠯᠪᠠ᠃ ᠳᠤᠰ ᠤᠳᠠᠭᠠᠨ ᠤ ᠨᠠᠶᠢᠷ ᠲᠤ ᠠᠪᠤᠷᠭᠤ ᠪᠠᠶᠠᠷᠪᠠᠭᠠᠳᠤᠷ ᠮᠠᠨᠢ ᠵᠤᠳᠤᠬᠯᠠᠬᠰᠠᠨ  ᠦᠭᠡᠢ ᠨᠢ ᠳᠡᠭᠦᠨ ᠢ ᠰᠢᠳᠦᠨ ᠪᠢᠰᠢᠷᠡᠭᠴᠢᠳ ᠲᠤ ᠠᠪᠴᠤ ᠭᠡᠯᠡᠪᠡᠯ ᠨᠢᠭᠡᠨ ᠶᠤᠰᠤᠨ ᠤ ᠬᠠᠷᠠᠮᠰᠠᠯ ᠪᠤᠯᠤᠬᠰᠠᠨ  ᠭᠡᠯᠳᠠᠢ᠃ ᠨᠢᠭᠡ ᠶᠢᠨ ᠳᠠᠪᠠᠭ᠎ᠠ ᠪᠠᠷ ᠪᠠᠷᠠᠭᠤᠨ ᠦᠵᠦᠮᠦᠴᠢᠨ ᠤ ᠰᠦᠭᠡ᠂ ᠵᠡᠭᠦᠨ ᠦᠵᠦᠮᠦᠴᠢᠨ ᠤ ᠲᠦᠮᠡᠨᠪᠠᠶᠠᠷ  ᠵᠡᠷᠭᠡ ᠪᠦᠭᠡᠴᠢᠳ ᠮᠤᠩᠭᠤᠯ ᠤᠯᠤᠰ ᠤᠨ ᠪᠦᠭᠡᠴᠢᠳ ᠢᠶᠠᠷ ᠤᠨᠤᠭ᠎ᠠ ᠪᠠᠨ ᠳᠠᠪᠠᠭᠰᠠᠨ ᠪᠤᠯ ᠪᠠᠷᠠᠭᠤᠨ  ᠦᠵᠦᠮᠦᠴᠢᠨ ᠤ ᠳᠠᠸᠠᠰᠠᠮᠪᠤᠤ᠂ ᠵᠡᠭᠦᠨ ᠦᠵᠦᠮᠦᠴᠢᠨ ᠤ ᠬᠠᠨᠭ᠍ᠰᠢ᠂ ᠵᠡᠭᠦᠨ ᠦᠵᠦᠮᠦᠴᠢᠨ ᠤ ᠭᠠᠨᠭ᠍ᠰᠦ᠋ᠭᠡ ᠵᠡᠷᠭᠡ  ᠵᠠᠯᠠᠭᠤ ᠰᠤᠳᠤᠨ ᠪᠦᠭᠡᠴᠢᠳ ᠮᠤᠩᠭᠤᠯ ᠤᠯᠤᠰ ᠤᠨ ᠪᠠᠶᠠᠷᠪᠠᠭᠠᠳᠤᠷ᠂ ᠪᠠᠭᠠᠳᠤᠷᠪᠤᠯᠤᠳ᠂ ᠫᠦᠷᠪᠤᠭᠠᠷᠤᠳᠢ ᠵᠡᠷᠭᠡ  ᠪᠦᠭᠡ ᠳᠤ ᠤᠢᠢᠴᠢᠵᠤ ᠪᠢᠯᠡ᠃ ᠬᠤᠶᠠᠷ ᠤᠨ ᠳᠠᠪᠠᠭᠠᠨ ᠳᠤ ᠤᠯᠠᠨ ᠤ ᠪᠠᠭ᠋ᠠᠷᠬᠠᠯ ᠪᠤᠯᠤᠬᠰᠠᠨ ᠳᠠᠯᠠᠢ ᠠᠪᠤᠷᠭᠤ  ᠴᠠᠭᠠᠨᠵᠠᠭᠠᠨ ᠵᠡᠭᠦᠨ ᠦᠵᠦᠮᠦᠴᠢᠨ ᠤ ᠮᠦᠡᠭᠭᠡᠨᠷᠳᠡᠨᠢ ᠪᠠᠷ ᠤᠨᠤᠭ᠎ᠠ ᠪᠠᠨ ᠢᠯᠭᠤᠮ ᠳᠠᠪᠠᠭ᠋ᠤ ᠳᠤ ᠪᠠᠭᠠᠷᠢᠨ ᠤ ᠭᠡᠭᠡᠷᠡᠭᠦ  ᠂ ᠠᠷᠤ ᠬᠤᠷᠴᠢᠨ ᠤ ᠮᠦᠡᠭᠭᠡᠳᠦ᠋ᠭᠦᠷᠡᠩ᠂ ᠵᠡᠭᠦᠨ ᠦᠵᠦᠮᠤᠴᠢᠨ ᠤ ᠦᠯᠵᠠᠶᠢᠪᠠᠭᠠᠳᠤᠷ᠂ ᠪᠠᠳᠤᠵᠢᠷᠭᠠᠯ ᠵᠡᠭᠦᠨ  ᠰᠦᠨᠢᠳ ᠤᠨ ᠠᠯᠳᠠᠨᠳᠤᠭᠤᠯᠭ᠎ᠠ᠂ ᠰᠢᠯᠤᠭᠤᠨ ᠭᠦᠪᠡᠭᠡᠳᠤ ᠴᠠᠭᠠᠨ ᠤ ᠪᠦᠷᠢᠨᠰᠠᠶᠢᠨ ᠁ ᠵᠡᠷᠭᠡ ᠰᠠᠶᠢᠨ ᠰᠠᠶᠢᠨ  ᠪᠦᠭᠡᠴᠢᠳ ᠴᠤ ᠤᠨᠤᠭ᠎ᠠ ᠪᠠᠨ ᠳᠠᠪᠠᠭᠰᠠᠭᠠᠷ ᠭᠠᠷᠤᠨ᠎ᠠ᠃               ᠪᠠᠷᠠᠭᠤᠨ ᠪᠠᠭᠠᠷᠢᠨ ᠤ ᠭᠡᠭᠡᠷᠡᠭᠦ ᠭᠤᠷᠪᠠ ᠶᠢᠨ ᠳᠡᠪᠠᠭᠠᠨ ᠳᠤ ᠮᠤᠩᠭᠤᠯ ᠤᠯᠤᠰ ᠤᠨ ᠳ᠋ᠠᠰᠢ ᠶᠢ᠂ ᠲᠦᠷᠪᠡ ᠶᠢᠨ  ᠳᠠᠪᠠᠭᠠᠨ ᠳᠤ ᠮᠤᠩᠭᠤᠯ ᠤᠯᠤᠰ ᠤᠨ ᠫᠦᠷᠪᠤᠭᠠᠷᠤᠳᠢ ᠶᠢ ᠴᠤᠪᠤᠭᠤᠯᠤᠨ ᠬᠠᠶᠠᠬᠰᠠᠨ ᠢᠶᠠᠷ ᠳᠡᠭᠡᠳᠤ ᠠᠷᠪᠠᠨ ᠵᠢᠷᠭᠤᠭ᠎ᠠ  ᠪᠤᠯᠬᠤ ᠳᠤ ᠮᠤᠩᠭᠤᠯ ᠤᠯᠤᠰ ᠤᠨ ᠨᠢᠭᠡ ᠴᠤ ᠪᠦᠭᠡ ᠦᠯᠡᠳᠡᠭᠰᠡᠨ ᠦᠭᠡᠢ᠃ ᠳᠡᠭᠡᠳᠤ ᠠᠷᠪᠠᠨ ᠵᠢᠷᠭᠤᠭ᠎ᠠ ᠶᠢᠨ  ᠪᠠᠷᠢᠯᠳᠤᠭᠠᠨ ᠳᠤ ᠴᠠᠭᠠᠨᠵᠠᠭᠠᠨ ᠭᠡᠭᠡᠷᠡᠭᠦ ᠪᠠᠷ᠂ ᠮᠦᠡᠭᠭᠡᠳᠦ᠋ᠭᠦᠷᠡᠩ ᠵᠡᠭᠦᠨ ᠰᠦᠨᠢᠳ ᠤᠨ ᠠᠯᠳᠠᠨᠳᠤᠭᠤᠯᠭ᠎ᠠ ᠪᠠᠷ᠂  ᠠᠷᠤ ᠬᠤᠷᠴᠢᠨ ᠤ ᠠᠷᠤᠤᠬᠠᠨᠪᠠᠭᠠᠳᠤᠷ ᠰᠢᠯᠤᠭᠤᠨ ᠬᠦᠪᠡᠭᠡᠳᠤ ᠴᠠᠭᠠᠨ ᠤ ᠪᠦᠷᠢᠨᠰᠠᠶᠢᠨ ᠢᠶᠠᠷ ᠳᠤᠰ ᠳᠤᠰ ᠳᠠᠪᠠᠵᠤ  ᠪᠢᠯᠡ᠃ ᠳᠡᠭᠡᠳᠤ ᠨᠠᠢᠮᠠ ᠳᠤ ᠴᠠᠭᠠᠨᠵᠠᠭᠠᠨ ᠠᠷᠤᠤᠬᠠᠨᠪᠠᠭᠠᠳᠤᠷ ᠢᠶᠠᠷ ᠳᠠᠪᠠᠵᠤ᠂ ᠮᠦᠡᠭᠭᠡᠳᠦ᠋ᠭᠦᠷᠡᠩ ᠰᠢᠯᠤᠭᠤᠨ  ᠭᠦᠭᠡ ᠶᠢᠨ ᠤᠶᠠᠩᠭ᠎ᠠ ᠪᠠᠷ ᠳᠠᠪᠠᠵᠤ ᠳᠡᠭᠡᠳᠤ ᠲᠦᠷᠪᠡ ᠳᠤ ᠳᠡᠪᠢᠭᠦ ᠳᠤ ᠪᠤᠶᠠᠨᠴᠤᠬᠯᠨ ᠦᠨᠳᠦᠰᠦ ᠪᠠᠷ᠂ ᠴᠡᠯᠡᠭᠡᠷ  ᠰᠤᠨᠢᠨᠪᠠᠶᠠᠷ ᠢᠶᠠᠷ ᠳᠤᠰ ᠳᠤᠰ ᠳᠠᠪᠠᠵᠤ ᠮᠦᠨ ᠳᠡᠭᠡᠳᠤ ᠲᠦᠷᠪᠡ ᠳᠤ ᠰᠢᠯᠭᠠᠷᠠᠨ ᠦᠯᠡᠳᠡᠪᠡ᠃ ᠳᠡᠭᠡᠳᠤ  ᠲᠦᠷᠪᠡ ᠳᠤ ᠴᠠᠭᠠᠨᠵᠠᠭᠠᠨ ᠮᠦᠡᠭᠭᠡᠳᠦ᠋ᠭᠦᠷᠡᠩ ᠢᠶᠠᠷ᠂ ᠪᠤᠶᠠᠨᠴᠤᠬᠯᠠ ᠴᠡᠯᠡᠭᠡᠷ ᠢᠶᠠᠷ ᠳᠠᠪᠠᠭᠰᠠᠨ ᠢᠶᠠᠨ ᠳᠡᠷᠢᠭᠦᠨ  ᠳᠡᠳ᠋ ᠤᠨ ᠪᠠᠷᠢᠯᠳᠤᠭᠠᠨ ᠳᠤ ᠪᠤᠶᠠᠨᠴᠤᠬᠯᠠ ᠴᠠᠭᠠᠨᠵᠠᠭᠠᠨ ᠢᠶᠠᠷ ᠳᠠᠪᠠᠵᠤ ᠳᠡᠷᠢᠭᠦᠯᠡᠭᠰᠡᠨ ᠪᠠᠶᠢᠨ᠎ᠠ᠃   ︵ ᠬᠠᠳᠠ︶
 
ᠢᠷᠡᠯᠲᠡ᠄ ᠰᠢᠯᠢ ᠶᠢᠨ ᠭᠤᠣᠯ ᠤᠨ ᠮᠤᠩᠭᠤᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号