ᠮᠠᠯᠴᠢᠨ ᠲᠠᠷᠢᠶᠠᠴᠢᠨ ᠤ ᠦᠷᠢ ᠰᠢᠷᠢ ᠶᠢᠨ ᠠᠰᠠᠭᠤᠳᠠᠯ ᠢ ᠴᠢᠬᠤᠯᠠᠴᠢᠯᠠᠨ ᠠᠳᠬᠤᠶ᠎ᠠ
ᠨᠡᠶᠢᠲᠡᠯᠡᠭᠰᠡᠨ ᠴᠠᠭ᠄
2017/6/8
         ᠤᠢᠢᠷ᠎ᠠ ᠶᠢᠨ ᠵᠢᠯ ᠳᠤ ᠬᠦᠳᠡᠭᠡ ᠨᠤᠳᠤᠭ ᠢᠶᠠᠷ ︽ᠦᠷᠢ ᠦᠬᠡᠢ ᠮᠠᠯᠴᠢᠨ ᠡᠷᠦᠬᠡ︾ ᠤᠯᠠᠮ ᠢᠶᠠᠷ ᠴᠦᠬᠡᠷᠡᠵᠦ᠂ ᠵᠠᠷᠢᠮ ᠬᠤᠰᠢᠭᠤ ᠪᠠᠷ ᠵᠢᠱᠢᠶᠡᠯᠡᠬᠦ ᠳᠤ ᠪᠠᠷᠤᠭ 80%᠎ ᠤᠨ ᠡᠷᠤᠭᠡ ᠨᠢ ᠲᠤᠬᠠᠢ ᠶᠢᠨ ᠭᠠᠵᠠᠷ ᠤᠨ ᠢᠶᠠᠨ  ᠪᠠᠩᠬᠢ  ᠪᠤᠶᠤ  ᠢᠳᠡᠭᠡᠮᠵᠢ ᠶᠢᠨ ᠬᠤᠷᠰᠢᠶᠡᠨ ᠠᠴᠠ 5 — 10 ᠲᠦᠮᠡᠨ ᠲᠦᠬᠦᠷᠢᠭ ᠤᠨ ᠵᠢᠭᠡᠯᠡᠯᠭᠡ ᠠᠪᠤᠭᠰᠠᠨ ᠪᠠᠶᠢᠯ᠎ᠠ᠃         ᠵᠠᠰᠠᠭ ᠤᠨ  ᠤᠷᠳᠤᠨ ᠠᠴᠠ  ︽ᠮᠠᠯ  ᠠᠵᠤ  ᠠᠬᠤᠢ  ᠲᠠᠷᠢᠶᠠᠯᠠᠩ᠂  ᠮᠠᠯᠵᠢᠬᠤ  ᠲᠠᠷᠢᠶᠠᠯᠠᠬᠤ  ᠤᠷᠤᠨ᠂  ᠮᠠᠯᠴᠢᠨ ᠲᠠᠷᠢᠶᠠᠴᠢᠨ︾᠎ ᠤ  ᠠᠰᠠᠭᠤᠳᠠᠯ ᠢ  ᠪᠦᠳᠦᠮᠵᠢᠳᠡᠢ  ᠰᠢᠢᠳᠪᠦᠷᠢᠯᠡᠭᠦ ᠶᠢᠨ  ᠵᠤᠷᠢᠯᠭ᠎ᠠ ᠪᠠᠷ   ᠪᠠᠩᠭᠢ ᠶᠢᠨ  ᠰᠠᠯᠠᠭ᠎ᠠ  ᠮᠦᠴᠢᠷ ᠲᠠᠢ ᠬᠠᠮᠵᠢᠯᠴᠡᠨ᠂ ᠮᠠᠯ ᠠᠵᠤ ᠠᠬᠤᠢ ᠲᠠᠷᠢᠶᠠᠯᠠᠩ ᠢ ᠬᠦᠭᠵᠢᠭᠦᠯᠭᠦ ᠵᠢᠭᠡᠯᠡᠯᠭᠡ᠂ ᠮᠠᠯᠴᠢᠨ ᠲᠠᠷᠢᠶᠠᠴᠢᠨ ᠳᠤ ᠠᠰᠢᠭ ᠬᠦᠷᠳᠡᠭᠡᠭᠦ ᠵᠢᠭᠡᠯᠡᠯᠭᠡ ᠭᠡᠭᠦ ᠮᠡᠳᠤ ᠪᠠᠷ ᠮᠠᠯ ᠠᠵᠤ ᠠᠬᠤᠢ ᠲᠠᠷᠢᠶᠠᠯᠠᠩ ᠤᠨ ᠬᠦᠭᠵᠢᠯᠳᠠ  ᠵᠢᠴᠢ  ᠮᠠᠯᠴᠢᠨ  ᠲᠠᠷᠢᠶᠠᠴᠢᠨ ᠤ  ᠦᠢᠯᠡᠳᠪᠦᠷᠢᠯᠡᠯ ᠳᠤ  ᠪᠡᠯᠡ ᠮᠦᠡᠭᠭᠦᠨ ᠤ ᠲᠡᠮᠵᠢᠯᠭᠡ ᠦᠵᠡᠭᠦᠯᠵᠤ ᠪᠤᠢ᠃ ᠲᠠᠶᠢᠮᠤ ᠠᠴᠠ ᠪᠠᠩᠭᠢ ᠠᠴᠠ ᠵᠢᠭᠡᠯᠡᠯᠭᠡ ᠤᠯᠬᠤ ᠳᠤ ᠲᠦᠭᠦᠮ ᠪᠤᠯᠵᠤ᠂  ᠬᠠᠪᠤᠷ ᠤᠨ ᠲᠠᠷᠢᠶᠠᠯᠠᠭ᠎ᠠ᠂ ᠨᠠᠮᠤᠷ ᠤᠨ ᠡᠪᠡᠰᠤ ᠪᠤᠷᠳᠤᠭ᠎ᠠ ᠨᠦᠭᠡᠴᠡᠯᠡᠭᠦ ᠭᠡᠭᠦ ᠮᠡᠳᠤ ᠶᠢᠨ ᠮᠠᠯ ᠠᠵᠤ ᠠᠬᠤᠢ  ᠲᠠᠷᠢᠶᠠᠯᠠᠩ  ᠦᠢᠯᠡᠳᠪᠣᠷᠢᠯᠡᠯ ᠤᠨ ᠵᠠᠩᠭᠢᠯᠠᠭ᠎ᠠ ᠶᠢᠨ ᠴᠠᠭ ᠦᠶ᠎ᠠ ᠳᠤ ᠮᠠᠯᠴᠢᠨ ᠲᠠᠷᠢᠶᠠᠴᠢᠨ ᠪᠡᠯᠡᠨ ᠵᠤᠭᠤᠰ ᠲᠤ  ᠭᠠᠴᠢᠬᠳᠡᠨ  ᠭᠠᠷ ᠢᠶᠠᠨ  ᠨᠤᠬᠤᠯᠡᠨ  ᠰᠠᠭᠤᠬᠤ ᠨᠢ ᠴᠦᠭᠡᠨ ᠪᠤᠯᠤᠬᠰᠡᠨ ᠪᠠᠶᠢᠨ᠎ᠠ᠃ ᠭᠡᠳᠡᠯ᠎ᠠ᠂ ᠵᠠᠷᠢᠮ ᠮᠠᠯᠴᠢᠳ ᠤᠨ ᠵᠢᠭᠡᠯᠡᠯᠭᠡ ᠨᠢ ᠵᠢᠯ ᠠᠴᠠ ᠵᠢᠯ ᠨᠡᠮᠡᠭᠳᠡᠨ᠂  ᠦᠷᠢ  ᠰᠢᠷᠢ ᠳᠡᠭᠡᠨ ᠲᠠᠷᠤᠬᠳᠡᠨ᠂ ᠠᠮᠢᠳᠤᠷᠠᠯ ᠤᠨ ᠴᠢᠨᠠᠷ ᠴᠢᠨᠰᠠᠭ᠎ᠠ ᠪᠠ ᠦᠵᠡᠯ ᠰᠠᠨᠠᠭ᠎ᠠ ᠬᠤᠪᠢᠷᠠᠵᠤ  ᠡᠬᠢᠯᠡᠭᠰᠡᠨ ᠨᠢ  ᠰᠡᠳᠬᠢᠬᠦᠰᠢᠳᠡᠢ  ᠠᠰᠠᠭᠤᠳᠠᠯ ᠭᠡᠵᠦ ᠪᠤᠳᠤᠨ᠎ᠠ᠃ ᠡᠬᠦᠨ ᠳᠤ ᠪᠡᠶᠡᠴᠢ ᠪᠤᠰᠤᠳᠴᠢ ᠤᠯᠠᠨ ᠲᠠᠯ᠎ᠡ ᠶᠢᠨ ᠨᠦᠬᠦᠴᠡᠯ ᠰᠢᠯᠳᠠᠭᠠᠨ ᠪᠠᠶᠢᠬᠤ ᠨᠢ  ᠲᠠᠮᠵᠢᠭ  ᠦᠭᠡᠢ᠃ ᠪᠤᠰᠤᠳᠴᠢ ᠲᠠᠯ᠎ᠡ ᠠᠴᠠ ᠶᠠᠷᠢᠪᠡᠯ᠂ ᠪᠠᠶᠢᠭᠠᠯᠢ ᠶᠢᠨ ᠭᠠᠮᠰᠢᠭ᠂ ᠮᠠᠯ ᠤᠨ ᠦᠨ᠎ᠡ ᠪᠠᠭᠤᠷᠠᠭᠰᠠᠨ ᠨᠢ  ᠴᠢᠬᠤᠯᠠ  ᠨᠢᠭᠡᠨ  ᠰᠢᠯᠳᠠᠭᠠᠨ ᠪᠤᠯᠵᠤ᠂ ᠠᠮᠢᠳᠤᠷᠠᠯ ᠤᠨ ᠭᠡᠷᠡᠭᠰᠡᠯ ᠤᠨ ᠦᠨ᠎ᠠ ᠦᠰᠴᠤ᠂ ᠮᠠᠯᠴᠢᠳ ᠤᠨ ᠤᠷᠤᠯᠭ᠎ᠠ ᠭᠡᠳᠦᠨ ᠵᠢᠯ ᠲᠠᠷᠠᠭᠠᠯᠠᠨ ᠪᠠᠭᠤᠷᠠᠭᠰᠠᠨ ᠲᠠᠢ ᠰᠢᠭᠤᠳ ᠬᠤᠯᠪᠤᠭ᠎ᠠ ᠲᠠᠢ᠃ ᠪᠡᠶᠡᠴᠢ ᠲᠠᠯ᠎ᠡ ᠠᠴᠠ ᠶᠠᠷᠢᠪᠠᠯ᠂  ᠵᠠᠷᠢᠮ  ᠮᠠᠯᠴᠢᠨ ᠤ  ᠤᠷᠤᠯᠭ᠎ᠠ  ᠵᠠᠷᠤᠯᠭ᠎ᠠ ᠪᠠᠨ  ᠵᠤᠬᠢᠴᠠᠭᠤᠯᠵᠦ᠂ ᠵᠤᠭᠤᠰ ᠮᠦᠩᠬᠦ ᠪᠠᠨ ᠠᠬᠤᠢᠢᠯᠠᠬᠤ ᠤᠬᠠᠮᠰᠠᠷ ᠠᠨᠠᠢ ᠪᠠᠶᠢᠳᠠᠭ ᠠᠴᠠ ᠵᠠᠷᠤᠯᠭ᠎ᠠ ᠨᠢ ᠤᠷᠤᠯᠭ᠎ᠠ ᠠᠴᠠ ᠳᠠᠪᠠᠭ᠋ᠤ ᠦᠵᠡᠭᠳᠡᠯ  ᠭᠠᠷᠴᠤ ᠪᠤᠢ᠃ ᠡᠨᠡ ᠨᠢ ᠭᠤᠤᠯᠳᠠᠭᠤ ᠳᠠᠩᠰᠠ ᠬᠠᠷ᠎ᠠ ᠳᠤᠳᠤ ᠦᠬᠡᠢ᠂ ᠭᠡᠳᠤ ᠭᠡᠷᠡᠭᠯᠡᠭᠡ ᠭᠢᠬᠦ᠂ ᠮᠦᠷᠤᠢ ᠲᠠᠢ ᠨᠠᠭᠠᠳᠤᠮ ᠳᠤ  ᠰᠢᠨᠤᠬᠤ᠂ ᠠᠷᠠᠯᠵᠢᠶ᠎ᠠ ᠮᠠᠶᠢᠮᠠᠢ ᠬᠢᠵᠤ ᠪᠠᠶᠢᠨ᠎ᠡ ᠭᠡᠳ ᠬᠡᠮᠵᠢᠶ᠎ᠠ ᠠᠴᠠ ᠪᠠᠨ ᠭᠡᠳᠦᠷᠡᠳᠡᠯ᠎ᠠ ᠪᠡᠯᠡ  ᠤᠷᠤᠭᠤᠯᠬᠤ  ᠵᠡᠷᠭᠡ  ᠲᠠᠯ᠎ᠠ ᠪᠠᠷ ᠢᠯᠡᠷᠡᠵᠦ ᠪᠠᠶᠢᠳᠠᠭ᠃ ᠴᠦᠭᠡᠨ ᠪᠤᠰᠤ ᠮᠠᠯᠴᠢᠳ ᠵᠢᠭᠡᠯᠡᠯᠭᠡ ᠪᠠᠷ ᠠᠮᠢᠳᠤᠷᠠᠯ ᠢᠶᠠᠨ ᠠᠷᠭᠠᠴᠠᠬᠤ ᠬᠡᠮᠵᠢᠶᠡᠨ ᠳᠤ  ᠴᠤ ᠬᠦᠷᠴᠤ᠂ ᠵᠠᠷᠢᠮᠠᠳ ᠨᠢ ᠵᠢᠬᠡᠯᠡᠯᠬᠡ ᠪᠠᠶᠢᠳᠤᠭᠠᠢ ᠬᠦᠦ ᠮᠦᠩᠬᠦ ᠪᠠᠨ ᠴᠤ ᠴᠠᠭ ᠲᠠᠭᠠᠨ ᠪᠤᠴᠠᠭᠠᠵᠦ  ᠳᠡᠶᠢᠯᠬᠦ  ᠦᠬᠡᠢ  ᠭᠠᠴᠢᠭᠳᠠᠳᠠᠭ  ᠪᠤᠯᠵᠤ  ᠪᠠᠶᠢᠨ᠎ᠠ᠃ ᠬᠤᠯᠪᠤᠬᠳᠠᠯ ᠪᠦᠭᠦᠢ ᠰᠠᠯᠠᠭ᠎ᠠ  ᠮᠦᠴᠢᠷ ᠠᠴᠠ  ᠮᠠᠯᠴᠢᠳ ᠤᠨ  ᠵᠢᠭᠡᠯᠡᠯᠭᠡ  ᠨᠡᠮᠡᠭᠳᠡᠵᠤ  ᠪᠠᠶᠢᠬᠤ  ᠠᠰᠠᠭᠤᠳᠠᠯ ᠢ  ᠴᠢᠬᠤᠯᠡᠴᠢᠯᠡᠨ ᠦᠵᠡᠵᠤ᠂ ᠮᠠᠯᠴᠢᠳ  ᠠᠪᠤᠬᠰᠡᠨ  ᠵᠢᠭᠡᠯᠡᠯᠭᠡ ᠪᠠᠨ  ᠴᠢᠬᠤᠯᠠ ᠲᠠᠢ  ᠶᠠᠭᠤᠮᠡᠨ ᠳᠡᠭᠡᠨ  ᠵᠠᠷᠤᠵᠤ  ᠪᠠᠶᠢᠬᠤ  ᠡᠰᠡᠭᠦ ᠶᠢ  ᠮᠦᠷᠳᠡᠨ ᠪᠠᠶᠢᠴᠠᠭᠠᠵᠤ ᠦᠵᠡᠭᠦ ᠶᠢᠨ ᠵᠡᠷᠭᠡ ᠪᠠᠷ ᠮᠠᠯᠴᠢᠳ ᠲᠤ ᠰᠠᠨᠠᠭᠠᠴᠢᠯᠠᠭ᠎ᠠ ᠲᠠᠢ ᠪᠠᠷ  ᠤᠷᠤᠯᠭ᠎ᠠ  ᠵᠠᠷᠤᠯᠭ᠎ᠠ ᠶᠢᠨ  ᠲᠠᠩᠰᠠ  ᠪᠤᠳᠤᠬᠤ᠂ ᠵᠢᠭᠡᠯᠡᠯᠭᠡ ᠪᠠᠨ ᠦᠢᠯᠡᠳᠪᠦᠷᠢᠯᠡᠯ ᠠᠮᠢᠳᠤᠷᠠᠯ ᠳᠠᠭᠠᠨ ᠬᠡᠷᠬᠢᠨ  ᠪᠦᠳᠦᠮᠵᠢᠳᠡᠢ  ᠠᠰᠢᠬᠠᠯᠬᠤ᠂  ᠪᠠᠩᠭᠢ ᠶᠢᠨ  ᠬᠠᠷ᠎ᠠ  ᠲᠠᠩᠰᠠᠨ ᠳᠤ ᠤᠷᠤᠪᠠᠯ ᠬᠤᠵᠢᠮ ᠤᠨ ᠦᠢᠯᠡᠳᠪᠦᠷᠢᠯᠡᠯ ᠠᠮᠢᠳᠤᠷᠠᠯ ᠳᠤ ᠶᠠᠮᠠᠷ ᠠᠰᠢᠬ ᠦᠭᠡᠢ  ᠪᠤᠯᠬᠤ᠁  ᠭᠡᠭᠦ  ᠲᠠᠯ᠎ᠠ ᠪᠠᠷ  ᠰᠤᠷᠳᠡᠯᠴᠢᠯᠡᠨ ᠤᠬᠠᠭᠤᠯᠵᠤ ᠠᠰᠢᠭ ᠬᠤᠤᠷ ᠤᠨ ᠬᠠᠷᠢᠴᠠᠭ᠎ᠠ ᠶᠢ  ᠮᠠᠯᠴᠢᠳ ᠲᠤ  ᠲᠠᠨᠢᠭᠤᠯᠪᠡᠯ᠂  ᠮᠠᠯᠴᠢᠳ ᠤᠨ  ᠵᠢᠭᠡᠯᠡᠯᠭᠡ ᠪᠠᠨ  ᠪᠦᠳᠦᠮᠵᠢᠳᠡᠢ ᠠᠰᠢᠬᠯᠠᠬᠤ ᠴᠢᠳᠠᠬᠤ ᠦᠭᠡᠢ ᠪᠠᠶᠢᠬᠤ ᠪᠠ  ᠵᠢᠭᠡᠯᠡᠯᠭᠡ ᠪᠠᠷ  ᠠᠮᠢᠳᠤᠷᠠᠯ ᠢᠶᠠᠨ  ᠠᠷᠭᠠᠴᠠᠬᠤ  ᠪᠠᠶᠢᠳᠠᠯ ᠢ  ᠵᠤᠬᠢᠬᠤ  ᠭᠡᠮᠵᠢᠶ᠎ᠠ ᠪᠠᠷ ᠨᠠᠮᠳᠠᠭᠠᠵᠤ ᠴᠢᠳᠠᠬᠤ ᠨᠢ ᠯᠠᠪᠳᠡᠢ᠃          ᠮᠠᠯᠴᠢᠳ ᠮᠠᠨᠢ᠂ ᠦᠷᠢ ᠦᠬᠡᠢ ᠪᠤᠯ ᠪᠠᠶᠠᠨ᠂ ᠡᠪᠡᠳᠴᠢᠨ  ᠦᠬᠡᠢ  ᠪᠤᠯ  ᠵᠢᠷᠭᠠᠯ  ᠭᠡᠳᠡᠭ  ᠪᠢᠰᠢᠦ︕  ᠤᠷᠤᠯᠭ᠎ᠠ ᠵᠠᠷᠤᠯᠭ᠎ᠠ ᠪᠠᠨ ᠰᠠᠶᠢᠳᠤᠷ ᠲᠦᠰᠦᠪᠯᠡᠨ ᠪᠤᠳᠤᠬᠤ  ᠤᠷ᠎ᠡ  ᠤᠬᠠᠭᠠᠨ ᠲᠠᠢ  ᠪᠠᠶᠢᠵᠤ᠂  ᠠᠷᠪᠢᠴᠢ  ᠭᠠᠮᠳᠠᠢ ᠪᠠᠷ  ᠠᠮᠢᠳᠤᠷᠠᠯ ᠢᠶᠠᠨ ᠦᠭᠡᠳᠡᠯᠡᠭᠦᠯᠭᠦ ᠪᠤᠯᠪᠠᠰᠤᠨ ᠰᠠᠶᠢᠬᠠᠨ ᠰᠤᠷᠳᠠᠯ ᠢ ᠪᠠᠳᠠᠷᠠᠭᠤᠯᠤᠨ᠂ ᠠᠵᠢᠯᠴᠢ ᠬᠤᠶᠠᠷ ᠭᠠᠷ ᠢᠶᠠᠷ ᠢᠶᠠᠨ  ᠠᠮᠢᠳᠤᠷᠠᠯ ᠢᠶᠠᠨ ᠦᠭᠡᠳᠡ ᠲᠠᠳᠠᠬᠤ ᠰᠢᠯᠢᠳᠡᠭ ᠤᠯᠠᠮᠵᠢᠯᠠᠯ ᠢᠶᠠᠨ ᠭᠡᠵᠢᠶ᠎ᠡ ᠡᠬᠦᠷᠢᠳᠡ ᠪᠠᠳᠠᠷᠠᠭᠤᠯᠵᠤ  ᠶᠠᠪᠤᠬᠤ ᠶᠢ  ᠠᠩᠬᠠᠷᠤᠯ ᠳᠠᠭᠠᠨ  ᠠᠪᠬᠤ  ᠴᠢᠬᠤᠯᠠᠳᠠᠢ ᠪᠤᠯᠵᠠᠢ᠃    
 
ᠢᠷᠡᠯᠲᠡ᠄ ᠠᠷᠠᠳ ᠤᠨ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号