| ᠭᠠᠩᠴᠢᠯᠠᠭᠤ ᠬᠤᠷᠲᠤᠨ ᠪᠤᠷᠤ ᠦᠷᠢᠶ᠎ᠠ ᠲᠠᠢ ᠪᠠᠨ | | | ᠮᠤᠷᠢᠨ ᠳᠤ ᠬᠠᠶᠢᠷᠠᠲᠠᠢ ᠬᠥᠮᠥᠰ ᠤᠨ ᠰᠤᠨᠤᠷ ᠤᠨ ᠪᠠᠶᠠᠰᠬᠤᠯᠠᠩ ᠪᠤᠯᠵᠤ ᠪᠠᠶᠢᠭ᠎ᠠ ︽ᠬᠠᠶᠢᠯᠠᠨ ᠱᠠᠩ ᠤᠨ | ᠬᠤᠨᠭ᠍ᠭᠤᠷ ᠠᠳᠤᠭᠤ︾ ᠭᠡᠬᠦ ᠳᠠᠭᠤᠤ ︽ᠡᠭᠡᠰᠢᠭ ᠰᠥᠯᠵᠢᠶ᠎ᠡ︾ ᠪᠠᠷ ᠤᠶᠠᠩᠭᠠᠷᠠᠨ ᠰᠠᠴᠤᠭᠳᠠᠭᠰᠠᠨ | ᠰᠠᠶᠢᠬᠠᠨᠴᠢᠮᠡᠭᠡ ᠶᠢ ᠲᠤᠭᠤᠯᠤᠭᠠᠳ᠂ ᠲᠤᠰ ᠳᠠᠭᠤᠤ ᠶᠢᠨ ᠰᠢᠯᠥᠭ ᠤᠨ ᠵᠤᠬᠢᠶᠠᠭᠴᠢ ᠳᠥᠷᠪᠡᠳ ᠬᠤᠰᠢᠭᠤᠨ ᠤ | ᠵᠠᠩᠭᠠᠨ ᠰᠤᠮᠤᠨ ᠤ ᠠᠭᠤᠯᠠ ᠭᠠᠴᠠᠭᠠᠨ ᠤ ᠮᠠᠯᠴᠢᠨ ᠭᠠᠨᠭ᠍ᠴᠢᠯᠠᠭᠤ ᠲᠠᠢ ᠶᠠᠷᠢᠯᠴᠠᠭᠰᠠᠨ ᠰᠤᠷᠪᠤᠯᠵᠢᠯᠠᠭ᠎ᠠ ᠶᠢ ᠲᠠ | ᠪᠥᠬᠦᠨ ᠳᠤ ᠬᠥᠷᠭᠡᠵᠤ ᠪᠠᠶᠢᠢᠨ᠎ᠠ᠃ | — ᠰᠤᠷᠪᠤᠯᠵᠢᠯᠠᠭᠴᠢ ︵ᠳᠤᠷᠤᠭᠰᠢ ᠰᠤ ᠭᠡᠵᠤ ᠳᠥᠭᠦᠮᠴᠢᠯᠡᠨ᠎ᠡ︶᠄ ᠰᠠᠶᠢᠬᠠᠨ ᠡᠪᠥᠯᠵᠢᠵᠤ ᠪᠠᠶᠢᠨ᠎ᠠ ᠤᠤ︖ | ᠮᠤᠷᠢ ᠬᠤᠷᠳᠤᠨ᠂ ᠤᠶᠠᠭ᠎ᠠ ᠬᠥᠡᠭᠭᠡᠨ ᠤᠤ︖ | — ᠭᠠᠩᠴᠢᠯᠠᠭᠤ ︵ᠳᠤᠷᠤᠭᠰᠢ ᠭᠠ᠊ ᠭᠡᠵᠤ ᠳᠥᠭᠦᠮᠴᠢᠯᠡᠨ᠎ᠡ︶᠄ ᠥᠡᠭᠭᠡᠲᠠᠢ ᠰᠠᠶᠢᠬᠠᠨ ᠡᠪᠥᠯᠵᠢᠵᠤ ᠪᠠᠢᠨ᠎ᠠ᠂ | ᠢᠷᠡᠬᠦ ᠵᠢᠯ ᠤᠨ ᠨᠠᠭᠠᠳᠤᠮ ᠳᠤ ᠤᠶᠠᠬᠤ ᠮᠤᠷᠢᠳ ᠢᠶᠠᠨ ᠪᠠᠷᠢᠵᠤ᠂ ᠠᠩᠬᠠᠨ ᠤ ᠴᠠᠰᠤ ᠪᠠᠷ ᠭᠠᠯ ᠢ ᠨᠢ ᠭᠠᠷᠭᠠᠵᠤ | ᠬᠥᠡᠭᠭᠡᠬᠡᠨ ᠡᠳ᠋ᠯᠡᠵᠤ ᠪᠠᠶᠢᠨ᠎ᠠ᠃ | — ᠰᠤ᠄ ᠤᠷᠴᠢᠮᠬᠠᠨ ᠲᠠᠨ ᠤ ︽ᠬᠠᠶᠢᠯᠠᠨ ᠱᠠᠩ ᠤᠨ ᠬᠤᠨᠭ᠍ᠭᠤᠷ ᠠᠳᠤᠭᠤ︾ ᠲᠠᠨᠢ ᠠᠶᠠᠯᠭᠤ | ᠳᠠᠭᠤᠤ ᠲᠠᠢ ᠪᠤᠯᠤᠭᠠᠳ ᠤᠯᠠᠨ ᠤ ᠲᠠᠭᠠᠰᠢᠶᠠᠯ ᠳᠤ ᠬᠥᠷᠴᠤ ᠪᠠᠶᠢᠢᠨ᠎ᠠ᠃ ᠡᠨᠡ ᠤᠷᠠᠨ ᠪᠦᠳᠦᠭᠡᠯ ᠤᠨ ᠢᠶᠠᠨ | ᠲᠤᠬᠠᠢ ᠪᠠᠨ ᠲᠠᠨᠢᠯᠴᠠᠭᠤᠯᠤᠨ᠎ᠠ ᠤᠤ︖ | — ᠭᠠ᠊᠄ ᠪᠠᠶᠠᠷᠯᠠᠯ᠎ᠠ᠃ 2008 ᠤᠨ ᠳᠤ᠂ ᠲᠤᠯᠢ ᠰᠠᠷ᠎ᠠ ᠲᠠᠢ ᠬᠤᠨᠭ᠍ᠭᠤᠷ ᠳᠠᠭ᠎ᠠ ᠮᠢᠨᠢ ᠬᠤᠰᠢᠭᠤ | ᠤᠪᠤᠭᠠᠨ ᠲᠠᠬᠢᠯᠭ᠎ᠠ ᠶᠢᠨ ᠨᠠᠶᠢᠷ ᠲᠤ ᠲᠡᠷᠢᠭᠦᠯᠡᠴᠢᠭᠡᠭᠡᠳ᠂ ᠮᠠᠷᠭᠠᠰᠢ ᠨᠢ ᠭᠡᠭᠡᠨᠲᠠᠯ᠎ᠠ ᠶᠢᠨ ᠨᠠᠶᠢᠷ ᠤᠨ ᠳᠠᠭ᠎ᠠ ᠶᠢᠨ | ᠤᠷᠤᠯᠳᠤᠭᠠᠨ ᠳᠤ ᠵᠠᠪᠰᠠᠷ ᠥᠭᠡᠢ ᠲᠡᠷᠢᠭᠦᠯᠡᠴᠢᠭᠡᠬᠦ ᠪᠠᠷ ᠤᠶᠠᠭᠠᠴᠢᠳ ᠶᠠᠮᠠᠷ ᠤᠭᠰᠢᠯ ᠲᠠᠢ ᠠᠳᠤᠭᠤ ᠪᠤᠢ ᠭᠡᠵᠤ | ᠭᠠᠶᠢᠬᠠᠯᠳᠤᠬᠤ ᠳᠤᠨᠢ ᠪᠢ ︿ᠬᠠᠶᠢᠯᠠᠨ ᠱᠠᠩ ᠤᠨ ᠤᠭᠰᠢᠯ ᠲᠠᠢ ᠮᠢᠨᠤ ᠰᠥᠷᠥᠭ ᠤᠨ ᠤᠨᠠᠭᠠᠨ ᠬᠤᠷᠳᠥ﹀ ᠭᠡᠵᠤ | ᠪᠠᠭ᠋ᠠᠳᠤᠯ᠎ᠠ᠃ ᠲᠡᠭᠦᠨ ᠤ ᠲᠠᠷᠠᠭᠠᠬᠠᠨ ︽ᠬᠠᠶᠢᠯᠠᠨ ᠱᠠᠩ ᠤᠨ ᠬᠤᠨᠭ᠍ᠭᠤᠷ ᠠᠳᠤᠭᠤ︾ ᠭᠡᠬᠦ | ᠰᠢᠯᠥᠭ ᠵᠶ᠋ᠠᠨᠨᠤᠤᠷᠠᠭᠯᠠᠭᠰᠠᠨ ᠶᠤᠮ᠃ ᠡᠭᠦᠨ ᠳᠤ ︽ᠴᠢᠩᠭᠢᠰ ᠪᠤᠭᠲᠠ ᠠᠭᠤᠯᠠ︾᠂ ︽ᠬᠠᠯᠢᠮᠠᠭ ᠤᠨ ᠴᠠᠭᠠᠨ | ᠲᠠᠯ᠎ᠠ︾᠂ ︽ᠠᠯᠳᠠᠷᠲᠥ ᠪᠥᠭᠡ ᠴᠤᠶᠢᠵᠢᠵᠠᠮᠰᠤ︾᠂ ︽ᠰᠠᠭᠠᠯᠢᠴᠢᠨ︾ ᠵᠡᠷᠭᠡ ᠳᠠᠭᠤᠤ ᠶᠢᠨ ᠠᠶ᠎ᠠ ᠵᠤᠬᠢᠶᠠᠭᠴᠢ | ᠤᠷᠠᠨ ᠪᠥᠲᠥᠭᠡᠯᠴᠢ᠂ ᠵᠡᠭᠦᠨ ᠰᠥᠨᠢᠳ ᠨᠤᠲᠤᠭ ᠲᠠᠢ ᠯ᠊ · ᠵᠤᠷᠢᠭᠲᠤᠪᠠᠭᠠᠲᠤᠷ ᠠᠬ᠎ᠠ ᠠᠶᠠᠯᠭᠤ ᠵᠤᠬᠢᠶᠠᠵᠤ᠂ | ᠬᠥᠭᠵᠢᠮ ᠤᠨ ᠨᠠᠶᠢᠷᠠᠭᠤᠯᠭ᠎ᠠ ᠶᠢ ᠮᠤᠩᠭᠤᠯ ᠤᠯᠤᠰ ᠤᠨ ᠪᠠᠲᠤᠰᠥᠶᠢᠭᠡ ᠠᠬ᠎ᠠ ᠮᠠᠨᠢ ᠨᠠᠶᠢᠷᠠᠭᠤᠯᠵᠤ᠂ ︽ᠮᠤᠷᠢᠨ ᠤ | ᠳᠠᠭᠤᠴᠢᠨ︾ ᠭᠡᠵᠤ ᠬᠠᠯᠬ᠎ᠠ ᠳᠠᠶᠠᠭᠠᠷ ᠠᠯᠳᠠᠷᠰᠢᠭᠰᠠᠨ ᠰᠤᠶᠤᠯ ᠤᠨ ᠭᠠᠪᠢᠶᠠᠲᠥ ᠵᠢᠳᠬᠦᠯᠲᠡᠨ ᡀᠮᠤᠵᠠᠪ ᠤᠨ | ᠨᠠᠷᠠᠨᠲᠤᠶᠠᠭ᠎ᠠ ᠠᠮᠢᠯᠠᠭᠤᠯᠵᠤ ᠳᠠᠭᠤᠯᠠᠭᠰᠠᠨ ᠶᠤᠮ᠃ ᠤᠷᠠᠨ ᠪᠥᠲᠥᠭᠡᠯ ᠤᠨ ᠲᠤᠭᠤᠷᠢᠨ ᠳᠤ ᠪᠡᠶᠡᠴᠢᠯᠡᠨ | ᠬᠥᠳᠡᠯᠮᠥᠷᠢᠯᠡᠭᠰᠡᠨ ᠯ᠊ · ᠵᠤᠷᠢᠭᠲᠤᠪᠠᠭᠠᠲᠤᠷ ᠠᠬ᠎ᠠ ᠪᠤᠯᠤᠨ ᠮᠤᠩᠭᠤᠯ ᠤᠯᠤᠰ ᠤᠨ ᠬᠤᠶᠠᠷ ᠤᠷᠠᠯᠢᠭᠴᠢᠨ ᠳᠠᠭᠠᠨ | ᠪᠠᠶᠠᠷᠯᠠᠵᠤ ᠲᠠᠯᠠᠷᠬᠠᠭᠰᠠᠨᠰᠡᠳᠬᠢᠯ ᠢᠶᠠᠨ ᠢᠯᠡᠳᠬᠡᠶ᠎ᠡ᠃ ᠬᠠᠮᠲᠥ ᠶᠢᠨ ᠪᠥᠲᠥᠭᠡᠯ ︽ᠬᠠᠶᠢᠯᠠᠨ ᠱᠠᠩ ᠤᠨ ᠬᠤᠨᠭ᠍ᠭᠤᠷ | ᠠᠳᠤᠭᠤ︾ ᠮᠢᠨᠢ ᠬᠥᠮᠥᠨ ᠵᠤᠨ ᠤ ᠪᠠᠨ ᠰᠤᠨᠤᠷ ᠢ ᠮᠢᠯᠢᠶᠠᠬᠤ ᠪᠤᠯᠤᠭᠠᠰᠠᠢ︕ | — ᠰᠤ᠄ ᠲᠠᠨ ᠤ ᠤᠤᠭᠤᠭᠰᠠᠨ ᠤᠰᠤ ᠤᠨᠠᠭᠰᠠᠨ ᠰᠢᠷᠤᠢ︖ | — ᠭᠠ᠊᠄ ︽ᠰᠢᠷᠠᠮᠦᠷᠡᠨ ᠰᠥᠮ᠎ᠡ︾ ᠪᠠᠷ ᠢᠶᠠᠨ ᠠᠯᠳᠠᠷᠰᠢᠭᠰᠠᠨ ᠰᠠᠶᠢᠬᠠᠨ ᠨᠤᠲᠤᠭ — ᠳᠥᠷᠪᠡᠳ | ᠬᠤᠰᠢᠭᠤᠨ ᠤ ᠬᠤᠨᠭ᠍ᠭᠤᠷ ᠰᠤᠮᠤᠨ ᠤ ᠤᠤᠭᠠᠯ᠂ ᠶᠤᠰᠤᠲᠠᠢ ᠯᠡ ᠰᠢᠷᠠᠮᠥᠷᠡᠨ ᠭᠤᠤᠯ ᠤᠨ ᠢᠶᠠᠨ ᠰᠢᠪᠠᠷ ᠲᠠᠩ | ᠳᠡᠭᠡᠭᠦᠷ ᠱᠠᠯᠳᠠᠩ ᠨᠢᠴᠦᠭᠦᠨ ᠬᠥᠯ ᠲᠠᠢ ᠬᠥᠶᠥᠵᠤ ᠥᠰᠥᠭᠰᠡᠨ ᠬᠡᠥᠬᠡᠳ ᠯᠡ ᠳ᠋ᠡ ᠁ | — ᠰᠤ᠄ ︽ᠬᠠᠶᠢᠯᠠᠨ ᠱᠠᠩ︾ ᠭᠡᠳᠡᠭ ᠥᠭᠡ ᠶᠢᠨ ᠲᠤᠬᠠᠢ︖ | — ᠭᠠ᠊᠄ ︽ᠬᠠᠶᠢᠯᠠᠨ ᠱᠠᠩ︾ ᠭᠡᠳᠡᠭ ᠥᠭᠡ ᠪᠤᠯ ᠰᠢᠷᠠᠮᠥᠶᠢᠷᠡᠨ ᠰᠥᠮ᠎ᠡ ᠶᠢᠨ ᠨᠢᠭᠡᠨ ᠰᠠᠩ | ᠬᠥᠮᠥᠷᠭᠡ ᠶᠢᠨ ᠨᠡᠷᠡᠶᠢᠳᠥᠯ᠂ ᠮᠠᠨ ᠤ ᠲᠦᠷᠪᠡᠳ ᠲᠤ ᠶᠡᠭᠡ ᠪᠠᠭ᠎ᠠ 24 ᠰᠥᠮ᠎ᠡ ᠲᠠᠢ ᠪᠠᠶᠢᠯ᠎ᠠ ᠭᠡᠵᠤ | ᠨᠠᠰᠤᠲᠠᠶᠢᠢᠴᠤᠳ ᠬᠠᠭᠤᠴᠢᠯᠠᠳᠠᠭ᠃ ᠤᠯᠠᠨ ᠰᠥᠮ᠎ᠡ ᠪᠠᠨ ᠳᠠᠭᠠᠭᠠᠳ ᠤᠯᠠᠨ ᠱᠠᠩ ᠲᠠᠢ ᠪᠠᠶᠢᠬᠰᠠᠨ ᠨᠢ ᠮᠡᠳᠡᠭᠡᠵᠢ᠂ | ᠮᠢᠨᠤ ᠮᠡᠳᠡᠵᠤ ᠪᠠᠶᠢᠬᠤ ᠪᠠᠷ ︵ᠰᠢᠷᠠᠮᠥᠶᠢᠷᠡᠨ ᠰᠥᠮ᠎ᠡ︶ ᠵᠥᠳᠥᠪ ᠤᠨ ᠱᠠᠩ᠂ ᠴᠤᠶᠢᠷ ᠤᠨ ᠱᠠᠩ᠂ ᠵᠢᠰᠠ ᠶᠢᠨ | ᠱᠠᠩ ᠭᠡᠵᠤ ᠲᠤᠮᠤ ᠲᠤᠮᠤ ᠱᠠᠩ ᠤᠳ ᠪᠠᠶᠢᠭᠰᠠᠨ᠂ ᠥᠭᠯᠢᠭᠡ ᠶᠢᠨ ᠡᠵᠡᠳ ᠰᠥᠮ᠎ᠡ ᠬᠡᠶᠢᠢᠳ ᠲᠡᠭᠡᠨ ᠡᠷᠭᠦᠯ | ᠪᠠᠷᠢᠬᠤ ᠳᠤ ᠱᠠᠩ ᠳᠤᠨᠢ ᠡᠷᠭᠦᠵᠤ ᠲᠤᠰᠢᠶᠠᠳᠠᠭ᠃ ᠤᠷᠢᠳᠥ ᠳᠠᠭᠠᠨ ᠴᠠᠬᠢᠭᠤᠷᠲᠥ ᠬᠤᠨᠭ᠍ᠭᠤᠷ ᠤᠪᠤᠭ᠎ᠠ ᠶᠢ | ᠰᠢᠷᠠᠮᠥᠷᠡᠨ ᠰᠥᠮ᠎ᠡ ᠶᠢᠨ ᠬᠠᠶᠢᠯᠠᠨ ᠱᠠᠩ ᠠᠴᠠ ᠪᠥᠬᠦ ᠵᠠᠷᠤᠳᠠᠯ ᠢ ᠳᠠᠭᠠᠭᠠᠴᠢᠯᠠᠨ ᠲᠠᠬᠢᠯᠭ᠎ᠠ ᠲᠠᠯᠪᠢᠳᠠᠭ ᠪᠠᠶᠢᠯ᠎ᠠ | ᠭᠡᠵᠤ ᠨᠤᠲᠤᠭ ᠤᠨ ᠪᠤᠭᠤᠷᠤᠯᠴᠤᠳ ᠶᠠᠷᠢᠯᠴᠠᠳᠠᠭ᠃ ᠬᠠᠶᠢᠯᠠᠨ ᠱᠠᠩ ᠤᠨ ᠬᠤᠨᠭ᠍ᠭᠤᠷ ᠵᠢᠰᠥᠮ ᠤᠨ ᠠᠳᠤᠭᠤ | ᠤᠳᠤ ᠶᠢᠨ ᠸᠧᠢᠢᠵᠢᠩ ᠰᠤᠮᠤᠨ ᠤ ᠬᠤᠨᠭ᠍ᠭᠤᠷ ᠤᠪᠤᠭᠠᠨ ᠤ ᠤᠷᠴᠢᠮ ᠢᠶᠠᠷ ᠰᠥᠷᠥᠭ ᠲᠠᠯᠪᠢᠵᠤ᠂ ᠬᠤᠵᠢᠮ ᠨᠢ | ᠨᠡᠶᠢᠲᠡ ᠶᠢᠨ ᠮᠠᠯ ᠰᠥᠷᠥᠭ ᠪᠤᠯᠭᠠᠭᠰᠠᠨ᠂ ᠮᠠᠨ ᠤ ᠠᠳᠤᠭᠤ ᠪᠤᠯ ᠡᠨᠡᠬᠦ ᠬᠠᠶᠢᠯᠠᠨ ᠱᠠᠩ ᠤᠨ ᠠᠳᠤᠭᠤᠨ ᠤ | ᠤᠭᠰᠢᠯ ᠲᠠᠢ ᠴᠡᠪᠡᠷ ᠰᠠᠶᠢᠢᠬᠠᠨ ᠮᠤᠩᠭᠤᠯ ᠠᠳᠤᠭᠤ ᠯᠡ ᠳ᠋ᠠ᠃ | — ᠰᠤ᠄ ᠠᠳᠤᠭᠤᠴᠢᠨ ᠪᠤᠯᠤᠭᠠᠳ ᠬᠢᠷᠢ ᠵᠡᠷᠭᠡ ᠬᠡᠶᠢᠢᠮᠥᠷᠢ ᠲᠠᠢ ᠪᠠᠶᠢᠨ᠎ᠠ᠂ ᠶᠡᠷᠥᠨᠢ ᠭᠤᠪᠢ ᠨᠤᠲᠤᠭ ᠢᠶᠠᠷ | ᠠᠳᠤᠭᠤᠳ ᠬᠢᠷᠢ ᠥᠰᠴᠤ ᠪᠠᠶᠢᠨ᠎ᠠ ᠤᠤ︖ | — ᠭᠠ᠊᠄ 2000 ᠤᠨ ᠠᠴᠠ ᠡᠬᠢᠯᠡᠵᠤ ᠨᠤᠲᠤᠭ ᠤᠨ ᠠᠬ᠎ᠠ ᠰᠡᠴᠡᠨᠪᠢᠯᠢᠭ ᠢ ᠳᠠᠭᠠᠵᠤ ᠮᠤᠷᠢ ᠤᠶᠠᠵᠤ | ᠡᠬᠢᠯᠡᠭᠰᠡᠨ᠃ ᠤᠪᠤᠭ᠎ᠠ ᠪᠤᠯᠠᠭ ᠤᠨ ᠲᠠᠬᠢᠯᠭ᠎ᠠ᠂ ᠥᠷᠪᠥᠭᠡᠨ ᠨᠠᠶᠢᠷ᠂ ᠨᠠᠰᠤᠨ ᠪᠠᠶᠠᠷ ᠵᠡᠷᠭᠡ ᠪᠠᠭ᠎ᠠ ᠪᠠᠭ᠎ᠠ | ᠨᠠᠭᠠᠳᠤᠮ ᠢᠶᠠᠷ ᠬᠤᠷᠢᠭᠠᠳ ᠤᠳᠠᠭ᠎ᠠ ᠲᠡᠷᠢᠭᠦᠯᠡᠭᠰᠡᠨ᠂ ᠶᠡᠭᠡ ᠨᠠᠶᠢᠷ ᠤᠨ ᠱᠠᠩ ᠬᠥᠷᠲᠡᠵᠤ ᠥᠵᠡᠭᠡ ᠥᠭᠡᠢ ᠶᠠᠪᠤᠨ᠎ᠠ | ᠃ ᠠᠳᠤᠭᠤ ᠭᠡᠵᠤ ᠰᠠᠶᠢᠬᠠᠨ ᠯᠡ ᠠᠮᠢᠲᠠᠨ᠂ ᠡᠵᠡᠨ ᠢᠶᠠᠨ ᠪᠠᠶᠠᠷᠯᠠᠭᠤᠯᠵᠤ ᠶᠠᠪᠤᠳᠠᠭ ᠨᠢ ᠬᠥᠬᠡᠷᠥᠬᠦᠢ︕ | ᠤᠶᠢᠷ᠎ᠠ ᠶᠢᠨ ᠵᠢᠯ ᠠᠴᠠ ᠭᠤᠪᠢ ᠨᠤᠲᠤᠭ ᠢᠶᠠᠷ ᠠᠳᠤᠭᠤᠳ ᠥᠨᠢᠷ ᠥᠰᠴᠤ ᠪᠠᠶᠢᠭ᠎ᠠ ᠳᠤᠨᠢ ᠪᠢ ᠶᠡᠭᠡ ᠪᠠᠶᠠᠷᠯᠠᠵᠤ | ᠶᠠᠪᠤᠳᠠᠭ᠃ | — ᠰᠤ᠄ ︽ᠬᠥᠳᠡᠭᠡ ᠪᠠᠨ ᠵᠤᠷᠢᠭᠠᠷᠠᠢ ᠵᠠᠯᠠᠭᠤᠰ ᠮᠢᠨᠢ︾ ᠭᠡᠰᠡᠨ ᠪᠥᠲᠥᠭᠡᠯ ᠲᠠᠢ ᠪᠠᠨ ᠮᠠᠯᠴᠢᠨ | ᠵᠠᠶᠠᠭ᠎ᠠ ᠪᠠᠨ ᠲᠥᠰᠢᠭᠰᠡᠨ ᠤ ᠤᠴᠢᠷ ᠶᠠᠭᠤᠨ︖ | — ᠭᠠ᠊᠄ ᠲᠥᠮᠡ ᠲᠥᠴᠢᠭᠢᠨᠡᠵᠤ᠂ ᠪᠤᠮᠠ ᠪᠤᠵᠢᠬᠢᠨᠠᠭᠰᠠᠨ ᠬᠤᠲᠠ ᠶᠢᠨ ᠭᠤᠳᠤᠮᠵᠢ ᠪᠠᠷ ᠬᠢᠳᠡᠯ | ᠥᠭᠡᠶᠢᠳᠡᠭᠰᠡᠨ ᠵᠠᠷᠢᠮ ᠵᠠᠯᠠᠭᠤᠰ ᠢᠶᠠᠨ ᠬᠠᠷᠠᠵᠤ ᠰᠡᠳᠬᠢᠯ ᠶᠡᠭᠡ ᠡᠮᠵᠡᠭᠯᠡᠬᠦ ᠳᠡᠭᠡᠨ ᠪᠢᠴᠢᠭᠰᠡᠨ ᠰᠢᠯᠥᠭ ᠶᠤᠮ᠃ | ᠬᠡᠪᠡᠴᠤ ᠴᠥᠭᠡᠬᠡᠨ ᠲᠤᠭᠠᠨ ᠤ ᠵᠠᠯᠠᠭᠤᠰ ᠪᠠᠶᠢᠵᠠᠢ᠃ ᠬᠥᠳᠡᠭᠡ ᠳᠡᠭᠡᠨ ᠬᠠᠷᠢᠵᠤ᠂ ᠲᠠᠪᠤᠨ ᠡᠷᠳᠡᠨᠢ ᠶᠢᠨ | ᠰᠥᠷᠥᠭ ᠤᠨ ᠪᠠᠷ᠎ᠠ ᠶᠢ ᠬᠠᠷᠠᠵᠤ ᠰᠠᠭᠤᠬᠤ ᠵᠢᠷᠭᠠᠯ ᠲᠠᠢ ᠯᠡ ᠳ᠋ᠠ᠂ ᠬᠤᠲᠠ ᠶᠢᠨ ᠲᠥᠪ ᠲᠤ ᠵᠤᠭᠰᠤᠬᠤ ᠵᠠᠢ ᠥᠭᠡᠢ | ᠵᠠᠯᠠᠭᠤᠰ ᠮᠢᠨᠢ ᠬᠥᠳᠡᠭᠡ ᠳᠡᠭᠡᠨ ᠬᠠᠷᠢᠵᠤ ᠠᠮᠢᠳᠤᠷᠠᠯ ᠢᠶᠠᠨ ᠳᠡᠳᠬᠦᠪᠡᠯ ᠳᠡᠭᠡᠷ᠎ᠡ ᠶᠤᠮ ᠤᠤ ᠭᠡᠵᠤ ᠪᠢ ᠪᠤᠳᠤᠭᠰᠠᠨ | ᠰᠠᠨ᠃ | — ᠰᠤ᠄ ᠤᠷᠴᠢᠮ ᠢᠶᠠᠷ ᠶᠠᠭᠤᠲᠠᠢ ᠶᠠᠭᠠᠷᠠᠤ ᠪᠠᠶᠢᠨ᠎ᠠ︖ | — ᠭᠠ᠊᠄ ᠮᠠᠨ ᠤ ᠬᠥᠳᠡᠭᠡ ᠭᠡᠷ ᠬᠤᠰᠢᠭᠤᠨ ᠠᠴᠠ ᠳᠥᠷᠪᠡᠨ ᠵᠠᠭᠤᠨ ᠭᠠᠵᠠᠷ ᠤᠨ ᠵᠠᠶᠢᠲᠠᠢ᠂ ᠭᠡᠷᠭᠡᠢ ᠮᠠᠨᠢ | ᠬᠤᠰᠢᠭᠤᠨ ᠳᠤ ᠬᠡᠥᠬᠡᠳ ᠢᠶᠠᠨ ᠲᠤᠳᠤᠮᠳᠠᠵᠤ ᠲᠤᠭᠤᠭ᠎ᠠ ᠶᠢ ᠨᠢ ᠪᠠᠷᠢᠳᠠᠭ᠃ ᠲᠡᠭᠡᠭᠡᠳ ᠬᠤᠰᠢᠭᠤ ᠬᠥᠳᠡᠭᠡ ᠶᠢᠨ | ᠬᠤᠭᠤᠷᠤᠨᠳᠥ ᠲᠤᠵᠢ ᠳᠠᠭᠠᠨ ᠶᠠᠭᠠᠷᠠᠳᠬᠠᠨ ᠳᠠᠪᠬᠢᠨ᠎ᠠ᠃ ᠡᠬᠦᠨ ᠤ ᠲᠠᠭᠠᠤ ᠠᠳᠤᠭᠤᠨ ᠳᠤ ᠬᠠᠶᠢᠷᠠᠲᠠᠢ | ᠤᠶᠠᠭᠠᠴᠢᠳ ᠤᠨ ᠢᠶᠠᠨ ᠡᠷᠬᠢᠮ ᠠᠯᠳᠠᠷ ᠲᠤ ᠰᠢᠲᠥᠵᠤ᠂ ︽ᠳᠥᠷᠪᠡᠳ ᠤᠨ ᠬᠤᠷᠳᠤᠨ ᠮᠤᠷᠢᠳ︾ ᠭᠡᠬᠦ ᠨᠤᠮ | ᠪᠥᠲᠥᠭᠡᠬᠦ ᠵᠤᠷᠢᠯᠭ᠎ᠠ ᠪᠠᠷ ᠨᠤᠲᠤᠭ ᠤᠨ ᠠᠬᠠᠮᠠᠳ ᠤᠶᠠᠭᠠᠴᠢᠳ ᠢᠶᠠᠨ ᠰᠤᠷᠪᠤᠯᠵᠢᠯᠠᠵᠤ᠂ ᠵᠢᠷᠤᠭ ᠰᠡᠭᠦᠳᠡᠷ | ᠴᠤᠭᠯᠠᠭᠤᠯᠬᠤ ᠵᠡᠷᠭᠡ ᠠᠵᠢᠯ ᠢᠶᠠᠨ ᠠᠮᠵᠢᠭᠤᠯᠵᠤ ᠶᠠᠪᠤᠨ᠎ᠠ᠃ | — ᠰᠤ᠄ ᠰᠤᠷᠪᠤᠯᠵᠢᠯᠠᠭ᠎ᠠ ᠬᠥᠯᠢᠶᠡᠭᠰᠡᠨ ᠳᠤ ᠪᠠᠶᠠᠷᠯᠠᠯ᠎ᠠ᠃ ᠲᠠᠨ ᠳᠤ ᠥᠷᠭᠦᠯᠵᠢ ᠳᠡᠭᠡᠨ ᠠᠨᠳᠠ ᠶᠢᠨ | ᠰᠠᠶᠢᠬᠠᠨ ᠲᠠᠢ ᠤᠴᠠᠷᠠᠵᠤ᠂ ᠠᠭᠲᠠ ᠶᠢᠨ ᠬᠤᠷᠳᠤᠨ ᠢᠪᠡᠭᠡᠬᠦ ᠪᠤᠯᠳᠤᠭᠠᠢ︕ | — ᠭᠠ᠊᠄ ᠵᠠ᠂ ᠲᠠᠨ ᠳᠤ ᠪᠠᠶᠠᠷᠯᠠᠯ᠎ᠠ᠂ ᠨᠤᠮ ᠤᠨ ᠴᠠᠭᠠᠨ ᠪᠤᠶᠠᠨ ᠥᠷᠭᠦᠯᠵᠢ ᠳᠡᠭᠡᠨ ᠢᠪᠡᠭᠡᠬᠦ | ᠪᠤᠯᠳᠤᠭᠠᠢ᠂ ᠪᠢᠷ ᠲᠠᠨᠢ ᠤᠷᠠᠨ᠂ ᠪᠢᠯᠢᠭ ᠲᠠᠨᠢ ᠤᠯᠠᠮ ᠬᠤᠷᠴᠠ ᠪᠤᠯᠲᠤᠭᠠᠢ ᠭᠡᠮᠡᠨ ᠢᠷᠥᠭᠡᠶ᠎ᠡ︕ | | ᠬᠠᠶᠢᠯᠠᠨ ᠱᠠᠩ ᠤᠨ ᠬᠤᠨᠭ᠍ᠭᠤᠷ ᠠᠳᠤᠭᠤ | | ᠥᠭᠡ᠄ ᠤᠰᠤᠷᠵᠠᠪ ᠤᠨ ᠭᠠᠨᠭ᠍ᠴᠢᠯᠠᠭᠤ | | ᠠᠶ᠎ᠠ᠄ ᠯᠤᠪᠰᠠᠩᠵᠠᠮᠰᠤ ᠶᠢᠨ ᠵᠤᠷᠢᠭᠲᠤᠪᠠᠭᠠᠳᠤᠷ | | ᠳᠠᠭᠤᠴᠢᠨ᠄ ᡀᠮᠤᠵᠠᠪ ᠤᠨ ᠨᠠᠷᠠᠨᠲᠤᠶᠠᠭ᠎ᠠ | | ᠤᠭᠠᠯᠵᠠᠯᠠᠬᠤ ᠲᠤᠭᠤᠰᠤᠨ ᠳᠤ ᠨᠢ ᠵᠤᠯᠪᠤᠭ᠎ᠠ ᠰᠡᠷᠭᠦᠭᠰᠡᠨ | | ᠤᠬᠠᠭᠠᠨᠲᠥ ᠮᠤᠩᠭᠤᠯ ᠤᠨ ᠠᠵᠢᠨᠠᠢ ᠬᠥᠯᠥᠭ ᠤᠳ | | ᠤᠷᠠᠨ ᠤᠶᠠᠭᠠᠴᠢ ᠶᠢᠨ ᠡᠷᠳᠡᠮ ᠢᠶᠠᠷ ᠵᠢᠭᠦᠷᠯᠡᠭᠰᠡᠨ | | ᠤᠷᠤᠯᠳᠤᠭᠠᠨ ᠪᠥᠬᠦᠨ ᠳᠤ ᠴᠤᠯᠠ ᠲᠠᠢ ᠬᠤᠷᠳᠥ ᠨᠤᠭᠤᠳ | | ᠬᠠᠶᠢᠯᠠᠨ ᠱᠠᠩ ᠤᠨ ᠬᠤᠨᠭ᠍ᠭᠤᠷ ᠠᠳᠤᠭᠤ | | ᠬᠠᠶᠢᠷᠠᠲᠠᠢ ᠨᠤᠲᠤᠭ ᠤᠨ ᠡᠷᠳᠡᠨᠢ ᠶᠢᠨ ᠬᠥᠯᠥᠭ ᠤᠳ | | ᠬᠠᠮᠤᠭ ᠤᠨ ᠲᠥᠷᠥᠭᠦᠨ ᠳᠤ ᠬᠤᠷᠳᠤᠯᠠᠨ ᠲᠠᠪᠬᠢᠭᠠᠳ | | ᠬᠠᠨᠠᠭᠠᠷ ᠲᠠᠯ᠎ᠠ ᠪᠠᠨ ᠬᠡᠶᠢᠮᠥᠷᠢᠯᠡᠭᠰᠡᠨ ᠬᠥᠯᠥᠭ ᠤᠳ | | ᠰᠢᠷ᠎ᠠ ᠮᠥᠷᠡᠨ ᠰᠥᠮ᠎ᠡ ᠶᠢᠨ ᠱᠠᠩ ᠤᠨ ᠠᠳᠤᠭᠤ | | ᠰᠠᠷ᠎ᠠ ᠶᠢᠨ ᠰᠦᠢᠯᠠᠭᠠᠨ ᠳᠤ ᠳᠠᠭᠠᠭᠠᠴᠠ ᠲᠠᠢ ᠬᠥᠯᠥᠭ ᠤᠳ | | ᠰᠠᠯᠬᠢ ᠤᠷᠬᠢᠭᠰᠠᠨ ᠰᠤᠮᠤᠨ ᠳᠠᠪᠬᠢᠭ᠎ᠠ ᠲᠠᠢ | | ᠰᠠᠶᠢᠬᠠᠨ ᠨᠠᠭᠠᠳᠤᠮ ᠤᠳ ᠤᠨ ᠴᠤᠤᠲᠠᠢ ᠮᠠᠩᠯᠠᠢ ᠨᠤᠭᠤᠳ | | ᠳᠠᠬᠢᠯᠲᠠ | | ᠴᠠᠬᠢᠭᠤᠷᠲᠥ ᠬᠤᠨᠭ᠍ᠭᠤᠷ ᠤᠨ ᠡᠮᠥᠨ᠎ᠡ ᠪᠡᠯ ᠢᠶᠠᠷ | | ᠴᠠᠶᠢᠷᠠᠨ ᠪᠡᠯᠴᠢᠭᠰᠡᠨ ᠬᠤᠸᠠ ᠬᠤᠨᠭ᠍ᠭᠤᠷ ᠤᠳ | | ᠽᠠᠨᠳᠠᠨ ᠲᠤᠭᠤᠷᠠᠢ ᠪᠠᠨ ᠴᠠᠪᠴᠢᠯᠠᠨ ᠬᠤᠷᠳᠤᠯᠠᠵᠤ | | ᠽᠠᠮᠪᠦᠯᠢᠭ ᠳᠤ ᠭᠠᠶᠢᠬᠠᠭᠳᠠᠭᠰᠠᠨ ᠤᠮᠤᠭᠲᠥ ᠬᠥᠯᠥᠭ ᠤᠳ | | ᠳᠠᠬᠢᠯᠲᠠ | |