ᠥᠪᠥᠷ ᠮᠣᠩᠭᠤᠯ 2018 ᠣᠨ ᠤ ᠠᠰᠫᠢᠷᠠᠨᠲ ᠰᠢᠯᠭᠠᠬᠤ ᠠᠩᠬᠠᠨ ᠤ  ᠰᠢᠯᠭᠠᠯᠲᠠ ᠶᠢᠨ ᠶᠡᠷᠦᠩᠬᠡᠶ ᠬᠤᠪᠢ ᠶᠢᠨ ᠬᠤᠪᠢ ᠨᠡᠮᠡᠬᠦ ᠲᠥᠷᠥ ᠶᠢᠨ  ᠪᠣᠳᠣᠯᠭ᠎ᠠ ᠶᠢ ᠲᠣᠳᠣᠷᠬᠠᠶ ᠪᠣᠯᠭᠠᠪᠠ
ᠨᠡᠶᠢᠲᠡᠯᠡᠭᠰᠡᠨ ᠴᠠᠭ᠄
2017/9/18
         ᠬᠥᠬᠡᠬᠤᠲᠠ ᠶᠢᠨ ᠡᠳᠦᠷ ᠤᠨ ᠰᠣᠨᠢᠨ ᠤ ᠮᠡᠳᠡᠭᠡ ᠥᠴᠥᠭᠡᠳᠦᠷ᠂ ᠥᠪᠥᠷ  ᠮᠣᠩᠭᠤᠯ ᠤᠨ  ᠰᠤᠷᠭᠠᠨ  ᠬᠥᠮᠦᠵᠢᠯ ᠤᠨ ᠰᠣᠷᠣᠭᠴᠢ ᠡᠯᠰᠡᠬᠦ ᠰᠢᠯᠭᠠᠯᠲᠠ ᠶᠢᠨ ᠲᠥᠪ ᠎ ᠤᠨ ᠠᠯᠪᠠᠨ ᠸᠢᠴᠠᠲ ᠢᠶᠠᠷ ᠨᠡᠶᠢᠲᠡᠯᠡᠭᠰᠡᠨ ᠢᠶᠠᠷ᠂ ᠰᠤᠷᠭᠠᠨ ᠬᠥᠮᠦᠵᠢᠯ ᠤᠨ  ᠶᠠᠮᠤᠨ ︽2018 ᠣᠨ ᠤ ᠪᠦᠬᠦ ᠤᠯᠤᠰ ᠤᠨ ᠠᠰᠫᠢᠷᠠᠨᠲ   ᠡᠯᠰᠡᠬᠦ  ᠠᠵᠢᠯ ᠤᠨ  ᠬᠠᠮᠢᠶᠠᠷᠤᠯᠲᠠ ᠶᠢᠨ  ᠲᠣᠭᠲᠠᠭᠠᠯ︾᠎ ᠢ  ᠨᠢᠭᠡᠨᠲᠡ ᠨᠡᠶᠢᠲᠡᠯᠡᠵᠦ᠂ 2018 ᠣᠨ ᠤ ᠠᠰᠫᠢᠷᠠᠨᠲ  ᠡᠯᠰᠡᠬᠦ ᠰᠢᠯᠭᠠᠯᠲᠠ ᠶᠢᠨ ᠠᠩᠬᠠᠨ ᠤ ᠰᠢᠯᠭᠠᠯᠲᠠ ᠶᠢᠨ  ᠶᠡᠷᠦᠩᠬᠡᠶ  ᠬᠤᠪᠢ ᠶᠢᠨ ᠬᠤᠪᠢ ᠨᠡᠮᠡᠬᠦ ᠲᠥᠷᠥ ᠶᠢᠨ ᠪᠣᠳᠣᠯᠭ᠎ᠠ ᠶᠢ ᠲᠣᠳᠣᠷᠬᠠᠶᠢᠯᠠᠭᠰᠠᠨ ᠪᠠᠶᠢᠨ᠎ᠠ᠃         ︽ᠤᠶᠤᠲᠠᠳ ᠰᠠᠶᠢᠨ  ᠳᠤᠷ᠎ᠠ ᠠᠴᠠ ᠪᠠᠨ  ᠪᠠᠷᠠᠭᠤᠨ  ᠣᠷᠣᠨ ᠳᠤ  ᠦᠢᠯᠡᠴᠢᠯᠡᠬᠦ  ᠲᠥᠯᠥᠪᠯᠡᠭᠡ︾  ︽ᠭᠤᠷᠪᠠ ᠶᠢ ᠳᠡᠮᠵᠢᠵᠦ ᠨᠢᠭᠡ ᠶᠢ ᠲᠡᠳᠬᠦᠬᠦ  ᠲᠥᠯᠥᠪᠯᠡᠭᠡ︾  ︽ᠬᠥᠳᠡᠭᠡ  ᠲᠣᠰᠬᠤᠨ ᠤ  ᠠᠯᠪᠠᠨ  ᠵᠢᠷᠤᠮ ᠤᠨ  ᠰᠤᠷᠭᠠᠨ  ᠬᠥᠮᠦᠵᠢᠯ ᠤᠨ ᠱᠠᠲᠤᠨ ᠤ ᠰᠤᠷᠭᠠᠭᠤᠯᠢ ᠶᠢᠨ  ᠪᠠᠭᠰᠢ ᠶᠢᠨ  ᠣᠨᠴᠠᠭᠠᠶ  ᠠᠵᠢᠯ ᠤᠨ  ᠪᠠᠶᠢᠷᠢ ᠶᠢᠨ  ᠲᠥᠯᠥᠪᠯᠡᠭᠡ︾  ︽ᠰᠠᠶᠢᠨ  ᠳᠤᠷ᠎ᠠ ᠠᠴᠠ ᠭᠠᠳᠠᠭᠠᠳᠣ ᠳᠤ ᠭᠠᠷᠴᠣ ᠬᠢᠲᠠᠳ ᠬᠡᠯᠡᠨ ᠤ ᠪᠠᠭᠰᠢ ᠪᠣᠯᠣᠭᠰᠠᠳ︾ ᠵᠡᠷᠭᠡ ᠲᠥᠷᠥᠯ ᠵᠦᠢᠯ ᠤᠨ ᠦᠢᠯᠡᠴᠢᠯᠡᠬᠦ ᠬᠤᠭᠤᠴᠠᠭ᠎ᠠ  ᠎ ᠨᠢ ᠲᠣᠯᠵᠣ᠂ ᠬᠢᠨᠠᠨ ᠰᠢᠯᠭᠠᠯᠲᠠ ᠳᠤ ᠬᠢᠷᠢ  ᠲᠡᠩᠴᠡᠭᠰᠡᠨ  ᠰᠢᠯᠭᠠᠭᠤᠯᠤᠭᠴᠢᠳ᠂  3  ᠵᠢᠯ ᠤᠨ  ᠳᠣᠲᠣᠷ᠎ᠠ  ᠪᠦᠬᠦ  ᠤᠯᠤᠰ ᠤᠨ ᠠᠰᠫᠢᠷᠠᠨᠲ ᠡᠯᠰᠡᠬᠦ ᠰᠢᠯᠭᠠᠯᠲᠠ ᠳᠤ ᠣᠷᠣᠯᠴᠠᠪᠠᠯ᠂ ᠠᠩᠬᠠᠨ ᠤ ᠰᠢᠯᠭᠠᠯᠲᠠ ᠶᠢᠨ ᠶᠡᠷᠦᠩᠬᠡᠶ ᠬᠤᠪᠢ ᠳᠤ 10 ᠬᠤᠪᠢ ᠨᠡᠮᠡᠵᠦ᠂ ᠠᠳᠠᠯᠢ ᠨᠥᠬᠦᠴᠡᠯ ᠤᠨ ᠳᠣᠣᠷ᠎ᠠ ᠤᠷᠢᠳᠠᠪᠠᠷ ᠡᠯᠰᠡᠨ ᠠᠪᠤᠨ᠎ᠠ᠃         ᠴᠡᠷᠢᠭ ᠤᠨ ᠠᠯᠪᠠᠨ ᠠᠴᠠ  ᠪᠠᠭᠤᠭᠰᠠᠨ  ᠶᠡᠭᠡ  ᠳᠡᠭᠡᠳᠦ  ᠰᠣᠷᠭᠠᠭᠤᠯᠢ ᠶᠢᠨ  ᠰᠣᠷᠣᠭᠴᠢ᠂  ᠰᠢᠯᠭᠠᠯᠲᠠ ᠳᠤ  ᠨᠡᠷ᠎ᠡ ᠮᠡᠳᠡᠭᠦᠯᠬᠦ ᠨᠥᠬᠦᠴᠡᠯ ᠳᠤ ᠬᠦᠷᠦᠭᠰᠡᠨ ᠳᠠᠷᠠᠭ᠎ᠠ᠂ 3 ᠵᠢᠯ ᠤᠨ ᠳᠣᠲᠣᠷ᠎ᠠ ᠪᠦᠬᠦ ᠤᠯᠤᠰ ᠤᠨ ᠠᠰᠫᠢᠷᠠᠨᠲ ᠡᠯᠰᠡᠬᠦ ᠰᠢᠯᠭᠠᠯᠲᠠ ᠳᠤ ᠣᠷᠣᠯᠴᠠᠭᠰᠠᠨ ᠰᠢᠯᠭᠠᠭᠤᠯᠤᠭᠴᠢ ᠶᠢᠨ ᠠᠩᠬᠠᠨ ᠤ ᠰᠢᠯᠭᠠᠯᠲᠠ ᠶᠢᠨ ᠶᠡᠷᠦᠩᠬᠡᠶ ᠬᠤᠪᠢ ᠎ ᠳᠤ  10  ᠬᠤᠪᠢ  ᠨᠡᠮᠡᠵᠦ᠂  ᠠᠳᠠᠯᠢ ᠨᠥᠬᠦᠴᠡᠯ ᠤᠨ  ᠳᠣᠣᠷ᠎ᠠ  ᠤᠷᠢᠳᠠᠪᠠᠷ  ᠡᠯᠰᠡᠨ᠎ᠡ᠂  ᠴᠡᠷᠢᠭ  ᠠᠩᠭᠢ ᠳᠤ  ᠬᠤᠶᠠᠳᠤᠭᠠᠷ   ᠳᠡᠰ ᠠᠴᠠ   ᠳᠡᠭᠡᠭᠰᠢ   ᠭᠠᠪᠢᠶ᠎ᠠ ᠪᠠᠶᠢᠭᠤᠯᠣᠭᠰᠠᠨ᠂ ᠪᠦᠬᠦ ᠤᠯᠤᠰ ᠤᠨ ᠠᠰᠫᠢᠷᠠᠨᠲ  ᠡᠯᠰᠡᠬᠦ  ᠰᠢᠯᠭᠠᠯᠲᠠ ᠳᠤ  ᠨᠡᠷ᠎ᠡ  ᠮᠡᠳᠡᠭᠦᠯᠬᠦ  ᠨᠥᠬᠦᠴᠡᠯ ᠳᠤ  ᠨᠡᠶᠢᠴᠡᠭᠰᠡᠨ ᠪᠠᠶᠢᠪᠠᠯ᠂ ᠰᠢᠯᠭᠠᠭᠤᠯᠬᠤ  ᠦᠭᠡᠶ ᠪᠠᠷ  ︵ᠠᠩᠬᠠᠨ ᠤ  ᠰᠢᠯᠭᠠᠯᠲᠠ︶  ᠳᠡᠮᠵᠢᠨ  ᠠᠰᠫᠢᠷᠠᠨᠲ  ᠰᠣᠷᠣᠯᠴᠠᠬᠤ ᠶᠢ  ᠭᠤᠶᠣᠴᠢᠯᠠᠵᠣ ᠪᠣᠯᠣᠨ᠎ᠠ᠃         ︽ᠶᠡᠭᠡ ᠳᠡᠭᠡᠳᠦ ᠰᠤᠷᠭᠠᠭᠤᠯᠢ  ᠠᠴᠠ ᠲᠡᠭᠦᠰᠦᠭᠡᠳ  ᠭᠠᠴᠠᠭᠠᠨ ᠳᠤ  ᠪᠠᠭᠤᠵᠣ  ᠲᠤᠰᠢᠶᠠᠯ  ᠡᠭᠦᠷᠭᠡᠯᠡᠬᠦ︾  ᠲᠥᠷᠥᠯ ᠵᠦᠢᠯ ᠤᠨ  ᠦᠢᠯᠡᠴᠢᠯᠡᠬᠦ  ᠬᠤᠭᠤᠴᠠᠭ᠎ᠠ ᠨᠢ  ᠳᠦᠭᠦᠷᠦᠭᠰᠡᠨ᠂  ᠬᠢᠨᠠᠨ  ᠰᠢᠯᠭᠠᠯᠲᠠ  ᠎ ᠳᠤ  ᠲᠤᠰᠢᠶᠠᠯ ᠳᠠᠭᠠᠨ   ᠳᠣᠭᠢᠷᠬᠠᠰᠠᠨ ᠰᠢᠯᠭᠠᠭᠤᠯᠤᠭᠴᠢ᠂ 3 ᠵᠢᠯ ᠤᠨ ᠳᠣᠲᠣᠷ᠎ᠠ ᠪᠦᠬᠦ ᠤᠯᠤᠰ ᠤᠨ ᠠᠰᠫᠢᠷᠠᠨᠲ ᠡᠯᠰᠡᠬᠦ ᠰᠢᠯᠭᠠᠯᠲᠠ ᠳᠤ ᠣᠷᠣᠯᠴᠠᠪᠠᠯ᠂  ᠠᠩᠬᠠᠨ ᠤ ᠰᠢᠯᠭᠠᠯᠲᠠ ᠶᠢᠨ ᠶᠡᠷᠦᠩᠬᠡᠶ ᠬᠤᠪᠢ ᠳᠤ10  ᠬᠤᠪᠢ  ᠨᠡᠮᠡᠵᠦ᠂  ᠠᠳᠠᠯᠢ  ᠨᠥᠬᠦᠴᠡᠯ ᠤᠨ  ᠳᠣᠤᠷ᠎ᠠ  ᠤᠷᠢᠳᠠᠪᠠᠷ  ᠡᠯᠰᠡᠨ᠎ᠡ᠂ ᠡᠭᠦᠨ ᠳᠤ ᠨᠡᠶᠢᠭᠡᠮ ᠤᠨ ᠰᠢᠨᠵᠢᠯᠡᠬᠦ ᠤᠬᠠᠭᠠᠨ ᠤ ᠲᠥᠷᠥᠯ ᠤᠨ ᠲᠤᠰᠬᠠᠶ ᠮᠡᠷᠭᠡᠵᠢᠯ ᠤᠨ ᠠᠰᠫᠢᠷᠠᠨᠲ ᠰᠢᠯᠭᠠᠭᠤᠯᠬᠤ  ᠎ ᠪᠠᠷ  ᠨᠡᠷ᠎ᠡ ᠮᠡᠳᠡᠭᠦᠯᠪᠡᠯ᠂ ᠠᠩᠬᠠᠨ ᠤ ᠰᠢᠯᠭᠠᠯᠲᠠ ᠶᠢᠨ ᠶᠡᠷᠦᠩᠬᠡᠶ ᠬᠤᠪᠢ ᠎ ᠳᠤ 15 ᠬᠤᠪᠢ ᠨᠡᠮᠡᠨ᠎ᠡ᠃         ᠥᠪᠥᠷ ᠮᠣᠩᠭᠤᠯ ᠤᠨ ᠰᠤᠷᠭᠠᠨ ᠬᠥᠮᠦᠵᠢᠯ ᠤᠨ ᠰᠣᠷᠣᠭᠴᠢ ᠡᠯᠰᠡᠬᠦ  ᠰᠢᠯᠭᠠᠯᠲᠠ ᠶᠢᠨ  ᠲᠥᠪ ᠠᠴᠠ  ᠣᠨᠴᠠᠭᠠᠶᠢᠯᠠᠨ ᠰᠠᠨᠠᠭᠤᠯᠬᠤ ᠨᠢ᠄ ᠬᠡᠷᠪᠡ ᠳᠡᠭᠡᠷ᠎ᠡ ᠳᠤᠷᠠᠳᠤᠭᠰᠠᠨ  ᠬᠤᠪᠢ  ᠨᠡᠮᠡᠬᠦ  ᠲᠥᠷᠥ ᠶᠢᠨ  ᠪᠣᠳᠣᠯᠭ᠎ᠠ   ᠎ ᠳᠤ  ᠨᠡᠶᠢᠴᠡᠪᠡᠯ᠂  ᠠᠩᠬᠠᠨ ᠤ ᠰᠢᠯᠭᠠᠯᠲᠠ ᠎ ᠳᠤ ᠣᠷᠣᠯᠴᠠᠭᠠᠳ  ᠬᠤᠶᠠᠳᠠᠬᠢ  ᠰᠢᠯᠭᠠᠯᠲᠠ  ᠎ ᠳᠤ  ᠣᠷᠣᠯᠴᠠᠬᠤ  ᠬᠢᠷᠢ  ᠬᠡᠮ ᠢᠶᠠᠨ  ᠣᠯᠤᠭᠰᠠᠨ ᠤ  ᠳᠠᠷᠠᠭ᠎ᠠ᠂ ᠱᠠᠭᠠᠷᠳᠠᠯᠭ᠎ᠠ ᠶᠣᠰᠣᠭᠠᠷ ᠰᠣᠷᠣᠭᠴᠢ ᠡᠯᠰᠡᠬᠦ ᠪᠠᠶᠢᠭᠤᠯᠣᠯᠭ᠎ᠠ ᠨᠢᠭᠡᠴᠡ  ᠎ ᠳᠤ  ᠬᠤᠯᠪᠣᠭᠳᠠᠯ  ᠪᠦᠬᠦᠢ  ᠭᠡᠷᠡᠴᠢ  ᠮᠠᠲ᠋ᠧᠷᠢᠶᠠᠯ ᠢᠶᠠᠨ ᠬᠠᠩᠭᠠᠨ ᠥᠭᠭᠦᠨ᠎ᠡ᠃         ᠡᠭᠦᠨ ᠠᠴᠠ ᠭᠠᠳᠠᠨ᠎ᠠ᠂  ᠡᠯ᠎ᠡ  ᠭᠠᠵᠠᠷ  ᠪᠣᠯᠤᠨ  ᠡᠯ᠎ᠡ  ᠰᠣᠷᠣᠭᠴᠢ  ᠡᠯᠰᠡᠬᠦ  ᠪᠠᠶᠢᠭᠤᠯᠣᠯᠭ᠎ᠠ  ᠨᠢᠭᠡᠴᠡ  ᠳᠡᠭᠡᠷ᠎ᠡ ᠳᠤᠷᠠᠳᠤᠭᠰᠠᠨ ᠠᠰᠫᠢᠷᠠᠨᠲ  ᠡᠯᠰᠡᠬᠦ ᠰᠢᠯᠭᠠᠯᠲᠠ ᠶᠢᠨ ᠠᠩᠬᠠᠨ ᠤ ᠰᠢᠯᠭᠠᠯᠲᠠ ᠶᠢᠨ  ᠶᠡᠷᠦᠩᠬᠡᠶ  ᠬᠤᠪᠢ ᠎ ᠶᠢᠨ  ᠬᠤᠪᠢ  ᠨᠡᠮᠡᠬᠦ ᠲᠥᠷᠥ ᠶᠢᠨ ᠪᠣᠳᠣᠯᠭ᠎ᠠ ᠶᠢ ᠴᠢᠩᠭ᠎ᠠ ᠬᠡᠷᠡᠭᠵᠢᠬᠦᠯᠬᠦ ᠬᠡᠷᠡᠭᠲᠡᠢ᠂ ᠰᠤᠷᠭᠠᠨ ᠬᠥᠮᠦᠵᠢᠯ ᠤᠨ ᠶᠠᠮᠤᠨ ᠤ ᠨᠢᠭᠡᠳᠦᠯᠲᠡᠶ ᠲᠣᠭᠲᠠᠭᠠᠭᠰᠠᠨ ᠬᠡᠪᠴᠢᠶ᠎ᠡ ᠪᠠ ᠪᠠᠷᠢᠮᠵᠢᠶ᠎ᠠ ᠠᠴᠠ ᠭᠠᠳᠠᠨ᠎ᠠ᠂ ᠰᠠᠨᠠᠭ᠎ᠠ  ᠳᠤᠷ᠎ᠠ ᠪᠠᠷ ᠢᠶᠠᠨ  ᠬᠦᠷᠢᠶ᠎ᠡ  ᠬᠡᠪᠴᠢᠶ᠎ᠡ ᠶᠢ  ᠥᠷᠭᠡᠳᠬᠡᠨ᠂  ᠠᠰᠲᠠᠭᠠᠨ ᠪᠠᠷᠢᠮᠵᠢᠶ᠎ᠠ ᠭᠠᠷᠭᠠᠵᠣ ᠪᠣᠯᠬᠤ ᠦᠭᠡᠢ᠃  
 
ᠢᠷᠡᠯᠲᠡ᠄ ᠠᠷᠠᠳ ᠤᠨ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号