ᠶᠡᠭᠡ ᠲᠡᠭᠡᠳᠤ ᠰᠤᠷᠭᠠᠭᠤᠯᠢ ᠶᠢᠨ ᠰᠤᠷᠤᠬᠴᠢ ᠡᠯᠰᠡᠯᠳᠡ ᠳᠤ ᠵᠢᠷᠭᠤᠭᠠᠨ ᠵᠦᠢᠯ ᠤᠨ ᠮᠡᠭᠡᠯᠡᠯ ᠢ ᠰᠡᠷᠡᠮᠵᠢᠯᠡᠭᠡᠷᠠᠢ
ᠨᠡᠶᠢᠲᠡᠯᠡᠭᠰᠡᠨ ᠴᠠᠭ᠄
2017/6/13
             ᠵᠢᠯ ᠪᠦᠷᠢ ᠶᠢᠨ ᠶᠡᠭᠡ ᠲᠡᠭᠡᠳᠤ ᠰᠤᠷᠭᠠᠭᠤᠯᠢ ᠶᠢᠨ ᠨᠢᠭᠡᠳᠦᠯᠳᠠᠢ ᠰᠢᠯᠭᠠᠯᠳᠠ ᠶᠢᠨ ᠰᠤᠷᠤᠬᠴᠢ ᠡᠯᠰᠡᠬᠦ ᠬᠤᠭᠤᠴᠠᠭᠠᠨ ᠳᠤ ᠶᠡᠷᠦᠨᠢ ᠨᠢᠭᠡ ᠪᠦᠯᠦᠭ ᠬᠠᠤᠯᠢ ᠪᠤᠰᠤ ᠡᠳᠡᠭᠡᠳ ᠰᠢᠯᠭᠠᠭᠤᠯᠤᠭᠰᠠᠳ ᠪᠠ ᠭᠡᠷ ᠤᠨ ᠠᠬᠠᠮᠠᠳ ᠤᠨ ᠪᠠᠴᠢᠮ ᠲᠤᠯᠭᠠᠮ᠎ᠠ ᠰᠡᠳᠬᠢᠯᠭᠡ ᠶᠢ ᠠᠰᠢᠬᠯᠠᠨ ᠮᠡᠭᠡᠯᠡᠯ ᠤᠨ ᠠᠵᠢᠯᠯᠠᠭ᠎ᠠ ᠬᠢᠳᠡᠭ ᠪᠠᠶᠢᠨ᠎ᠠ᠃ ᠬᠤᠯᠪᠤᠭᠳᠠᠯ ᠪᠦᠬᠦᠢ ᠰᠠᠯᠠᠭ᠎ᠠ ᠮᠦᠴᠢᠷ ᠠᠴᠠ ᠭᠡᠷ ᠤᠨ ᠠᠬᠠᠮᠠᠳ ᠲᠤ ᠰᠠᠨᠠᠭᠤᠯᠬᠤ ᠳᠠᠭᠠᠨ᠄ ︽ᠬᠤᠪᠢ ᠬᠦᠷᠬᠦ ᠦᠭᠡᠢ ᠪᠤᠯ ᠵᠤᠭᠤᠰ ᠢᠶᠠᠷ ᠨᠦᠬᠦᠬᠦ︾ ᠭᠡᠳᠡᠭ ᠬᠠᠭᠤᠷᠮᠠᠭ ᠰᠤᠷᠤᠬᠰᠢ ᠡᠯᠰᠡᠬᠦ ᠠᠮᠠᠯᠠᠯᠳᠠ ᠶᠢ ᠬᠢᠴᠢᠶᠡᠨ ᠰᠡᠷᠭᠡᠶᠢᠯᠡᠬᠦ ᠶᠢᠨ ᠬᠠᠮᠳᠦ ︽ᠳᠤᠳᠤᠭᠠᠳᠦ ᠤᠷᠤᠨ ᠲᠤᠭ᠎ᠠ︾᠂ ᠬᠤᠪᠢ ᠪᠠᠨ ᠪᠠᠶᠢᠴᠠᠭᠠᠨ ᠦᠵᠡᠬᠦ ᠬᠠᠭᠤᠷᠮᠠᠭ ᠰᠦᠯᠵᠢᠶᠡᠨ ᠤ ᠬᠠᠶ᠋ᠢᠭ ᠮᠡᠳᠤ ᠶᠢᠨ ᠮᠡᠭᠡᠯᠡᠯ ᠢ ᠰᠡᠷᠭᠡᠶᠢᠯᠡᠬᠦ ᠭᠡᠷᠡᠭᠲᠡᠢ ᠭᠡᠪᠡ              ᠰᠤᠷᠪᠤᠯᠵᠢᠯᠠᠬᠴᠢ ᠰᠤᠷᠪᠤᠯᠵᠢᠯᠠᠭ᠎ᠠ ᠪᠠᠷ ᠳᠠᠮᠵᠢᠵᠤ ᠤᠶᠢᠢᠯᠠᠭᠠᠭᠰᠠᠨ ᠢᠶᠠᠷ᠂ ᠤᠶᠢᠢᠷ᠎ᠠ ᠶᠢᠨ ᠵᠢᠯ ᠤᠨ ᠰᠤᠷᠤᠬᠴᠢ ᠡᠯᠰᠡᠬᠦ ᠶᠠᠪᠤᠴᠠ ᠳᠤ᠂ ᠬᠠᠤᠯᠢ ᠪᠤᠰᠤ ᠡᠳᠡᠭᠡᠳ ᠤᠨ ᠪᠠᠶᠢᠩᠭᠤ ᠭᠡᠷᠡᠭᠯᠡᠬᠦ ᠮᠡᠭᠡᠯᠡᠯ ᠭᠤᠤᠯᠳᠠᠭᠤ ᠲᠤᠤᠷᠠᠬᠢ ᠵᠢᠷᠭᠤᠭᠠᠨ ᠵᠦᠢᠯ ᠪᠤᠢ᠄  ᠲᠤᠬᠠᠶᠢᠢᠯᠠᠪᠠᠯ ᠦᠪᠡᠷ ᠢ ᠪᠠᠨ ᠴᠡᠷᠢᠭ ᠤᠨ ᠰᠤᠷᠭᠠᠭᠤᠯᠢ ᠶᠢᠨ ᠪᠠᠶᠢᠭᠤᠯᠤᠯᠭ᠎ᠠ ᠪᠤᠶᠤ ᠰᠤᠷᠤᠬᠴᠢ ᠡᠯᠰᠡᠬᠦ ᠰᠠᠯᠠᠭ᠎ᠠ ᠮᠦᠴᠢᠷ ᠤᠨ ᠬᠦᠮᠦᠨ ᠭᠡᠮᠡᠵᠦ᠂ ︽ᠳᠤᠳᠤᠭᠠᠳᠦ ᠤᠷᠤᠨ ᠲᠤᠭ᠎ᠠ ᠲᠠᠢ︾ ︽ᠲᠦᠯᠦᠪᠯᠡᠭᠡ ᠠᠴᠠ ᠭᠠᠳᠠᠭᠤᠷ ᠰᠤᠷᠤᠬᠴᠢ ᠡᠯᠰᠡᠬᠦ ᠤᠷᠤᠨ ᠲᠤᠭ᠎ᠠ ᠲᠠᠢ︾ ᠭᠡᠮᠡᠨ ᠬᠤᠳᠠᠯ ᠭᠡᠯᠡᠬᠦ︔ ᠤᠷᠠᠯᠢᠭ᠂ ᠲᠠᠮᠢᠷ᠂ ᠭᠠᠳᠠᠭᠠᠳᠤ ᠭᠡᠯᠡ ᠮᠡᠳᠤ ᠶᠢᠨ ᠡᠯ᠎ᠠ ᠵᠦᠢᠯ ᠤᠨ ︽ᠤᠨᠴᠠᠭᠠᠢ ᠴᠢᠳᠠᠪᠤᠷᠢ ᠲᠠᠢ︾ ᠰᠤᠷᠤᠬᠴᠢ ᠳᠤ ᠬᠤᠪᠢ ᠨᠡᠮᠡᠨ ᠦᠭᠴᠤ ᠲᠡᠶᠢᠯᠬᠦ ᠬᠡᠮᠡᠨ ᠬᠤᠳᠠᠯ ᠭᠡᠯᠡᠬᠦ︔ ᠰᠤᠷᠤᠬᠴᠢ ᠡᠯᠰᠡᠬᠦ ᠮᠡᠳᠡᠭᠳᠡᠯ ᠤᠨ ᠪᠢᠴᠢᠭ ᠢ ᠬᠠᠭᠤᠷᠮᠠᠬᠯᠠᠨ ᠵᠤᠬᠢᠶᠠᠬᠤ︔ ᠬᠤᠪᠢ ᠪᠠᠨ ᠪᠠᠶᠢᠴᠠᠭᠠᠵᠤ ᠦᠵᠡᠬᠦ ᠬᠠᠭᠤᠷᠮᠠᠬ ᠰᠦᠯᠵᠢᠶᠡᠨ ᠤ ᠬᠠᠶ᠋ᠢᠬ ᠢ ᠳᠠᠮᠵᠢᠭᠤᠯᠵᠦ᠂ ᠭᠡᠷ ᠤᠨ ᠠᠬᠠᠮᠠᠳ ᠤᠨ ᠲᠠᠬᠯᠠᠬᠰᠠᠨ ᠬᠤᠪᠢ ᠬᠦᠮᠦᠨ ᠤ ᠮᠡᠳᠡᠭᠡ ᠵᠠᠩᠬᠢ ᠶᠢ ᠦᠨᠳᠦᠰᠦᠯᠡᠨ ᠴᠠᠬᠢᠯᠭᠠᠨ ᠬᠤᠯᠪᠤᠭᠠᠨ ᠤ ᠮᠡᠭᠡᠯᠡᠯ ᠬᠢᠬᠦ︔ ᠶᠡᠭᠡ ᠲᠡᠭᠡᠳᠤ ᠰᠤᠷᠭᠠᠭᠤᠯᠢ ᠶᠢᠨ ᠰᠢᠯᠭᠠᠯᠳᠠ ᠶᠢᠨ ᠨᠡᠷ᠎ᠡ ᠪᠠᠷ ︽ᠮᠤᠳᠤᠨ ᠮᠤᠷᠢ︾ ᠸᠢᠷᠦ᠋ᠰ ᠢᠶᠠᠷ ᠮᠡᠬᠡᠯᠡᠬᠦ︔ ︽ᠡᠵᠡᠨ ᠮᠡᠳᠡᠵᠤ ᠰᠤᠷᠤᠬᠴᠢ ᠡᠯᠰᠡᠬᠦ︾ ᠨᠡᠷ᠎ᠠ ᠪᠠᠷ ᠮᠡᠭᠡᠯᠡᠵᠦ᠂ ︽ᠡᠵᠡᠨ ᠮᠡᠳᠡᠵᠤ ᠰᠤᠷᠤᠬᠴᠢ ᠡᠯᠰᠡᠬᠦ︾᠎ ᠶᠢ ︽ᠡᠷᠬᠡ ᠴᠢᠯᠤᠭᠡᠳᠠᠢ ᠰᠤᠷᠤᠬᠴᠢ ᠡᠯᠰᠡᠬᠦ︾ ᠪᠤᠯᠭᠠᠨ ᠭᠡᠯᠡᠬᠦ ᠵᠡᠷᠭᠡ ᠪᠤᠯᠤᠨ᠎ᠠ᠃ ᠵᠢᠱᠢᠶᠡᠯᠡᠪᠡᠯ ᠵᠠᠷᠢᠮ ᠮᠡᠭᠡᠯᠡᠭᠴᠢ ᠰᠢᠯᠭᠠᠭᠤᠯᠤᠭᠴᠢ ᠪᠠ ᠭᠡᠷ ᠤᠨ ᠠᠬᠠᠮᠠᠳ ᠡᠵᠡᠨ ᠮᠡᠳᠡᠵᠤ ᠰᠤᠷᠤᠬᠴᠢ ᠡᠯᠰᠡᠬᠦ᠂ ᠬᠠᠨᠳᠤᠯᠭ᠎ᠠ ᠲᠠᠢ ᠪᠠᠷ ᠰᠤᠷᠤᠬᠴᠢ ᠡᠯᠰᠡᠬᠦ ᠲᠦᠷᠦ ᠶᠢᠨ ᠪᠤᠳᠤᠯᠭ᠎ᠠ ᠶᠢ ᠲᠡᠶᠢᠮᠦ ᠰᠠᠶᠢᠨ ᠤᠶᠢᠢᠯᠠᠭᠠᠬᠤ ᠦᠭᠡᠢ ᠪᠠᠶᠢᠬᠤ ᠲᠤᠳᠠᠬᠳᠠᠯ ᠢ ᠠᠰᠢᠬᠯᠠᠨ ᠮᠡᠭᠡᠯᠡᠵᠦ᠂ ᠶᠠᠮᠠᠷ ᠶᠠᠮᠠᠷ ᠶᠡᠭᠡ ᠰᠤᠷᠭᠠᠭᠤᠯᠢ ᠶᠢᠨ ᠬᠠᠨᠳᠤᠯᠭ᠎ᠠ ᠲᠠᠢ ᠪᠠᠷ ᠰᠤᠷᠤᠬᠴᠢ ᠡᠯᠰᠡᠬᠦ ᠲᠦᠯᠦᠪᠯᠡᠭᠡ ᠳᠤ ᠤᠷᠤᠭᠤᠯᠵᠦ ᠲᠡᠶᠢᠯᠤᠨ᠎ᠡ ᠬᠡᠮᠡᠨ ᠤᠷᠭᠢᠵᠤ᠂ ᠢᠯᠠ ᠪᠠᠷ ᠦᠨ᠎ᠠ ᠬᠠᠶᠠᠯᠴᠠᠵᠦ᠂ ︽ᠬᠠᠨᠳᠤᠯᠭ᠎ᠠ ᠲᠠᠢ ᠪᠠᠷ ᠰᠤᠷᠤᠬᠴᠢ ᠡᠯᠰᠡᠬᠦ ᠪᠦᠭᠡᠮ ᠰᠦᠢᠳᠭᠡᠯ︾ ᠠᠪᠳᠠᠬ᠃ ᠰᠧᠴᠤᠸᠠᠨ ᠮᠤᠵᠢ ᠶᠢᠨ ᠰᠤᠷᠭᠠᠨ ᠬᠦᠮᠦᠵᠢᠯ ᠤᠨ ᠰᠢᠯᠭᠠᠯᠳᠠ ᠶᠢᠨ ᠬᠦᠷᠢᠶᠡᠯᠡᠩ ᠤᠨ ᠬᠤᠯᠪᠤᠭᠳᠠᠯ ᠪᠦᠬᠦᠢ ᠬᠠᠷᠢᠭᠤᠴᠠᠯᠭᠠᠳᠠᠨ ᠢᠯᠡᠳᠭᠡᠬᠦ ᠳᠡᠭᠡᠨ᠂ ᠡᠵᠡᠨ ᠮᠡᠳᠡᠵᠤ ᠰᠤᠷᠤᠬᠴᠢ ᠡᠯᠰᠡᠬᠦ ᠬᠢᠷᠢ ᠭᠡᠮ ᠲᠠᠢ ᠶᠡᠭᠡ ᠳᠡᠭᠡᠳᠦ ᠰᠤᠷᠭᠠᠭᠤᠯᠢ ᠶᠢ ᠨᠢᠭᠡᠨᠳᠡ ᠨᠡᠶᠢᠭᠡᠮ ᠨᠡᠶᠢᠳᠡ ᠳᠤ ᠢᠯᠡ ᠨᠡᠶᠢᠳᠡᠯᠡᠵᠠᠢ᠂ ᠡᠵᠡᠨ ᠮᠡᠳᠡᠵᠤ ᠰᠤᠷᠤᠬᠴᠢ ᠡᠯᠰᠡᠬᠦ ᠳᠤ ᠤᠷᠤᠯᠴᠠᠬᠤ ᠰᠢᠯᠭᠠᠭᠤᠯᠤᠭᠰᠠᠳ ᠶᠡᠭᠡ ᠳᠡᠭᠡᠳᠦ ᠰᠤᠷᠭᠠᠭᠤᠯᠢ ᠶᠢᠨ ᠡᠵᠡᠨ ᠮᠡᠳᠡᠵᠤ ᠰᠤᠷᠤᠬᠴᠢ ᠡᠯᠰᠡᠬᠦ ᠰᠢᠯᠭᠠᠯᠳᠠ ᠶᠢᠨ ᠬᠢᠷᠢ ᠲᠡᠩᠴᠡᠬᠦ ᠪᠠᠷᠢᠮᠵᠢᠶ᠎ᠠ ᠳᠤ ᠬᠦᠷᠬᠦ ᠪᠠᠷ ᠪᠠᠷᠠᠬᠤ ᠦᠭᠡᠢ ᠪᠠᠰᠠ ᠶᠡᠭᠡ ᠳᠡᠭᠡᠳᠦ ᠰᠤᠷᠭᠠᠭᠤᠯᠢ ᠶᠢᠨ ᠰᠤᠷᠤᠬᠴᠢ ᠡᠯᠰᠡᠬᠦ ᠪᠦᠯᠦᠭ ᠤᠳᠠᠭ᠎ᠠ ᠶᠢᠨ ᠬᠤᠪᠢ ᠶᠢᠨ ᠪᠠᠷᠢᠮᠵᠢᠶ᠎ᠠ ᠳᠤ ᠬᠦᠷᠦᠭᠰᠡᠨ ᠪᠠᠶᠢᠬᠤ ᠬᠡᠷᠡᠭᠳᠠᠢ᠂ ᠢᠡᠭᠬᠢᠪᠡᠯ ᠶᠡᠭᠡ ᠳᠡᠭᠡᠳᠦ ᠰᠤᠷᠭᠠᠭᠤᠯᠢ ᠠᠴᠠ ᠰᠢᠯᠢᠳᠡᠭ ᠢ ᠨᠢ ᠰᠤᠩᠭᠤᠵᠦ ᠡᠯᠰᠡᠳᠡᠭ ᠶᠤᠮ ᠭᠡᠪᠡ᠃ ᠤᠶᠢᠢᠷ᠎ᠠ ᠶᠢᠨ ᠵᠢᠯ ᠳᠤ᠂ ᠶᠡᠭᠡ ᠰᠤᠷᠭᠠᠭᠤᠯᠢ ᠶᠢᠨ ᠨᠢᠭᠡᠳᠦᠯᠳᠠᠢ ᠰᠢᠯᠭᠠᠯᠳᠠ ᠶᠢᠨ ᠨᠡᠷ᠎ᠠ ᠪᠠᠷ ︽ᠮᠤᠳᠤᠨ ᠮᠤᠷᠢ︾ ᠸᠢᠷᠦ᠋ᠰ ᠢᠶᠠᠷ ᠮᠡᠭᠡᠯᠡᠬᠦ ᠨᠢ ᠰᠢᠨ᠎ᠠ ᠮᠠᠶᠢᠭ ᠤᠨ ᠮᠡᠭᠡᠯᠡᠯ ᠤᠨ ᠠᠷᠭ᠎ᠠ ᠬᠡᠮᠵᠢᠶ᠎ᠡ ᠪᠤᠯᠵᠤ ᠪᠠᠶᠢᠨ᠎ᠠ᠃               ᠮᠡᠭᠡᠯᠡᠭᠴᠢ ᠠᠴᠠ ᠰᠢᠯᠭᠠᠭᠤᠯᠤᠬᠴᠢ ᠪᠠ ᠭᠡᠷ ᠤᠨ ᠠᠬᠠᠮᠠᠳ ᠲᠤ ᠮᠤᠳᠤᠨ ᠮᠤᠷᠢᠨ ᠤ ᠸᠢᠷᠦ᠋ᠰ ᠲᠠᠢ ᠴᠠᠬᠢᠮ ᠮᠡᠳᠡᠭᠡ ᠢᠯᠡᠭᠡᠬᠦ ᠪᠤᠶᠤ ᠰᠦᠯᠵᠢᠶᠡᠨ ᠤ ᠦᠷᠳᠡᠭᠡ ᠳᠤ ᠮᠡᠭᠡᠯᠡᠯ ᠤᠨ ᠴᠢᠨᠠᠳᠠᠷᠠᠢ ᠬᠠᠶᠢᠭ ᠭᠠᠷᠭᠠᠳᠠᠭ᠃ ᠭᠡᠷ ᠤᠨ ᠠᠬᠠᠮᠠᠳ ᠲᠤᠰ ᠬᠠᠶᠢᠭ ᠢᠶᠠᠷ ᠤᠷᠤᠪᠠᠯ᠂ ᠮᠤᠳᠤᠨ ᠮᠤᠷᠢ ᠸᠢᠷᠦ᠋ᠰ ᠭᠠᠷ ᠤᠳᠠᠰᠤᠨ ᠳᠤ ᠴᠢᠨᠢ ᠬᠠᠯᠳᠠᠪᠤᠷᠢᠯᠠᠨ ᠤᠷᠤᠵᠦ᠂ ᠬᠤᠯᠪᠤᠵᠤ ᠪᠠᠶᠢᠭ᠎ᠠ ᠪᠠᠩᠬᠢ ᠶᠢᠨ ᠺᠠᠷᠲ ᠵᠡᠷᠭᠡ ᠮᠡᠳᠡᠭᠡ ᠵᠠᠩᠬᠢ ᠶᠢ ᠴᠢᠨᠢ ᠬᠤᠯᠠᠭᠠᠶᠢᠢᠯᠠᠨ ᠠᠪᠴᠤ᠂ ᠰᠦᠯᠵᠢᠶᠡᠨ ᠤ ᠭᠡᠷᠡᠭᠯᠡᠭᠡᠨ ᠤ ᠵᠤᠭᠤᠰ ᠢ ᠦᠭᠬᠦ ᠪᠤᠶᠤ ᠭᠤᠷᠪᠠᠳᠠᠭᠴᠢ ᠲᠠᠯ᠎ᠠ ᠶᠢᠨ ᠲᠤᠭᠠᠴᠠᠭ᠎ᠠ ᠬᠢᠬᠦ ᠲᠠᠪᠴᠠᠩ ᠠᠴᠠ ᠳᠠᠩᠰᠠ ᠰᠢᠯᠵᠢᠬᠦᠯᠦᠨ ᠵᠤᠭᠤᠰ ᠢ ᠴᠢᠨᠢ ᠭᠠᠷᠭᠠᠵᠤ ᠠᠪᠳᠠᠬ᠃ ᠲᠤᠰᠬᠠᠢ ᠮᠡᠷᠭᠡᠵᠢᠯᠳᠠᠨ ᠢᠯᠡᠳᠭᠡᠬᠦ ᠳᠡᠭᠡᠨ᠂ ᠶᠠᠮᠠᠷᠪᠠ ᠭᠡᠯᠪᠡᠷᠢ ᠶᠢᠨ ᠰᠤᠷᠤᠬᠴᠢ ᠡᠯᠰᠡᠬᠦ ᠮᠡᠭᠡᠯᠡᠯ ᠨᠢ ᠴᠦᠮ ᠵᠤᠭᠤᠰ ᠢᠶᠠᠷ ᠯᠡ ᠭᠤᠤᠯ ᠪᠤᠯᠭᠠᠵᠤ ᠪᠠᠶᠢᠭ᠎ᠠ ᠶᠤᠮ᠂ ᠵᠤᠭᠤᠰ ᠮᠦᠩᠬᠦ ᠳᠤ ᠬᠤᠯᠪᠤᠭᠳᠠᠬᠤ ᠳᠤ ᠯᠡ ᠬᠦᠷᠪᠡᠯ ᠰᠢᠯᠭᠠᠭᠤᠯᠤᠭᠴᠢ ᠪᠠ ᠭᠡᠷ ᠤᠨ ᠠᠬᠠᠮᠠᠳ ᠴᠦᠮ ᠳᠡᠭᠡᠳᠦ ᠭᠡᠮᠵᠢᠶ᠎ᠠ ᠪᠠᠷ ᠰᠡᠷᠡᠮᠵᠢᠯᠡᠬᠦ ᠬᠡᠷᠡᠭᠳᠠᠢ᠃ ᠰᠤᠷᠤᠬᠴᠢ ᠡᠯᠰᠡᠬᠦ ᠲᠤᠬᠠᠢ ᠮᠠᠳᠠᠭ ᠲᠠᠢ ᠠᠰᠠᠭᠤᠳᠠᠯ ᠲᠤᠬᠢᠶᠠᠯᠳᠤᠪᠠᠯ᠂ ᠠᠯᠪᠡᠨ ᠶᠤᠰᠤᠨ ᠤ ᠠᠷᠭ᠎ᠠ ᠵᠠᠮ ᠢᠶᠠᠷ ᠲᠠᠮᠵᠢᠭᠤᠯᠵᠤ ᠤᠶᠢᠢᠯᠠᠭᠠᠬᠤ ᠬᠡᠷᠡᠭᠳᠠᠢ᠂ ᠰᠢᠯᠭᠠᠭᠤᠯᠤᠬᠴᠢ ᠶᠢᠨ ᠪᠡᠶ᠎ᠠ ᠶᠢᠨ ᠦᠨᠡᠮᠯᠡᠯ ᠤᠨ ᠨᠤᠮᠧᠷ᠂ ᠰᠢᠯᠭᠠᠯᠳᠠ ᠶᠢᠨ ᠨᠤᠮᠧᠷ ᠵᠡᠷᠭᠡ ᠮᠡᠳᠡᠭᠡ ᠵᠠᠩᠬᠢ ᠪᠠᠨ ᠬᠢᠯᠪᠠᠷᠬᠠᠨ ᠢᠶᠠᠷ ᠪᠤᠰᠤᠳ ᠬᠦᠮᠦᠨ ᠳᠤ ᠦᠭᠴᠦ ᠪᠤᠯᠬᠤ ᠦᠭᠡᠢ᠃ ᠡᠬᠦᠨ ᠤ ᠵᠡᠷᠭᠡᠪᠡᠷ᠂ ᠰᠤᠷᠤᠬᠴᠢ ᠡᠯᠰᠡᠬᠦ ᠪᠠᠶᠢᠭᠤᠯᠤᠯᠭ᠎ᠠ ᠪᠠ ᠳᠤᠳᠤᠭᠠᠳᠦ ᠶᠢ ᠬᠠᠮᠠᠭᠠᠯᠠᠬᠤ ᠪᠠᠶᠢᠭᠤᠯᠤᠯᠭ᠎ᠠ ᠳᠤ ᠰᠤᠷᠤᠬᠴᠢ ᠡᠯᠰᠡᠬᠦ ᠮᠡᠭᠡᠯᠡᠯ ᠤᠨ ᠠᠵᠢᠯᠯᠠᠭ᠎ᠠ ᠶᠢ ᠴᠠᠭ ᠲᠤᠬᠠᠢ ᠳᠤ ᠢᠯᠡᠴᠢᠯᠡᠨ ᠮᠡᠳᠡᠬᠦᠯᠵᠦ᠂ ᠬᠤᠪᠢ ᠬᠦᠮᠦᠨ ᠤ ᠡᠷᠭᠡ ᠠᠰᠢᠬ ᠢᠶᠠᠨ ᠬᠠᠮᠠᠭᠠᠯᠠᠬᠤ ᠭᠡᠷᠡᠭᠲᠡᠢ ᠭᠡᠵᠦ ᠢᠯᠡᠳᠭᠡᠪᠡ᠃
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号