︽ᠳᠡᠯᠡᠬᠡᠢ ᠶᠢᠨ ᠡᠬᠡ ᠬᠡᠯᠡᠨ ᠤ ᠡᠳᠦᠷ︾᠎ ᠤᠨ ᠢᠷᠡᠯᠲᠡ
ᠨᠡᠶᠢᠲᠡᠯᠡᠭᠰᠡᠨ ᠴᠠᠭ᠄
2017/9/18
         ᠵᠢᠯ ᠪᠦᠷᠢ ᠶᠢᠨ 2 ᠳ᠋ᠤᠭᠠᠷ ᠰᠠᠷ᠎ᠠ ᠶᠢᠨ 21᠎ ᠤ ᠡᠳᠦᠷ ᠪᠤᠯ ︽ᠳᠡᠯᠡᠬᠡᠢ ᠶᠢᠨ ᠡᠬᠡ ᠬᠡᠯᠡᠨ ᠤ  ᠡᠳᠦᠷ︾  ᠪᠤᠯᠤᠨ᠎ᠠ᠃ ᠲᠡᠭᠡᠪᠡᠯ ᠡᠨᠡ ᠡᠳᠦᠷ ᠤᠨ ᠢᠷᠡᠯᠲᠡ ᠨᠢ ᠶᠠᠮᠠᠷ ᠤᠴᠢᠷ  ᠣᠳᠬ᠎ᠠ ᠲᠠᠢ  ᠪᠤᠢ᠃1999  ᠣᠨ ᠤ  11  ᠳ᠋ᠤᠭᠡᠷ  ᠰᠠᠷ᠎ᠠ ᠳᠤ ᠤᠯᠠᠨ‌ᠤᠯᠤᠰ ᠤᠨ ᠬᠤᠯᠪᠤᠭᠠᠲᠦ ᠪᠠᠶᠢᠭᠤᠯᠭ᠎ᠠ ᠶᠢᠨ ᠰᠤᠶᠤᠯ ᠰᠤᠷᠭᠠᠨ ᠬᠦᠮᠦᠵᠢᠯ ᠤᠨ ᠵᠤᠬᠢᠶᠠᠨ  ᠪᠠᠶᠢᠭᠤᠯᠤᠯᠲᠠ ᠶᠢᠨ  ᠡᠩ ᠤᠨ ᠶᠡᠭᠡ ᠬᠤᠷᠠᠯ ᠠᠴᠠ 2000 ᠣᠨ ᠠᠴᠠ ᠡᠬᠢᠯᠡᠨ ᠵᠢᠯ ᠪᠣᠯᠭᠠᠨ ᠤ 2 ᠳ᠋ᠤᠭᠠᠷ ᠰᠠᠷ᠎ᠠ ᠶᠢᠨ 21᠎ ᠤ  ᠡᠳᠦᠷ ᠢ  ︽ᠳᠡᠯᠡᠬᠡᠢ ᠶᠢᠨ ᠡᠬᠡ ᠬᠡᠯᠡᠨ ᠤ ᠡᠳᠦᠷ︾ ᠪᠤᠯᠭᠠᠨ ᠲᠡᠮᠳᠡᠭᠯᠡᠬᠦ ᠶᠢ ᠲᠤᠩᠬᠠᠭᠯᠠᠵᠤ᠂ ᠪᠦᠬᠦ ᠪᠦᠮᠪᠦᠷᠴᠡᠭ ᠲᠤ  ᠡᠬᠡ  ᠬᠡᠯᠡᠨ ᠤ  ᠴᠢᠬᠤᠯᠠ ᠴᠢᠨᠠᠷ ᠢ ᠲᠠᠨᠢᠭᠤᠯᠵᠤ᠂ ᠡᠬᠡ ᠬᠡᠯᠡ ᠪᠠᠨ ᠲᠦᠭᠡᠮᠡᠯᠵᠢᠭᠦᠯᠬᠦ ᠬᠦᠳᠡᠯᠭᠡᠭᠡᠨ ᠢ ᠠᠬᠢᠭᠤᠯᠬᠤ᠂  ᠪᠦᠮᠪᠦᠷᠴᠡᠭ  ᠳᠡᠭᠡᠷᠡᠬᠢ ᠤᠯᠠᠩᠬᠢ ᠬᠡᠯᠡᠨ ᠤ ᠤᠰᠠᠳᠤᠯ ᠢ ᠵᠤᠭᠰᠤᠭᠠᠬᠤ ᠶᠢ ᠵᠤᠷᠢᠵᠠᠢ᠃ 2 ᠳ᠋ᠤᠭᠠᠷ ᠰᠠᠷ᠎ᠠ ᠶᠢᠨ 21᠎ ᠤ ᠡᠳᠦᠷ ᠢ ᠡᠬᠡ ᠬᠡᠯᠡᠨ ᠤ ᠡᠳᠦᠷ ᠢᠶᠠᠷ ᠲᠤᠭᠲᠠᠭᠠᠭᠰᠠᠨ ᠤᠴᠢᠷ ᠨᠢ᠂ ᠲᠤᠬᠠᠢ ᠶᠢᠨ  ᠦᠶ᠎ᠡ ᠶᠢᠨ  ᠪᠧᠩᠭᠠᠯ  ᠤᠯᠤᠰ ᠤᠨ  ᠲᠤᠰᠠᠭᠠᠷ  ᠲᠤᠭᠲᠠᠨᠢᠯ ᠲᠠᠢ  ᠬᠤᠯᠪᠤᠭ᠎ᠠ ᠲᠠᠢ᠃  1952 ᠣᠨ ᠳᠤ ᠫᠠᠺᠢᠰᠲ᠋ᠠᠨ ᠤ ᠬᠠᠷᠢᠶᠠᠨ ᠳᠤ ᠪᠠᠶᠢᠭᠰᠠᠨ ᠪᠧᠩᠭᠠᠯᠴᠤᠳ ᠦᠪᠡᠷ ᠤᠨ ᠡᠬᠡ ᠬᠡᠯᠡ ᠪᠠᠨ ᠠᠯᠪᠠᠨ ᠤ ᠬᠡᠯᠡ ᠪᠤᠯᠭᠠᠬᠤ ᠪᠠᠷ ᠵᠠᠰᠠᠭ ᠤᠨ ᠤᠷᠳᠤᠨ ᠳᠤ ᠪᠠᠨ ᠱᠠᠭᠠᠷᠳᠠᠵᠤ᠂ ᠰᠦᠷᠲᠦ ᠵᠢᠭᠰᠠᠭᠠᠯ ᠶᠠᠪᠤᠭᠤᠯᠤᠭᠰᠠᠨ ᠪᠠᠶᠢᠨ᠎ᠠ᠃ 2 ᠳ᠋ᠤᠭᠠᠷ ᠰᠠᠷ᠎ᠠ ᠶᠢᠨ  21᠎ ᠤ ᠡᠳᠦᠷ᠂ ᠴᠠᠭᠳᠠᠭᠠᠨ ᠤ ᠲᠠᠯ᠎ᠠ ᠶᠢᠨ  ᠬᠢᠨ ᠡᠬᠡ ᠬᠡᠯᠡᠨ ᠤ ᠪᠠᠨ ᠲᠦᠯᠦᠭᠡ  ᠵᠢᠭᠰᠠᠭᠠᠯ  ᠶᠠᠪᠤᠭᠤᠯᠤᠭᠰᠠᠨ  ᠬᠤᠤᠷ ᠭᠡᠮ ᠦᠭᠡᠢ ᠤᠯᠠᠨ  ᠲᠦᠮᠡᠨ ᠤ  ᠦᠭᠡᠳᠡ ᠠᠴᠠ  ᠵᠡᠪᠰᠡᠭ  ᠬᠦᠳᠡᠯᠭᠡᠨ᠂  ᠵᠢᠭᠰᠠᠭᠠᠯ  ᠶᠠᠪᠤᠭᠤᠯᠤᠭᠰᠠᠨ  ᠲᠠᠪᠤᠨ  ᠬᠦᠮᠦᠨ ᠤ  ᠠᠮᠢ ᠶᠢ ᠬᠤᠷᠤᠭᠠᠵᠠᠢ᠃   ᠬᠤᠵᠢᠮ ᠨᠢ   ᠪᠧᠩᠭᠠᠯ   ᠤᠯᠤᠰ   ᠲᠤᠰᠠᠭᠠᠷ   ᠲᠤᠭᠲᠠᠨᠢᠭᠰᠠᠨ ᠤ ᠪᠠᠨ  ᠳᠠᠷᠠᠭ᠎ᠠ᠂   ᠲᠡᠳᠡᠭᠡᠷ   ᠠᠮᠢ ᠦᠷᠡᠭᠳᠡᠭᠰᠡᠳ ᠢᠶᠠᠨ ︽ᠡᠬᠡ  ᠬᠡᠯᠡᠨ ᠤ  ᠪᠠᠭᠠᠲᠤᠷ︾᠎ ᠢᠶᠠᠷ  ᠡᠷᠭᠦᠮᠵᠢᠯᠡᠭᠰᠡᠨ ᠪᠦᠭᠡᠳ  ᠳᠤᠷᠠᠰᠬᠠᠯ ᠤᠨ  ᠬᠦᠰᠢᠶ᠎ᠡ ᠪᠤᠰᠬᠠᠵᠤ ᠦᠭᠭᠦᠭᠰᠡᠨ ᠪᠠᠶᠢᠳᠠᠭ᠃ 1953  ᠤᠨ ᠠᠴᠠ  ᠡᠬᠢᠯᠡᠨ  ᠡᠳᠦᠭᠡ  ᠪᠤᠯᠲᠠᠯ᠎ᠠ  ᠡᠨᠡ  ᠡᠳᠦᠷ ᠢ  ᠪᠧᠩᠭᠠᠯ ᠤᠨ  ᠤᠯᠤᠰ ᠤᠨ ᠪᠠᠭᠠᠲᠤᠷᠴᠤᠳ ᠤᠨ  ᠳᠤᠷᠠᠰᠬᠠᠯ ᠤᠨ  ᠡᠳᠦᠷ  ᠪᠤᠯᠭᠠᠵᠤ᠂  ᠡᠬᠡ   ᠬᠡᠯᠡᠨ ᠤ   ᠪᠠᠭᠠᠲᠤᠷᠴᠤᠳ ᠲᠠᠭᠠᠨ   ᠡᠷᠭᠦᠬᠦ   ᠬᠠᠶᠢᠷ᠎ᠠ ᠬᠦᠨᠳᠦᠳᠬᠡᠯ ᠢᠶᠠᠷ ᠢᠶᠠᠨ ᠳᠠᠮᠵᠢᠭᠤᠯᠤᠨ᠂ ᠪᠧᠩᠭᠠᠯᠴᠤᠳ ᠤᠨ ᠢᠶᠠᠨ ᠡᠬᠡ ᠬᠡᠯᠡ᠂ ᠦᠪ ᠰᠤᠶᠤᠯ ᠤᠨ ᠲᠠᠨᠢᠯᠲᠠ ᠤᠬᠠᠮᠰᠠᠷ ᠢ ᠨᠢ ᠰᠡᠷᠭᠦᠭᠡᠨ ᠳᠠᠭᠤᠳᠠᠭᠰᠠᠭᠠᠷ ᠢᠷᠡᠭᠰᠡᠨ ᠶᠤᠮ᠃                            
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号