ᠰᠢᠯᠤᠭᠤᠨ ᠬᠦᠬᠡ ᠬᠤᠰᠢᠭᠤᠨ ᠤ ᠪᠤᠱᠤᠤᠲᠠᠢ ᠰᠤᠮᠤᠨ ᠤ ᠰᠢᠷᠠᠨᠠᠭᠤᠷ ᠭᠠᠴᠠᠭᠠᠨ ᠤ ᠮᠠᠯᠴᠢᠨ ᠰᠠᠶᠢᠬᠠᠨᠴᠡᠴᠡᠭ ᠵᠢᠵᠢᠭ ᠠᠷᠠᠯᠵᠢᠶ᠎ᠠ ᠪᠠᠷ ᠵᠠᠭᠤᠨ ᠲᠦᠮᠡᠲᠤ ᠪᠤᠯᠤᠭᠰᠠᠨ ᠵᠠᠮᠨᠠᠯ
ᠨᠡᠶᠢᠲᠡᠯᠡᠭᠰᠡᠨ ᠴᠠᠭ᠄
2017/6/7
                                 ᠰᠤᠷᠪᠤᠯᠵᠢᠯᠠᠭᠴᠢ ᠡ᠊ · ᠲᠤᠶᠠᠭ᠎ᠠ               ᠨᠢᠬᠡᠨ ᠮᠠᠯᠴᠢᠨ ᠬᠦᠮᠤᠨ ᠬᠤᠷᠴᠠ ᠰᠢᠷᠤᠬᠦᠨ ᠵᠠᠬ᠎ᠠ ᠲᠠᠯᠬᠡᠬᠦᠷ ᠤᠨ ᠦᠷᠢᠰᠤᠯᠲᠤᠬᠡᠨ ᠲᠤᠮᠲᠠ ᠠᠷᠠᠯᠵᠢᠶ᠎ᠠ  ᠮᠠᠶᠢᠮᠠᠢ ᠡᠵᠡᠩᠨᠠᠨ᠂ ᠬᠡᠲᠤᠬᠡᠨ ᠵᠢᠯ ᠤᠨ ᠬᠤᠭᠤᠷᠤᠠᠲᠤ 20 ᠬᠠᠪᠲᠠᠭᠠᠢ ᠲᠦᠷᠪᠠᠯᠵᠢᠨ ᠮᠧᠲᠷ ᠤᠨ ᠵᠢᠵᠢᠭᠬᠡᠨ  ᠦᠷᠤᠬᠡᠨ ᠤ ᠡᠵᠡᠩᠨᠠᠯᠲᠠ ᠪᠠᠷ 100 ᠭᠠᠷᠤᠢ ᠲᠦᠮᠠᠨ ᠲᠦᠬᠦᠷᠢᠭ ᠤᠨ ᠦᠷᠲᠡᠭ ᠲᠠᠢ ᠵᠠᠬᠡᠯᠢ ᠨᠢᠭᠤᠷᠯᠠᠭᠰᠠᠨ  ᠠᠰᠠᠷ ᠢ ᠪᠤᠰᠬᠠᠯ᠎ᠠ ᠬᠡᠵᠤ ᠰᠤᠨᠤᠰᠪᠠᠯ ᠬᠦᠮᠤᠨ ᠪᠦᠬᠦᠨ ᠰᠤᠴᠢᠬᠤ ᠪᠢᠵᠠ⁈ ᠡᠨᠡᠬᠦ ᠭᠠᠶᠢᠬᠠᠯᠲᠠᠢ ᠦᠯᠢᠬᠡᠷ ᠢ  ᠪᠢᠴᠢᠭᠯᠡᠵᠤ ᠶᠠᠪᠤᠭ᠎ᠠ ᠬᠦᠮᠤᠨ ᠪᠢᠲᠠᠨ ᠤ ᠲᠠᠷᠬᠡᠲᠠ ᠪᠠᠶᠢᠭ᠎ᠠ ᠰᠢᠤ︕ ᠲᠠᠬᠦᠨ ᠢ ᠰᠠᠶᠢᠬᠠᠠᠴᠡᠴᠡᠭ ᠬᠡᠲᠡᠭ᠃           ᠵᠢᠵᠢᠭᠬᠡᠨ ᠦᠷᠤᠬᠡᠨ ᠳᠤ ᠤᠷᠤᠨ ᠨᠤᠲᠤᠭ ᠤᠨ ᠤᠠᠴᠠᠯᠢᠭ ᠲᠠᠢ ᠴᠠᠭᠠᠨ ᠢᠲᠠᠬᠡᠨ ᠢᠶᠠᠨ ᠪᠤᠷᠤᠯᠠᠭᠤᠯᠤᠨ ᠵᠠᠬ᠎ᠠ  ᠲᠠᠯᠬᠡᠬᠦᠷ ᠲᠤ ᠤᠷᠤᠨ ᠪᠠᠶᠢᠷᠢ ᠪᠠᠨ ᠤᠯᠵᠤ ᠶᠠᠪᠤᠭ᠎ᠠ ᠰᠠᠶᠢᠬᠠᠠᠴᠡᠴᠡᠭ 2000 ᠤᠨ ᠳᠤ ᠰᠢᠯᠢ ᠶᠢᠨ ᠬᠤᠲᠠ ᠳᠤ  ᠢᠷᠠᠵᠤ ᠬᠦᠴᠤᠨ ᠤ ᠠᠵᠢᠯ ᠬᠢᠵᠤ ᠶᠠᠪᠤᠬᠤ ᠳᠠᠭᠠᠨ ᠴᠢᠯᠤᠬᠡᠲᠤ ᠲᠠᠯᠬᠡᠬᠦᠷ ᠤᠨ ᠬᠤᠲᠠᠯᠲᠤᠭᠴᠢ᠂ ᠪᠠᠭᠤᠲᠠᠯ ᠤᠨ  ᠦᠢᠯᠠᠴᠢᠯᠡᠭᠴᠢ ᠁ ᠬᠡᠬᠦ ᠵᠡᠷᠬᠡ ᠶᠢᠨ ᠶᠡᠩᠵᠤ ᠪᠦᠷᠢ ᠶᠢᠨ ᠬᠦᠯᠤᠰᠤᠨ ᠠᠵᠢᠯ ᠬᠢᠵᠤ ᠶᠠᠪᠤᠵᠠᠢ᠃ 2004  ᠤᠨ ᠳᠤ ᠨᠦᠬᠦᠷ ᠲᠠᠪᠠᠯᠭᠠᠨ ᠲᠠᠢ ᠪᠠᠨ ᠠᠶᠢᠯ ᠬᠡᠷ ᠪᠤᠯᠤᠯᠴᠠᠨ ᠮᠦᠨ ᠯᠠ ᠬᠦᠴᠤᠨ ᠤ ᠠᠵᠢᠯ ᠢᠶᠠᠷ ᠠᠮᠢᠲᠤᠷᠠᠯ ᠢᠶᠠᠨ  ᠠᠷᠭᠠᠴᠠᠭᠠᠵᠤ᠂ ᠡᠲᠤᠷ ᠲᠤᠵᠢ ᠲᠤᠶᠢᠯ ᠤᠨ ᠵᠦᠲᠠᠷᠠᠯᠲᠠᠢ ᠪᠦᠬᠡᠤᠨ ᠶᠠᠭᠠᠷᠠᠯᠲᠠᠢ ᠠᠵᠢᠯᠯᠠᠳᠠᠬ ᠪᠠᠶᠢᠪᠠ᠃           ︽ᠲᠠᠩᠲᠠ ᠬᠦᠴᠤᠨ ᠤ ᠠᠵᠢᠯ ᠬᠢᠬᠡᠤᠨ ᠴᠤ ᠪᠤᠯᠬᠤ ᠶᠤᠮ ᠪᠢᠰᠢ︕ ᠶᠠᠭᠠᠬᠢᠭᠰᠠᠨ ᠴᠤ ᠨᠢᠬᠡ ᠦᠪᠠᠷ ᠤᠨ ᠬᠡᠰᠡᠨ  ᠦᠢᠯᠠᠰ ᠲᠠᠢ ᠪᠤᠯᠬᠤ ᠰᠠᠨ︾ ᠬᠡᠰᠡᠨ ᠬᠦᠰᠠᠯ ᠲᠠᠢ ᠪᠠᠶᠢᠭᠰᠠᠨ ᠰᠠᠶᠢᠬᠠᠠᠴᠡᠴᠡᠭ 2008 ᠤᠨ ᠳᠤ ᠬᠦᠴᠤᠨ ᠤ  ᠠᠵᠢᠯ ᠬᠢᠬᠡᠤᠨ ᠬᠤᠷᠠᠮᠲᠤᠭᠤᠯᠤᠭᠰᠠᠨ ᠬᠦᠯᠤᠰᠤᠨ ᠮᠦᠡᠭᠬᠦ ᠶᠢᠨ ᠢᠶᠠᠨ ᠬᠡᠪᠴᠢᠶᠠᠨ ᠳᠤ ᠲᠤᠬᠢᠷᠠᠭᠤᠯᠤᠨ ᠵᠢᠵᠢᠭᠬᠡᠨ  ᠴᠠᠭᠠᠨ ᠢᠲᠠᠬᠡᠨ ᠤ ᠲᠠᠯᠬᠡᠬᠦᠷ ᠡᠷᠬᠢᠯᠠᠬᠦ ᠪᠠᠷ ᠵᠤᠷᠢᠭ ᠰᠢᠭᠤᠤᠠᠪᠠ᠃ ᠲᠠᠬᠡᠬᠡᠤᠨ ᠰᠢᠯᠢ ᠶᠢᠨ ᠬᠤᠲᠠ ᠳᠠᠬᠢ  ᠮᠤᠩᠭᠤᠯᠴᠤᠤᠨ ᠲᠦᠪᠯᠠᠷᠠᠨ ᠰᠠᠭᠤᠭᠰᠠᠨ ᠲᠤᠯᠠᠭᠠᠨ ᠰᠠᠭᠤᠭᠠᠯᠢ ᠠᠷᠠᠤᠨ ᠤᠨ ᠲᠤᠭᠤᠷᠢᠭ ᠲᠤ ᠨᠢᠬᠡᠨ ᠵᠢᠵᠢᠭᠬᠡᠨ ᠬᠡᠷ  ᠲᠦᠷᠢᠶᠠᠰᠤᠯᠠᠨ ︽ᠰᠠᠶᠢᠬᠠᠠᠴᠡᠴᠡᠭ ᠴᠠᠭᠠᠨ ᠢᠲᠠᠬᠡᠨ ᠤ ᠲᠠᠯᠬᠡᠬᠦᠷ︾᠎ ᠢᠶᠠᠨ ᠡᠬᠢᠯᠠᠨ ᠡᠵᠡᠩᠨᠡᠵᠤ ᠦᠢᠯᠠᠰ ᠪᠤᠰᠬᠠᠬᠤ  ᠠᠩᠬᠠᠨ ᠤ ᠠᠶᠠᠨ ᠢᠶᠠᠨ ᠡᠶᠢᠠᠬᠦ ᠡᠬᠢᠯᠡᠬᠦᠯᠦᠭᠰᠡᠨ ᠶᠤᠮᠲᠠᠭ᠃          ᠲᠦᠮᠠᠨ ᠠᠯᠬᠤᠮ ᠤᠨ ᠲᠦᠷᠤᠬᠦᠤ ᠠᠯᠬᠤᠮ ᠬᠦᠴᠢᠷ ᠬᠡᠲᠡᠭᠴᠢᠯᠠᠨ ᠡᠬᠢᠨ ᠳᠡᠭᠡᠨ ᠠᠷᠭ᠎ᠠ ᠲᠤᠷᠰᠢᠯᠭ᠎ᠠ ᠮᠠᠬᠦᠰ᠂  ᠠᠷᠪᠢᠨ ᠵᠤᠶᠢᠯᠠᠰ ᠢ ᠤᠶᠢᠯᠠᠭᠠᠬᠤ ᠦᠬᠡᠢ ᠪᠠᠶᠢᠭᠰᠠᠨ ᠠᠴᠠ ᠤᠯᠠᠨ ᠬᠦᠴᠢᠷ ᠲᠤᠯᠭᠠᠷᠠᠵᠤ᠂ ᠵᠦᠬᠡᠬᠡᠢ ᠨᠢ ᠭᠠᠰᠢᠯᠠᠬᠤ  ᠦᠬᠡᠢ ᠪᠤᠯ ᠬᠤᠷᠤᠤᠨ ᠨᠢ ᠬᠦᠭᠴᠢᠷᠠᠵᠤ ᠦᠨᠤᠷ ᠤᠷᠤᠴᠢᠬᠠᠲᠠᠭ᠃ ᠬᠡᠪᠠᠴᠤ ᠰᠠᠶᠢᠬᠠᠠᠴᠡᠴᠡᠭ ᠤᠷᠮ᠎ᠠ ᠬᠤᠭᠤᠷᠠᠵᠤ  ᠵᠤᠷᠢᠭ ᠮᠤᠬᠤᠭᠰᠠᠨ ᠦᠬᠡᠢ᠂ ᠬᠠᠷᠢᠨ ᠪᠤᠰᠤᠤᠨ ᠴᠠᠭᠠᠨ ᠢᠲᠠᠬᠡᠨ ᠤ ᠲᠠᠯᠬᠡᠬᠦᠷ ᠲᠠᠢ ᠡᠶ᠎ᠡ ᠡᠪᠲᠠᠢ ᠬᠠᠷᠢᠯᠴᠠᠵᠤ  ᠠᠷᠭ᠎ᠠ ᠲᠤᠷᠰᠢᠯᠭ᠎ᠠ ᠶᠢ ᠨᠢ ᠰᠤᠷᠴᠤ ᠡᠵᠡᠮᠰᠢᠲᠡᠭ ᠪᠠᠶᠢᠯ᠎ᠠ᠃ ᠲᠠᠷᠠ ᠶᠠᠷᠤ ᠠᠴᠠ ᠪᠠᠨ ᠭᠠᠰᠢᠯᠠᠵᠤ ᠭᠤᠰᠢᠯᠠᠭᠰᠠᠨ  ᠵᠤᠶᠢᠯᠠᠰ ᠢᠶᠠᠨ ᠪᠤᠰᠤᠤᠨ ᠲᠤ ᠠᠷᠭᠠᠯᠠᠨ ᠬᠤᠲᠠᠯᠲᠤᠵᠤ ᠵᠤᠭᠤᠰ ᠮᠦᠡᠭᠬᠦ ᠬᠤᠨᠵᠢᠬᠤ ᠶᠢ ᠪᠤᠲᠤᠭ᠎ᠠ ᠦᠬᠡᠢ᠂ ᠬᠠᠷᠢᠨ  ᠴᠠᠭᠠᠨ ᠢᠲᠠᠬᠡᠨ ᠤ ᠪᠠᠨ ᠴᠢᠨᠠᠷ ᠢ ᠪᠠᠲᠤᠯᠠᠨ ᠰᠢᠨ᠎ᠠ ᠰᠤᠷᠭᠤᠭ ᠪᠠᠶᠢᠬᠤ ᠶᠢ ᠴᠠᠭ ᠢᠮᠬᠠᠲᠠ ᠪᠠᠷᠢᠮᠲᠠᠯᠠᠲᠠᠭ ᠪᠦᠬᠡᠤᠨ  ᠬᠠᠯᠠᠭᠤᠮᠰᠤᠭ ᠦᠢᠯᠠᠴᠢᠯᠡᠭᠡ᠂ ᠢᠲᠠᠬᠡᠯ ᠨᠠᠶᠢᠲᠠᠪᠤᠷᠢ ᠨᠢ ᠵᠤᠴᠢᠤᠨ ᠤᠨ ᠬᠦᠷᠢᠶᠠᠯᠠᠯ ᠢ ᠤᠯᠵᠤ᠂ ᠲᠠᠯᠬᠡᠬᠦᠷ ᠤᠨ ᠬᠢᠨᠢ  ᠪᠤᠱᠤᠭ᠎ᠠ ᠶᠢ ᠠᠯᠬᠤᠬᠤ ᠬᠦᠮᠤᠨ ᠶᠠᠪᠤᠬᠤ ᠲᠤᠲᠤᠮ ᠤᠯᠠᠰᠢᠷᠠᠪᠠ᠃         ᠰᠠᠶᠢᠬᠠᠠᠴᠡᠴᠡᠭ ᠡᠬᠢᠨ ᠤ ᠬᠡᠲᠤᠨ ᠵᠢᠯ ᠤᠳ ᠲᠤ ᠰᠢᠯᠤᠭᠤᠨ ᠬᠦᠬᠡ ᠬᠤᠰᠢᠭᠤᠨ ᠤ ᠤᠯᠠᠮᠵᠢᠯᠠᠯᠲᠤ ᠠᠷᠭ᠎ᠠ ᠪᠠᠷ  ᠬᠢᠭᠰᠡᠨ ᠴᠤᠯ ᠪᠠᠶᠢᠭᠠᠯᠢᠯᠢᠭ ᠴᠠᠭᠠᠨ ᠢᠲᠠᠬᠡᠨ ᠢ ᠤᠷᠤᠭᠤᠯᠤᠨ ᠪᠤᠷᠤᠯᠠᠭᠤᠯᠲᠠᠭ ᠪᠠᠶᠢᠪᠠ᠃ ᠵᠢᠵᠢᠭᠬᠡᠨ ᠠᠷᠠᠯᠵᠢᠶ᠎ᠠ ᠨᠢ  ᠡᠲᠤᠷ ᠬᠤᠨᠤᠭ ᠦᠡᠭᠬᠡᠷᠡᠬᠦ ᠶᠢ ᠲᠠᠭᠠᠯᠲᠤᠨ ᠠᠰᠢᠭ ᠤᠷᠤᠯᠭ᠎ᠠ ᠨᠢ ᠲᠠᠰᠤᠷᠠᠯᠲᠠ ᠦᠬᠡᠢ ᠨᠡᠮᠡᠭᠲᠡᠭᠰᠡᠨ ᠠᠴᠠ ᠴᠠᠭᠠᠨ  ᠢᠲᠠᠬᠡᠨ ᠤ ᠬᠠᠨᠭ᠍ᠭᠠᠯᠭ᠎ᠠ ᠨᠢ ᠬᠦᠷᠬᠦ ᠦᠬᠡᠢ ᠪᠤᠯᠬᠤ ᠳᠠᠭᠠᠨ ᠤᠷᠵᠢᠨᠤᠨ ᠠᠴᠠ ᠡᠬᠢᠯᠠᠨ ᠰᠠᠭᠠᠯᠢ ᠶᠢᠨ ᠦᠨᠢᠶᠠᠨ ᠤ  ᠲᠠᠯᠠᠪᠠᠢ ᠠᠴᠠ ᠰᠦ ᠬᠤᠲᠠᠯᠲᠤᠨ ᠠᠪᠴᠤ ᠦᠪᠠᠷᠲᠠᠬᠡᠨ ᠴᠠᠭᠠᠨ ᠢᠲᠠᠬᠡᠨ ᠢᠶᠠᠨ ᠪᠤᠯᠪᠠᠰᠤᠷᠠᠭᠤᠯᠬᠤ ᠪᠤᠯᠪᠠ᠃  ᠢᠡᠭᠬᠢᠵᠤ ᠦᠪᠠᠷᠲᠠᠬᠡᠨ ᠴᠠᠭᠠᠨ ᠢᠲᠠᠬᠡᠨ ᠢᠶᠠᠨ ᠪᠤᠯᠪᠠᠰᠤᠷᠠᠭᠤᠯᠤᠡ ᠬᠤᠲᠠᠯᠲᠤᠬᠤ ᠨᠢ ᠢᠯᠠᠬᠦᠤ ᠬᠡᠲᠤᠨ ᠬᠦᠮᠤᠨ  ᠬᠡᠷᠡᠭᠯᠡᠬᠦ ᠪᠤᠯᠪᠠᠴᠤ ᠬᠠᠷᠢᠨ ᠭᠠᠲᠠᠨ᠎ᠠ ᠠᠴᠠ ᠴᠠᠭᠠᠨ ᠢᠲᠠᠬᠡᠨ ᠤᠷᠤᠭᠤᠯᠤᠭᠰᠠᠨ ᠲᠠᠢ ᠬᠠᠷᠢᠴᠠᠭᠤᠯᠪᠠᠯ ᠠᠰᠢᠭ  ᠤᠷᠤᠯᠭ᠎ᠠ ᠨᠢ ᠬᠤᠯᠠ ᠢᠯᠠᠬᠦᠤ ᠪᠠᠶᠢᠯ᠎ᠠ᠃ ᠤᠲᠤ ᠡᠲᠤᠷ ᠪᠤᠯᠭᠠᠨ ᠵᠠᠭᠤ ᠭᠠᠷᠤᠢ ᠵᠢᠩ ᠬᠤᠷᠤᠤᠨ᠂ ᠵᠠᠭᠤ ᠭᠠᠷᠤᠢ  ᠵᠢᠩ ᠵᠦᠬᠡᠬᠡᠢ ᠪᠤᠷᠤᠯᠠᠭᠤᠯᠵᠤ᠂ ᠵᠢᠯ ᠤᠨ ᠴᠠᠪᠠᠷ ᠤᠷᠤᠯᠭ᠎ᠠ ᠨᠢ ᠠᠷᠪᠠᠭᠠᠤᠨ ᠲᠦᠮᠠᠨ ᠲᠦᠬᠦᠷᠢᠭ ᠢ ᠲᠠᠪᠠᠵᠤ ᠪᠤᠢ᠃         ᠠᠷᠠᠯᠵᠢᠶ᠎ᠠ ᠮᠠᠶᠢᠮᠠᠢ ᠰᠠᠶᠢᠵᠢᠷᠠᠭᠠᠤᠨ ᠢᠷᠠᠪᠠᠯ ᠠᠰᠢᠭ ᠤᠷᠤᠯᠭ᠎ᠠ ᠠᠶᠠᠠᠲᠠᠭᠠᠨ ᠨᠠᠮᠡᠭᠲᠡᠲᠡᠭ ᠤᠨ ᠤᠴᠢᠷ  ᠰᠠᠶᠢᠬᠠᠠᠴᠡᠴᠡᠭ ᠡᠨᠡ ᠬᠡᠲᠤᠨ ᠵᠢᠯ ᠦᠯᠠᠮᠵᠢ ᠶᠡᠭᠡ ᠬᠠᠲᠠᠭᠠᠯᠠᠮᠵᠢ ᠲᠠᠢ ᠪᠤᠯᠵᠤ᠂ 2013 ᠤᠨ ᠳᠤ186  ᠬᠠᠪᠲᠠᠭᠠᠢ ᠲᠦᠷᠪᠠᠯᠵᠢᠨ ᠮᠧᠲᠷ ᠲᠠᠯᠠᠪᠠᠢ ᠲᠠᠢ ᠵᠡᠬᠡᠯᠢ ᠨᠢᠭᠤᠷᠯᠠᠭᠰᠠᠨ ᠬᠤᠶᠡᠷ ᠲᠠᠪᠬᠤᠷ ᠠᠰᠠᠷ ᠢ ᠵᠠᠭᠤ ᠭᠠᠷᠤᠢ  ᠲᠦᠮᠠᠨ ᠲᠦᠬᠦᠷᠢᠭ ᠢᠶᠠᠷ ᠬᠤᠲᠠᠯᠲᠤᠨ ᠠᠪᠴᠤ᠂ ᠰᠦ ᠰᠠᠭᠠᠯᠢ ᠪᠤᠯᠪᠠᠰᠤᠷᠠᠭᠤᠯᠬᠤ ᠦᠢᠯᠠᠤᠠᠪᠤᠷᠢ ᠪᠠᠶᠢᠭᠤᠯᠪᠠ᠃      
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号